| | ᠪᠦᠳᠦᠭᠦᠨ ᠱᠣᠷᠣᠩ | | | ᠱᠤᠷᠤᠩ ᠤᠨ ᠠᠭᠤᠯᠠ ᠶᠢᠨ ᠢᠶᠠᠨ ᠪᠠᠷᠠᠭᠤᠨ ᠳᠠᠯ᠎ᠠ ᠳᠤᠨᠢ ᠪᠠᠶᠢᠷᠢᠰᠢᠵᠤ᠂ ᠲᠦᠬᠦᠷᠢᠭ ᠤᠨ ᠠᠶᠢᠯ ᠲᠠᠢ ᠵᠠᠬ᠎ᠠ | ᠨᠡᠶᠢᠯᠡᠵᠦ ᠪᠠᠶᠢᠳᠠᠭ᠃ ᠡᠨᠡ ᠱᠤᠷᠤᠩ ᠨᠢ ᠨᠦᠬᠦᠬᠡ ᠱᠤᠷᠤᠩ ᠢᠶᠠᠨ ᠪᠤᠳᠤᠪᠠᠯ ᠳᠤᠮᠤ ᠪᠦᠳᠦᠬᠦᠨ ᠰᠢᠭ ᠪᠤᠯᠬᠤᠷ ︽ | ᠪᠦᠳᠦᠬᠦᠨ ᠱᠤᠷᠤᠩ︾ ᠬᠡᠵᠦ ᠨᠡᠷᠡᠯᠡᠭᠰᠡᠨ ᠬᠡᠨ᠎ᠡ᠃ | ᠪᠦᠳᠦᠬᠦᠨ ᠱᠤᠷᠤᠩ ᠳᠤ ᠦᠬᠡᠷ᠎ᠡ ᠤᠷᠭᠤᠮᠠᠯ ᠪᠠᠶᠢᠬᠤ ᠦᠬᠡᠢ᠂ ᠰᠢᠪᠠᠭ ᠯᠠ ᠡᠯᠪᠡᠭ ᠵᠤᠵᠠᠭᠠᠨ ᠤᠷᠭᠤᠵᠤ᠂ | ᠬᠦᠷᠦᠰᠦ ᠰᠢᠷᠤᠢ ᠪᠠᠨ ᠬᠠᠮᠠᠭᠠᠯᠠᠨ ᠠᠳᠤᠭᠤ ᠮᠠᠯ ᠤᠨ ᠰᠢᠮᠡᠯᠢᠭ ᠪᠡᠯᠴᠢᠬᠡᠷ ᠪᠤᠯᠤᠭᠰᠠᠭᠠᠷ ᠢᠷᠡᠪᠡ᠃ ᠠᠳᠡᠬᠢ | ᠮᠠᠯᠴᠢᠳ ᠪᠦᠳᠦᠬᠦᠨ ᠱᠤᠷᠤᠩ ᠤᠨ ᠢᠶᠠᠨ ᠬᠠᠵᠠᠭᠤ ᠬᠠᠪᠢ ᠶᠢᠨ ᠨᠠᠭᠤᠷ ᠤᠰᠤ᠂ ᠪᠡᠯᠴᠢᠬᠡᠷ ᠲᠤ ᠲᠦᠷᠪᠡᠨ ᠤᠯᠠᠷᠢᠯ | ᠢᠶᠠᠷ ᠤᠳᠤᠷᠯᠠᠨ ᠨᠡᠬᠦᠵᠦ᠂ ᠳᠠᠷᠭᠤᠨ ᠳᠠᠩᠰᠤᠭ ᠠᠵᠤ ᠲᠦᠷᠦᠵᠦ᠂ ᠰᠦᠷᠦᠭ ᠤᠨ ᠬᠡᠰᠢᠭ ᠨᠤᠳᠤᠭ ᠤᠨ ᠢᠪᠡᠬᠡᠯ | ᠢᠶᠠᠷ ᠪᠠᠶᠠᠵᠢᠨ ᠳᠡᠭᠵᠢᠷᠡᠵᠦ ᠤᠨ ᠵᠢᠯ ᠢ ᠡᠪᠬᠡᠵᠦ ᠢᠷᠡᠭᠰᠡᠨ ᠶᠤᠮ᠃ | ᠤᠳᠤ ᠡᠨᠡ ᠬᠠᠪᠢ ᠶᠢᠨ ᠪᠡᠯᠴᠢᠬᠡᠷ ᠤᠰᠤ ᠪᠠᠨ ᠠᠮᠢ ᠠᠬᠤᠢ ᠶᠢᠨ ᠬᠤᠷᠢᠭᠠᠳᠤ ᠤᠷᠤᠨ ᠪᠤᠯᠭᠠᠵᠤ᠂ | ᠠᠮᠢᠵᠢᠷᠠᠯ ᠤᠨ ᠰᠢᠨ᠎ᠡ ᠦᠩᠬᠡ ᠶᠢ ᠬᠤᠷᠤᠶᠢᠯᠠᠵᠤ ᠪᠠᠶᠢᠨᠠᠮ᠃ | | | ᠬᠠᠳᠠᠮᠠᠯ | | | ᠪᠦᠳᠦᠬᠦᠨ ᠱᠤᠷᠤᠩ ᠤᠨ ᠢᠶᠠᠨ ᠠᠷᠦ ᠳᠤ ᠪᠠᠶᠢᠭ᠎ᠠ ᠤᠷᠤᠢ ᠶᠢ ᠨᠤᠳᠤᠭ ᠤᠨ ᠬᠦᠮᠦᠰ ᠬᠠᠳᠠᠮᠠᠯ ᠬᠡᠵᠦ | ᠬᠡᠯᠡᠨ᠎ᠡ᠃ ᠡᠮᠦᠨ᠎ᠡ ᠬᠤᠶᠢᠨ᠎ᠠ ᠤᠷᠤᠢ ᠬᠦᠳᠦᠯ ᠲᠠᠢ ᠪᠠᠨ ᠬᠤᠷᠮᠤᠢ ᠵᠠᠯᠭᠠᠭᠰᠠᠨ ᠠᠭᠤᠯᠠ ᠳᠤᠪᠤᠴᠠᠭ ᠤᠳ ᠤᠨ | ᠵᠢᠯ ᠤᠨ ᠤᠳᠤᠭ᠎ᠠ ᠳᠤᠭᠤᠰᠤᠨ ᠳᠤ ᠨᠡᠷ᠎ᠡ ᠨᠢ ᠠᠷᠢᠯᠤᠰᠢ ᠦᠬᠡᠢ ᠦᠶ᠎ᠡ ᠳᠠᠮᠵᠢᠨ ᠶᠠᠷᠢᠭᠳᠠᠵᠤ ᠪᠤᠢ᠃ | ᠡᠨᠡ ᠭᠠᠵᠠᠷ ᠢ ᠶᠠᠭᠤᠨ ᠳᠤ ᠢᠩᠬᠢᠵᠦ ᠨᠡᠷᠡᠯᠡᠭᠰᠡᠨ ᠪᠤᠢ︖ ᠬᠡᠪᠡᠯ᠄ ᠬᠠᠳᠠᠮᠠᠯ ᠤᠨ ᠤᠷᠤᠢ ᠳᠤᠨᠢ ᠤᠷᠭᠤᠭ᠎ᠠ | ᠪᠤᠰᠤᠭ᠎ᠠ ᠬᠠᠳᠠ ᠴᠢᠯᠠᠭᠤ ᠲᠠᠢ᠂ ᠳᠤᠮᠳᠠ ᠬᠡᠰᠡᠭ ᠢᠶᠠᠷ ᠨᠢ ᠪᠤᠳᠠ ᠪᠤᠷᠤᠯᠵᠢ ᠲᠠᠢ ᠬᠦᠷᠦᠰᠦᠯᠢᠭ ᠪᠤᠯᠬᠤᠷ ᠬᠠᠳᠠ | ᠲᠠᠢ ᠤᠷᠤᠢ ᠬᠡᠵᠦ᠂ ᠠᠭᠠᠵᠢᠮ ᠳᠤ ᠪᠠᠨ ︽ᠬᠠᠳᠠᠮᠠᠯ︾ ᠬᠡᠬᠦ ᠪᠤᠯᠤᠭᠰᠠᠨ ᠬᠡᠳᠡᠭ᠃ ᠬᠠᠳᠠᠮᠠᠯ ᠤᠨ ᠤᠷᠤᠢ ᠶᠢᠨ | ᠬᠠᠳᠠᠨ ᠤ ᠬᠠᠪᠢ ᠪᠠᠷ ᠡᠪᠡᠰᠦ ᠤᠢ ᠤᠷᠭᠤᠮᠠᠯ ᠬᠡᠵᠦ ᠦᠬᠡᠢ᠂ ᠤᠶᠢᠷᠠᠮ ᠳᠤᠭᠤᠷᠢᠮ ᠳᠤ ᠨᠢ ᠴᠠᠭᠠᠨ ᠮᠠᠩᠬ᠎ᠠ ᠪᠤᠢ᠃ | ᠬᠦᠮᠦᠰ ᠡᠷᠳᠡ ᠦᠶ᠎ᠡ ᠠᠴᠠ ᠪᠠᠨ ᠨᠤᠳᠤᠭ ᠢᠶᠠᠨ ᠰᠢᠳᠦᠵᠦ ᠨᠤᠭᠤᠯᠤᠪᠤᠷᠢ ᠪᠠᠨ ᠢᠳᠡᠬᠦ ᠳᠤ ᠪᠠᠨ ᠶᠠᠭᠤ ᠪᠦᠬᠦᠨ | ᠶᠢᠨ ᠬᠢᠮᠠᠭᠠᠳᠠᠵᠤ ᠡᠷᠬᠢᠮᠯᠡᠭᠰᠡᠬᠡᠷ᠃ | | | ᠰᠢᠪᠠᠭᠤ ᠰᠠᠭᠤᠳᠠᠭ | | | ᠬᠠᠳᠠᠮᠠᠯ ᠤᠨ ᠢᠶᠠᠨ ᠠᠷᠦ ᠳᠤ ᠪᠠᠶᠢᠭ᠎ᠠ ᠤᠷᠤᠢ ᠶᠢ ᠰᠢᠪᠠᠭᠤ ᠰᠠᠭᠤᠳᠠᠭ ᠬᠡᠨ᠎ᠡ᠃ ᠠᠩᠬ᠎ᠠ ᠡᠷᠳᠡ ᠳᠡᠭᠡᠨ | ᠪᠠᠶᠢᠭᠠᠯᠢ ᠤᠷᠴᠢᠨ ᠭᠤᠶᠤᠮᠰᠤᠭ᠂ ᠠᠭᠤᠷ ᠠᠮᠢᠰᠬᠤᠯ ᠳᠤᠬᠢᠯᠢᠭ ᠪᠤᠯᠬᠤᠷ ᠤᠯᠠᠨ ᠵᠦᠢᠯ ᠤᠨ ᠰᠢᠪᠠᠭᠤ ᠢᠷᠡᠵᠦ | ᠰᠠᠭᠤᠳᠠᠭ ᠢᠶᠠᠷ ᠨᠢ ᠡᠶᠢᠨᠬᠦ ᠨᠡᠷᠡᠯᠡᠭᠰᠡᠨ ᠬᠡᠵᠦ ᠨᠤᠳᠤᠭ ᠤᠨ ᠬᠦᠮᠦᠰ ᠬᠡᠯᠡᠵᠡᠬᠡᠳᠡᠭ᠃ | ᠰᠢᠪᠠᠭᠤ ᠰᠠᠭᠤᠳᠠᠭ ᠲᠤ ᠰᠢᠪᠠᠭ ᠠᠯᠳᠠᠭᠠᠨ᠎ᠠ᠂ ᠪᠤᠷᠭᠠᠰᠤ ᠮᠡᠳᠦ ᠶᠢᠨ ᠡᠪᠡᠰᠦ ᠤᠷᠭᠤᠮᠠᠯ ᠵᠤᠵᠠᠭᠠᠨ ᠪᠠᠶᠢᠭᠰᠠᠨ | ᠠᠴᠠ ᠮᠠᠯᠴᠢᠳ ᠬᠠᠪᠤᠷᠵᠢᠶ᠎ᠠ᠂ ᠨᠠᠮᠤᠷᠵᠢᠶ᠎ᠠ ᠪᠠᠷ ᠨᠡᠭᠦᠳᠡᠯᠯᠡᠨ ᠮᠠᠯ ᠰᠦᠷᠦᠭ ᠢᠶᠠᠨ ᠭᠠᠴᠢᠭ ᠵᠤᠳ ᠠᠴᠠ | ᠳᠡᠩᠬᠡᠷᠡᠭᠦᠯᠦᠨ ᠳᠠᠷᠭᠤ ᠬᠦᠴᠦ ᠠᠪᠤᠭᠤᠯᠵᠤ᠂ ᠵᠢᠯ ᠤᠨ ᠵᠢᠯ ᠦᠩ ᠦᠬᠡᠳᠡ ᠤᠨ ᠢ ᠤᠭᠳᠤᠵᠤ᠂ ᠰᠦ ᠰᠠᠭᠠᠯᠢ | ᠪᠠᠷ ᠭᠠᠵᠠᠷ ᠤᠰᠤ ᠪᠠᠨ ᠪᠠᠶᠠᠰᠬᠠᠨ᠂ ᠰᠦᠷᠦᠭ ᠤᠨ ᠪᠠᠷ᠎ᠠ ᠪᠠᠷ ᠨᠢᠪᠳᠠᠭ ᠰᠢᠪᠳᠠᠭ ᠢᠶᠠᠨ ᠰᠢᠳᠦᠨ ᠳᠠᠬᠢᠵᠤ᠂ ᠦᠶ᠎ᠡ | ᠤᠯᠠᠷᠢᠨ ᠪᠡᠯᠡ ᠬᠦᠷᠦᠩᠬᠡ ᠲᠠᠢ ᠠᠵᠤ ᠳᠦᠷᠦᠵᠦ᠂ ᠪᠠᠶᠢᠭᠠᠯᠢ ᠬᠤᠷᠸ᠎ᠠ ᠲᠠᠢ ᠡᠶ᠎ᠡ ᠵᠤᠬᠢᠴᠠᠯ ᠲᠠᠢ ᠤᠷᠤᠰᠢᠭᠰᠠᠭᠠᠷ | ᠢᠷᠡᠵᠠᠢ᠃ | | ᠪᠤᠷᠤ ᠳᠤᠪᠤ ᠶᠢᠨ ᠨᠠᠭᠤᠷ | | | ᠪᠣᠷᠤ ᠳᠤᠪᠤ ᠶᠢᠨ ᠨᠠᠭᠤᠷ ᠬᠡᠵᠦ ᠪᠦᠷᠢᠳᠦᠨ ᠤ ᠳᠠᠯ᠎ᠠ ᠳᠤ ᠪᠠᠶᠢᠳᠠᠭ᠃ ᠨᠠᠭᠤᠷ ᠤᠨ ᠳᠠᠯᠠᠪᠠᠢ ᠨᠢ 200 | ᠭᠠᠷᠤᠢ ᠮᠤ᠋ ᠪᠠᠶᠢᠵᠤ᠂ ᠤᠰᠤᠨ ᠤ ᠬᠦᠨ ᠨᠢ ᠬᠤᠤᠰ ᠠᠯᠳᠠ ᠢᠯᠡᠬᠦᠤ᠂ ᠭᠠᠩ ᠬᠠᠭᠰᠠᠷᠭᠠᠨ ᠳᠤ ᠴᠦ ᠰᠢᠷᠬᠢᠰᠢ | ᠦᠬᠡᠢ ᠪᠤᠷᠬᠢᠯᠤᠭᠠᠳ ᠯᠠ ᠪᠤᠢ ᠬᠡᠨ᠎ᠡ᠃ | ᠡᠨᠡᠬᠦ ᠨᠠᠭᠤᠷ ᠨᠢ ᠪᠤᠷᠤ ᠳᠤᠪᠤ ᠪᠠᠨ ᠳᠤᠭᠤᠷᠢᠭᠰᠠᠨ ᠳᠤᠯᠠ ᠡᠶᠢᠨᠬᠦ ᠨᠡᠷᠡᠯᠡᠵᠠᠢ᠃ ᠳᠤᠪᠤ ᠶᠢᠨ ᠵᠡᠭᠦᠨ᠂ | ᠪᠠᠷᠠᠭᠤᠨ᠂ ᠠᠷᠦ ᠳᠠᠯ᠎ᠠ ᠪᠠᠷ ᠨᠡᠶᠢᠳᠡᠮ ᠤᠰᠤ ᠲᠠᠢ᠃ ᠨᠠᠭᠤᠷ ᠲᠤ ᠬᠠᠷ᠎ᠠ ᠵᠢᠭᠠᠰᠤ᠂ ᠤᠯᠠᠭᠠᠨ ᠰᠡᠭᠦᠯᠳᠦ ᠮᠡᠳᠦ | ᠶᠢᠨ ᠤᠯᠠᠨ ᠲᠦᠷᠦᠯ ᠤᠨ ᠵᠢᠭᠠᠰᠤ ᠲᠠᠢ ᠪᠠᠶᠢᠭᠰᠠᠨ ᠬᠡᠳᠡᠭ᠃ ᠨᠠᠭᠤᠷ ᠤᠨ ᠳᠤᠮᠳᠠ ᠤᠳᠤᠯ ᠢᠭ᠌ᠴᠢ ᠰᠠᠬᠤᠯᠠᠭ | ᠤᠷᠭᠤᠵᠤ᠂ ᠬᠦᠪᠡᠭᠡ ᠬᠠᠪᠢ ᠪᠠᠷ ᠨᠢ ᠬᠤᠯᠤᠰᠤ᠂ ᠵᠡᠬᠡᠰᠦ᠂ ᠰᠢᠷ᠎ᠠ ᠡᠪᠡᠰᠦ ᠤᠷᠭᠤᠵᠤ᠂ ᠬᠠᠳᠤᠯᠠᠩ ᠤᠨ | ᠪᠡᠯᠴᠢᠬᠡᠷ ᠵᠢᠯ ᠤᠨ ᠵᠢᠯ ᠰᠠᠶᠢᠨ ᠪᠠᠶᠢᠳᠠᠭ᠃ | ᠪᠤᠷᠤ ᠳᠤᠪᠤ ᠶᠢᠨ ᠨᠠᠭᠤᠷ ᠤᠨ ᠬᠦᠪᠡᠭᠡ ᠪᠠᠷ ᠮᠠᠯ ᠰᠦᠷᠦᠭ ᠨᠡᠬᠦᠳᠡᠯᠯᠡᠨ ᠤᠳᠤᠷᠯᠠᠵᠤ᠂ ᠭᠠᠩ ᠭᠠᠮᠰᠢᠭ ᠢ | ᠳᠤᠭᠤᠯᠤᠨ ᠤᠨ ᠵᠢᠯ ᠢ ᠳᠤᠭᠤᠯᠵᠤ ᠢᠷᠡᠵᠠᠢ᠃ | | | ᠪᠠᠶᠠᠨ ᠨᠠᠭᠤᠷ | | | ᠪᠦᠷᠢᠨ ᠳᠠᠯ᠎ᠠ ᠶᠢᠨ ᠠᠶᠢᠯ ᠤᠨ ᠵᠡᠭᠦᠨ ᠳᠠᠯ᠎ᠠ ᠳᠠᠬᠢ ᠰᠡᠴᠡᠨ ᠬᠤᠸᠠ ᠶᠢᠨ ᠠᠷᠦ ᠳᠤ ᠨᠢ ᠪᠤᠢ᠃ ᠠᠯᠢ | ᠡᠷᠳᠡ ᠠᠴᠠ ᠨᠠᠭᠤᠷ ᠤᠨ ᠬᠦᠪᠡᠬᠡᠨ ᠤ ᠪᠡᠯᠴᠢᠬᠡᠷ ᠰᠢᠮᠡᠯᠢᠭ᠂ ᠬᠦᠷᠦᠰᠦ ᠵᠤᠵᠠᠭᠠᠨ᠂ ᠮᠠᠯ ᠰᠦᠷᠦᠭ ᠦᠨᠢᠷ | ᠦᠰᠳᠡᠭ ᠢᠶᠠᠷ ︽ᠪᠠᠶᠠᠨ ᠨᠠᠭᠤᠷ︾ ᠬᠡᠵᠦ ᠨᠡᠷᠡᠯᠡᠪᠡ ᠬᠡᠨ᠎ᠡ᠃ | ᠪᠠᠶᠠᠨ ᠨᠠᠭᠤᠷ ᠨᠢ 300 ᠢᠯᠡᠬᠦᠤ ᠮᠤ᠋ ᠶᠢᠨ ᠳᠠᠯᠠᠪᠠᠢ ᠲᠠᠢ᠂ ᠤᠰᠤᠨ ᠤ ᠬᠦᠨ ᠨᠢ ᠬᠤᠤᠰ ᠠᠯᠳᠠ ᠢᠯᠡᠬᠦᠤ | ᠬᠦᠨ ᠪᠤᠢ᠃ ᠤᠳᠤ ᠤᠰᠤ ᠨᠢ ᠰᠢᠷᠬᠢᠨ ᠳᠠᠰᠢᠶ᠎ᠠ ᠢᠯᠡᠬᠦᠤ ᠬᠦᠨ ᠪᠤᠯᠪᠠ᠃ ᠨᠠᠭᠤᠷ ᠢ ᠳᠤᠭᠤᠷᠢᠭᠠᠳ ᠬᠤᠯᠤᠰᠤ᠂ | ᠰᠢᠷ᠎ᠠ ᠡᠪᠡᠰᠦ᠂ ᠵᠠᠮᠤᠭ ᠵᠤᠵᠠᠭᠠᠨ ᠤᠷᠭᠤᠵᠤ᠂ ᠬᠠᠷ᠎ᠠ ᠵᠢᠭᠠᠰᠤ᠂ ᠮᠦᠷᠬᠦᠬᠡ ᠵᠢᠭᠠᠰᠤ ᠡᠯᠪᠡᠭ ᠪᠠᠶᠢᠵᠠᠢ᠃ | ᠨᠠᠭᠤᠷ ᠢ ᠳᠤᠭᠤᠷᠢᠭᠰᠠᠨ ᠪᠡᠯᠴᠢᠬᠡᠷ ᠲᠤ ᠵᠡᠭᠦᠨ ᠪᠠᠷᠠᠭᠤᠨ ᠠᠶᠢᠯ ᠤᠨ ᠮᠠᠯ ᠰᠦᠷᠦᠭ ᠤᠳᠤᠷᠯᠠᠨ ᠵᠤᠰᠠᠵᠤ᠂ | ᠵᠢᠯ ᠤᠨ ᠵᠢᠯ ᠦᠨᠢᠷ ᠦᠰᠴᠦ᠂ ᠬᠤᠯᠠ ᠤᠶᠢᠷ᠎ᠠ ᠳᠤ ᠭᠠᠶᠢᠬᠠᠭᠳᠠᠵᠤ ᠪᠠᠶᠢᠪᠠ᠃ ᠤᠳᠤ ᠨᠠᠭᠤᠷ ᠢ ᠠᠰᠢᠭᠯᠠᠨ | ᠵᠢᠭᠠᠰᠤ ᠵᠢᠷᠠᠭᠠᠬᠠᠢ ᠳᠡᠵᠢᠬᠡᠨ ᠠᠵᠤ ᠠᠬᠤᠢ ᠶᠢᠨ ᠠᠰᠢᠭ ᠤᠷᠤᠯᠭ᠎ᠠ ᠤᠯᠵᠤ᠂ ᠵᠠᠬ᠎ᠠ ᠳᠡᠯᠬᠡᠭᠦᠷ ᠲᠤ ᠭᠠᠷᠭᠠᠵᠤ | ᠪᠤᠢ᠃ | | | ᠮᠠᠨᠠᠭᠤᠤᠯᠳᠤ ᠨᠠᠭᠤᠷ | | | ᠶᠡᠬᠡᠳᠠᠯ᠎ᠠ ᠶᠢᠨ ᠠᠶᠢᠯ ᠤᠨ ᠵᠡᠭᠦᠨ ᠳᠠᠯ᠎ᠠ ᠳᠤ ᠮᠠᠨᠠᠭᠤᠤᠯᠳᠤ ᠶᠢᠨ ᠨᠠᠭᠤᠷ ᠬᠡᠵᠦ ᠪᠠᠶᠢᠳᠠᠭ᠃ ᠡᠨᠡ ᠨᠠᠭᠤᠷ | ᠤᠳᠤ 50 ᠮᠤ᠋ ᠶᠢᠨ ᠳᠡᠳᠦᠢ ᠳᠠᠯᠠᠪᠠᠢ ᠲᠠᠢ ᠪᠤᠯᠵᠤ᠂ ᠤᠰᠤᠨ ᠤ ᠬᠡᠮᠵᠢᠶ᠎ᠡ ᠨᠢ ᠤᠤᠯ ᠤᠨ ᠠᠴᠠ ᠪᠠᠨ ᠳᠠᠬᠢᠨ | ᠢᠶᠠᠷ ᠪᠠᠭᠠᠰᠴᠤ᠂ ᠬᠦᠨ ᠨᠢ ᠴᠦ ᠬᠤᠤᠰ ᠠᠯᠳᠠ ᠳᠡᠳᠦᠢ᠂ ᠬᠡᠪᠡᠯᠢ ᠳᠡᠭᠡᠨ ᠬᠠᠳᠠᠷ ᠵᠢᠭᠠᠰᠤ᠂ ᠮᠦᠷᠬᠦᠬᠡ ᠵᠢᠭᠠᠰᠤ᠂ | ᠤᠯᠠᠭᠠᠨ ᠰᠡᠬᠦᠯᠳᠦ ᠵᠢᠭᠠᠰᠤ ᠲᠠᠢ ᠶᠤᠮ᠃ | ᠠᠩᠬ᠎ᠠ ᠡᠷᠳᠡ ᠳᠡᠭᠡᠨ ᠨᠠᠭᠤᠷ ᠤᠨ ᠬᠠᠪᠢ ᠪᠠᠷ ᠤᠳᠤᠷ ᠵᠤᠰᠠᠭᠠᠯ ᠨᠡᠬᠦᠳᠡᠯᠯᠡᠵᠦ᠂ ᠲᠦᠷᠪᠡᠨ ᠤᠯᠠᠷᠢᠯ ᠢᠶᠠᠷ | ᠪᠡᠯᠴᠢᠬᠡᠷ ᠤᠰᠤᠨ ᠤ ᠰᠢᠮ᠎ᠡ ᠶᠢ ᠬᠦᠷᠳᠡᠵᠦ᠂ ᠮᠠᠯ ᠰᠦᠷᠦᠭ ᠢᠶᠠᠨ ᠦᠰᠬᠡᠵᠦ ᠰᠦ ᠰᠠᠭᠠᠯᠢ ᠳᠤᠳᠠᠬᠤ ᠦᠬᠡᠢ᠂ | ᠳᠠᠶᠢᠪᠤᠩ ᠳᠡᠨᠢᠭᠦᠬᠡᠨ ᠠᠵᠤ ᠲᠦᠷᠦᠵᠦ ᠪᠠᠶᠢᠪᠠ᠃ ᠨᠠᠭᠤᠷ ᠤᠨ ᠬᠠᠵᠠᠭᠤ ᠳᠤᠨᠢ ᠮᠠᠩᠬ᠎ᠠ ᠲᠠᠢ᠂ ᠬᠦᠮᠦᠰ ᠮᠠᠩᠬᠠᠨ | ᠤᠷᠤᠢ ᠳᠤᠨᠢ ᠮᠠᠨᠠᠭᠤᠤᠯᠳᠤ ᠪᠠᠷ᠎ᠠ ᠪᠤᠰᠬᠠᠨ ᠬᠡᠬᠡᠷ᠎ᠡ ᠶᠢᠨ ᠨᠤᠬᠠᠢ᠂ ᠬᠤᠯᠠ ᠤᠶᠢᠷ᠎ᠠ ᠶᠢᠨ ᠬᠤᠯᠠᠭᠠᠢ ᠶᠢ | ᠰᠡᠷᠬᠡᠶᠢᠯᠡᠳᠡᠭ ᠠᠴᠠ ︽ᠮᠠᠨᠠᠭᠤᠤᠯ ᠲᠠᠢ ᠮᠠᠩᠬ᠎ᠠ︾ ᠬᠡᠮᠡᠨ ᠨᠡᠷᠡᠯᠡᠵᠦ᠂ ᠠᠭᠠᠵᠢᠮ ᠳᠠᠭᠠᠨ ︽ᠮᠠᠨᠠᠭᠤᠤᠯᠳᠤ︾ ᠬᠡᠬᠦ | ᠪᠤᠯᠪᠠ᠃ | ᠠᠳᠡᠬᠢ ᠬᠦᠮᠦᠰ ᠠᠯᠢ ᠤᠵᠤᠭᠤᠷ ᠠᠴᠠ ᠤᠯᠠᠮᠵᠢᠯᠠᠯᠳᠤ ᠠᠷᠭ᠎ᠠ ᠪᠠᠷᠢᠯ ᠢᠶᠠᠨ ᠡᠷᠬᠢᠮᠯᠡᠵᠦ᠂ ᠬᠦᠳᠡᠭᠡ ᠬᠡᠬᠡᠷ᠎ᠡ | ᠶᠠᠪᠤᠬᠤ᠂ ᠬᠦᠰᠬᠡ ᠠᠶᠠᠨ ᠢᠶᠠᠷ ᠨᠡᠬᠦᠳᠡᠯᠯᠡᠬᠦ ᠳᠡᠭᠡᠨ ᠮᠠᠯ ᠰᠦᠷᠦᠭ ᠢᠶᠠᠨ ᠬᠠᠮᠠᠭᠠᠯᠠᠬᠤ ᠶᠢ ᠬᠠᠮᠤᠭ ᠤᠨ ᠴᠢᠬᠤᠯᠠ | ᠬᠢᠳᠡᠯ ᠪᠤᠯᠭᠠᠵᠤ᠂ ᠬᠠᠮᠢᠭ᠎ᠠ ᠬᠦᠷᠦᠭᠰᠡᠨ ᠴᠦ ᠢᠵᠠᠭᠤᠷ ᠰᠤᠶᠤᠯ ᠢᠶᠠᠨ ᠠᠶᠤᠯ ᠪᠠᠷᠴᠢᠳ ᠠᠴᠠ ᠬᠠᠮᠠᠭᠠᠯᠠᠬᠤ ᠪᠠᠷ | ᠮᠠᠨᠠᠭᠤᠤᠯ ᠪᠤᠰᠬᠠᠨ ᠭᠠᠵᠠᠷ ᠤᠰᠤ ᠪᠠᠨ ᠨᠡᠷᠡᠶᠢᠳᠦᠭᠰᠡᠨ ᠨᠢ ᠬᠤᠵᠢᠮ ᠤᠨ ᠦᠷ᠎ᠡ ᠬᠤᠶᠢᠴᠢᠰ ᠲᠠᠭᠠᠨ ᠦᠪ | ᠬᠦᠷᠦᠩᠬᠡ ᠪᠤᠯᠵᠤ ᠬᠡᠵᠢᠶᠡᠳᠡ ᠪᠠᠯᠠᠷᠠᠰᠢ ᠦᠬᠡᠢ ᠬᠡᠷᠡᠴᠢ ᠳᠡᠮᠳᠡᠭ ᠢᠶᠠᠷ ᠰᠡᠬᠦᠶᠢᠨ᠎ᠡ᠃ | ᠬᠦᠮᠦᠰ ᠪᠠᠰᠠ ᠨᠠᠭᠤᠷ ᠢᠶᠠᠨ ᠠᠰᠢᠭᠯᠠᠨ ᠵᠢᠭᠠᠰᠤ ᠳᠡᠵᠢᠬᠡᠵᠦ᠂ ᠠᠰᠢᠭ ᠤᠷᠤᠯᠭ᠎ᠠ ᠪᠠᠨ ᠨᠡᠮᠡᠭᠳᠡᠭᠦᠯᠦᠨ | ᠤᠶᠤᠨ ᠤ ᠪᠡᠯᠡ ᠤᠷᠤᠭᠤᠯᠤᠯᠳᠠ ᠪᠤᠯᠭᠠᠵᠤ᠂ ᠠᠷᠠᠳ ᠤᠯᠠᠨ ᠤ ᠰᠤᠶᠤᠯ ᠤᠷᠠᠯᠢᠭ ᠢᠶᠠᠨ ᠬᠦᠭᠵᠢᠭᠦᠯᠦᠬᠡᠳ ᠠᠯᠳᠠᠷ | ᠨᠡᠷ᠎ᠡ ᠪᠠᠨ ᠤᠷᠤᠨ ᠬᠤᠳᠠ ᠳᠤ ᠬᠢᠯᠠᠯᠵᠠᠭᠤᠯᠤᠨ ᠦᠩᠬᠡ ᠬᠡᠷᠡᠯ ᠬᠦᠷᠳᠡᠵᠦ᠂ ᠠᠮᠢᠳᠤᠷᠠᠯ ᠦᠢᠯᠡᠰ ᠤᠨ ᠢᠶᠠᠨ | ᠦᠨᠡᠳᠦ ᠬᠦᠷᠦᠩᠬᠡ ᠪᠠᠷ ᠨᠠᠨᠳᠢᠩᠨᠠᠵᠤ ᠪᠤᠢ᠃ | | | ᠳᠠᠭᠤᠳᠤ ᠨᠠᠭᠤᠷ | | | ᠳᠠᠭᠤᠳᠤ ᠨᠠᠭᠤᠷ ᠨᠢ ᠶᠡᠬᠡᠳᠠᠯ᠎ᠠ ᠶᠢᠨ ᠠᠶᠢᠯ ᠤᠨ ᠪᠠᠷᠠᠭᠤᠨ ᠳᠠᠯ᠎ᠠ ᠳᠤ ᠪᠤᠢ᠃ ᠨᠠᠭᠤᠷ ᠤᠨ ᠳᠠᠯᠠᠪᠠᠢ ᠨᠢ | 200 ᠭᠠᠷᠤᠢ ᠮᠤ᠋ ᠪᠠᠶᠢᠵᠤ᠂ ᠤᠰᠤ ᠨᠢ ᠬᠤᠤᠰ ᠠᠯᠳᠠ ᠰᠢᠬᠠᠮ ᠬᠦᠨ ᠬᠡᠳᠡᠭ᠃ | ᠬᠦᠮᠦᠰ ᠶᠠᠷᠢᠬᠤ ᠪᠠᠷ ᠠᠯᠢ ᠡᠷᠳᠡ ᠶᠢᠨ ᠦᠶ᠎ᠡ ᠳᠤ ᠨᠠᠭᠤᠷ ᠤᠨ ᠬᠠᠪᠢ ᠪᠠᠷ ᠬᠤᠯᠤᠰᠤ ᠪᠤᠷᠭᠠᠰᠤ᠂ ᠤᠳᠤᠯ᠂ | ᠬᠢᠶᠠᠭ᠂ ᠠᠯᠳᠠᠭᠠᠨ᠎ᠠ ᠮᠡᠳᠦ ᠶᠢᠨ ᠤᠢ ᠤᠷᠭᠤᠮᠠᠯ ᠡᠯᠪᠡᠭ ᠵᠤᠵᠠᠭᠠᠨ ᠤᠷᠭᠤᠵᠤ᠂ ᠪᠠᠶᠢᠭᠠᠯᠢ ᠶᠢᠨ ᠦᠵᠡᠮᠵᠢ ᠤᠨᠴᠠ | ᠶᠢᠨ ᠰᠦᠷ ᠵᠢᠪᠬᠤᠭ᠎ᠠ ᠲᠠᠢ᠂ ᠵᠢᠭᠦᠷᠳᠡᠨ ᠰᠢᠪᠠᠭᠤᠳ ᠵᠢᠷᠬᠢᠭᠰᠡᠨ ᠰᠠᠶᠢᠬᠠᠨ ᠤᠷᠤᠨ ᠪᠠᠶᠢᠵᠤ᠂ ᠰᠢᠮᠡᠯᠢᠭ ᠪᠡᠯᠴᠢᠬᠡᠷ | ᠲᠤᠨᠢ ᠰᠦᠷᠦᠭ ᠦᠷᠡᠵᠢᠵᠦ᠂ ᠰᠢᠳᠢ ᠳᠤᠮᠤᠭ ᠲᠠᠢ ᠦᠯᠢᠬᠡᠷ ᠤᠯᠠᠨ ᠭᠠᠷᠴᠠᠢ᠃ ᠨᠠᠭᠤᠷ ᠨᠢ ᠴᠠᠭ ᠠᠭᠤᠷ ᠤᠨ | ᠬᠤᠪᠢᠷᠠᠯᠳᠠ ᠪᠠᠷ ᠬᠠᠶᠠ ᠳᠠᠭᠤ ᠴᠤᠤᠷᠢᠶ᠎ᠠ ᠭᠠᠷᠴᠤ᠂ ᠬᠤᠯᠠ ᠤᠶᠢᠷ᠎ᠠ ᠳᠤ ᠳᠤᠳᠤᠬᠠᠨ ᠰᠤᠨᠤᠰᠳᠠᠵᠤ ᠬᠠᠴᠢᠨ | ᠭᠠᠶᠢᠬᠠᠯᠳᠠ ᠪᠤᠯᠬᠤᠷ ︽ᠳᠠᠭᠤᠳᠤ ᠨᠠᠭᠤᠷ︾ ᠬᠡᠵᠦ ᠨᠡᠷᠡᠯᠡᠬᠡᠳ ᠡᠳᠦᠬᠡ ᠳᠤ ᠬᠦᠷᠴᠦ ᠢᠷᠡᠵᠦ ᠪᠤᠢ ᠬᠡᠨ᠎ᠡ᠃ | ᠠᠳᠡᠬᠢ ᠮᠠᠯᠴᠢᠳ ᠡᠷᠳᠡ ᠤᠷᠢᠳᠤ ᠠᠴᠠ ᠪᠠᠨ ᠨᠠᠭᠤᠷ ᠤᠨ ᠢᠶᠠᠨ ᠤᠶᠢᠷᠠᠮ ᠳᠤᠭᠤᠷᠢᠮ ᠳᠤ ᠤᠳᠤᠷᠯᠠᠨ | ᠮᠠᠯᠵᠢᠵᠤ᠂ ᠮᠠᠯ ᠰᠦᠷᠦᠭ ᠢᠶᠠᠨ ᠬᠠᠷᠢᠭᠤᠯᠤᠨ ᠠᠳᠠᠯ ᠤᠨᠳᠤᠷᠤᠯᠭ᠎ᠠ ᠪᠠᠨ ᠲᠦᠪᠬᠢᠨᠡᠬᠦᠯᠵᠦ ᠡᠳ᠋ ᠬᠦᠷᠦᠩᠬᠡ | ᠬᠤᠷᠠᠮᠳᠤᠭᠤᠯᠵᠤ ᠶᠠᠪᠤᠵᠠᠢ᠃ ᠨᠤᠳᠤᠭ ᠤᠨ ᠨᠠᠰᠤᠳᠠᠳ ᠤᠨ ᠬᠠᠭᠤᠴᠢᠯᠠᠬᠤ ᠪᠠᠷ ᠡᠷᠳᠡ ᠦᠶ᠎ᠡ ᠳᠤ ᠳᠠᠭᠤᠳᠤ | ᠨᠠᠭᠤᠷ ᠤᠨ ᠬᠦᠪᠡᠭᠡ ᠪᠠᠷ ᠡᠪᠡᠰᠦ ᠰᠢᠭᠤᠢ ᠦᠵᠡᠮᠵᠢ ᠮᠦᠴᠡᠬᠡᠷᠬᠡᠨ᠂ ᠦᠩᠬᠡ ᠶᠢᠨ ᠴᠡᠴᠡᠭ ᠮᠢᠷᠠᠯᠵᠠᠨ ᠳᠡᠯᠬᠡᠷᠡᠵᠦ᠂ | ᠠᠷᠢᠶᠠᠳᠠᠨ ᠵᠢᠭᠦᠷᠳᠡᠨ ᠮᠠᠩᠬ᠎ᠠ ᠬᠦᠨᠳᠡᠢ ᠳᠤᠨᠢ ᠤᠷᠤᠩᠨᠠᠵᠤ᠂ ᠤᠰᠤ ᠭᠤᠤᠯ ᠳᠤᠨᠢ ᠴᠤᠪᠤᠷᠠᠨ ᠬᠤᠷ᠎ᠠ ᠪᠤᠷᠤᠭᠠᠨ | ᠵᠤᠬᠢᠴᠠᠭᠠᠳ ᠬᠤᠷᠸ᠎ᠠ ᠳᠤ ᠬᠤᠪᠤᠷᠬᠠᠨ ᠴᠡᠴᠡᠷᠯᠢᠭ ᠰᠢᠭ᠋ ᠪᠠᠶᠢᠭᠰᠠᠨ ᠬᠡᠨ᠎ᠡ᠃ | ᠳᠠᠭᠤᠳᠤ ᠨᠠᠭᠤᠷ ᠲᠤ ᠤᠯᠠᠨ ᠵᠦᠢᠯ ᠤᠨ ᠵᠢᠭᠠᠰᠤ ᠲᠠᠢ ᠪᠦᠬᠡᠳ ᠬᠤᠷ᠎ᠠ ᠪᠤᠷᠤᠭᠠᠨ ᠡᠯᠪᠡᠭ ᠵᠢᠯ ᠪᠤᠯ ᠤᠰᠤ | ᠲᠠᠢ ᠨᠡᠮᠡᠭᠳᠡᠨ ᠳᠠᠯᠠᠪᠠᠢ ᠨᠢ ᠦᠷᠬᠡᠵᠢᠬᠡᠳ ᠶᠠᠩᠵᠤ ᠶᠢᠨ ᠦᠵᠡᠮᠵᠢ ᠢᠯᠭᠠᠷᠠᠵᠤ᠂ ᠬᠦᠳᠡᠭᠡ ᠬᠡᠬᠡᠷ᠎ᠡ ᠶᠠᠪᠤᠬᠤ ᠳᠤ | ᠭᠤᠶᠢᠳᠠ ᠰᠠᠶᠢᠬᠠᠨ᠂ ᠠᠭᠤᠷ ᠠᠮᠢᠰᠬᠤᠯ ᠨᠢ ᠴᠡᠪᠡᠷ ᠠᠷᠢᠭᠤᠨ ᠪᠠᠶᠢᠳᠠᠭ᠃ | | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠤᠭᠴᠢ᠄ ᠴ᠊ · ᠰᠠᠷᠠᠭᠤᠯ | | | | |