ᠮᠠᠨᠠᠬᠤ ᠶᠢᠨ ᠬᠦᠨᠳᠡᠢ | ᠬᠠᠷ᠎ᠠ ᠬᠠᠳᠠ ᠶᠢᠨ ᠠᠷᠤ ᠳᠠᠬᠢ ᠬᠦᠨᠳᠡᠢ ᠶᠢ ︽ᠮᠠᠨᠠᠬᠤ ᠶᠢᠨ ᠬᠦᠨᠳᠡᠢ︾ ᠭᠡᠵᠤ ᠬᠡᠯᠡᠳᠡᠭ᠃ ᠠᠩᠬ᠎ᠠ ᠡᠷᠳᠡ | ᠳᠤ ᠪᠠᠨ ᠡᠪᠡᠰᠤ ᠪᠡᠯᠴᠢᠭᠡᠷ ᠢᠭ᠌ᠴᠢ ᠰᠠᠬᠤᠯᠠᠭ᠂ ᠬᠦᠷᠦᠰᠦ ᠰᠢᠷᠤᠢ ᠦᠩ ᠰᠢᠮᠡᠯᠢᠭ᠂ ᠭᠠᠵᠠᠷ ᠠᠭᠤᠳᠠᠮ ᠪᠣᠯᠬᠤᠷ | ᠨᠤᠳᠤᠭ ᠤᠨ ᠮᠠᠯᠴᠢᠳ ᠠᠳᠤᠭᠤ ᠮᠠᠯ ᠢᠶᠠᠨ ᠬᠠᠷᠢᠭᠤᠯᠤᠨ᠂ ᠵᠢᠯ ᠤᠨ ᠲᠦᠷᠪᠡᠨ ᠣᠯᠠᠷᠢᠯ ᠢᠶᠠᠷ ᠤᠳᠤᠷᠯᠠᠨ | ᠨᠡᠭᠦᠳᠡᠯᠯᠡᠵᠤ᠂ ᠮᠠᠯ ᠰᠦᠷᠦᠭ ᠢᠶᠠᠨ ᠮᠠᠨᠠᠨ ᠶᠠᠪᠤᠳᠠᠭ ᠢᠶᠠᠷ ᠢᠶᠠᠨ ᠮᠠᠨᠠᠬᠤ ᠶᠢᠨ ᠬᠦᠨᠳᠡᠢ ᠪᠤᠯᠪᠠ ᠭᠡᠨ᠎ᠡ᠃ | ᠮᠠᠨᠠᠬᠤ ᠶᠢᠨ ᠬᠦᠨᠳᠡᠢ ᠶᠢᠨ ᠪᠡᠯᠴᠢᠭᠡᠷ ᠵᠤᠵᠠᠭᠠᠨ᠂ ᠵᠤᠨ ᠨᠠᠮᠤᠷ ᠲᠤ ᠪᠠᠨ ᠤᠶᠢᠷ᠎ᠠ ᠲᠦᠬᠦᠮ ᠤᠨ ᠮᠠᠯᠴᠢᠳ | ᠵᠤᠰᠠᠭᠠᠯ ᠢᠶᠠᠷ ᠨᠡᠭᠦᠵᠦ᠂ ᠪᠡᠯᠴᠢᠭᠡᠷ ᠰᠡᠯᠭᠦᠨ ᠤᠰᠤ ᠭᠤᠤᠯ ᠢᠶᠠᠨ ᠠᠰᠢᠭᠯᠠᠵᠤ᠂ ᠮᠠᠯ ᠰᠦᠷᠦᠭ ᠢᠶᠠᠨ ᠲᠠᠷᠭᠤ | ᠰᠢᠮ᠎ᠡ ᠲᠠᠢ ᠦᠰᠭᠡᠵᠦ ᠪᠠᠶᠠᠷ ᠤᠨ ᠮᠠᠩᠨᠠᠢ ᠲᠡᠨᠢᠢᠵᠦ ᠶᠠᠪᠤᠵᠠᠢ᠃ ᠤᠳᠤ ᠠᠶᠢᠯ ᠡᠷᠦᠬᠡ ᠤᠯᠠᠰᠢᠷᠠᠨ ᠬᠢᠷ᠎ᠠ ᠮᠦᠷᠦ | ᠪᠠᠨ ᠳᠠᠷᠤᠵᠤ᠂ ᠠᠩᠬᠠᠨ ᠤ ᠰᠠᠶᠢᠬᠠᠨ ᠪᠡᠯᠴᠢᠭᠡᠷ ᠦᠯᠢᠭᠡᠷ ᠳᠤᠮᠤᠭ ᠮᠡᠲᠦ ᠶᠠᠷᠢᠭᠳᠠᠨ᠎ᠠ᠃ | | ᠪᠠᠶᠠᠨ ᠴᠠᠭᠠᠨ | ᠪᠠᠶᠠᠨ ᠴᠠᠭᠠᠨ ᠭᠡᠵᠤ ᠤᠳᠤ ᠶᠢᠨ ᠪᠠᠶᠢᠭᠠᠯᠢ ᠶᠢᠨ ᠠᠶᠢᠯ ᠤᠨ ᠠᠷᠤ ᠳᠠᠬᠢ ᠠᠭᠤᠯᠠ ᠶᠢ ᠵᠢᠭᠠᠵᠤ ᠪᠤᠢ᠃ | ᠠᠳᠡᠬᠢ ᠶᠢᠨ ᠡᠪᠡᠰᠤ ᠰᠢᠭᠤᠢ ᠡᠯᠪᠡᠭ᠂ ᠦᠩᠭᠡ ᠦᠵᠡᠮᠵᠢ ᠰᠠᠶᠢᠬᠠᠨ᠂ ᠬᠤᠷ᠎ᠠ ᠣᠰᠤ ᠲᠡᠩᠴᠡᠬᠦᠨ᠂ ᠠᠷᠢᠶᠠᠳᠠᠨ | ᠵᠢᠭᠦᠷᠳᠡᠨ ᠦᠷᠡᠵᠢᠨ ᠤᠷᠤᠩᠨᠠᠵᠤ᠂ ᠴᠢᠯᠠᠭᠤ ᠰᠢᠷᠤᠢ ᠨᠢ ᠡᠳᠡᠭᠡᠳ ᠤᠨᠴᠠᠯᠢᠭ ᠲᠠᠢ ᠪᠠᠷ ᠨᠢ ︽ᠪᠠᠶᠠᠨ ᠴᠠᠭᠠᠨ︾ | ᠬᠡᠮᠡᠨ ᠪᠡᠯᠭᠡᠳᠡᠨ ᠨᠡᠷᠡᠯᠡᠭᠰᠡᠨ ᠭᠡᠨ᠎ᠡ᠃ | ᠠᠩᠬ᠎ᠠ ᠡᠷᠳᠡ ᠳᠤ ᠪᠠᠨ ᠵᠢᠯ ᠪᠦᠷᠢ ᠶᠢᠨ ᠵᠣᠨ ᠪᠣᠯᠬᠤᠯᠠᠷ ᠨᠤᠳᠤᠭ ᠤᠨ ᠮᠠᠯᠴᠢᠳ ᠪᠠᠶᠠᠨ ᠴᠠᠭᠠᠨ ᠤ ᠬᠠᠪᠢ | ᠪᠠᠷ ᠵᠤᠰᠠᠭᠠᠯ ᠢᠶᠠᠷ ᠢᠷᠡᠵᠤ ᠮᠠᠯ ᠰᠦᠷᠦᠭ ᠢᠶᠠᠨ ᠬᠠᠷᠢᠭᠤᠯᠳᠠᠭ ᠪᠠᠶᠢᠪᠠ᠃ | ᠪᠠᠶᠠᠨ ᠴᠠᠭᠠᠨ ᠠᠭᠤᠯᠠ ᠶᠢᠨ ᠪᠠᠷ᠎ᠠ ᠠᠯᠣᠰ ᠠᠴᠠ ᠰᠦᠮᠡᠯᠵᠡᠵᠦ᠂ ᠬᠤᠯᠠ ᠤᠶᠢᠷ᠎ᠠ ᠶᠢᠨ ᠬᠦᠮᠦᠰ ᠲᠤ | ᠲᠡᠮᠡᠤᠯᠦᠭᠡᠳ ᠤᠴᠢᠬᠤ ᠶᠢᠨ ᠰᠢᠲᠦᠭᠡᠨ ᠪᠤᠯᠤᠨ ᠰᠦᠨᠳᠡᠷᠯᠡᠵᠦ ᠬᠠᠷᠠᠭᠳᠠᠳᠠᠭ᠃ ᠤᠳᠤ ᠪᠠᠶᠠᠨ ᠴᠠᠭᠠᠨ ᠠᠭᠤᠯᠠ | ᠶᠢᠨ ᠬᠠᠪᠢ ᠳᠤ ᠠᠶᠢᠯ ᠡᠷᠦᠬᠡ ᠤᠯᠠᠰᠢᠷᠠᠵᠤ᠂ ᠣᠷᠢᠳᠦ ᠶᠢᠨ ᠰᠠᠶᠢᠬᠠᠨ ᠪᠡᠯᠴᠢᠭᠡᠷ ᠨᠢᠮᠬᠡᠷᠡᠭᠡᠳ ᠤᠲᠤᠷ ᠨᠡᠭᠦᠳᠡᠯ | ᠤᠨ ᠪᠠᠷ᠎ᠠ ᠬᠤᠯᠠᠳᠴᠠᠢ᠃ | | ᠬᠠᠷ᠎ᠠ ᠬᠠᠳᠠ | ᠬᠠᠷ᠎ᠠ ᠬᠠᠳᠠ ᠪᠤᠯ ᠠᠯᠢ ᠤᠵᠤᠭᠤᠷ ᠠᠴᠠ ᠪᠠᠨ ᠤᠩᠭᠤᠨ ᠮᠣᠳᠤ ᠶᠢᠨ ᠠᠶᠢᠯ ᠤᠨ ᠰᠠᠭᠤᠷᠢᠰᠢᠯ ᠨᠤᠳᠤᠭ | ᠪᠤᠯᠤᠨ᠎ᠠ᠃ ᠠᠳᠡᠬᠢ ᠶᠢᠨ ᠬᠠᠳᠠ ᠴᠢᠯᠠᠭᠤᠳ ᠤᠨ ᠦᠩᠬᠡ ᠨᠢ ᠬᠠᠷ᠎ᠠ ᠰᠢᠭ ᠯᠨ ᠪᠤᠯᠬᠤᠷ ︽ᠬᠠᠷ᠎ᠠ ᠬᠠᠳᠠ︾ | ᠭᠡᠵᠤ ᠨᠡᠷᠡᠯᠡᠵᠠᠢ᠃ | 1930 ᠭᠠᠳ ᠣᠨ ᠪᠣᠯᠳᠠᠯ᠎ᠠ ᠮᠠᠯᠴᠢᠳ ᠬᠠᠷ᠎ᠠ ᠬᠠᠳᠠᠨ ᠤ ᠬᠠᠪᠢ ᠪᠠᠷ ᠤᠳᠤᠷᠯᠠᠨ ᠵᠤᠰᠠᠵᠤ᠂ ᠵᠠᠷᠢᠮ | ᠵᠢᠯ ᠳᠤ ᠪᠠᠨ ᠡᠪᠦᠯᠵᠢᠶ᠎ᠡ ᠪᠠᠷ ᠴᠤ ᠶᠠᠪᠤᠳᠠᠭ ᠭᠡᠨ᠎ᠡ᠃ ᠲᠤᠬᠠᠢ ᠶᠢᠨ ᠦᠶ᠎ᠡ ᠶᠢᠨ ᠵᠠᠰᠠᠭ ᠨᠤᠶᠠᠳ ᠠᠳᠠᠷ | ᠬᠠᠭᠠᠯᠪᠦᠷᠢᠯᠠᠨ ᠴᠠᠭᠠᠴᠢᠳ ᠢ ᠤᠷᠤᠭᠤᠯᠬᠤ ᠶᠢ ᠲᠠᠭᠠᠯᠳᠤᠨ ᠤᠣᠭᠠᠯ ᠠᠶᠢᠯ ᠡᠷᠦᠬᠡ ᠨᠢ ᠨᠣᠳᠤᠭ ᠤᠰᠤ ᠰᠢᠬᠠᠭᠳᠠᠨ | ᠣᠮᠠᠷᠠᠰᠢ ᠨᠡᠭᠦᠵᠠᠢ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | |