ᠶᠡᠭᠡ ᠬᠠᠨ ᠠᠭᠤᠯᠠ | | | ᠠᠷᠤ ᠬᠤᠷᠴᠢᠨ ᠬᠠᠨ ᠠᠭᠤᠯᠠ ᠪᠤᠯ ᠡᠷᠳᠡ ᠤᠷᠢᠳᠦ ᠠᠴᠠ ᠪᠠᠨ ᠬᠤᠰᠢᠭᠤ ᠲᠠᠬᠢᠯᠭ᠎ᠠ ᠲᠠᠢ ᠶᠤᠮ᠃ ᠲᠠᠯᠠᠢ | ᠶᠢᠨ ᠲᠦᠪᠰᠢᠨ ᠠᠴᠠ 1581 ᠮᠧᠲᠷ ᠡᠷᠭᠦᠭᠳᠡᠵᠤ ᠪᠣᠢ᠃ ᠵᠢᠯ ᠪᠦᠷᠢ ᠶᠢᠨ ᠵᠤᠨ ᠤ ᠡᠬᠢᠨ ᠰᠠᠷ᠎ᠠ ᠳᠤ ᠬᠤᠰᠢᠭᠤ | ᠵᠠᠰᠠᠭ ᠨᠤᠶᠠᠨ ᠠᠴᠠ ᠲᠡᠷᠢᠭᠦᠯᠡᠨ ᠮᠠᠯᠴᠢᠨ ᠠᠷᠠᠳ ᠬᠦᠷᠳᠡᠯ᠎ᠡ ᠬᠡᠳᠦᠨ ᠵᠠᠭᠤᠨ ᠭᠠᠵᠠᠷ ᠠᠴᠠ ᠴᠤᠭᠯᠠᠷᠠᠨ ᠬᠠᠨ | ᠠᠭᠤᠯᠠ ᠪᠠᠨ ᠲᠠᠬᠢᠳᠠᠭ ᠪᠢᠯᠡ᠃ | ᠬᠠᠨ ᠠᠭᠤᠯᠠ ᠶᠢᠨ ᠲᠠᠬᠢᠯᠭ᠎ᠠ ᠳᠤ ᠬᠦᠷᠰᠢ ᠵᠡᠷᠭᠡᠯᠡᠳᠡᠭᠡ ᠬᠤᠰᠢᠭᠤᠳ ᠤᠨ ᠨᠡᠷᠡᠳᠦ ᠴᠤᠤᠳᠦ ᠪᠦᠬᠡᠴᠤᠳ᠂ | ᠰᠠᠶᠢᠨ ᠮᠤᠷᠢᠳ ᠴᠤᠭᠯᠠᠷᠠᠨ ᠢᠷᠡᠵᠤ ᠬᠦᠷ ᠨᠠᠷᠭᠢᠶᠠᠨ ᠪᠤᠯᠵᠤ᠂ ᠠᠭᠤᠯᠠ ᠤᠰᠤ ᠪᠠᠨ ᠪᠠᠶᠠᠰᠬᠠᠨ ᠦᠢ ᠲᠦᠮᠡᠨ ᠢᠶᠠᠷ | ᠢᠶᠠᠨ ᠰᠦᠵᠢᠭ ᠢᠶᠠᠨ ᠭᠦᠢᠴᠡᠳᠬᠡᠨ ᠠᠯᠢᠪᠠ ᠰᠠᠶᠢᠨ ᠰᠠᠶᠢᠬᠠᠨ ᠢ ᠬᠦᠰᠡᠨ ᠲᠠᠭᠠᠳᠬᠠᠳᠠᠭ᠃ ᠬᠠᠨ ᠠᠭᠤᠯᠠ ᠪᠠᠨ | ᠲᠠᠬᠢᠪᠠᠯ ᠲᠡᠭᠷᠢ ᠠᠪᠤ ᠴᠦ ᠷᠠᠰᠢᠶᠠᠨ ᠬᠤᠷ᠎ᠠ ᠬᠠᠶᠢᠷᠠᠯᠠᠨ ᠡᠪᠡᠰᠦ ᠤᠷᠭᠤᠮᠠᠯ ᠢ ᠠᠮᠢᠯᠠᠭᠤᠯᠤᠨ᠂ ᠠᠮᠢᠳᠠᠨ ᠭᠤᠤᠯᠳᠠᠨ | ᠳᠤ ᠭᠠᠩ ᠢ ᠲᠠᠶᠢᠯᠳᠠᠭ᠃ | ᠬᠦᠮᠦᠰ ᠬᠡᠴᠢᠨᠡᠭᠡᠨ ᠬᠤᠯᠠ ᠶᠠᠪᠤᠵᠤ᠂ ᠬᠡᠳᠦᠨ ᠵᠠᠭᠤᠨ ᠤ ᠭᠠᠵᠠᠷ ᠤᠳᠤᠷᠯᠠᠨ ᠨᠡᠭᠦᠳᠡᠯᠯᠡᠭᠰᠡᠨ ᠴᠦ ᠬᠠᠨ | ᠠᠭᠤᠯᠠ ᠶᠢᠨ ᠲᠠᠬᠢᠯᠭ᠎ᠠ ᠪᠤᠯᠪᠠᠯ ᠬᠤᠨᠤᠵᠤ ᠦᠨᠵᠢᠨ ᠵᠠᠮᠨᠠᠵᠤ᠂ ᠲᠠᠩᠰᠤᠭ ᠰᠦᠷᠦᠭ ᠢᠶᠠᠷ ᠢᠶᠠᠨ ᠠᠭᠤᠯᠠ ᠪᠠᠨ | ᠪᠠᠶᠠᠰᠬᠠᠨ ᠴᠠᠭᠠᠨ ᠢᠳᠡᠭᠡᠨ ᠢᠶᠠᠷ ᠢᠶᠠᠨ ᠨᠠᠪᠳᠠᠭ ᠰᠠᠪᠳᠠᠭ ᠲᠤ ᠪᠠᠨ ᠰᠠᠴᠤᠯᠢ ᠡᠷᠭᠦᠵᠤ ᠦᠭᠡᠳᠡ ᠡᠰᠡᠷᠡᠭ᠂ ᠬᠡᠢ | ᠮᠤᠷᠢ ᠲᠠᠢ ᠶᠠᠪᠤᠬᠤ ᠶᠢ ᠪᠡᠯᠭᠡᠳᠡᠳᠡᠭ᠃ | | | ᠭᠤᠭᠤᠰᠤᠳᠠᠢ ᠬᠠᠨ ᠠᠭᠤᠯᠠ | | | ᠠᠩᠬ᠎ᠠ ᠡᠷᠳᠡ ᠠᠴᠠ ᠠᠭᠤᠯᠠ ᠲᠠᠬᠢᠬᠤ ᠳᠤ ᠱᠦᠩ ᠲᠠᠷᠤᠳᠠᠭ ᠭᠡᠨ᠎ᠡ᠃ ᠬᠠᠨ ᠠᠭᠤᠯᠠ ᠶᠢ ᠲᠠᠬᠢᠬᠤ | ᠦᠶᠡᠰ ᠦᠵᠦᠮᠦᠴᠢᠨ ᠭᠠᠵᠠᠷ ᠤᠨ ᠴᠤᠬᠤᠷ ᠮᠤᠷᠢ ᠲᠠᠢ ᠬᠦᠮᠦᠨ ᠢ ᠲᠠᠷᠤᠬᠤ ᠪᠠᠷ ᠨᠤᠮ ᠬᠦᠷᠢᠮ ᠤᠩᠰᠢᠵᠠᠢ᠃ | ᠭᠤᠷᠪᠠᠨ ᠡᠳᠦᠷ ᠦᠩᠭᠡᠷᠡᠳᠡᠯ᠎ᠡ ᠴᠤᠬᠤᠷ ᠮᠤᠷᠢ ᠲᠠᠢ ᠬᠦᠮᠦᠨ ᠢᠷᠡᠭᠰᠡᠨ ᠦᠭᠡᠢ᠂ ᠬᠠᠷᠢᠨ ᠪᠤᠷᠤ ᠴᠤᠬᠤᠷ ᠮᠤᠷᠢ | ᠲᠠᠢ ᠤᠩᠨᠢᠭᠤᠳ ᠠᠶᠢᠮᠠᠭ ᠤᠨ ᠤᠨᠳᠤᠷᠬᠤ ᠭᠡᠭᠴᠢ ᠬᠦᠮᠦᠨ ᠢᠷᠡᠵᠠᠢ᠃ ᠬᠡᠳᠦᠨ ᠡᠳᠦᠷ ᠬᠦᠯᠢᠶᠡᠨ ᠶᠠᠳᠠᠭᠰᠡᠨ | ᠬᠦᠮᠦᠰ ᠤᠨᠳᠤᠷᠬᠤ ᠶᠢ ᠤᠪᠤᠭ᠎ᠠ ᠶᠢᠨ ᠰᠠᠭᠤᠷᠢᠨ ᠳᠤ ᠰᠠᠭᠤᠯᠭᠠᠨ ᠱᠦᠩ ᠲᠠᠷᠤᠵᠤ ᠲᠠᠯᠪᠢᠭᠰᠡᠨ ᠭᠡᠨ᠎ᠡ᠃ ᠬᠠᠨ | ᠠᠭᠤᠯᠠ ᠶᠢᠨ ᠰᠠᠬᠢᠭᠤᠰᠤ ᠨᠢ ᠴᠤᠬᠤᠷ ᠪᠤᠷᠤ ᠮᠤᠷᠢ ᠲᠠᠢ ᠡᠪᠦᠭᠡᠨ ᠤ ᠬᠦᠷᠦᠭ ᠲᠠᠢ ᠪᠠᠶᠢᠳᠠᠭ ᠨᠢ ᠡᠶᠢᠮᠦ ᠢᠷᠡᠯᠳᠡ | ᠲᠠᠢ ᠭᠡᠳᠡᠭ᠃ | ᠡᠷᠳᠡᠨ ᠠᠴᠠ ᠨᠠᠭᠠᠰᠢ ᠤᠪᠤᠭ᠎ᠠ ᠱᠠᠩᠰᠢ ᠶᠢᠨ ᠱᠦᠩ ᠲᠠᠷᠤᠬᠤ ᠳᠤ ᠬᠦᠨᠳᠡᠯᠡᠨ ᠭᠠᠵᠠᠷ ᠤᠨ ᠬᠦᠮᠦᠨ᠂ ᠲᠠᠨᠢᠯ | ᠪᠤᠰᠤ ᠬᠦᠮᠦᠨ ᠤᠴᠢᠬᠤ ᠶᠢ ᠴᠢᠩᠭ᠎ᠠ ᠴᠡᠭᠡᠷᠯᠡᠵᠤ᠂ ᠤᠪᠤᠭ᠎ᠠ ᠱᠠᠩᠰᠢ ᠶᠢᠨ ᠨᠠᠶᠢᠷ ᠠᠴᠠ ᠵᠠᠶᠢᠯᠠᠨ ᠶᠠᠪᠤᠳᠠᠭ᠃ | ᠤᠴᠢᠷ ᠨᠢ ᠨᠤᠳᠤᠭ ᠤᠷᠤᠨ᠂ ᠵᠢᠩᠬᠢᠨᠢ ᠨᠡᠷ᠎ᠡ ᠤᠪᠤᠭ ᠢ ᠨᠢ ᠮᠡᠳᠡᠪᠡᠯ ᠱᠦᠩ ᠲᠠᠷᠤᠬᠤ ᠠᠴᠠ ᠠᠶᠤᠳᠠᠭ᠃ | ᠬᠠᠮᠢᠭ᠎ᠠ ᠤᠪᠤᠭᠠᠨ ᠲᠠᠬᠢᠯᠭ᠎ᠠ ᠲᠠᠢ ᠪᠤᠯ ᠵᠠᠮ ᠢᠶᠠᠨ ᠪᠤᠷᠤᠭᠤᠯᠠᠨ ᠨᠡᠷ᠎ᠡ ᠪᠠᠨ ᠨᠢᠭᠤᠵᠤ᠂ ᠦᠯᠦ ᠲᠠᠨᠢᠬᠤ ᠬᠦᠮᠦᠰ | ᠲᠠᠢ ᠵᠤᠭᠤᠭᠳᠠᠬᠤ ᠪᠤᠶᠤ ᠡᠯᠳᠡᠪ ᠤᠨ ᠵᠤᠴᠢᠯᠠᠭ᠎ᠠ ᠲᠠᠶᠢᠯᠠᠯᠭ᠎ᠠ ᠠᠴᠠ ᠰᠡᠷᠡᠮᠵᠢᠯᠡᠨ ᠠᠵᠠ ᠪᠤᠰᠤ ᠶᠢᠨ ᠤᠴᠢᠷ | ᠭᠠᠷᠬᠤ ᠠᠴᠠ ᠬᠡᠷᠰᠡᠤᠯᠡᠳᠡᠭ᠃ | ᠤᠢ ᠰᠢᠭᠤᠢ᠂ ᠡᠪᠡᠰᠦ ᠪᠡᠯᠴᠢᠭᠡᠷ ᠢᠭ᠌ᠴᠢ ᠰᠠᠬᠤᠯᠠᠭ ᠦᠨᠳᠦᠷ ᠰᠦᠷᠯᠢᠭ ᠭᠤᠭᠤᠰᠤᠳᠠᠢ ᠬᠠᠨ ᠠᠭᠤᠯᠠ | ᠨᠤᠳᠤᠭ ᠤᠰᠤᠨ ᠤ ᠬᠦᠮᠦᠰ ᠲᠤ ᠲᠦᠰᠢᠭ ᠪᠤᠯᠤᠨ ᠰᠡᠬᠦᠶᠢᠵᠤ᠂ ᠵᠤᠳ ᠰᠢᠭᠤᠷᠭᠠᠨ ᠳᠤ ᠬᠠᠯᠬᠠᠪᠴᠢ ᠪᠤᠯᠵᠤ᠂ | ᠠᠳᠤᠭᠤ ᠮᠠᠯ ᠳᠤ ᠤᠰᠤ ᠤᠮᠳᠠ᠂ ᠰᠢᠮ᠎ᠡ ᠲᠡᠵᠢᠭᠡᠯ ᠬᠠᠩᠭᠠᠭᠰᠠᠭᠠᠷ ᠢᠷᠡᠵᠠᠢ᠃ | ᠨᠠᠰᠤᠳᠠᠨ ᠪᠤᠭᠤᠷᠤᠯᠴᠤᠳ ᠮᠠᠨᠢ ᠵᠤᠭᠤᠭ ᠲᠡᠯᠭᠡᠨ ᠦᠯᠢᠭᠡᠷ ᠬᠠᠭᠤᠴᠢᠯᠠᠬᠤ ᠳᠤ ᠪᠠᠨ᠄ ︽ᠭᠤᠭᠤᠰᠤᠳᠠᠢ | ᠬᠠᠨ ᠠᠭᠤᠯᠠ ᠶᠢᠨ ᠪᠠᠶᠢᠷᠢᠰᠢᠯ ᠢ ᠠᠯᠤᠰ ᠠᠴᠠ ᠪᠠᠷᠠᠯᠠᠨ ᠰᠢᠨᠵᠢᠪᠡᠯ ᠶᠠᠭ ᠯᠠ ᠦᠬᠢᠨ ᠴᠠᠭᠠᠨ ᠬᠤᠯᠤᠭᠠᠨ᠎ᠠ ᠵᠡᠭᠦᠨ | ᠬᠤᠶᠢᠰᠢ ᠪᠠᠨ ᠬᠠᠷᠠᠨ ᠬᠡᠪᠳᠡᠭᠰᠡᠨ ᠰᠢᠭ ᠭᠡᠨ᠎ᠡ᠂ ᠦᠬᠢᠨ ᠴᠠᠭᠠᠨ ᠬᠤᠯᠤᠭᠠᠨ᠎ᠠ ᠵᠡᠭᠦᠨ ᠬᠤᠶᠢᠰᠢ ᠪᠠᠨ ᠬᠠᠷᠠᠨ | ᠬᠦᠳᠡᠯᠦᠰᠢ ᠦᠭᠡᠢ ᠬᠡᠪᠳᠡᠭᠰᠡᠨ ᠪᠤᠯᠬᠤᠷ ᠵᠡᠭᠦᠨ ᠦᠵᠦᠮᠦᠴᠢᠨ ᠳᠤ ᠬᠡᠰᠢᠭ ᠪᠤᠶᠠᠨ ᠨᠢ ᠴᠤᠭᠯᠠᠷᠠᠨ ᠠᠳᠤᠭᠤ ᠮᠠᠯ | ᠨᠢ ᠦᠨᠢᠷ ᠦᠰᠴᠦ᠂ ᠪᠠᠶᠠᠨ ᠮᠠᠯᠴᠢᠨ ᠡᠷᠳᠡ ᠤᠷᠢᠳᠤ ᠠᠴᠠ ᠪᠠᠨ ᠤᠯᠠᠨ ᠴᠤᠯᠭᠤᠷᠠᠭᠰᠠᠨ ᠭᠡᠳᠡᠭ᠂ ᠲᠦᠷᠦᠭᠦᠦ | ᠵᠠᠭᠤᠨ ᠤ ᠵᠢᠷᠠᠭᠠᠳ ᠤᠨ ᠪᠤᠯᠳᠠᠯ᠎ᠠ ᠭᠤᠭᠤᠰᠤᠳᠠᠢ ᠬᠠᠨ ᠠᠭᠤᠯᠠ ᠶᠢᠨ ᠬᠦᠷᠦᠭ ᠢ ᠵᠡᠭᠦᠨ ᠦᠵᠦᠮᠦᠴᠢᠨ ᠤ ᠲᠠᠬᠢᠯ | ᠤᠨ ᠰᠦᠮ᠎ᠡ ᠳᠤ ᠲᠠᠬᠢᠵᠤ ᠪᠠᠶᠢᠯ᠎ᠠ︾ ᠭᠡᠵᠤ ᠬᠠᠨ ᠠᠭᠤᠯᠠ ᠶᠢᠨ ᠲᠤᠮᠤᠭ ᠢ ᠶᠠᠷᠢᠳᠠᠭ ᠪᠢᠯᠡ᠃ | ᠭᠤᠭᠤᠰᠤᠳᠠᠢ ᠬᠠᠨ ᠠᠭᠤᠯᠠ ᠶᠢ ᠲᠤᠩᠭᠠᠯᠠᠭ ᠰᠠᠶᠢᠬᠠᠨ ᠡᠳᠦᠷ ᠠᠯᠤᠰ ᠠᠴᠠ ᠠᠵᠢᠭᠯᠠᠨ ᠦᠵᠡᠪᠡᠯ ᠬᠦᠨᠳᠡᠢ | ᠵᠢᠯᠠᠭ᠎ᠠ ᠶᠢᠨ ᠤᠯᠠᠩᠬᠢ ᠨᠢ ᠵᠡᠭᠦᠨ ᠬᠤᠶᠢᠰᠢ ᠪᠠᠨ ᠰᠤᠨᠤᠯᠵᠠᠵᠤ᠂ ︽ᠦᠬᠢᠨ ᠴᠠᠭᠠᠨ ᠬᠤᠯᠤᠭᠠᠨ᠎ᠠ ᠰᠢᠳᠦ ᠪᠠᠨ | ᠢᠷᠵᠠᠶᠢᠯᠭᠠᠨ ᠬᠡᠪᠳᠡᠯ᠎ᠡ︾ ᠭᠡᠳᠡᠭ ᠨᠢ ᠨᠡᠬᠡᠷᠡᠨ ᠠᠳᠠᠯᠢᠬᠠᠨ ᠰᠢᠭ᠋ ᠬᠠᠷᠠᠭᠳᠠᠳᠠᠭ᠃ ᠵᠡᠭᠦᠨ ᠬᠤᠶᠢᠨᠠᠬᠢ ᠠᠭᠤᠳᠠᠮ | ᠪᠡᠯᠴᠢᠭᠡᠷ ᠲᠤ ᠨᠡᠭᠦᠳᠡᠯᠯᠡᠨ ᠮᠠᠯᠵᠢᠭᠰᠠᠨ ᠠᠶᠢᠯ ᠡᠷᠦᠬᠡ ᠠᠴᠠ ᠬᠡᠳᠦᠶᠢᠨ ᠮᠢᠩᠭᠠᠳᠤ ᠶᠢᠨ ᠪᠠᠶᠠᠨ ᠲᠠᠷᠠᠭ᠎ᠠ ᠲᠠᠷᠠᠭ᠎ᠠ | ᠪᠠᠷ ᠴᠤᠯᠭᠤᠷᠠᠨ ᠭᠠᠷᠤᠭᠰᠠᠭᠠᠷ ᠢᠷᠡᠵᠠᠢ᠃ | | | ᠭᠦᠯᠢᠭᠡᠷ ᠬᠠᠨ ᠠᠭᠤᠯᠠ | | | ᠠᠩᠬ᠎ᠠ ᠡᠷᠳᠡ ᠳᠤ ᠪᠠᠨ ᠠᠷᠤ ᠬᠤᠷᠴᠢᠨ ᠬᠤᠰᠢᠭᠤᠨ ᠤ ᠬᠢᠨ ᠤᠯᠠᠷᠢᠯ ᠤᠨ ᠰᠠᠶᠢᠬᠠᠨ ᠢ ᠰᠤᠩᠭᠤᠨ | ᠭᠦᠯᠢᠭᠡᠷ ᠬᠠᠨ ᠠᠭᠤᠯᠠ ᠶᠢ ᠲᠠᠬᠢᠳᠠᠭ ᠭᠡᠨ᠎ᠡ᠃ ᠲᠠᠯᠠᠢ ᠶᠢᠨ ᠲᠦᠪᠰᠢᠨ ᠠᠴᠠ 1521 ᠮᠧᠲᠷ ᠡᠷᠭᠦᠭᠳᠡᠵᠤ ᠪᠣᠢ᠃ | ᠵᠢᠯ ᠪᠦᠷᠢ ᠶᠢᠨ ᠲᠠᠬᠢᠯᠭ᠎ᠠ ᠳᠤ ᠬᠤᠰᠢᠭᠤ ᠵᠠᠰᠠᠭ ᠨᠤᠶᠠᠨ᠂ ᠴᠠᠭᠠᠨ ᠭᠡᠭᠡᠨ᠂ ᠪᠠᠷᠠᠭᠤᠨ ᠭᠡᠭᠡᠨ᠂ ᠶᠤᠩᠽᠤᠩ ᠭᠡᠭᠡᠨ | ᠨᠠᠷ ᠮᠤᠷᠢᠯᠠᠨ ᠰᠠᠭᠠᠳᠠᠵᠤ ᠠᠭᠤᠯᠠ ᠪᠠᠨ ᠲᠠᠬᠢᠨ ᠨᠤᠮ ᠰᠠᠩ ᠤᠩᠰᠢᠳᠠᠭ ᠪᠠᠶᠢᠵᠠᠢ᠃ | ᠴᠤᠬᠤᠮ ᠠᠯᠢ ᠦᠶ᠎ᠡ ᠳᠤ ᠶᠤᠮ ᠪᠤᠦ ᠮᠡᠳᠡ᠃ ᠲᠠᠬᠢᠯᠭ᠎ᠠ ᠶᠢᠨ ᠡᠳᠦᠷ ᠬᠤᠰᠢᠭᠤ ᠸᠠᠩ᠂ ᠭᠡᠭᠡᠨ ᠨᠠᠷ | ᠲᠠᠬᠢᠬᠤ ᠪᠠᠷ ᠬᠦᠷᠦᠭᠰᠡᠡ ᠪᠤᠯᠪᠠᠴᠤ ᠠᠭᠤᠯᠠ ᠶᠢᠨ ᠰᠠᠬᠢᠭᠤᠰᠤ ᠬᠦᠷᠴᠦ ᠢᠷᠡᠭᠡᠳᠦᠢ ᠭᠡᠨ᠎ᠡ᠃ ᠭᠤᠷᠪᠠᠨ ᠡᠳᠦᠷ | ᠪᠤᠯᠤᠭᠰᠠᠨ ᠴᠦ ᠰᠠᠬᠢᠭᠤᠰᠤ ᠬᠦᠷᠴᠦ ᠢᠷᠡᠬᠦ ᠦᠭᠡᠢ ᠳᠤ ᠸᠠᠩ ᠨᠤᠶᠠᠨ ᠶᠡᠬᠡᠳᠡ ᠠᠭᠤᠷᠯᠠᠵᠠᠢ᠃ ᠲᠡᠷᠡ ᠡᠳᠦᠷ | ᠮᠦᠨ ᠸᠠᠩ ᠨᠤᠶᠠᠨ ᠤ ᠤᠨᠤᠭ᠎ᠠ ᠶᠢ ᠬᠡᠭᠡᠷ᠎ᠡ ᠶᠢᠨ ᠨᠤᠬᠠᠢ ᠲᠠᠳᠠᠭᠰᠠᠨ ᠳᠤ ᠶᠡᠭᠡ ᠪᠠᠷ ᠠᠭᠤᠷᠯᠠᠨ᠄ ︽ᠭᠦᠯᠢᠭᠡᠷ | ᠬᠠᠨ ᠠᠭᠤᠯᠠ ᠶᠢ ᠲᠠᠬᠢᠬᠤ ᠬᠡᠷᠡᠭ ᠦᠭᠡᠢ︕︾ ᠭᠡᠵᠠᠢ᠃ | ᠬᠦᠮᠦᠰ ᠬᠦᠯᠢᠶᠡᠨ ᠶᠠᠳᠠᠵᠤ ᠪᠠᠶᠢᠳᠠᠯ᠎ᠠ ᠭᠡᠭᠡᠨ ᠬᠤᠪᠢᠯᠭᠠᠨ ᠨᠠᠷ᠄ ︽ᠠᠭᠤᠯᠠ ᠶᠢᠨ ᠰᠠᠬᠢᠭᠤᠰᠤ ᠬᠦᠷᠦᠭᠡᠳ | ᠢᠷᠡᠯ᠎ᠡ︕︾ ᠭᠡᠵᠤ ᠴᠢᠮᠡᠭᠡ ᠦᠭᠬᠦ ᠳᠤ ᠬᠤᠰᠢᠭᠤ ᠸᠠᠩ ᠬᠦᠷᠦᠯᠴᠡᠨ ᠢᠷᠡᠭᠡᠳ᠄ ︽ᠰᠠᠬᠢᠭᠤᠰᠤ ᠶᠢ ᠦᠵᠡᠶ᠎ᠡ︾ | ᠭᠡᠪᠡ᠃ ᠡᠭᠦᠨ ᠢ ᠰᠤᠨᠤᠰᠤᠭᠰᠠᠨ ᠭᠡᠭᠡᠨ ᠬᠤᠪᠢᠯᠭᠠᠨ ᠨᠡᠷ᠄ ︽ᠵᠠᠰᠠᠭ ᠨᠤᠶᠠᠨ ᠰᠠᠬᠢᠭᠤᠰᠤ ᠶᠢ ᠦᠵᠡᠵᠤ ᠪᠤᠯᠬᠤ | ᠦᠭᠡᠢ︾ ᠭᠡᠵᠤ ᠢᠳᠬᠠᠪᠠᠴᠤ ᠸᠠᠩ ᠦᠯᠦ ᠤᠶᠢᠰᠢᠶᠠᠨ ᠵᠠᠪᠠᠯ ᠦᠵᠡᠬᠦ ᠭᠡᠰᠡᠨ ᠭᠡᠨ᠎ᠡ᠃ | ᠭᠡᠭᠡᠨ ᠬᠤᠪᠢᠯᠭᠠᠨ ᠨᠠᠷ ᠸᠠᠩ ᠨᠤᠶᠠᠨ ᠤ ᠦᠭᠡ ᠶᠢ ᠵᠦᠷᠢᠴᠡᠬᠦ ᠳᠤ ᠲᠦᠪᠡᠭ ᠲᠠᠢ ᠲᠤᠯᠠ ᠠᠷᠭ᠎ᠠ ᠪᠤᠰᠤ᠄ | ︽ᠮᠠᠨᠤᠰ ᠰᠤᠭᠤ ᠪᠠᠨ ᠡᠷᠭᠦᠵᠦ ᠪᠠᠶᠢᠶ᠎ᠠ᠂ ᠨᠤᠶᠠᠨ ᠰᠤᠭᠤ ᠪᠠᠷ ᠯᠠ ᠦᠵᠡ ᠳ᠋ᠠ︕︾ ᠭᠡᠵᠠᠢ᠃ ᠸᠠᠩ ᠨᠤᠶᠠᠨ | ᠭᠡᠭᠡᠨ ᠤ ᠰᠤᠭᠤ ᠪᠠᠷ ᠦᠵᠡᠪᠡᠯ ᠠᠭᠤᠯᠠ ᠶᠢᠨ ᠰᠠᠬᠢᠭᠤᠰᠤ ᠶᠠᠭ ᠮᠤᠷᠢᠨ ᠠᠴᠠ ᠪᠠᠨ ᠪᠠᠭᠤᠮᠠᠷ ᠪᠠᠶᠢᠵᠠᠢ᠃ ᠸᠠᠩ | ᠨᠤᠶᠠᠨ ᠤ ᠱᠠᠭᠠᠶᠢᠬᠤ ᠶᠢ ᠮᠡᠳᠡᠭᠰᠡᠨ ᠠᠭᠤᠯᠠ ᠶᠢᠨ ᠰᠠᠬᠢᠭᠤᠰᠤ ᠲᠤᠤᠷ᠎ᠠ ᠪᠠᠨ ᠮᠤᠷᠢᠨ ᠳᠤ ᠪᠠᠨ ᠮᠤᠷᠳᠠᠨ ᠲᠡᠭᠷᠢ | ᠶᠢᠨ ᠤᠷᠳᠤᠨ ᠳᠤ ᠶᠠᠪᠤᠵᠠᠢ᠃ ᠭᠡᠪᠡᠴᠦ ᠮᠤᠷᠢᠨ ᠳᠤ ᠪᠠᠨ ᠶᠠᠭᠠᠷᠠᠤᠬᠠᠨ ᠮᠤᠷᠳᠠᠭᠰᠠᠨ ᠠᠴᠠ ᠦᠷᠦᠭᠡᠰᠦᠨ ᠭᠤᠳᠤᠯ | ᠢᠶᠠᠨ ᠤᠨᠠᠭᠠᠴᠢᠬᠠᠵᠠᠢ᠃ ᠡᠭᠦᠨ ᠢ ᠨᠢ ᠨᠤᠶᠠᠨ ᠰᠦᠮ᠎ᠡ ᠳᠤ ᠠᠪᠴᠢᠷᠠᠨ ᠲᠠᠬᠢᠵᠤ ᠭᠡᠨ᠎ᠡ᠃ | ᠲᠡᠷᠡ ᠤᠳᠠᠭ᠎ᠠ ᠬᠡᠴᠡᠭᠦᠦ ᠮᠦᠨᠳᠦᠷ ᠤᠷᠤᠵᠤ ᠠᠭᠤᠯᠠ ᠶᠢᠨ ᠤᠢ ᠤᠷᠭᠤᠮᠠᠯ᠂ ᠬᠦᠮᠦᠨ ᠠᠮᠢᠳᠠᠨ ᠳᠤ | ᠠᠶᠤᠯ ᠭᠠᠮᠰᠢᠭ ᠪᠤᠯᠵᠠᠢ᠃ ᠸᠠᠩ ᠨᠤᠶᠠᠨ ᠲᠡᠭᠦᠨ ᠠᠴᠠ ᠰᠡᠭᠦᠯᠡᠷ ᠭᠦᠯᠢᠭᠡᠷ ᠬᠠᠨ ᠠᠭᠤᠯᠠ ᠶᠢ ᠲᠠᠬᠢᠬᠤ ᠪᠠᠨ | ᠪᠤᠯᠢᠵᠤ᠂ ᠲᠠᠬᠢᠯᠭ᠎ᠠ ᠶᠢᠨ ᠤᠪᠤᠭ᠎ᠠ ᠶᠢᠨ ᠭᠠᠳᠠᠭᠤᠷ ᠲᠡᠮᠦᠷ ᠴᠠᠭᠠᠷᠢᠭ ᠢᠶᠠᠷ ᠴᠠᠭᠠᠷᠢᠭᠯᠠᠨ ᠤᠶᠠᠵᠤ᠂ ᠭᠤᠭᠤᠰᠤᠳᠠᠢ | ᠬᠠᠨ ᠠᠭᠤᠯᠠ ᠶᠢ ᠲᠠᠬᠢᠬᠤ ᠪᠤᠯᠵᠠᠢ᠃ ᠨᠠᠰᠤᠳᠠᠳ ᠤᠨ ᠬᠠᠭᠤᠴᠢᠯᠠᠬᠤ ᠪᠠᠷ ᠮᠢᠩᠭ᠎ᠠ ᠶᠢᠰᠤᠨ ᠵᠠᠭᠤ ᠲᠦᠴᠢᠭᠡᠳ | ᠤᠨ ᠪᠤᠯᠳᠠᠯ᠎ᠠ ᠤᠳᠤᠷ ᠨᠡᠭᠦᠳᠡᠯ ᠢᠶᠠᠷ ᠨᠠᠭᠠᠰᠢ ᠴᠠᠭᠠᠰᠢ ᠨᠡᠭᠦᠳᠡᠯᠯᠡᠨ ᠶᠠᠪᠤᠬᠤ ᠳᠤ ᠭᠦᠯᠢᠭᠡᠷ ᠬᠠᠨ ᠠᠭᠤᠯᠠ ᠶᠢᠨ | ᠲᠠᠬᠢᠯᠭ᠎ᠠ ᠶᠢᠨ ᠤᠪᠤᠭ᠎ᠠ ᠶᠢᠨ ᠭᠠᠳᠠᠭᠤᠷᠬᠢ ᠲᠡᠮᠦᠷ ᠤᠳᠠᠰᠤ ᠨᠢ ᠴᠤᠤᠵᠢ ᠲᠠᠢ ᠪᠠᠷ ᠢᠶᠠᠨ ᠪᠠᠶᠢᠯ᠎ᠠ ᠭᠡᠳᠡᠭ᠃ | ᠬᠦᠮᠦᠰ ᠠᠭᠤᠯᠠ ᠶᠢᠨ ᠪᠡᠯᠴᠢᠭᠡᠷ ᠲᠤ ᠨᠢ ᠮᠠᠯ ᠰᠦᠷᠦᠭ ᠢᠶᠠᠨ ᠬᠠᠷᠢᠭᠤᠯᠤᠨ ᠬᠡᠰᠢᠭ ᠪᠤᠶᠠᠨ ᠢ ᠨᠢ ᠬᠦᠷᠳᠡᠬᠦ ᠳᠤ | ᠪᠠᠨ ᠨᠤᠳᠤᠭ ᠤᠰᠤᠨ ᠤ ᠪᠠᠨ ᠨᠠᠪᠳᠠᠭ ᠰᠠᠪᠳᠠᠭ ᠲᠤ ᠰᠦᠰᠦᠭᠯᠡᠨ ᠤᠨ ᠵᠢᠯ ᠢ ᠤᠭᠳᠤᠭᠰᠠᠭᠠᠷ ᠪᠢᠯᠡ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠤᠭᠴᠢ᠄ ᠴ᠊ · ᠰᠠᠷᠠᠭᠤᠯ | | |