ᠡᠷᠬᠢᠳᠦ ᠶᠢᠨ ᠨᠠᠭᠤᠷ | | ᠠᠯᠳᠠᠨ ᠤᠨᠠᠭ᠎ᠠ ᠶᠢ ᠪᠠᠷᠢᠬᠤ ᠳᠤ ᠡᠷᠬᠢ ᠨᠢ ᠨᠤᠷᠠᠭᠰᠠᠨ ᠨᠠᠭᠤᠷ ᠢ ︽ᠡᠷᠬᠢᠳᠦ︾ ᠬᠡᠮᠡᠨ ᠨᠡᠷᠡᠯᠡᠭᠰᠡᠨ ᠬᠡᠨ᠎ᠡ | ᠃ ᠠᠳᠡᠬᠢ ᠬᠦᠮᠦᠰ ᠪᠠᠰᠠ ᠵᠡᠭᠦᠨ ᠡᠷᠬᠢᠳᠦ᠂ ᠪᠠᠷᠠᠭᠤᠨ ᠡᠷᠬᠢᠳᠦ ᠬᠡᠮᠡᠨ ᠢᠯᠭᠠᠳᠠᠭ ᠴᠦ ᠪᠤᠢ᠃ ᠡᠷᠬᠢᠳᠦ ᠶᠢᠨ | ᠨᠠᠭᠤᠷ ᠨᠢ 100 ᠭᠠᠷᠤᠢ ᠮᠤ᠋ ᠶᠢᠨ ᠳᠠᠯᠠᠪᠠᠢ ᠲᠠᠢ᠂ ᠬᠠᠷ᠎ᠠ ᠵᠢᠭᠠᠰᠤ ᠵᠡᠷᠬᠡ ᠶᠢᠨ ᠬᠡᠳᠦᠨ ᠵᠦᠢᠯ ᠤᠨ ᠵᠢᠭᠠᠰᠤ ᠲᠠᠢ | ᠪᠠᠶᠢᠳᠠᠭ᠃ ᠨᠠᠭᠤᠷ ᠤᠨ ᠳᠤᠮᠳᠠ ᠨᠢ ᠮᠠᠩᠬ᠎ᠠ ᠲᠠᠢ᠂ ᠨᠠᠭᠤᠷ ᠤᠨ ᠬᠦᠪᠡᠭᠡ ᠪᠠᠷ ᠨᠢ ᠬᠠᠳᠤᠯᠠᠩ ᠲᠠᠢ᠂ ᠨᠠᠭᠤᠷ ᠤᠨ | ᠳᠤᠮᠳᠠ ᠤᠳᠤᠯ ᠵᠤᠵᠠᠭᠠᠨ ᠤᠷᠭᠤᠵᠤ ᠪᠤᠢ᠃ | ᠨᠠᠭᠤᠷ ᠤᠨ ᠬᠠᠪᠢ ᠶᠢᠨ ᠡᠪᠡᠰᠦ ᠪᠡᠯᠴᠢᠬᠡᠷ ᠰᠢᠮᠡᠯᠢᠭ ᠵᠤᠵᠠᠭᠠᠨ ᠪᠤᠯᠬᠤᠷ ᠠᠯᠢ ᠤᠵᠤᠭᠤᠷ ᠠᠴᠠ ᠮᠠᠯ | ᠰᠦᠷᠦᠭ ᠦᠨᠢᠷ ᠦᠰᠬᠦ ᠬᠡᠰᠢᠭ ᠲᠠᠢ ᠤᠷᠤᠨ ᠬᠡᠳᠡᠭ᠃ ᠨᠠᠭᠤᠷ ᠤᠨ ᠡᠷᠬᠢ ᠤᠯᠠᠨ᠂ ᠬᠠᠷ᠎ᠠ ᠡᠷᠬᠢ ᠴᠦ ᠪᠤᠢ | ᠳᠤᠯᠠ ᠬᠦᠮᠦᠰ ᠤᠯᠠᠨ ᠵᠦᠢᠯ ᠢᠶᠠᠷ ᠨᠡᠷᠡᠯᠡᠨ ᠳᠠᠶᠢᠯᠪᠤᠷᠢᠯᠠᠳᠠᠭ ᠪᠢᠯᠡ᠃ | ᠬᠤᠷ᠎ᠠ ᠪᠤᠷᠤᠭᠠᠨ ᠡᠯᠪᠡᠭ ᠵᠢᠯ ᠪᠤᠯ ᠨᠠᠭᠤᠷ ᠤᠨ ᠤᠰᠤ ᠨᠢ ᠨᠡᠮᠡᠭᠳᠡᠨ ᠵᠢᠭᠠᠰᠤ ᠵᠢᠷᠠᠭᠠᠬᠠᠢ ᠨᠢ ᠤᠯᠠᠰᠢᠷᠠᠵᠤ᠂ | ᠡᠪᠡᠰᠦ ᠪᠡᠯᠴᠢᠬᠡᠷ ᠴᠦ ᠰᠠᠬᠤᠯᠠᠭ᠂ ᠪᠤᠷᠭᠠᠰᠤ ᠠᠯᠳᠠᠭᠠᠨ᠎ᠠ ᠨᠢ ᠵᠤᠵᠠᠭᠠᠨ ᠤᠷᠭᠤᠳᠠᠭ᠃ ᠠᠳᠡᠬᠢ ᠬᠦᠮᠦᠰ ᠨᠠᠭᠤᠷ | ᠤᠨ ᠤᠰᠤ ᠪᠠᠨ ᠠᠰᠢᠭᠯᠠᠨ ᠮᠠᠯ ᠰᠦᠷᠦᠭ ᠢᠶᠠᠨ ᠤᠳᠤᠷᠯᠠᠨ ᠨᠡᠬᠦᠵᠦ᠂ ᠮᠠᠩᠬᠠᠨ ᠪᠡᠯᠴᠢᠬᠡᠷ ᠲᠡᠭᠡᠨ ᠵᠤᠳ ᠭᠠᠮᠰᠢᠭ᠂ | ᠰᠠᠯᠬᠢᠨ ᠰᠢᠭᠤᠷᠭᠠᠨ ᠢ ᠰᠠᠨᠠᠭ᠎ᠠ ᠠᠮᠤᠷ ᠳᠤᠭᠤᠯᠵᠤ ᠵᠢᠯ ᠤᠨ ᠵᠢᠯ ᠳᠦᠯ ᠮᠠᠯ ᠮᠡᠨᠳᠦ ᠤᠨᠳᠤᠷᠤᠨ ᠰᠦ ᠰᠠᠭᠠᠯᠢ | ᠡᠯᠪᠡᠭ ᠬᠤᠷᠢᠶᠠᠳᠠᠭ ᠪᠠᠶᠢᠵᠠᠢ᠃ | ᠠᠯᠢ ᠡᠷᠳᠡ ᠠᠴᠠ ᠡᠨᠡ ᠬᠠᠪᠢ ᠪᠠᠷ ᠳᠠᠮᠷᠢᠨ᠂ ᠷᠢᠨᠴᠢᠨ᠂ ᠷᠤᠯᠭᠠᠷᠵᠠᠪ ᠬᠡᠭᠴᠢ ᠶᠢᠨ ᠪᠠᠶᠠᠨ ᠴᠤᠯᠭᠤᠷᠠᠨ | ᠬᠤᠪᠢ ᠬᠤᠪᠢᠨ ᠳᠠᠭᠠᠨ 400 — 500 ᠢᠮᠠᠭ᠎ᠠ᠂ ᠬᠡᠳᠦᠨ ᠠᠵᠢᠷᠭ᠎ᠠ ᠠᠳᠤᠭᠤ᠂ 200 — 300 ᠪᠤᠳᠠ ᠮᠠᠯ | ᠲᠠᠢ ᠪᠠᠶᠢᠵᠤ᠂ ᠵᠢᠷᠢᠮ ᠨᠢ ᠬᠤᠰᠢᠭᠤ ᠵᠠᠰᠠᠭ ᠶᠠᠮᠤᠨ ᠤ ᠪᠤᠶᠢᠳᠠ ᠮᠠᠶᠢᠷᠠᠨ ᠤ ᠵᠡᠷᠬᠡ ᠳᠡᠪᠰᠢᠵᠦ ᠶᠠᠪᠤᠭᠰᠠᠨ ᠳᠡᠥᠬᠡ | ᠲᠠᠢ ᠪᠢᠯᠡ᠃ ᠠᠳᠡᠬᠢ ᠬᠦᠮᠦᠰ ᠨᠤᠳᠤᠭ ᠤᠰᠤ ᠪᠠᠨ ᠲᠦᠰᠢᠭᠯᠡᠨ ᠦᠶ᠎ᠡ ᠤᠯᠠᠷᠢᠨ ᠪᠠᠶᠠᠨ ᠳᠠᠩᠰᠤᠭ ᠠᠵᠤ | ᠲᠦᠷᠦᠵᠦ ᠬᠡᠰᠢᠭ ᠪᠤᠶᠠᠨ ᠬᠤᠷᠠᠮᠳᠤᠭᠤᠯᠵᠤ ᠴᠤᠤᠳᠠᠢ ᠳᠠᠭᠤᠤ ᠲᠠᠢ ᠠᠮᠢᠳᠤᠷᠠᠵᠠᠢ᠃ | | ᠡᠬᠦᠷᠳᠦ ᠶᠢᠨ ᠳᠠᠯ᠎ᠠ | | ᠡᠬᠦᠷᠳᠦ ᠶᠢᠨ ᠳᠠᠯ᠎ᠠ ᠶᠢ ᠪᠠᠰᠠ ᠠᠯᠢ ᠡᠷᠳᠡ ᠳᠡᠭᠡᠨ ᠬᠦᠷᠦᠩᠬᠦᠯᠦᠬᠡ ᠵᠠᠯᠠᠨ ᠤ ᠨᠤᠳᠤᠭ ᠬᠡᠨ᠎ᠡ᠃ ᠳᠡᠷᠡ | ᠦᠶ᠎ᠡ ᠳᠤ ᠡᠨᠡ ᠬᠠᠪᠢ ᠪᠠᠷ ᠬᠦᠷᠦᠩᠬᠦᠯᠦᠬᠡ ᠬᠡᠭᠴᠢ ᠵᠠᠯᠠᠨ ᠰᠠᠭᠤᠷᠢᠰᠢᠨ ᠠᠮᠢᠳᠤᠷᠠᠵᠤ ᠪᠠᠶᠢᠭᠰᠠᠨ ᠬᠡᠳᠡᠭ᠃ ᠨᠠᠷᠢᠨ | ᠴᠠᠪ ᠤᠨ ᠵᠡᠭᠦᠨ ᠳᠠᠯ᠎ᠠ ᠶᠢ ᠵᠢᠭᠠᠨ᠎ᠠ᠃ | ᠠᠩᠬ᠎ᠠ ᠤᠵᠤᠭᠤᠷ ᠤᠨ ᠦᠶ᠎ᠡ ᠳᠤ ᠤᠢ ᠰᠢᠭᠤᠢ ᠦᠪᠴᠢ ᠪᠢᠳᠡᠬᠦᠤ᠂ ᠡᠪᠡᠰᠦ ᠤᠷᠭᠤᠮᠠᠯ ᠢᠭ᠌ᠴᠢ | ᠵᠤᠵᠠᠭᠠᠨ᠂ ᠨᠠᠭᠤᠷ ᠤᠰᠤ ᠲᠠᠢ ᠰᠠᠶᠢᠬᠠᠨ ᠭᠠᠵᠠᠷ ᠪᠤᠯᠬᠤᠷ ᠵᠦᠢᠯ ᠤᠨ ᠬᠡᠯᠡᠳᠡᠨ ᠡᠬᠡᠨᠡᠭᠰᠢᠨ ᠶᠠᠩᠵᠤ ᠶᠢᠨ | ᠠᠷᠢᠶᠠᠳᠠᠨ ᠦᠷᠡᠵᠢᠨ ᠳᠦᠯᠵᠢᠵᠦ ᠪᠠᠶᠢᠵᠠᠢ᠃ ᠪᠠᠷᠠᠭᠤᠨ ᠬᠤᠶᠢᠨ᠎ᠠ ᠤᠨᠢᠶᠠᠷᠳᠤᠨ ᠬᠠᠷᠠᠭᠳᠠᠬᠤ ᠪᠡᠪᠡᠩᠳᠦ ᠠᠭᠤᠯᠠ | ᠶᠢᠨ ᠪᠠᠷᠰ ᠠᠳᠡᠬᠢ ᠤᠰᠤᠨ ᠳᠤ ᠢᠷᠡᠵᠦ ᠤᠮᠳᠠ ᠪᠠᠨ ᠳᠠᠷᠤᠨ ᠡᠬᠦᠷᠯᠡᠳᠡᠭ ᠠᠴᠠ ᠡᠬᠦᠷᠳᠦ ᠶᠢᠨ ᠳᠠᠯ᠎ᠠ ᠬᠡᠰᠡᠨ | ᠬᠡᠨ᠎ᠡ᠃ ᠡᠨᠡ ᠪᠠᠷᠰ ᠤᠰᠤ ᠪᠠᠨ ᠤᠤᠭᠤᠵᠤ ᠳᠠᠮᠢᠷ ᠬᠦᠴᠦ ᠪᠠᠨ ᠰᠡᠯᠪᠢᠪᠡᠯ ᠵᠡᠭᠦᠨ ᠬᠤᠶᠢᠰᠢ ᠴᠤᠭᠳᠤ ᠠᠭᠤᠯᠠ | ᠪᠤᠶᠤ ᠳᠤᠬᠤᠢ ᠬᠠᠨ ᠤ ᠤᠢ ᠰᠢᠭᠤᠢ ᠵᠦᠭ ᠴᠤᠪᠤᠷᠠᠨ ᠬᠡᠳᠦᠨ ᠡᠳᠦᠷ ᠪᠤᠯᠤᠭᠠᠳ ᠳᠠᠬᠢᠨ ᠤᠰᠤᠨ ᠳᠠᠭᠠᠨ | ᠤᠷᠤᠵᠤ ᠢᠷᠡᠳᠡᠭ ᠪᠠᠶᠢᠵᠠᠢ᠃ | ᠳᠡᠷᠡ ᠦᠶ᠎ᠡ ᠳᠤ ᠡᠬᠦᠷᠳᠦ ᠶᠢᠨ ᠳᠠᠯ᠎ᠠ ᠳᠤ ᠰᠠᠭᠤᠳᠠᠭ ᠠᠩᠴᠢᠳ ᠵᠢᠳᠠ ᠰᠡᠷᠡᠭᠡ ᠪᠠᠷ ᠪᠠᠷᠰ ᠲᠠᠢ | ᠳᠤᠯᠤᠯᠳᠤᠨ ᠠᠩᠨᠠᠵᠤ ᠪᠠᠶᠢᠯ᠎ᠠ ᠬᠡᠵᠦ ᠨᠤᠳᠤᠭ ᠤᠨ ᠳᠤᠮᠤᠭᠠᠳᠠᠳ ᠨᠢ ᠶᠠᠷᠢᠨ᠎ᠠ᠃ ᠠᠩᠴᠢᠳ ᠤᠢ ᠰᠢᠭᠤᠢ ᠳᠤ | ᠨᠢᠭᠤᠵᠤ ᠬᠦᠴᠦ ᠳᠠᠮᠢᠷ ᠰᠤᠯᠠᠷᠠᠨ ᠠᠭᠤᠯᠠ ᠠᠴᠠ ᠪᠠᠭᠤᠬᠤ ᠪᠠᠷᠰ ᠢ ᠳᠤᠰᠤᠨ ᠠᠪᠴᠦ ᠳᠤᠯᠤᠯᠳᠤᠭᠠᠨ ᠬᠢᠨ᠎ᠡ᠂ | ᠪᠠᠷᠰ ᠠᠷᠬᠢᠷᠠᠨ ᠭᠤᠶᠠᠳᠠᠬᠤ ᠦᠶ᠎ᠡ ᠳᠤ ᠵᠢᠳᠠ ᠰᠡᠷᠡᠭᠡ ᠪᠠᠨ ᠭᠠᠷᠭᠠᠨ᠎ᠠ᠂ ᠪᠠᠷᠰ ᠵᠢᠳᠠ ᠰᠡᠷᠡᠭᠡ ᠶᠢ ᠠᠯᠠᠭᠠᠳᠠᠬᠤ ᠳᠤ | ᠬᠦᠯ ᠤᠨ ᠠᠯᠠᠭ᠎ᠠ ᠨᠢ ᠵᠢᠳᠠᠯᠠᠭᠳᠠᠨ ᠬᠦᠶᠦᠵᠦ ᠴᠢᠳᠠᠬᠤ ᠦᠬᠡᠢ ᠪᠤᠯᠳᠠᠭ ᠬᠡᠨ᠎ᠡ᠃ ᠡᠨᠡ ᠳᠤᠬᠢᠶᠠᠯ ᠢ ᠵᠠᠪᠳᠤᠨ | ᠪᠠᠷᠰ ᠢ ᠴᠤᠬᠢᠵᠤ ᠠᠯᠠᠳᠠᠭ ᠬᠡᠵᠦ ᠬᠠᠭᠤᠴᠢᠯᠠᠳᠠᠭ᠃ ᠴᠤᠬᠤᠮ ᠠᠯᠢ ᠦᠶ᠎ᠡ ᠳᠤ ᠬᠡᠨ ᠪᠠᠷᠰ ᠠᠯᠠᠭᠰᠠᠨ ᠢ | ᠳᠤᠳᠤᠷᠬᠠᠢ ᠮᠡᠳᠡᠬᠦ ᠬᠦᠮᠦᠨ ᠦᠬᠡᠢ᠃ ᠬᠡᠪᠡᠴᠦ ᠠᠳᠡᠬᠢ ᠪᠡᠯᠴᠢᠬᠡᠷ ᠤᠷᠴᠢᠨ ᠦᠩ ᠰᠢᠮᠡᠯᠢᠭ᠂ ᠬᠦᠮᠦᠨ ᠠᠮᠢᠳᠠᠨ | ᠤ ᠤᠷᠤᠰᠢᠨ ᠳᠤᠭᠳᠠᠨᠢᠬᠤ ᠳᠤᠬᠢᠳᠠᠢ ᠭᠠᠵᠠᠷ ᠪᠤᠯᠵᠤ ᠪᠠᠶᠢᠭᠰᠠᠨ ᠨᠢ ᠯᠠᠪᠳᠠᠢ᠃ ᠤᠳᠤ ᠴᠦ ᠬᠡᠰᠡᠨ ᠬᠦᠮᠦᠰ ᠳᠠᠯ᠎ᠠ | ᠶᠢᠨ ᠪᠡᠯᠴᠢᠬᠡᠷ ᠢᠶᠠᠨ ᠲᠦᠰᠢᠭᠯᠡᠨ ᠮᠠᠯ ᠰᠦᠷᠦᠭ ᠢᠶᠠᠨ ᠦᠰᠬᠡᠨ ᠦᠷᠡᠵᠢᠭᠦᠯᠵᠦ᠂ ᠡᠳ᠋ ᠬᠦᠷᠦᠩᠬᠡ ᠬᠤᠷᠠᠮᠳᠤᠭᠤᠯᠵᠤ | ᠪᠠᠶᠢᠳᠠᠭ᠃ | | ᠰᠡᠴᠡ ᠶᠢᠨ ᠬᠤᠸᠠ | | ᠪᠦᠷᠢᠨᠳᠠᠯᠠ ᠶᠢᠨ ᠠᠶᠢᠯ ᠤᠨ ᠵᠡᠭᠦᠨ ᠳᠠᠯ᠎ᠠ ᠳᠤ ᠪᠠᠶᠢᠭ᠎ᠠ ᠬᠤᠸᠠ ᠶᠢ ︽ᠰᠡᠴᠡ ᠶᠢᠨ ᠬᠤᠸᠠ︾ ᠬᠡᠳᠡᠭ᠃ | ᠠᠩᠬ᠎ᠠ ᠡᠷᠳᠡ ᠶᠢᠨ ᠦᠶ᠎ᠡ ᠳᠤ ᠨᠤᠶᠠᠨ ᠰᠦᠮ᠎ᠡ ᠶᠢ ᠲᠦᠰᠢᠵᠤ ᠰᠠᠭᠤᠭᠰᠠᠨ ᠬᠠᠯᠬᠠᠴᠤᠤᠯ ᠠᠶᠢᠮᠠᠭ ᠤᠨ ᠬᠢᠨᠢ ᠡᠨᠡ | ᠭᠠᠵᠠᠷ ᠤᠨ ᠬᠡᠰᠢᠭ ᠪᠤᠶᠠᠨ ᠢ ᠬᠠᠮᠠᠭᠠᠯᠠᠬᠤ ᠶᠢᠨ ᠲᠦᠯᠦᠬᠡ ᠰᠡᠴᠡ ᠳᠠᠷᠤᠭᠰᠠᠨ ᠬᠡᠳᠡᠭ᠃ | ᠰᠡᠴᠡ ᠶᠢᠨ ᠬᠤᠸᠠ ᠳᠤ ᠠᠩᠬ᠎ᠠ ᠡᠷᠳᠡ ᠳᠡᠭᠡᠨ ᠠᠯᠳᠠᠨ ᠤᠨᠠᠭ᠎ᠠ ᠳᠤᠭᠯᠠᠭᠰᠠᠨ ᠦᠯᠢᠬᠡᠷ ᠳᠤᠮᠤᠭ ᠲᠠᠢ᠃ | ᠨᠤᠳᠤᠭ ᠤᠨ ᠪᠤᠭᠤᠷᠤᠯᠴᠤᠤᠯ ᠤᠨ ᠬᠡᠯᠡᠬᠦ ᠪᠠᠷ ᠡᠨᠡ ᠬᠠᠪᠢ ᠶᠢᠨ ᠡᠪᠡᠰᠦ ᠪᠡᠯᠴᠢᠬᠡᠷ ᠰᠢᠮᠡᠯᠢᠭ᠂ ᠤᠰᠤ ᠤᠮᠳᠠ | ᠷᠠᠰᠢᠶᠠᠨ ᠰᠢᠭ᠋ ᠪᠤᠯᠬᠤᠷ ᠠᠯᠳᠠᠨ ᠤᠨᠠᠭ᠎ᠠ ᠶᠢᠨ ᠬᠡᠰᠢᠭ ᠳᠤᠭᠳᠠᠵᠤ᠂ ᠵᠢᠯ ᠤᠨ ᠲᠦᠷᠪᠡᠨ ᠤᠯᠠᠷᠢᠯ ᠢᠶᠠᠷ ᠳᠠᠯ᠎ᠠ ᠶᠢᠨ | ᠪᠡᠯᠴᠢᠬᠡᠷ᠂ ᠨᠠᠭᠤᠷ ᠤᠨ ᠤᠰᠤᠨ ᠳᠤ ᠳᠤᠭᠯᠠᠨ ᠬᠤᠸᠠ ᠶᠢᠨ ᠤᠷᠤᠢ ᠳᠤ ᠭᠠᠷᠴᠦ ᠳᠤᠶᠢᠯᠳᠠᠭ ᠠᠴᠠ ᠠᠳᠤᠭᠤᠨ | ᠰᠦᠷᠦᠭ ᠦᠨᠢᠷ ᠦᠰᠴᠦ᠂ ᠬᠠᠳᠠᠷᠢᠶ᠎ᠠ᠂ ᠵᠢᠷᠤᠭ᠎ᠠ ᠮᠤᠷᠢ ᠤᠯᠠᠨ ᠭᠠᠷᠳᠠᠭ ᠬᠡᠨ᠎ᠡ᠃ | ᠨᠢᠬᠡᠨ ᠤᠳᠠᠭ᠎ᠠ ᠡᠮᠦᠨ᠎ᠡ ᠤᠷᠤᠨ ᠤ ᠦᠵᠡᠬᠡᠴᠢ ᠭᠠᠵᠠᠷ ᠤᠰᠤ ᠰᠢᠨᠵᠢᠨ ᠶᠠᠪᠤᠭᠰᠠᠭᠠᠷ ᠰᠡᠴᠡ ᠶᠢᠨ ᠬᠤᠸᠠ | ᠶᠢᠨ ᠬᠠᠪᠢ ᠪᠠᠷ ᠢᠷᠡᠬᠦ ᠳᠤ ᠠᠯᠳᠠᠨ ᠤᠨᠠᠭ᠎ᠠ ᠵᠢᠷᠪᠢᠰᠬᠢᠨ ᠬᠠᠷᠠᠭᠳᠠᠵᠠᠢ᠃ ᠡᠭᠦᠨ ᠢ ᠬᠠᠷᠠᠭᠰᠠᠨ ᠦᠵᠡᠬᠡᠴᠢ ᠶᠢᠨ | ᠠᠰᠢᠭ ᠤᠯᠵᠠ ᠶᠢᠨ ᠭᠤᠷᠢ ᠨᠢ ᠬᠦᠳᠡᠯᠵᠦ᠄ | — ᠮᠢᠨᠦ ᠡᠷᠢᠵᠦ ᠪᠠᠶᠢᠭ᠎ᠠ ᠦᠶ᠎ᠡ ᠶᠢᠨ ᠦᠶ᠎ᠡ ᠳᠤ ᠡᠳ᠋ᠯᠡᠬᠡᠳ ᠪᠠᠷᠠᠰᠢ ᠦᠬᠡᠢ ᠠᠯᠳᠠᠨ ᠤᠨᠠᠭ᠎ᠠ ᠠᠳᠡ | ᠪᠠᠶᠢᠬᠤ ᠶᠤᠮ ᠪᠠᠶᠢᠨ᠎ᠠ︕ ᠬᠡᠵᠦ ᠠᠮᠠ ᠬᠠᠮᠬᠢᠯ ᠦᠬᠡᠢ ᠪᠠᠶᠠᠷᠯᠠᠵᠠᠢ᠃ | ᠳᠡᠷᠡ ᠦᠵᠡᠬᠡᠴᠢ ᠠᠯᠳᠠᠨ ᠤᠨᠠᠭ᠎ᠠ ᠶᠢ ᠬᠡᠳᠡᠨ ᠳᠠᠭᠠᠵᠤ ᠤᠳᠠᠭᠠᠨ ᠡᠳᠦᠷ ᠪᠤᠯᠵᠠᠢ᠃ ᠠᠯᠳᠠᠨ ᠤᠨᠠᠭ᠎ᠠ ᠶᠢ | ᠨᠡᠬᠡᠨ ᠳᠠᠭᠤᠵᠤ ᠰᠡᠬᠦᠯ ᠠᠴᠠ ᠨᠢ ᠠᠳᠬᠤᠨ ᠠᠪᠤᠶ᠎ᠠ ᠬᠡᠳᠡᠯ᠎ᠡ ᠰᠢᠪᠠᠭᠤ ᠢᠷᠡᠵᠦ ᠰᠤᠴᠢᠭᠠᠬᠤ ᠦᠬᠡᠢ ᠪᠤᠯ ᠨᠠᠭᠤᠷ | ᠤᠰᠤᠨ ᠠᠴᠠ ᠨᠢ ᠬᠠᠴᠢᠨ ᠳᠠᠭᠤᠨ ᠭᠠᠷᠳᠠᠭ ᠠᠴᠠ ᠪᠠᠷᠢᠵᠤ ᠴᠢᠳᠠᠬᠤ ᠦᠬᠡᠢ ᠬᠤᠴᠤᠷᠠᠳᠠᠭ᠃ ᠡᠭᠦᠨ ᠳᠤ | ᠦᠵᠡᠬᠡᠴᠢ ᠶᠡᠬᠡᠳᠡ ᠭᠠᠴᠢᠭᠳᠠᠨ ᠠᠯᠢ ᠪᠠᠶᠢᠭᠰᠠᠨ ᠠᠷᠭ᠎ᠠ ᠪᠠᠨ ᠰᠢᠪᠬᠠᠨ ᠠᠯᠳᠠᠨ ᠤᠨᠠᠭ᠎ᠠ ᠶᠢ ᠨᠡᠬᠡᠨ ᠳᠠᠭᠤᠵᠤ | ᠨᠠᠭᠤᠷ ᠤᠨ ᠬᠦᠪᠡᠬᠡᠨ ᠳᠤ ᠬᠠᠰᠢᠨ ᠪᠠᠷᠢᠵᠤ ᠠᠪᠳᠠᠯ᠎ᠠ ᠡᠮᠦᠨ᠎ᠡ ᠨᠢ ᠠᠪᠤᠷᠭᠤ ᠶᠡᠭᠡ ᠬᠦᠮᠦᠨ ᠬᠠᠷᠠᠭᠳᠠᠵᠤ᠂ ᠳᠡᠭᠦᠨ | ᠠᠴᠠ ᠳᠤᠭ ᠬᠡᠳᠡᠯ᠎ᠡ ᠰᠤᠴᠢᠨ ᠵᠤᠭᠰᠤᠳᠠᠯ᠎ᠠ ᠨᠠᠭᠤᠷ ᠤᠨ ᠡᠷᠬᠢ ᠨᠤᠷᠠᠭᠰᠠᠨ ᠳᠤ ᠠᠯᠳᠠᠨ ᠤᠨᠠᠭ᠎ᠠ ᠪᠠᠨ ᠠᠯᠳᠠᠭᠰᠠᠨ | ᠬᠡᠨ᠎ᠡ᠃ ᠳᠡᠷᠡ ᠦᠵᠡᠬᠡᠴᠢ ᠤᠬᠠᠭᠠᠨ ᠢᠶᠠᠨ ᠰᠢᠪᠬᠠᠨ ᠠᠷᠭ᠎ᠠ ᠪᠤᠳᠤᠭᠰᠠᠨ ᠴᠦ ᠤᠯᠤᠭᠰᠠᠨ ᠶᠠᠭᠤᠮ᠎ᠠ ᠦᠬᠡᠢ | ᠳᠤᠯᠠ ᠡᠷᠬᠢᠨ ᠡᠷᠬᠢᠨ ᠬᠠᠷᠠᠵᠤ᠄ | — ᠡᠨᠡ ᠭᠠᠵᠠᠷ ᠤᠨ ᠨᠢᠪᠳᠠᠭ ᠰᠢᠪᠳᠠᠭ ᠬᠡᠴᠡᠬᠦᠤ︕ ᠬᠡᠭᠰᠡᠬᠡᠷ ᠪᠤᠴᠠᠭᠰᠠᠨ ᠬᠡᠨ᠎ᠡ᠃ | | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠤᠭᠴᠢ᠄ ᠴ᠊ · ᠰᠠᠷᠠᠭᠤᠯ | | |