ᠬᠤᠰᠢᠭᠤ ᠸᠠᠩ ᠤᠨ ᠬᠠᠨ ᠠᠭᠤᠯᠠ ︵ᠬᠤᠶᠡᠷ︶
ᠨᠡᠶᠢᠲᠡᠯᠡᠭᠰᠡᠨ ᠴᠠᠭ᠄
2015/8/28
         ᠠᠪᠠᠭ᠎ᠠ ᠬᠠᠨ ᠠᠭᠤᠯᠠ     ᠠᠪᠠᠭ᠎ᠠ ᠬᠠᠨ ᠠᠭᠤᠯᠠ ᠶᠢ ᠪᠠᠰᠠ ᠠᠪᠠᠭ᠎ᠠ ᠬᠠᠷ᠎ᠠ ᠠᠭᠤᠯᠠ ᠭᠡᠳᠡᠭ᠃ ᠠᠩᠬ᠎ᠠ ᠡᠷᠳᠡ ᠠᠴᠠ ᠬᠤᠰᠢᠭᠤ ᠲᠠᠬᠢᠯᠭ᠎ᠠ ᠲᠠᠢ ᠪᠠᠶᠢᠭᠰᠠᠨ ᠭᠡᠨ᠎ᠡ᠃ ᠠᠪᠠᠭ᠎ᠠ ᠬᠠᠨ ᠠᠭᠤᠯᠠ ᠲᠠᠯᠠᠢ ᠶᠢᠨ ᠲᠦᠪᠰᠢᠨ ᠠᠴᠠ 1074 ᠮᠧᠲᠷ ᠡᠷᠭᠦᠭᠳᠡᠵᠤ᠂ ᠠᠭᠤᠯᠠ ᠶᠢᠨ ᠡᠩᠭᠡᠷ ᠲᠤ ᠨᠢ ᠮᠤᠩᠭᠤᠯ ᠤᠨ ᠡᠴᠦᠰ ᠰᠡᠭᠦᠯᠴᠢ ᠶᠢᠨ ᠬᠠᠭᠠᠨ — ᠯᠢᠭᠳᠡᠨ ᠬᠤᠳᠤᠭᠳᠤ ᠬᠠᠭᠠᠨ ᠤ ᠨᠡᠶᠢᠰᠯᠡᠯ ᠸᠴᠢᠷᠳᠤ ᠴᠠᠭᠠᠨ ᠬᠤᠳᠠ ᠶᠢᠨ ᠪᠠᠭᠤᠷᠢ ᠪᠤᠢ᠃ ᠠᠪᠠᠭ᠎ᠠ ᠬᠠᠨ ᠠᠭᠤᠯᠠ ᠶᠢ ᠲᠠᠬᠢᠪᠠᠯ ᠠᠭᠤᠯᠠ ᠣᠰᠤᠨ ᠤ ᠰᠠᠩ ᠢ ᠤᠩᠰᠢᠵᠤ ᠪᠠᠶᠢᠭᠰᠠᠨ ᠭᠡᠨ᠎ᠡ᠃               ᠲᠤᠬᠤᠢ ᠬᠠᠨ ᠠᠭᠤᠯᠠ      ᠲᠤᠬᠤᠢ ᠬᠠᠨ ᠠᠭᠤᠯᠠ ᠪᠤᠯ ᠡᠷᠳᠡᠨ ᠠᠴᠠ ᠨᠠᠭᠠᠰᠢ ᠬᠤᠰᠢᠭᠤᠨ ᠲᠠᠬᠢᠯᠭ᠎ᠠ ᠲᠠᠢ ᠶᠤᠮ᠃ ᠲᠠᠯᠠᠢ ᠶᠢᠨ ᠲᠦᠪᠰᠢᠨ ᠠᠴᠠ 988 ᠮᠧᠲᠷ ᠡᠷᠭᠦᠭᠳᠡᠵᠤ ᠪᠤᠢ᠃ ᠲᠤᠬᠤᠢ ᠬᠠᠨ ᠠᠭᠤᠯᠠᠨ ᠳᠤ ᠱᠦᠩ ᠲᠠᠷᠤᠭᠰᠠᠨ ᠲᠤᠬᠠᠢ ᠡᠶᠢᠮᠦ ᠨᠢᠭᠡᠨ ᠤᠯᠠᠮᠵᠢᠯᠠᠯ ᠶᠠᠷᠢᠶ᠎ᠠ ᠪᠤᠢ᠃      ᠲᠤᠬᠤᠢ ᠬᠠᠨ ᠠᠭᠤᠯᠠ ᠲᠠᠬᠢᠯᠭ᠎ᠠ ᠲᠠᠢ ᠪᠤᠯᠤᠭᠰᠠᠨ ᠲᠡᠷᠡ ᠵᠢᠯ ᠯᠠᠮᠠ ᠬᠤᠸᠠᠷᠠᠭ ᠨᠠᠷ ᠴᠤᠭᠯᠠᠷᠠᠨ ᠨᠤᠮ ᠰᠤᠳᠤᠷ ᠤᠩᠰᠢᠵᠤ᠄ ︽ᠡᠨᠡ ᠠᠭᠤᠯᠠ ᠶᠢᠨ ᠱᠦᠩ ᠤᠨ ᠡᠵᠡᠨ ᠪᠠᠷᠠᠭᠤᠨ ᠡᠮᠦᠨ᠎ᠡ ᠠᠴᠠ ᠯᠠ ᠢᠷᠡᠬᠦ ᠶᠤᠮ︕︾ ᠭᠡᠵᠤ ᠲᠦᠯᠭᠡ ᠠᠶᠢᠯᠠᠳᠴᠠᠢ᠃ ᠬᠤᠶᠠᠷ ᠡᠳᠦᠷ ᠨᠤᠮ ᠤᠩᠰᠢᠳᠠᠯ᠎ᠠ ᠶᠡᠷᠦ ᠨᠢ ᠱᠦᠩ ᠤᠨ ᠡᠵᠡᠨ ᠤ ᠪᠠᠷ᠎ᠠ ᠬᠠᠷᠠᠭᠳᠠᠭᠰᠠᠨ ᠦᠭᠡᠢ᠃ ᠭᠤᠷᠪᠠᠳᠤᠭᠠᠷ ᠡᠳᠦᠷ ᠤᠨ ᠦᠷᠯᠦᠭᠡ ᠬᠠᠨ ᠠᠭᠤᠯᠠ ᠶᠢᠨ ᠪᠠᠷᠠᠭᠤᠨ ᠡᠮᠦᠨ᠎ᠡ ᠪᠠᠶᠢᠭ᠎ᠠ ᠬᠠᠭᠠᠯᠭᠠᠳᠦ ᠬᠠᠨ ᠠᠭᠤᠯᠠ ᠶᠢᠨ ᠬᠠᠪᠢ ᠳᠠᠬᠢ ᠨᠢᠭᠡᠨ ᠮᠠᠯᠴᠢᠨ᠄ ︽ᠡᠳᠦᠢ ᠪᠤᠯᠳᠠᠯ᠎ᠠ ᠱᠦᠩ ᠲᠠᠷᠤᠬᠤ ᠬᠦᠮᠦᠨ ᠤᠯᠬᠤ ᠦᠭᠡᠢ ᠭᠡᠳᠡᠭ ᠴᠢᠨᠢ︕ ᠪᠢ ᠤᠴᠢᠶ᠎ᠠ︕︾ ᠭᠡᠵᠠᠢ᠃ ᠡᠭᠦᠨ ᠢ ᠰᠤᠨᠤᠰᠤᠭᠰᠠᠨ ᠲᠦᠷᠦᠯ ᠰᠠᠳᠤᠨ ᠬᠡᠷᠰᠡᠤ ᠲᠤᠮᠤᠭᠠᠳᠠᠳ ᠨᠢ᠄ ︽ᠡᠨᠡ ᠬᠠᠷᠢᠨ ᠨᠠᠭᠠᠳᠤᠮ ᠪᠢᠰᠢ ᠰᠢᠤ᠂ ᠲᠡᠨᠳᠡ ᠶᠠᠭᠠᠬᠢᠭᠰᠠᠨ ᠴᠦ ᠤᠴᠢᠵᠤ ᠪᠤᠯᠬᠤ ᠦᠭᠡᠢ︕︾ ᠭᠡᠬᠦ ᠳᠤ ᠦᠨᠦ ᠬᠦᠮᠦᠨ᠄ ︽ᠲᠡᠷᠡ ᠶᠠᠮᠠᠷ ᠬᠠᠮᠢᠶ᠎ᠠ ᠪᠠᠶᠢᠬᠤᠪ᠂ ᠪᠢ ᠤᠴᠢᠵᠤ ᠱᠦᠩ ᠳᠤ ᠰᠠᠭᠤᠶ᠎ᠠ ︕︾ ᠭᠡᠳ ᠮᠤᠷᠢ ᠪᠠᠨ ᠤᠨᠤᠮᠠᠭᠴᠠ ᠲᠤᠬᠤᠢ ᠬᠠᠨ ᠠᠭᠤᠯᠠ ᠵᠦᠭ ᠲᠠᠪᠬᠢᠭᠤᠯᠵᠠᠢ᠃      ᠲᠤᠬᠤᠢ ᠬᠠᠨ ᠠᠭᠤᠯᠠ ᠶᠢᠨ ᠲᠠᠬᠢᠯᠭ᠎ᠠ ᠶᠢᠨ ᠬᠦᠮᠦᠰ ᠬᠦᠯ ᠤᠶᠢᠮᠡᠭᠡᠨ ᠪᠤᠯᠵᠤ ᠪᠠᠶᠢᠳᠠᠯ᠎ᠠ ᠪᠠᠷᠠᠭᠤᠨ ᠡᠮᠦᠨ᠎ᠡ  ᠠᠴᠠ ᠮᠤᠷᠢ ᠤᠨᠤᠭᠰᠠᠨ ᠬᠦᠮᠦᠨ ᠲᠠᠪᠬᠢᠭᠤᠯᠤᠨ ᠢᠷᠡᠭᠰᠡᠨ ᠭᠡᠨ᠎ᠡ᠃ ᠲᠡᠷᠡ ᠬᠦᠮᠦᠨ ᠮᠤᠷᠢᠨ ᠠᠴᠠ ᠪᠠᠨ ᠪᠠᠭᠤᠮᠠᠭᠴᠠ᠄ ︽ᠤᠪᠤᠭ᠎ᠠ ᠶᠢᠨ ᠱᠦᠩ ᠴᠢᠨᠢ ᠢᠷᠡᠭᠰᠡᠨ ᠤᠤ︖︾ ᠭᠡᠬᠦ ᠳᠤ ᠯᠠᠮᠠ ᠬᠤᠸᠠᠷᠠᠭ ᠨᠠᠷ᠄ ︽ᠱᠦᠩ ᠡᠳᠦᠢ ᠪᠤᠯᠳᠠᠯ᠎ᠠ ᠢᠷᠡᠭᠡᠳᠦᠢ ᠪᠠᠶᠢᠨ᠎ᠠ︾ ᠭᠡᠪᠡᠯ ᠲᠡᠷᠡ ᠬᠦᠮᠦᠨ᠄ ︽ᠱᠦᠩ ᠢᠷᠡᠭᠰᠡᠨ ᠦᠭᠡᠢ ᠪᠤᠯ ᠪᠢ ᠤᠷᠤᠨ ᠳᠤ  ᠨᠢ ᠰᠠᠭᠤᠶ᠎ᠠ︕︾ ᠭᠡᠵᠠᠢ᠃      ᠯᠠᠮᠠ ᠬᠤᠸᠠᠷᠠᠭ ᠨᠠᠷ ᠶᠡᠬᠡᠳᠡ ᠭᠠᠶᠢᠬᠠᠯᠳᠤᠨ ᠨᠢᠭᠡᠨ ᠵᠡᠷᠭᠡ ᠭᠤᠪᠢᠷ ᠱᠤᠪᠢᠷ ᠭᠡᠰᠡᠨ ᠢᠶᠠᠨ᠄ ︽ᠴᠢ ᠰᠠᠭᠤᠭᠠᠳ ᠪᠤᠯᠬᠤ ᠤᠤ︖︾ ᠭᠡᠵᠤ ᠬᠡᠷᠰᠡᠤᠯᠡᠨ ᠠᠰᠠᠭᠤᠪᠠᠯ ᠲᠡᠷᠡ ᠬᠦᠮᠦᠨ᠄ ︽ᠪᠤᠯᠬᠤ ᠦᠭᠡᠢ ᠶᠠᠭᠠᠬᠢᠬᠤᠪ︖︾ ᠭᠡᠬᠦᠯᠡᠷ ᠯᠠᠮᠠ ᠨᠠᠷ᠄ ︽ᠴᠢ ᠨᠡᠬᠡᠷᠡᠨ ᠰᠠᠭᠤᠬᠤ ᠤᠤ︖︾ ᠭᠡᠵᠤ ᠲᠠᠬᠢᠨ ᠪᠤᠯᠭᠤᠮᠵᠢᠯᠠᠪᠠᠯ ᠲᠡᠷᠡ ᠬᠦᠮᠦᠨ᠄ ︽ᠱᠦᠩ ᠳᠤ ᠰᠠᠭᠤᠬᠤ ᠶᠢ ᠬᠤᠳᠠᠯ ᠬᠡᠯᠡᠳᠡᠭ ᠤᠤ︖ ᠪᠢ ᠰᠠᠭᠤᠶ᠎ᠠ︕︾ ᠭᠡᠵᠠᠢ᠃     ᠭᠤᠷᠪᠠᠳᠠᠬᠢ ᠡᠳᠦᠷ ᠨᠢ ᠦᠭᠡᠷ᠎ᠡ ᠱᠦᠩ ᠤᠨ ᠡᠵᠡᠨ ᠢᠷᠡᠭᠰᠡᠨ ᠦᠭᠡᠢ ᠲᠤᠯᠠ ᠲᠡᠷᠡ ᠬᠦᠮᠦᠨ ᠢ ᠲᠤᠬᠤᠢ ᠬᠠᠨ ᠠᠭᠤᠯᠠ ᠶᠢᠨ ᠱᠦᠩ ᠢᠶᠠᠷ ᠲᠠᠷᠤᠨ ᠲᠠᠬᠢᠯᠭ᠎ᠠ ᠶᠠᠪᠤᠭᠤᠯᠤᠭᠰᠠᠨ ᠭᠡᠨ᠎ᠡ᠃ ᠲᠡᠷᠡ ᠬᠦᠮᠦᠨ ᠪᠤᠭᠤᠷᠤᠯ ᠮᠤᠷᠢ ᠤᠨᠤᠵᠤ ᠢᠷᠡᠭᠰᠡᠨ ᠪᠤᠯᠬᠤᠷ ᠲᠤᠬᠤᠢ ᠬᠠᠨ ᠠᠭᠤᠯᠠ ᠶᠢᠨ ᠰᠠᠬᠢᠭᠤᠰᠤ ᠶᠢ ᠪᠤᠭᠤᠷᠤᠯ ᠮᠤᠷᠢ ᠲᠠᠢ ᠬᠡᠮᠡᠨ ᠶᠠᠷᠢᠵᠠᠭᠠᠳᠠᠭ ᠭᠡᠨ᠎ᠡ᠃          ᠰᠤᠪᠤᠳ ᠬᠠᠨ ᠠᠭᠤᠯᠨ      ᠰᠤᠪᠤᠳ ᠬᠠᠨ ᠠᠭᠤᠯᠨ ᠪᠤᠯ ᠤᠡᠭᠭᠤᠨ ᠮᠤᠳᠤ ᠶᠢᠨ ᠪᠠᠷᠠᠭᠤᠨ ᠡᠮᠦᠨ᠎ᠡ ᠵᠠᠬ᠎ᠠ ᠶᠢᠨ ᠠᠭᠤᠯᠨ ᠪᠤᠯᠤᠨ᠎ᠠ᠃ ᠳᠠᠯᠠᠢ ᠶᠢᠨ ᠲᠦᠪᠰᠢᠨ ᠠᠴᠠ 767 ᠮᠧᠲᠷ ᠡᠷᠭᠦᠭᠳᠡᠵᠤ ᠪᠤᠢ᠃ ᠠᠭᠤᠯᠨ ᠶᠢᠨ ᠤᠢ ᠤᠷᠭᠤᠮᠠᠯ ᠢᠭ᠌ᠴᠢ᠂ ᠪᠡᠷᠭᠡ ᠪᠠᠷᠲᠠᠭ᠎ᠠ ᠶᠡᠭᠡ ᠪᠢᠯᠨ᠃      ᠠᠷᠤ ᠬᠤᠷᠴᠢᠨ  ᠤ ᠬᠠᠮᠤᠭ ᠠᠩᠬᠠᠨ ᠤ ᠬᠤᠰᠢᠭᠤᠨ ᠵᠠᠬᠢᠷᠭ᠎ᠠ ᠶᠢᠨ ᠵᠠᠰᠠᠭ ︵ᠠᠷᠤ ᠬᠤᠷᠴᠢᠨ ᠸᠠᠩ︶ ᠮᠤᠵᠠᠩ ᠤᠨ ᠦᠪᠡᠷ ᠤᠨ ᠭᠠᠷ ᠢᠶᠠᠷ ᠢᠶᠠᠨ ᠪᠢᠴᠢᠵᠤ᠂ ᠦᠪᠡᠷ ᠢᠶᠠᠨ ᠬᠢᠨᠠᠨ ᠵᠠᠰᠠᠭᠰᠠᠨ ︽ᠠᠷᠤ ᠬᠤᠷᠴᠢᠨ ᠤ ᠭᠠᠵᠠᠷ ᠤᠰᠤᠨ ᠤ ᠲᠡᠮᠳᠡᠭᠯᠡᠯ︾  ᠳᠤ ︽ᠰᠤᠪᠤᠳ ᠬᠠᠨ ᠠᠭᠤᠯᠨ︾ ᠭᠡᠵᠤ ᠲᠤᠳᠤᠷᠬᠠᠢ ᠲᠡᠮᠳᠡᠭᠯᠡᠵᠤ ᠪᠤᠢ᠃      ᠠᠩᠬ᠎ᠠ ᠡᠷᠲᠡ ᠳᠤ ᠪᠠᠨ ᠤᠡᠭᠭᠤᠨ ᠮᠤᠳᠤ ᠶᠢᠨ ᠬᠦᠮᠦᠰ ᠰᠤᠪᠤᠳ ᠬᠠᠨ ᠠᠭᠤᠯᠨ ᠶᠢᠨ ᠬᠠᠪᠢ ᠪᠠᠷ ᠤᠳᠤᠷ ᠨᠡᠭᠦᠳᠡᠯ  ᠢᠶᠠᠷ ᠶᠠᠪᠤᠳᠠᠭ᠃ ᠤᠳᠤ ᠰᠢᠶᠠᠨ ᠹᠸᠡᠭ ᠰᠢᠶᠠᠩ  ᠳᠤ ᠬᠠᠷᠢᠶᠠᠯᠠᠭᠳᠠᠵᠤ ︽ᠰᠤᠪᠠᠢ ᠠᠭᠤᠯᠨ︾ ᠭᠡᠵᠤ ᠲᠡᠮᠳᠡᠭᠯᠡᠬᠦ ᠪᠤᠯᠪᠠ᠃          ᠰᠢᠨᠠ ᠬᠠᠨ ᠠᠭᠤᠯᠠ      ᠤᠳᠤᠭ ᠤᠨ ᠳᠠᠪᠠᠭ᠎ᠠ ᠶᠢᠨ ᠪᠠᠷᠠᠭᠤᠨ ᠲᠠᠯ᠎ᠠ ᠳᠤ ᠪᠤᠢ᠃ ᠲᠠᠯᠠᠢ ᠶᠢᠨ ᠲᠦᠪᠰᠢᠨ ᠠᠴᠠ 1313 ᠮᠧᠲᠷ ᠡᠷᠭᠦᠭᠳᠡᠵᠤ ᠪᠤᠢ᠃ ᠠᠩᠬ᠎ᠠ ᠡᠷᠳᠡ ᠳᠤ ᠪᠠᠨ ᠣᠢ ᠰᠢᠭᠤᠢ᠂ ᠡᠪᠡᠰᠤ ᠪᠡᠯᠴᠢᠭᠡᠷ ᠢᠭ᠌ᠴᠢ ᠵᠤᠵᠠᠭᠠᠨ᠂ ᠪᠡᠷᠬᠡ ᠪᠠᠷᠳᠠᠭ᠎ᠠ ᠬᠡᠴᠡᠭᠦᠦ ᠪᠣᠯᠬᠤᠷ ᠪᠠᠷᠰ ᠡᠭᠦᠷᠯᠡᠵᠦ ᠪᠠᠶᠢᠭᠰᠠᠨ ᠭᠡᠳᠡᠭ᠃     ᠲᠡᠭᠡᠷ᠎ᠡ ᠵᠠᠭᠤᠨ  ᠤ ᠭᠤᠴᠢᠭᠠᠳ ᠣᠨ ᠪᠣᠯᠳᠠᠯ᠎ᠠ ᠬᠠᠵᠠᠭᠤ ᠬᠠᠪᠢ ᠪᠠᠷ ᠨᠢ ᠤᠳᠤᠷᠯᠠᠨ ᠨᠡᠭᠦᠵᠦ ᠪᠠᠶᠢᠭᠰᠠᠨ ᠮᠠᠯᠴᠢᠳ ᠠᠳᠡ ᠠᠴᠠ ᠴᠠᠶᠢᠷ ᠤᠨ ᠲᠡᠩᠬᠡᠯᠢᠭ᠂ ᠴᠠᠶᠢᠷ ᠤᠨ ᠤᠨᠢ ᠠᠪᠴᠤ ᠪᠠᠶᠢᠭᠰᠠᠨ ᠳᠤᠮᠤᠭ ᠪᠤᠢ᠃ ᠬᠤᠰᠢᠭᠤ ᠸᠠᠩ ᠤᠨ ᠤᠷᠳᠤᠨ ᠤ ᠮᠠᠯ ᠰᠦᠷᠦᠭ ᠤᠳᠤᠷᠯᠠᠨ ᠨᠡᠭᠦᠳᠡᠯᠯᠡᠳᠡᠭ᠃ ᠰᠢᠨ᠋ᠨ ᠠᠭᠤᠯᠨ ᠶᠢᠨ ᠪᠠᠶᠢᠷᠢᠰᠢᠯ ᠰᠣᠨᠢᠨ᠂ ᠠᠭᠤᠯᠠᠰ ᠤᠨ ᠢᠶᠠᠨ ᠳᠤᠮᠳᠠ ᠤᠨᠴᠠ ᠶᠢᠨ ᠦᠵᠡᠮᠵᠢ ᠲᠠᠢ ᠲᠤᠯᠠ ᠬᠠᠨ ᠠᠭᠤᠯᠠ ᠬᠡᠮᠡᠨ ᠬᠦᠨᠳᠦᠳᠬᠡᠨ ᠨᠡᠷᠡᠯᠡᠵᠤ᠂ ᠠᠶᠢᠯ ᠬᠤᠳᠠ ᠪᠠᠷ ᠢᠶᠠᠨ ᠡᠷᠬᠢᠮᠯᠡᠨ ᠰᠢᠳᠦᠭᠰᠡᠨ ᠭᠡᠨ᠎ᠡ᠃           ᠪᠠᠶᠠᠨ ᠪᠤᠷᠤᠯᠵᠢ ᠬᠠᠨ ᠠᠭᠤᠯᠨ       ᠪᠠᠶᠠᠨ ᠪᠤᠷᠤᠯᠵᠢ ᠬᠠᠨ ᠠᠭᠤᠯᠨ ᠪᠤᠯ ᠤᠡᠭᠭᠤᠨ ᠮᠤᠳᠤ ᠶᠢᠨ ᠪᠠᠷᠠᠭᠤᠨ ᠡᠮᠦᠨ᠎ᠡ ᠪᠠᠶᠢᠷᠢᠰᠢᠵᠤ ᠪᠦᠬᠦᠢ ᠬᠤᠰᠢᠭᠤᠨ ᠲᠠᠬᠢᠯᠭ᠎ᠠ ᠲᠠᠢ ᠠᠭᠤᠯᠨ ᠪᠤᠯᠤᠨ᠎ᠠ᠃ ᠪᠠᠶᠠᠨ ᠪᠤᠷᠤᠯᠵᠢ ᠬᠠᠨ ᠠᠭᠤᠯᠨ ᠨᠢ ᠵᠡᠭᠦᠨᠰᠢ ᠪᠠᠷᠠᠭᠤᠨᠰᠢ ᠴᠢᠭᠯᠡᠯ  ᠲᠠᠢ᠂ ᠤᠷᠲᠤ ᠪᠠᠷ ᠢᠶᠠᠨ 2 ᠺᠢᠯᠤᠮᠧᠲᠷ᠂ ᠦᠷᠭᠡᠨ ᠢᠶᠠᠷ ᠢᠶᠠᠨ 3 ᠺᠢᠯᠤᠮᠧᠲᠷ᠂ ᠳᠠᠯᠠᠢ ᠶᠢᠨ ᠲᠦᠪᠰᠢᠨ ᠠᠴᠠ 849.2 ᠮᠧᠲᠷ ᠡᠷᠭᠦᠭᠳᠡᠵᠤ ᠪᠤᠢ᠃ ᠬᠠᠵᠠᠭᠤ ᠬᠠᠪᠢ ᠪᠠᠷ ᠨᠢ ᠳᠤᠪᠤ ᠳᠤᠪᠤᠴᠠᠭ ᠵᠠᠯᠭᠠᠯᠳᠤᠵᠤ᠂ ᠡᠪᠡᠰᠦ ᠪᠡᠯᠴᠢᠭᠡᠷ ᠦᠡᠭ ᠰᠢᠮᠡᠯᠢᠭ᠂ ᠢᠭ᠌ᠴᠢ ᠵᠤᠵᠠᠭᠠᠨ ᠤᠢ ᠤᠷᠭᠤᠮᠠᠯ ᠲᠠᠢ᠃      ᠠᠩᠬ᠎ᠠ ᠤᠷᠢᠲᠤ ᠠᠴᠠ ᠪᠠᠨ ᠦᠷᠭᠡᠨ ᠲᠡᠨᠢᠭᠡᠷ ᠨᠤᠲᠤᠭ ᠪᠡᠯᠴᠢᠭᠡᠷ ᠲᠤ ᠨᠢ ᠤᠶᠢᠷ᠎ᠠ ᠬᠠᠪᠢ ᠶᠢᠨ ᠬᠦᠮᠦᠰ ᠨᠡᠭᠦᠳᠡᠯᠯᠡᠨ ᠮᠠᠯᠵᠢᠵᠤ ᠢᠷᠡᠵᠡᠢ᠃ 1933 ᠤᠨ ᠳᠤ ᠬᠤᠰᠢᠭᠤ ᠸᠠᠩ ᠤᠨ ᠤᠷᠳᠤᠨ ᠤᠡᠭᠭᠤᠨ ᠮᠤᠳᠤ ᠶᠢᠨ ᠠᠷᠤ᠂ ᠤᠦ ᠮᠦᠷᠡᠨ ᠤ ᠡᠬᠢᠨ ᠳᠤ ᠨᠡᠭᠦᠨ ᠢᠷᠡᠭᠰᠡᠨ ᠢᠶᠠᠷ ᠪᠠᠶᠠᠨ ᠪᠤᠷᠤᠯᠵᠢ ᠶᠢ ᠬᠤᠰᠢᠭᠤ ᠵᠠᠰᠠᠭ ᠤᠨ ᠲᠠᠬᠢᠯᠭ᠎ᠠ ᠲᠠᠢ ᠠᠭᠤᠯᠨ ᠪᠤᠯᠭᠠᠵᠠᠢ᠃ ᠲᠤᠶᠢᠩᠬᠤᠷ ᠭᠡᠭᠡᠨ ᠣᠪᠣᠭ᠎ᠠ ᠶᠢᠨ ᠱᠦᠩ ᠢ ᠪᠦᠳᠦᠭᠡᠨ ᠲᠠᠷᠣᠵᠠᠢ᠃ ᠪᠢᠯᠢᠭ ᠤᠨ ᠲᠠᠪᠣᠨ ᠰᠠᠷ᠎ᠠ ᠶᠢᠨ ᠦᠯᠵᠡᠶᠢᠳᠤ ᠡᠳᠦᠷ ᠢ ᠰᠤᠩᠭᠤᠨ ᠲᠠᠬᠢᠳᠠᠭ᠃      ᠪᠠᠶᠠᠨ ᠪᠣᠷᠣᠯᠵᠢ ᠬᠠᠨ ᠠᠭᠤᠯᠠ ᠶᠢ ᠲᠠᠬᠢᠬᠤ ᠳᠤ ᠬᠤᠰᠢᠭᠤ ᠸᠠᠩ ᠬᠢᠭᠡᠳ ᠭᠡᠭᠡᠨ᠂ ᠨᠤᠶᠠᠨ ᠰᠦᠮ᠎ᠡ ᠶᠢᠨ ᠵᠢᠷᠭᠤᠭᠠᠨ ᠯᠠᠮᠠ᠂ ᠪᠣᠶᠢᠳᠠ ᠨᠠᠷ ᠤᠷᠤᠯᠴᠠᠨ᠎ᠠ᠃ ᠬᠠᠨ ᠠᠭᠤᠯᠠ ᠪᠠᠨ ᠬᠤᠨᠢ ᠪᠠᠷ ᠲᠠᠬᠢᠵᠣ᠂ ᠠᠭᠤᠯᠠ ᠶᠢᠨ ᠰᠠᠩ  ᠢ ᠨᠢ ᠤᠩᠰᠢᠳᠠᠭ᠃      ᠲᠠᠬᠢᠯᠭ᠎ᠠ ᠪᠠᠨ ᠭᠦᠢᠴᠡᠳᠬᠡᠪᠡᠯ ᠵᠡᠭᠦᠨᠰᠢ ᠪᠠᠭᠤᠵᠣ ᠣᠩᠭᠤᠨ ᠮᠣᠳᠤ ᠪᠠᠨ ᠲᠠᠬᠢᠨ᠎ᠠ᠃ ᠲᠠᠬᠢᠯᠭ᠎ᠠ ᠶᠢᠨ ᠮᠣᠳᠤ  ᠨᠢ ᠵᠢᠷᠭᠤᠭᠠᠨ ᠬᠦᠮᠦᠨ ᠲᠡᠪᠡᠷᠢᠭᠡᠳ ᠪᠠᠭᠳᠠᠬᠤ ᠦᠭᠡᠢ᠃ ᠣᠩᠭᠤᠨ ᠮᠣᠳᠤᠨ ᠤ ᠡᠮᠦᠨ᠎ᠡ ᠬᠦᠮᠦᠨ ᠤ ᠬᠡᠯᠪᠡᠷᠢ ᠲᠠᠢ ᠲᠣᠮᠣ ᠴᠢᠯᠠᠭᠤ ᠲᠠᠯᠪᠢᠳᠠᠭ᠃ ᠡᠭᠦᠨ ᠢ ᠴᠠᠭᠠᠨ ᠡᠪᠦᠭᠡᠨ ᠭᠡᠵᠤ ᠬᠦᠨᠳᠦᠳᠬᠡᠳᠡᠭ᠃ ᠤᠩᠭᠤᠨ ᠮᠣᠳᠤ ᠶᠢ ᠬᠤᠨᠢ ᠪᠣᠶᠣ ᠴᠠᠭᠠᠨ ᠢᠳᠡᠭᠡᠨ ᠢᠶᠠᠷ ᠲᠠᠬᠢᠨ᠎ᠠ᠃ ᠲᠠᠬᠢᠯᠭ᠎ᠠ ᠶᠢᠨ ᠰᠠᠩ ᠣᠩᠰᠢᠨ᠎ᠠ᠃      ᠮᠤᠳᠤᠨ ᠤ ᠲᠤᠮᠳᠠ ᠮᠠᠶᠢᠬᠠᠨ ᠪᠣᠰᠬᠠᠵᠤ ᠨᠠᠶᠢᠷ ᠬᠢᠨ᠎ᠡ᠃ ᠨᠠᠶᠢᠷ ᠲᠤ ᠬᠤᠰᠢᠭᠤᠨ ᠤ ᠨᠡᠷ᠎ᠡ ᠴᠣᠤᠳᠤ ᠪᠦᠬᠡᠴᠤᠳ ᠬᠦᠷᠦᠯᠴᠡᠨ ᠢᠷᠡᠵᠤ ᠪᠠᠷᠢᠯᠳᠤᠳᠠᠭ᠃ ᠣᠪᠣᠭ᠎ᠠ ᠬᠠᠭᠠᠨ ᠰᠦᠮ᠎ᠡ ᠶᠢᠨ ᠡᠷᠬᠢᠮᠪᠠᠶᠠᠷ᠂ ᠬᠦᠷᠡᠯᠡᠤᠩᠭᠤᠳ ᠨᠠᠷ ᠲᠡᠷᠢᠭᠦᠯᠡᠵᠤ ᠪᠠᠶᠢᠪᠠ᠃ ᠨᠠᠶᠢᠷ ᠤᠨ ᠪᠦᠬᠡᠴᠤᠳ ᠢ ᠣᠪᠣᠭ᠎ᠠ ᠶᠢᠨ ᠬᠡᠰᠢᠭ ᠢᠶᠠᠷ ᠱᠠᠩᠨᠠᠨ᠎ᠠ᠃ ᠪᠠᠰᠠ ᠮᠤᠷᠢ ᠤᠷᠤᠯᠳᠣᠨ᠂ ᠬᠡᠤᠬᠡᠳ ᠢ ᠪᠦᠬᠡ ᠪᠠᠷᠢᠯᠳᠤᠭᠤᠯᠤᠨ ᠪᠣᠤᠪᠤ ᠪᠣᠭᠤᠷᠰᠤᠭ ᠢᠶᠠᠷ ᠱᠠᠩᠨᠠᠳᠠᠭ᠃      ᠪᠠᠶᠠᠨ ᠪᠣᠷᠣᠯᠵᠢ ᠬᠠᠨ ᠠᠭᠤᠯᠠ ᠶᠢᠨ ᠮᠣᠳᠤ ᠰᠢᠭᠤᠢ ᠶᠢ ᠬᠠᠮᠢᠶ᠎ᠠ ᠨᠠᠮᠢᠶ᠎ᠠ ᠦᠭᠡᠢ ᠣᠭᠳᠣᠯᠵᠣ ᠰᠦᠢᠳᠬᠡᠬᠦ  ᠶᠢ ᠴᠡᠭᠡᠷᠯᠡᠨ᠎ᠡ᠃ ᠵᠢᠯ ᠪᠦᠷᠢ ᠶᠢᠨ ᠲᠠᠬᠢᠯᠭ᠎ᠠ ᠶᠢᠨ ᠡᠳᠦᠷ ᠠᠯᠤᠰ ᠠᠴᠠ ᠪᠣᠳᠠ ᠪᠤᠷᠭᠠᠰᠤ ᠡᠭᠦᠷᠴᠦ ᠭᠠᠷᠣᠭᠠᠳ ᠣᠪᠣᠭ᠎ᠠ ᠪᠠᠨ ᠴᠢᠮᠡᠭᠯᠡᠳᠡᠭ᠃      1945 ᠣᠨ ᠳᠤ ᠳᠠᠬᠢᠯᠭ᠎ᠠ ᠨᠢ ᠵᠤᠭᠰᠤᠪᠠ᠃ ᠲᠦᠷᠦᠭᠦᠦ ᠵᠠᠭᠤᠨ ᠤ ᠨᠠᠶᠠᠭᠠᠳ ᠤᠨ ᠠᠴᠠ ᠰᠡᠭᠦᠯᠡᠷ ᠲᠦᠷᠦ ᠶᠢᠨ ᠪᠤᠳᠤᠯᠭ᠎ᠠ ᠴᠢᠯᠦᠭᠡᠲᠡᠢ ᠪᠤᠯᠤᠭᠰᠠᠨ ᠢᠶᠠᠷ ᠲᠠᠬᠢᠯᠭ᠎ᠠ ᠶᠢ ᠨᠢ ᠰᠡᠷᠭᠦᠭᠡᠵᠤ᠂ ᠵᠢᠯ ᠪᠦᠷᠢ ᠲᠠᠬᠢᠯᠭ᠎ᠠ ᠶᠠᠪᠤᠭᠤᠯᠬᠤ ᠶᠢ ᠪᠠᠷᠢᠮᠳᠠᠯᠠᠪᠠ᠃      ᠲᠠᠬᠢᠯᠭ᠎ᠠ ᠶᠢᠨ ᠡᠳᠦᠷ ᠲᠤ ᠦᠢᠷ᠎ᠠ ᠲᠦᠭᠦᠮ ᠤᠨ ᠭᠠᠴᠠᠭᠠᠨ ᠤ ᠮᠠᠯᠴᠢᠳ ᠬᠦᠷᠦᠯᠴᠡᠨ ᠢᠷᠡᠵᠤ ᠬᠠᠮᠳᠤᠪᠡᠷ ᠢᠶᠠᠨ ᠲᠠᠬᠢᠯᠭ᠎ᠠ ᠭᠦᠢᠴᠡᠳᠬᠡᠨ᠂ ᠡᠷ᠎ᠡ ᠶᠢᠨ ᠭᠤᠷᠪᠠᠨ ᠨᠠᠭᠠᠳᠤᠮ ᠢᠶᠠᠷ ᠭᠤᠤᠯ ᠪᠤᠯᠭᠠᠨ ᠨᠠᠶᠢᠷ ᠨᠠᠭᠠᠳᠤᠮ ᠡᠷᠬᠢᠯᠡᠳᠡᠭ᠃ ᠲᠠᠬᠢᠯᠭ᠎ᠠ ᠨᠢ ᠤᠪᠤᠭᠠᠨ ᠳᠤ ᠡᠷᠬᠦᠭᠰᠡᠨ ᠴᠠᠭᠠᠨ ᠢᠳᠡᠭᠡᠨ ᠵᠡᠷᠭᠡ ᠪᠠᠷ ᠨᠠᠶᠢᠷ ᠤᠨ ᠱᠠᠩᠨᠠᠯ ᠪᠤᠯᠭᠠᠵᠤ᠂ ᠭᠤᠤᠯᠯᠠᠨ ᠡᠷᠬᠢᠯᠡᠭᠰᠡᠨ ᠡᠵᠡᠳ ᠠᠴᠠ  ᠨᠠᠶᠢᠷ  ᠤᠨ ᠠᠯᠢᠪᠠ ᠤᠴᠢᠷ ᠢ ᠵᠤᠬᠢᠶᠠᠨ ᠪᠠᠶᠢᠭᠤᠯᠳᠠᠭ᠃           ᠪᠠᠶᠠᠨ ᠵᠢᠷᠦᠬᠡ ᠬᠠᠨ ᠠᠭᠤᠯᠠ      ᠪᠠᠶᠠᠨ ᠵᠢᠷᠦᠬᠡ ᠬᠠᠨ ᠠᠭᠤᠯᠠ ᠣᠤᠯ ᠨᠢ ᠠᠷᠣ ᠬᠤᠷᠴᠢᠨ ᠬᠤᠰᠢᠭᠤᠨ ᠤ ᠲᠠᠬᠢᠯᠭ᠎ᠠ ᠶᠢᠨ ᠠᠭᠤᠯᠠ ᠪᠣᠯᠣᠨ᠎ᠠ ᠃ ᠠᠷᠣ ᠵᠠᠬ᠎ᠠ ᠶᠢᠨ ᠭᠤᠷᠪᠠᠨ ᠲᠠᠬᠢᠯᠭ᠎ᠠ ᠲᠠᠢ ᠠᠭᠤᠯᠠ ᠶᠢᠨ  ᠪᠠᠷᠠᠭᠤᠨ ᠵᠠᠬ᠎ᠠ ᠠᠭᠤᠯᠠ ᠨᠢ ᠪᠢᠯᠡ᠃ ᠲᠠᠯᠠᠢ ᠶᠢᠨ ᠲᠦᠪᠰᠢᠨ ᠠᠴᠠ 1511 ᠮᠧᠲᠷ ᠡᠷᠭᠦᠭᠳᠡᠵᠤ ᠪᠤᠢ᠃     ᠵᠢᠯ ᠪᠦᠷᠢ ᠶᠢᠨ ᠰᠠᠶᠢᠬᠠᠨ ᠴᠠᠭ ᠲᠤ ᠲᠤᠬᠢᠶᠠᠯᠳᠣᠭᠤᠯᠣᠨ ᠲᠠᠬᠢᠯᠭ᠎ᠠ ᠬᠢᠳᠡᠭ᠃ ᠪᠠᠶᠠᠨ ᠵᠢᠷᠦᠬᠡ ᠬᠠᠨ ᠠᠭᠤᠯᠠ ᠶᠢ ᠲᠠᠬᠢᠬᠤ ᠳᠤ ᠳ᠋ᠢᠸ᠎ᠠ ᠭᠡᠭᠡᠨ ᠤ ᠵᠤᠬᠢᠶᠠᠭᠰᠠᠨ ︽ᠪᠠᠶᠠᠨ ᠵᠢᠷᠦᠬᠡ ᠬᠠᠨ ᠠᠭᠤᠯᠠ ᠶᠢᠨ ᠮᠠᠭᠳᠠᠭᠠᠯ ᠰᠠᠩ︾ ᠢ ᠣᠩᠰᠢᠨ᠎ᠠ᠃ ᠡᠨᠡ ᠠᠭᠤᠯᠠ ᠤᠳᠤ ᠵᠡᠬᠦᠨ ᠪᠠᠭᠠᠷᠢᠨ ᠳᠤ ᠵᠢᠷᠣᠭᠯᠠᠭᠳᠠᠵᠠᠢ᠃          ᠰᠢᠷ᠎ᠠ ᠦᠨᠳᠦᠷ ᠬᠠᠨ ᠠᠭᠤᠯᠠ       ᠰᠢᠷ᠎ᠠ ᠦᠨᠳᠦᠷ ᠬᠠᠨ ᠠᠭᠤᠯᠠ ᠪᠤᠯ ᠠᠩᠬ᠎ᠠ ᠡᠷᠳᠡ ᠠᠴᠠ ᠬᠤᠰᠢᠭᠤ ᠸᠠᠩ ᠤᠨ ᠲᠠᠬᠢᠯᠭ᠎ᠠ ᠲᠠᠢ ᠶᠤᠮ᠃ ᠲᠠᠯᠠᠢ ᠶᠢᠨ ᠲᠦᠪᠰᠢᠨ ᠠᠴᠠ 1358 ᠮᠧᠲᠷ ᠡᠷᠭᠦᠭᠳᠡᠵᠤ ᠪᠤᠢ᠃ ᠠᠭᠤᠯᠠ ᠶᠢᠨ ᠨᠠᠪᠳᠠᠭ ᠰᠠᠪᠳᠠᠭ ᠨᠢ ᠬᠡᠴᠡᠭᠦᠦ ᠲᠤᠭᠰᠢᠨ ᠪᠦᠭᠡᠳ ᠠᠭᠤᠯᠠ ᠬᠠᠳᠠ᠂ ᠤᠢ ᠰᠢᠭᠤᠢ ᠲᠠᠢ ᠨᠢ ᠬᠠᠯᠳᠠᠪᠠᠯ ᠬᠠᠷᠢᠭᠤ ᠦᠵᠡᠭᠦᠯᠳᠡᠭ ᠭᠡᠨ᠎ᠡ᠃ ᠵᠠᠷᠢᠮ ᠬᠠᠵᠠᠭᠤ ᠬᠠᠪᠢ ᠶᠢᠨ ᠬᠦᠮᠦᠰ ᠴᠡᠭᠡᠷ ᠶᠤᠰᠤ ᠶᠢ ᠦᠯᠦ ᠤᠶᠢᠰᠢᠶᠠᠨ ᠮᠤᠳᠤ ᠤᠷᠭᠤᠮᠠᠯ ᠲᠠᠢ ᠨᠢ ᠬᠠᠯᠳᠠᠭᠠᠳ ᠭᠠᠢ ᠪᠠᠷᠴᠢᠳ ᠲᠤᠬᠢᠶᠠᠯᠳᠤᠵᠤ ᠪᠠᠶᠢᠭᠰᠠᠨ ᠭᠡᠨ᠎ᠡ᠃     ᠨᠢᠭᠡᠨ ᠤᠳᠠᠭ᠎ᠠ ᠶᠧᠰᠢ ᠭᠡᠭᠴᠢ ᠬᠦᠮᠦᠨ ᠰᠢᠷ᠎ᠠ ᠦᠨᠳᠦᠷ ᠠᠭᠤᠯᠠᠨ ᠳᠤ ᠦᠬᠡᠷ ᠲᠡᠷᠭᠡᠨ ᠤ ᠲᠡᠩᠬᠡᠯᠢᠭ ᠤᠨ ᠮᠤᠳᠤ ᠠᠪᠬᠤ ᠪᠠᠷ ᠶᠠᠪᠤᠵᠠᠢ᠃ ᠦᠬᠡᠷ ᠲᠡᠷᠭᠡ ᠪᠠᠷ ᠶᠠᠪᠤᠭᠰᠠᠨ ᠤ ᠤᠴᠢᠷ ᠠᠭᠤᠯᠠᠨ ᠳᠤ ᠪᠠᠨ ᠬᠦᠷᠬᠦ ᠳᠤ ᠡᠳᠦᠷ  ᠤᠨ ᠴᠠᠭ ᠬᠡᠷᠡᠭᠰᠡᠪᠡ᠃ ︽ᠵᠠ᠂ ᠶᠠᠭᠤ ᠪᠤᠯᠤᠭᠰᠠᠨ ᠴᠦ ᠠᠭᠤᠯᠠᠨ ᠳᠤ ᠪᠠᠨ ᠬᠦᠷᠦᠭᠡᠳ ᠢᠷᠡᠭᠰᠡᠨ ᠶᠤᠮ ᠴᠢᠨᠢ ᠤᠨᠤᠭ᠎ᠠ ᠬᠦᠯᠦᠰᠢ ᠪᠠᠨ ᠠᠮᠢᠰᠬᠤᠭᠠᠭᠠᠳ ᠠᠯᠢ ᠦᠵᠡᠵᠤ ᠲᠤᠭᠤᠭᠰᠠᠨ ᠮᠤᠳᠤ ᠪᠠᠨ ᠠᠪᠤᠶ᠎ᠠ︕︾ ᠭᠡᠳ ᠬᠤᠨᠤᠭ ᠪᠤᠯᠪᠠ ᠭᠡᠨ᠎ᠡ᠃     ᠶᠧᠰᠢ ᠦᠬᠡᠷ ᠢᠶᠠᠨ ᠪᠤᠳᠠᠨ ᠤ ᠨᠦᠮᠦᠷᠢ ᠤᠶᠠᠵᠤ ᠲᠡᠷᠭᠡᠨ ᠤ ᠪᠠᠨ ᠲᠡᠷᠭᠡᠳᠡ ᠢᠰᠡᠭᠡᠢ ᠪᠠᠨ ᠲᠡᠪᠢᠰᠴᠤ ᠤᠨᠳᠠᠵᠠᠢ᠃ ᠶᠠᠭ ᠰᠠᠶᠢᠬᠠᠨ ᠠᠮᠳᠠᠳᠠᠶᠢᠬᠠᠨ ᠤᠨᠳᠠᠵᠤ ᠪᠠᠶᠢᠳᠠᠯ᠎ᠠ ᠬᠠᠴᠢᠨ ᠵᠡᠭᠦᠳᠦ ᠤᠷᠤᠵᠠᠢ᠃ ᠨᠢᠭᠡᠨ ᠦᠨᠳᠦᠷ ᠪᠡᠶ᠎ᠡ ᠲᠠᠢ᠂ ᠪᠤᠷᠪᠢ ᠳᠤ ᠪᠠᠨ ᠲᠤᠯᠤᠮ᠎ᠠ ᠦᠨᠳᠦᠷ ᠭᠡᠵᠢᠭᠡ ᠲᠠᠢ ᠡᠷ᠎ᠡ ᠲᠠᠰᠢᠭᠤᠷ ᠠᠳᠬᠤᠨ ᠬᠠᠵᠠᠭᠤ ᠳᠤ ᠨᠢ ᠢᠷᠡᠭᠡᠳ᠄ ︽ᠴᠢ ᠬᠠᠷᠢᠨ ᠮᠢᠨᠤ ᠠᠭᠤᠯᠠᠨ ᠤ ᠮᠤᠳᠤ ᠶᠢ ᠲᠤᠷ᠎ᠠ ᠪᠠᠷ ᠢᠶᠠᠨ ᠤᠭᠳᠤᠯᠬᠤ ᠰᠠᠨᠠᠭ᠎ᠠ ᠲᠠᠢ᠂ ᠤᠳᠤ ᠪᠠᠷ  ᠢᠶᠠᠨ ᠲᠡᠷᠭᠡ ᠪᠠᠨ ᠬᠦᠯᠦᠭᠡᠳ ᠶᠠᠪᠤ︕︾ ᠭᠡᠵᠤ ᠲᠠᠰᠢᠭᠤᠷ ᠲᠠᠯᠠᠶᠢᠨ ᠵᠠᠩᠳᠣᠷᠴᠠᠢ᠃     ᠶᠧᠰᠢ ᠰᠠᠶ᠋ᠢ ᠶᠢᠨ ᠵᠡᠭᠦᠳᠦᠨ ᠠᠴᠠ ᠪᠠᠨ ᠲᠤᠭᠭᠢᠨ ᠰᠡᠷᠢᠭᠡᠳ ᠨᠠᠭᠠᠰᠢ ᠴᠠᠭᠠᠰᠢ ᠠᠵᠢᠭᠯᠠᠨ ᠦᠵᠡᠪᠡᠯ ᠶᠠᠭᠤ ᠴᠦ ᠦᠭᠡᠢ᠂ ᠪᠤᠳᠠᠨ ᠤ ᠨᠦᠮᠦᠷᠢ ᠬᠡᠪᠳᠡᠭᠰᠡᠨ ᠦᠬᠡᠷ ᠨᠢ ᠲᠡᠷᠡ ᠬᠡᠪ ᠢᠶᠠᠷ ᠢᠶᠠᠨ ᠪᠠᠶᠢᠪᠠ᠃ ᠲᠦᠷᠪᠡᠨ ᠵᠦᠭ ᠢ ᠠᠵᠢᠭᠯᠠᠨ ᠠᠵᠢᠶᠠᠷᠠᠪᠠᠯ ᠬᠠᠴᠢᠨ ᠰᠤᠨᠢᠨ ᠶᠠᠭᠤᠮ᠎ᠠ ᠢᠯᠡᠷᠡᠭᠰᠡᠨ ᠦᠭᠡᠢ ᠭᠡᠨ᠎ᠡ᠃ ᠲᠡᠮᠡᠢ ᠤᠳᠠᠭᠰᠠᠨ ᠦᠭᠡᠢ ᠪᠠᠰᠠ ᠯᠠ ᠲᠤᠭᠭᠢᠪᠠ᠃ ᠠᠩᠬᠠᠨ ᠤ ᠡᠷ᠎ᠡ ᠲᠠᠰᠢᠭᠤᠷ ᠲᠠᠯᠠᠶᠢᠨ ᠢᠷᠡᠭᠡᠳ᠄ ︽ᠴᠢᠮᠠᠢᠢ ᠶᠠᠪᠤ ᠭᠡᠬᠦᠯᠡᠷ ᠶᠠᠭᠤᠨ ᠳᠤ ᠶᠠᠪᠤᠬᠤ ᠦᠭᠡᠢ ᠶᠤᠮ︖ ᠮᠤᠳᠤ ᠤᠷᠭᠤᠮᠠᠯ ᠳᠤ ᠰᠠᠨᠠᠭᠠᠷᠬᠠᠬᠤ ᠬᠡᠷᠡᠭ ᠦᠭᠡᠢ︕︾ ᠭᠡᠵᠤ ᠬᠡᠯᠡᠬᠦᠯᠡᠷ ᠶᠧᠰᠢ ᠪᠠᠰᠠ ᠯᠠ ᠰᠤᠴᠢᠨ ᠰᠡᠷᠢᠪᠡ᠃ ᠲᠡᠷᠡ ᠦᠨᠳᠡᠶᠢᠨ ᠪᠤᠰᠴᠤ ᠨᠠᠭᠠᠰᠢ ᠴᠠᠭᠠᠰᠢ ᠠᠵᠢᠭᠯᠠᠪᠠᠯ ᠶᠠᠭᠤ ᠴᠦ ᠬᠠᠷᠠᠭᠳᠠᠬᠤ ᠦᠭᠡᠢ᠂ ᠤᠢ ᠮᠤᠳᠤ ᠯᠠ ᠬᠠᠶᠠ ᠵᠢᠪᠠᠷ ᠲᠤ ᠱᠠᠷᠴᠢᠭᠢᠨᠠᠨ᠎ᠠ᠃     ︽ᠸᠠᠱᠢ᠂ ᠰᠢᠷ᠎ᠠ ᠦᠨᠳᠦᠷ ᠠᠭᠤᠯᠠᠨ ᠤ ᠨᠠᠪᠳᠠᠭ ᠰᠠᠪᠳᠠᠭ ᠨᠠᠮᠠᠢᠢ ᠬᠦᠭᠡᠭᠡᠵᠤ ᠴᠦ ᠪᠠᠶᠢᠬᠤ ᠶᠤᠮ ᠤᠤ︖︾ ᠭᠡᠰᠡᠨ ᠶᠧᠰᠢ ᠰᠡᠵᠢᠭ ᠲᠦᠷᠦᠭᠰᠡᠨ ᠪᠤᠯᠪᠠᠴᠤ᠄ ︽ᠬᠠᠷᠠᠩᠭᠤᠢ ᠰᠦᠨᠢ ᠬᠠᠮᠢᠭ᠎ᠠ ᠶᠠᠪᠤᠬᠤ ᠪᠤᠢ︖ ᠨᠠᠷᠠ ᠭᠠᠷᠤᠭᠰᠠᠨ ᠬᠤᠶᠢᠨ᠎ᠠ ᠪᠤᠯᠤᠶ᠎ᠠ︕︾ ᠭᠡᠳ ᠲᠠᠬᠢᠭᠠᠳ ᠤᠨᠳᠠᠭᠰᠠᠨ ᠭᠡᠨ᠎ᠡ᠃ ᠲᠡᠮᠡᠢ ᠤᠳᠠᠯ ᠦᠭᠡᠢ ᠦᠨᠦ ᠡᠷ᠎ᠡ ᠲᠤᠯᠤᠭᠠᠢ ᠳᠤ ᠨᠢ ᠲᠠᠰᠢᠭᠤᠷ ᠢᠶᠠᠨ ᠲᠤᠯᠭᠠᠵᠤ᠄ ︽ᠴᠢᠮᠠᠢᠢ ᠶᠠᠪᠤ ᠭᠡᠬᠦᠯᠡᠷ ᠬᠡᠳᠦᠢ ᠪᠤᠷᠤᠩᠬᠤᠢ ᠶᠤᠮ︖ ᠤᠳᠤ  ᠪᠠᠷ ᠢᠶᠠᠨ ᠶᠠᠪᠤᠬᠤ ᠦᠭᠡᠢ ᠪᠤᠯ ᠲᠠᠰᠢᠭᠤᠷ ᠪᠠᠭᠤᠯᠭᠠᠯ᠎ᠠ︕︾ ᠭᠡᠵᠠᠢ᠃ ᠶᠧᠰᠢ ᠵᠡᠭᠦᠳᠦᠨ ᠠᠴᠠ ᠪᠠᠨ ᠰᠤᠴᠢᠨ ᠰᠡᠷᠢᠭᠡᠳ᠄ ︽ᠬᠠᠰᠢ ᠯᠠ ᠠᠭᠤᠯᠠᠨ ᠤ ᠨᠠᠪᠳᠠᠭ ᠰᠠᠪᠳᠠᠭ ᠬᠦᠭᠡᠭᠡᠵᠤ ᠪᠤᠢ᠂ ᠦᠭᠡᠷ᠎ᠡ ᠭᠠᠵᠠᠷ ᠠᠴᠠ ᠲᠡᠩᠬᠡᠯᠢᠭ ᠠᠪᠤᠶ᠎ᠠ︾ ᠭᠡᠳ ᠦᠬᠡᠷ ᠢᠶᠠᠨ ᠬᠦᠯᠵᠤ ᠠᠭᠤᠯᠠ ᠶᠢᠨ ᠬᠠᠵᠠᠭᠤ ᠪᠠᠷ ᠪᠠᠭᠤᠳᠠᠯ᠎ᠠ ᠦᠬᠡᠷ ᠨᠢ ᠪᠦᠳᠦᠷᠢᠵᠠᠢ᠃ ᠶᠧᠰᠢ ᠤᠪᠠᠶᠢᠨ ᠳᠤ ᠦᠭᠡᠢ ᠦᠬᠡᠷ ᠲᠤ ᠪᠠᠨ ᠲᠠᠷᠤᠭᠳᠠᠨ ᠬᠦᠯ ᠢᠶᠠᠨ ᠪᠡᠷᠳᠡᠭᠰᠡᠨ ᠭᠡᠨ᠎ᠡ᠃      ᠲᠡᠭᠦᠨ ᠠᠴᠠ ᠬᠤᠶᠢᠰᠢ ᠬᠠᠵᠠᠭᠤ ᠬᠠᠪᠢ ᠶᠢᠨ ᠬᠦᠮᠦᠰ ᠰᠢᠷ᠎ᠠ ᠦᠨᠳᠦᠷ ᠠᠭᠤᠯᠠ ᠲᠠᠢ ᠬᠠᠯᠳᠠᠬᠤ ᠶᠢ ᠴᠡᠭᠡᠷᠯᠡᠨ ᠵᠢᠯ ᠪᠦᠷ ᠶᠢᠨ ᠪᠢᠯᠢᠭ ᠤᠨ ᠲᠠᠪᠤᠨ ᠰᠠᠷ᠎ᠠ ᠶᠢᠨ ᠰᠢᠨ᠎ᠡ ᠶᠢᠨ ᠵᠢᠷᠭᠤᠭᠠᠨ ᠳᠤ ᠲᠠᠬᠢᠳᠠᠭ ᠪᠦᠭᠡᠳ ᠲᠠᠬᠢᠯᠭ᠎ᠠ ᠶᠢᠨ ᠶᠤᠰᠤ ᠭᠤᠷᠢᠮ ᠢ ᠦᠭᠡ ᠲᠠᠭᠤᠨ ᠦᠭᠡᠢ ᠲᠠᠭᠠᠳᠠᠭ ᠪᠤᠯᠪᠠ᠃ ᠡᠷᠳᠡᠨ ᠠᠴᠠ ᠤᠯᠠᠮᠵᠢᠯᠠᠯ ᠲᠠᠢ ᠰᠢᠷ᠎ᠠ ᠦᠨᠳᠦᠷ ᠠᠭᠤᠯᠠ ᠶᠢᠨ ᠲᠠᠬᠢᠯᠭ᠎ᠠ ᠶᠢᠨ ᠬᠡᠪᠴᠢᠶ᠎ᠡ ᠨᠢ ᠦᠷᠭᠡᠵᠢᠨ ᠰᠢᠳᠦᠨ ᠪᠢᠰᠢᠷᠡᠭᠴᠢᠳ ᠤᠯᠠᠳᠠᠭᠰᠠᠭᠠᠷ ᠪᠢᠯᠡ᠃                  ᠬᠠᠯᠠᠭᠠᠶᠢᠳᠣ ᠬᠠᠨ ᠠᠭᠤᠯᠠ     ᠬᠠᠯᠠᠭᠠᠶᠢᠳᠦ ᠬᠠᠨ ᠠᠭᠤᠯᠠ ᠪᠣᠯ ᠠᠷᠣ ᠬᠤᠷᠴᠢᠨ ᠬᠤᠰᠢᠭᠤ ᠸᠠᠩ ᠤᠨ ᠲᠠᠬᠢᠯᠭᠠᠳᠤ ᠠᠭᠤᠯᠠ ᠪᠣᠯᠣᠨ᠎ᠠ᠃ ᠲᠠᠯᠠᠢ ᠶᠢᠨ ᠲᠦᠪᠰᠢᠨ ᠠᠴᠠ 576.2 ᠮᠧᠲᠷ ᠡᠷᠭᠦᠭᠳᠡᠵᠤ ᠪᠤᠢ᠃ ᠰᠠᠶᠢᠬᠠᠨ ᠲᠠᠯ᠎ᠠ ᠰᠤᠮᠤ ᠶᠢᠨ ᠴᠠᠪᠢᠨᠳᠠᠯ᠎ᠠ ᠭᠠᠴᠠᠭᠠᠨ ᠤ ᠪᠠᠷᠠᠭᠤᠨ ᠳᠤ ᠪᠠᠶᠢᠭ᠎ᠠ ᠦᠨᠳᠦᠷ ᠰᠦᠷᠯᠢᠭ ᠠᠭᠤᠯᠠ ᠶᠢ ᠬᠦᠮᠦᠰ ︽ᠬᠠᠯᠠᠭᠠᠶᠢᠳᠦ ᠬᠠᠨ ᠠᠭᠤᠯᠠ︾ ᠭᠡᠵᠤ᠂ ᠠᠭᠤᠯᠠᠨ ᠤ ᠬᠠᠵᠠᠭᠤ ᠬᠠᠪᠢ ᠪᠠᠷ ᠨᠢ ᠬᠠᠯᠠᠭᠠᠢ ᠶᠡᠭᠡ ᠤᠷᠭᠤᠳᠠᠭ ᠢᠶᠠᠷ ᠨᠢ ᠢᠩᠭᠢᠵᠤ ᠨᠡᠷᠡᠯᠡᠯ᠎ᠡ ᠭᠡᠵᠤ ᠨᠤᠮ ᠲᠡᠪᠳᠡᠷ ᠲᠤ ᠲᠠᠶᠢᠯᠪᠤᠷᠢᠯᠠᠨ ᠲᠡᠮᠳᠡᠭᠯᠡᠭᠰᠡᠨ ᠪᠠᠶᠢᠳᠠᠭ᠃ᠡᠨᠡ ᠠᠭᠤᠯᠠ ᠶᠢᠨ ᠤᠷᠤᠢ ᠳᠤ ᠵᠤᠭᠰᠤᠨ ᠤᠮᠠᠷᠠᠰᠢ ᠪᠠᠷᠠᠯᠠᠪᠠᠯ ᠬᠠᠨᠰᠦ᠋ᠮ᠎ᠡ ᠰᠤᠮᠤ ᠶᠢᠨ ᠬᠠᠷᠢᠶᠠᠨ ᠳᠠᠬᠢ ᠴᠤᠭᠳᠦ ᠠᠭᠤᠯᠠ ᠲᠤᠳᠤᠬᠠᠨ ᠬᠠᠷᠠᠭᠳᠠᠵᠤ᠂ ᠲᠡᠭᠦᠨ ᠤ ᠪᠠᠷᠠᠭᠤᠨ ᠲᠠᠯ᠎ᠠ ᠪᠠᠷ ᠬᠢ ᠠᠭᠤᠯᠠ ᠨᠢ ᠡᠮᠦᠨᠡᠰᠢ ᠵᠠᠯᠭᠠᠯᠳᠤᠨ ᠶᠠᠪᠤᠭᠰᠠᠭᠠᠷ ᠬᠠᠯᠠᠭᠠᠶᠢᠳᠦ ᠬᠠᠨ ᠠᠭᠤᠯᠠ ᠲᠠᠢ ᠬᠤᠷᠮᠤᠢ ᠵᠠᠯᠭᠠᠯᠳᠤᠵᠤ᠂ ᠵᠡᠭᠦᠨ ᠲᠠᠯ᠎ᠠ ᠪᠠᠷ ᠬᠢ ᠠᠭᠤᠯᠠ ᠨᠢ ᠵᠡᠭᠦᠨ ᠡᠮᠦᠨᠡᠰᠢ ᠰᠤᠨᠤᠯᠵᠠᠨ ᠲᠤᠬᠤᠢ ᠬᠠᠨ ᠠᠭᠤᠯᠠ ᠲᠠᠢ ᠦᠷᠬᠦᠯᠵᠢᠯᠡᠵᠤ ᠬᠠᠯᠭᠠᠶᠢᠳᠦ ᠬᠠᠨ ᠠᠭᠤᠯᠠ ᠶᠢᠨ ᠵᠡᠭᠦᠨ ᠲᠠᠯ᠎ᠠ ᠪᠠᠷ ᠡᠮᠦᠨᠡᠰᠢ ᠦᠷᠬᠦᠯᠵᠢᠯᠡᠨ᠎ᠡ᠃ ᠡᠨᠡ ᠬᠦ ᠠᠭᠤᠯᠠ ᠶᠢᠨ ᠦᠵᠡᠮᠵᠢ ᠶᠢ ᠨᠠᠷᠢᠪᠴᠢᠯᠠᠪᠠᠯ ᠶᠠᠭ ᠯᠠ ᠰᠦᠪᠡᠭᠡ ᠲᠠᠷᠤᠨ ᠵᠠᠪᠢᠯᠠᠨ ᠰᠠᠭᠤᠭᠰᠠᠨ ᠬᠦᠳᠡᠷ ᠡᠷ᠎ᠡ ᠰᠢᠭ ᠰᠦᠷᠯᠢᠭ ᠪᠦᠭᠡᠳ ᠠᠭᠤᠳᠠᠮ ᠲᠠᠯ᠎ᠠ ᠶᠢ ᠬᠤᠮᠤᠷᠭᠠᠯᠠᠵᠤ᠂ ᠬᠠᠬᠢᠷ  ᠤᠨ ᠭᠤᠤᠯ ᠲᠡᠭᠰᠢ ᠰᠠᠶᠢᠬᠠᠨ ᠲᠠᠯ᠎ᠠ ᠪᠠᠷ ᠮᠤᠷᠤᠯᠵᠠᠨ ᠤᠷᠤᠰᠴᠤ᠂ ᠬᠠᠯᠠᠭᠠᠶᠢᠳᠦ ᠬᠠᠨ ᠠᠭᠤᠯᠠ ᠶᠢ ᠮᠦᠷᠭᠦᠭᠡᠳ ᠵᠡᠭᠦᠨ ᠡᠮᠦᠨᠡᠰᠢ ᠤᠷᠤᠰᠤᠨ᠎ᠠ᠃ ᠡᠶᠢᠮᠦᠷᠭᠦᠦ ᠪᠠᠶᠢᠷᠢᠰᠢᠯ ᠨᠢ ᠠᠭᠤᠳᠠᠮ ᠲᠠᠯ᠎ᠠ ᠶᠢ ᠬᠦᠷᠢᠶᠡᠯᠡᠨ ᠠᠪᠤᠭᠰᠠᠨ ᠪᠦᠭᠡᠳ ᠬᠠᠯᠠᠭᠠᠶᠢᠳᠦ ᠬᠠᠨ ᠠᠭᠤᠯᠠ ᠨᠢ ᠬᠠᠭᠠᠯᠭ᠎ᠠ ᠰᠢᠭ᠋ ᠬᠠᠰᠢᠨ ᠠᠪᠤᠭᠰᠠᠨ ᠨᠢ ᠬᠠᠴᠢᠨ ᠰᠤᠨᠢᠷᠬᠠᠯᠳᠠᠢ ᠶᠤᠮ᠃          ᠴᠠᠭᠠᠨ ᠦᠨᠳᠦᠷ ᠬᠠᠨ ᠠᠭᠤᠯᠠ      ᠴᠠᠭᠠᠨ ᠦᠨᠳᠦᠷ ᠬᠠᠨ ᠠᠭᠤᠯᠠ ᠶᠢ ᠣᠤᠯ ᠳᠤ ᠪᠠᠨ ᠬᠤᠰᠢᠭᠤ ᠵᠠᠰᠠᠭ ᠠᠴᠠ ᠲᠠᠬᠢᠵᠤ ᠪᠠᠶᠢᠪᠠ᠃ ᠲᠠᠯᠠᠢ  ᠶᠢᠨ ᠲᠦᠪᠰᠢᠨ ᠠᠴᠠ 1423 ᠮᠧᠲᠷ ᠡᠷᠭᠦᠭᠳᠡᠵᠤ ᠪᠣᠢ᠃ ᠴᠠᠭᠠᠨ ᠦᠨᠳᠦᠷ᠂ ᠮᠠᠯᠠᠭ᠎ᠠ ᠶᠢᠨ ᠲᠠᠪᠠᠭ᠎ᠠ ᠠᠴᠠ ᠪᠠᠷᠠᠭᠤᠨ ᠬᠤᠶᠢᠨ᠎ᠠ ᠪᠤᠷᠭᠠᠰᠤᠳᠠᠢ ᠭᠤᠤᠯ ᠤᠨ ᠪᠠᠷᠠᠭᠤᠨ ᠲᠡᠨᠵᠢᠨ ᠳᠤ ᠪᠠᠶᠢᠷᠢᠰᠢᠯ ᠲᠠᠢ᠃     1982 ᠤᠨ ᠳᠤ ᠪᠠᠶ᠋ᠬᠠᠦ᠋ᠨᠳᠦᠷ ᠰᠤᠮᠣ ᠶᠢᠨ ᠮᠠᠯᠴᠢᠳ ᠣᠪᠣᠭ᠎ᠠ ᠶᠢᠨ ᠲᠠᠬᠢᠯᠭ᠎ᠠ ᠶᠢ ᠨᠢ ᠰᠡᠷᠭᠦᠭᠡᠵᠤ᠂ ᠵᠢᠯ ᠪᠦᠷᠢ ᠡᠭᠡᠯᠵᠢ ᠪᠠᠷ ᠲᠠᠬᠢᠵᠤ ᠪᠠᠶᠢᠳᠠᠭ᠃          ᠴᠠᠭᠠᠨ ᠲᠡᠮᠡᠭᠡ ᠬᠠᠨ ᠠᠭᠤᠯᠠ       ᠴᠠᠭᠠᠨ ᠲᠡᠮᠡᠭᠡ ᠬᠠᠨ ᠠᠭᠤᠯᠠ ᠨᠢ ᠠᠩᠬ᠎ᠠ ᠡᠷᠳᠡ ᠳᠤ ᠪᠠᠨ ᠠᠷᠣ ᠬᠤᠷᠴᠢᠨ ᠬᠤᠰᠢᠭᠤᠨ ᠤ ᠵᠠᠰᠠᠭ ᠸᠠᠩ  ᠤᠨ ᠲᠠᠬᠢᠯᠭ᠎ᠠ ᠲᠠᠢ ᠭᠡᠳᠡᠭ᠃ ᠤᠳᠤ ᠠᠷᠣ ᠬᠤᠷᠴᠢᠨ᠂ ᠵᠠᠷᠣᠳ ᠬᠤᠰᠢᠭᠤᠨ ᠤ ᠬᠠᠵᠠᠭᠤ ᠬᠠᠪᠢ ᠶᠢᠨ ᠮᠠᠯᠴᠢᠳ ᠲᠠᠬᠢᠵᠤ ᠪᠤᠢ᠃     ᠵᠤᠬᠢᠶᠠᠭᠴᠢ᠄  ᠨᠠ᠊ · ᠵᠢᠷᠭᠠᠯ    ᠨᠠᠶᠢᠷᠠᠭᠤᠯᠤᠭᠴᠢ᠄  ᠴ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号