| ᠯᠤᠪᠰᠠᠩ — ᠤᠤᠯ ᠤᠨ ᠦᠪᠦᠷ ᠮᠤᠩᠭᠤᠯ ᠤᠨ ᠵᠤᠤ ᠤᠳᠠ ᠶᠢᠨ ᠴᠢᠭᠤᠯᠭᠠᠨ ᠤ ᠠᠷᠦ ᠬᠤᠷᠴᠢᠨ | ᠬᠤᠰᠢᠭᠤᠨ ᠤ ᠬᠤᠨᠲᠦ ᠨᠤᠳᠤᠭ ᠤᠨ ᠠᠷᠦᠪᠤᠯᠠᠭ ᠭᠠᠴᠠᠭ᠎ᠠ ᠶᠢᠨ ᠱᠤᠷᠤᠩ ᠤᠨ ᠡᠩᠭᠡᠷ ᠤᠨ ᠨᠤᠳᠤᠭ ᠲᠤ ᠢᠷᠭᠡᠨ | ᠤᠯᠤᠰ ᠤᠨ 21 ᠳ᠋ᠤᠭᠡᠷ ᠤᠨ ︵1932︶᠂ 16 ᠳ᠋ᠤᠭᠠᠷ ᠵᠢᠷᠠᠨ ᠤ ᠬᠠᠷ᠎ᠠ ᠪᠡᠴᠢᠨ ᠵᠢᠯ ᠤᠨ 12 ᠰᠠᠷ᠎ᠠ ᠶᠢᠨ | 24 ᠤ ᠡᠳᠦᠷ ᠠᠷᠦ ᠬᠤᠷᠴᠢᠨ ᠬᠤᠰᠢᠭᠤᠨ ᠤ ᠵᠡᠭᠦᠨ ᠭᠠᠷ ᠠᠶᠢᠮᠠᠭ ᠤᠨ ᠤᠯᠠᠭᠠᠨ ᠵᠢᠩᠰᠡ ᠲᠠᠢ ᠳᠡᠳ᠋ ᠵᠡᠷᠭᠡ ᠶᠢᠨ | ᠲᠠᠶᠢᠵᠢ ᠬᠡᠥᠭᠡᠨ ᠤ 3 ᠳ᠋ᠤᠭᠠᠷ ᠬᠦᠪᠡᠭᠦᠨ ᠪᠤᠯᠵᠤ ᠵᠠᠶᠠᠭᠠᠵᠠᠢ᠃ | 1934 ᠤᠨ ᠳᠤ ᠠᠷᠦ ᠬᠤᠷᠴᠢᠨ ᠬᠤᠰᠢᠭᠤᠨ ᠤ ᠬᠠᠭᠠᠨ ᠳᠠᠪᠤᠨ ᠰᠦᠮ᠎ᠡ ᠶᠢᠨ 8 ᠳ᠋ᠤᠭᠠᠷ ᠲᠦᠷᠢ ᠶᠢᠨ | ᠴᠠᠭᠠᠨ ᠭᠡᠭᠡᠨ ᠠᠭᠸᠠᠠᠭᠢᠢᠰᠢᠷᠠᠭᠪᠠᠰᠡᠩᠭᠡ ᠠᠴᠠ ᠠᠷᠦ ᠬᠤᠷᠴᠢᠨ ᠬᠤᠰᠢᠭᠤᠨ ᠤ ᠭᠠᠶᠢᠬᠠᠮᠰᠢᠭ ᠢᠶᠠᠷ ᠠᠪᠤᠷᠠᠭᠴᠢ | ᠰᠦᠮ᠎ᠡ ︵ᠲᠦᠭᠦᠷᠢᠭᠡᠨᠳᠠᠯᠠ ᠰᠦᠮ᠎ᠡ︶ ᠶᠢᠨ 4 ᠳ᠋ᠤᠭᠡᠷ ᠲᠦᠷᠢ ᠶᠢᠨ ᠬᠤᠪᠢᠯᠭᠠᠨ ᠠᠭᠸᠠᠩᠵᠠᠮᠰᠦ ᠶᠢᠨ ᠬᠤᠪᠢᠯᠭᠠᠨ | ᠢᠶᠠᠷ ᠲᠤᠳᠤᠯᠠᠨ ᠳᠤᠭᠳᠠᠭᠠᠵᠦ᠂ ᠠᠭᠸᠠᠩᠯᠤᠪᠰᠠᠩ ᠭᠡᠳᠡᠭ ᠨᠤᠮ ᠤᠨ ᠨᠡᠷ᠎ᠡ ᠦᠭᠭᠦᠭᠰᠡᠨ ᠤ ᠬᠠᠮᠳᠦ ᠱᠠᠰᠢᠨ ᠤ | ᠦᠯᠡᠮᠡᠢ ᠪᠠᠳᠤᠳᠬᠠᠬᠤ ᠭᠡᠳᠡᠭ᠃ | ᠵᠠᠯᠪᠠᠷᠢᠯ ᠢ ᠲᠦᠪᠡᠳ ᠬᠡᠯᠡᠨ ᠳᠡᠭᠡᠷ᠎ᠡ ᠵᠤᠬᠢᠶᠠᠵᠦ᠂ ᠲᠦᠭᠦᠷᠢᠭᠡᠨᠳᠠᠯᠠ ᠰᠦᠮ᠎ᠡ ᠶᠢᠨ ᠬᠤᠷᠠᠯ ᠤᠨ ᠤᠩᠰᠢᠯᠭ᠎ᠠ | ᠪᠤᠯᠭᠠᠪᠠ᠃ | 1936 ᠤᠨ ᠳᠤ 5 ᠨᠠᠰᠤᠲᠠᠢ ᠳᠤᠨᠢ ᠬᠤᠷᠴᠢᠨ ᠬᠤᠰᠢᠭᠤᠨ ᠤ ᠭᠠᠶᠢᠬᠠᠮᠰᠢᠭ ᠢᠶᠠᠷ ᠠᠪᠤᠷᠠᠭᠴᠢ ᠰᠦᠮ᠎ᠡ | ᠶᠢᠨ 5 ᠳ᠋ᠤᠭᠠᠷ ᠲᠦᠷᠢ ᠶᠢᠨ ᠬᠤᠪᠢᠯᠭᠠᠨ ᠡᠷᠭᠦᠮᠵᠢᠯᠡᠵᠠᠢ᠃ ᠳᠤᠰ ᠵᠢᠯ ᠤᠨ 9 ᠰᠠᠷ᠎ᠠ ᠳᠤ ᠬᠤᠪᠢᠯᠭᠠᠨ ᠯᠠᠮᠠ ᠶᠢᠨ | ᠰᠢᠷᠡᠭᠡᠨ ᠳᠤ ᠰᠠᠭᠤᠯᠭᠠᠭᠰᠠᠨ ᠪᠦᠭᠡᠳ ᠲᠦᠪᠡᠳ ᠬᠡᠯᠡ ᠪᠠᠷ ᠢᠷᠦᠭᠡᠯ ᠳᠠᠯᠪᠢᠭᠤᠯᠪᠠ᠃ | 1939 ᠤᠨ ᠤ 6 ᠰᠠᠷ᠎ᠠ ᠳᠤ ᠠᠷᠦ ᠬᠤᠷᠴᠢᠨ ᠬᠤᠰᠢᠭᠤᠨ ᠤ ᠦᠯᠵᠡᠶᠢᠲᠦ ᠨᠤᠮ ᠤᠨ ᠬᠦᠷᠳᠦᠳᠦ | ᠰᠦᠮ᠎ᠡ ︵ᠨᠤᠶᠠᠨ ᠰᠦᠮ᠎ᠡ︶ ᠳᠤ ᠬᠦᠷᠭᠡᠵᠦ ᠱᠠᠪᠢᠯᠠᠨ ᠰᠠᠭᠤᠯᠭᠠᠵᠠᠢ᠃ ᠪᠢᠯᠢᠭ ᠪᠠᠷᠠᠮᠢᠳ ᠤᠨ ᠰᠠᠯᠪᠤᠷᠢ ᠳᠤ | ᠤᠷᠤᠵᠤ᠂ ᠳᠤᠷᠵᠢ ᠷᠠᠨᠵᠠᠮ ᠢ ᠪᠠᠭᠰᠢ ᠪᠠᠷᠢᠵᠤ ᠮᠠᠰᠢᠳᠠ ᠭᠠᠷᠤᠭᠰᠠᠨ ᠰᠠᠨᠸᠠᠷ ᠠᠪᠤᠪᠠ᠃ | 1945 ᠤᠨ ᠤ 8 ᠰᠠᠷ᠎ᠠ ᠪᠤᠯᠳᠠᠯ᠎ᠠ ᠦᠷᠭᠦᠯᠵᠢᠯᠡᠨ ᠨᠤᠶᠠᠨ ᠰᠦᠮ᠎ᠡ ᠳᠤ ᠰᠠᠭᠤᠵᠦ᠂ ᠳᠤᠰ ᠰᠦᠮ᠎ᠡ ᠶᠢᠨ | ᠬᠤᠷᠠᠯ ᠤᠨ ᠤᠩᠰᠢᠯᠭ᠎ᠠ ᠶᠢ ᠲᠦᠪᠡᠳ ᠬᠡᠯᠡ ᠪᠠᠷ ᠪᠦᠬᠦᠨ ᠢ ᠴᠡᠭᠡᠵᠢᠯᠡᠵᠠᠢ᠃ ᠵᠢᠱᠢᠶᠡᠯᠡᠪᠠᠯ ︽ᠢᠳᠡᠭᠡᠯ︾᠂ ︽ | ᠱᠠᠵᠢᠨ ᠪᠠᠳᠠᠷᠠᠬᠤᠢ︾᠂ ︽ᠠᠷᠪᠠᠨ ᠵᠢᠷᠭᠤᠭᠠᠨ ᠪᠠᠲᠦ ᠤᠷᠤᠰᠢᠭᠴᠢ ᠶᠢᠨ ᠮᠠᠭᠳᠠᠭᠠᠯ︾ ︽ᠬᠤᠳᠠᠯᠠ ᠳᠡᠭᠦᠰᠦᠭᠰᠡᠨ | ᠡᠷᠳᠡᠮ ᠤᠨ ᠲᠠᠯᠠᠢ ᠶᠢᠨ ᠲᠦᠪ︾ ︽ᠠᠳᠢᠱᠠ ᠶᠢᠨ ᠮᠠᠭᠳᠠᠭᠠᠯ ᠬᠤᠳᠠᠯᠠ ᠳᠡᠭᠦᠰᠦᠭᠰᠡᠨ︾᠂ ︽ᠴᠠᠭᠠᠨ ᠰᠢᠭᠦᠷᠲᠦ | ︾᠂ ︽ᠴᠠᠭᠯᠠᠰᠢ ᠦᠭᠡᠢ ᠨᠠᠰᠤᠲᠦ ᠶᠢᠨ ᠰᠤᠳᠤᠷ︾᠂ ︽ᠦᠯᠵᠡᠢ ᠳᠠᠪᠬᠤᠷ︾᠂ ︽ᠪᠢᠯᠢᠭ ᠤᠨ ᠵᠢᠷᠦᠭᠡᠨ︾᠂ ︽ | ᠳ᠋ᠾᠷ᠎ᠠ ᠡᠬᠡ︾᠂ ︽ᠤᠨᠤᠯ ᠨᠠᠮᠠᠨᠴᠢᠯᠠᠬᠤᠢ︾᠂ ︽ᠳᠠᠪᠤᠨ ᠢᠷᠦᠭᠡᠯ︾᠂ ︽ᠠᠷᠪᠠᠨ ᠳᠤᠭᠰᠢᠳ︾᠂ ︽ | ᠽᠤᠩᠺᠸᠠ ᠶᠢᠨ ᠨᠠᠮᠳᠠᠷ︾᠂ ︽ᠵᠠᠮᠢᠶᠠᠩᠱᠠᠳᠪᠠ ᠶᠢᠨ ᠨᠠᠮᠳᠠᠷ︾᠂ ︽ᠢᠯᠡᠷᠬᠡᠢ ᠤᠨᠤᠭᠴᠢ︾᠂ ︽ᠲᠦᠪ ᠳᠤᠷ | ᠤᠷᠤᠬᠤ︾᠂ ︽ᠭᠦᠡᠷᠢᠭ︾᠂ ︽ᠪᠤᠳᠢ ᠮᠦᠷ ᠤᠨ ᠬᠤᠷᠢᠶᠠᠩᠭᠤᠢ ᠤᠩᠰᠢᠯᠭ᠎ᠠ︾ ᠵᠡᠷᠭᠡ ᠢᠷᠦᠭᠡᠯ ᠮᠠᠭᠳᠠᠭᠠᠯ 2 | ᠵᠠᠭᠤ ᠰᠢᠬᠠᠮ ᠪᠤᠯᠤᠨ᠎ᠠ᠃ ᠡᠭᠦᠨ ᠠᠴᠠ ᠭᠠᠳᠠᠨ᠎ᠠ ᠲᠤᠶᠢᠷᠠ᠂ ᠤᠴᠢᠷ ᠰᠢᠯᠳᠠᠭᠠᠨ ᠤ ᠤᠬᠠᠭᠠᠨ᠂ ︽ᠳᠠᠯᠠᠨ | ᠤᠳᠬ᠎ᠠ︾᠂ ︽ᠬᠤᠷᠢᠨ ᠬᠤᠸᠠᠷᠠᠭ︾ ᠵᠡᠷᠭᠡ ᠶᠢᠨ ᠲᠠᠶᠢᠯ ᠠᠬᠤᠯᠠᠯ ᠮᠡᠲᠦ ᠶᠢᠨ ᠪᠢᠯᠢᠭ ᠪᠠᠷᠠᠮᠢᠳ ᠤᠨ ᠨᠤᠮ ᠢ | ᠰᠤᠷᠤᠯᠴᠠᠵᠦ᠂ ᠰᠢᠭᠦᠯᠳᠡ ᠦᠭᠬᠦ᠂ ᠨᠤᠮ ᠬᠠᠶᠠᠯᠴᠠᠬᠤ ᠵᠡᠷᠭᠡ ᠬᠡᠯᠪᠡᠷᠢ ᠪᠠᠷ ᠰᠠᠶᠢᠳᠦᠷ ᠰᠤᠷᠤᠯᠴᠠᠵᠤ᠂ ᠤᠬᠠᠭᠠᠨ ᠤ | ᠡᠭᠦᠳᠡ ᠪᠠᠨ ᠨᠡᠭᠡᠭᠡᠭᠰᠡᠨ ᠪᠠᠶᠢᠳᠠᠭ᠃ ᠡᠨᠡ ᠬᠤᠭᠤᠴᠠᠭᠠᠨ ᠳᠤ ᠡᠴᠢᠭᠡ ᠶᠢᠨ ᠢᠶᠠᠨ ᠰᠠᠨᠠᠭᠠᠴᠢᠯᠭ᠎ᠠ ᠪᠠᠷ ᠶᠠᠫᠤᠨ | ᠤᠯᠤᠰ ᠲᠤ ᠰᠤᠷᠤᠯᠴᠠᠭᠠᠳ ᠪᠤᠴᠠᠵᠤ ᠢᠷᠡᠭᠰᠡᠨ ᠨᠤᠷᠪᠤᠯᠼᠠᠨ ᠭᠡᠳᠡᠭ ᠵᠠᠯᠠᠭᠤ ᠯᠠᠮᠠ ᠪᠠᠷ ᠮᠤᠩᠭᠤᠯ ᠬᠡᠯᠡ ᠪᠢᠴᠢᠭ | ᠵᠢᠭᠠᠯᠭᠠᠵᠤ ︽ᠨᠡᠷᠡᠲᠦ ᠮᠡᠷᠭᠡᠳ ᠤᠨ ᠰᠤᠷᠭᠠᠯ︾᠂ ︽ᠭᠤᠷᠪᠠᠨ ᠦᠰᠦᠭᠲᠦ ᠨᠤᠮ︾ ᠵᠡᠷᠭᠡ ᠪᠢᠴᠢᠭ ᠢ ᠤᠩᠰᠢᠨ | ᠰᠤᠷᠤᠯᠴᠠᠪᠠ᠃ | 1945 ᠤᠨ ᠤ 8 ᠰᠠᠷ᠎ᠠ ᠳᠤ ᠲᠦᠭᠦᠷᠢᠭᠡᠨᠳᠠᠯᠠ ᠰᠦᠮ᠎ᠡ ᠳᠡᠭᠡᠷ᠎ᠡ ᠪᠠᠨ ᠪᠤᠴᠠᠵᠤ ᠢᠷᠡᠭᠰᠡᠨ ᠪᠦᠭᠡᠳ ᠳᠤᠰ | ᠰᠦᠮ᠎ᠡ ᠶᠢᠨ ᠨᠢᠮᠠᠰᠠᠩᠪᠤ ᠭᠡᠳᠡᠭ ᠯᠠᠮᠠ ᠪᠠᠷ ︽ᠤᠶᠤᠨ ᠲᠦᠯᠬᠢᠭᠦᠷ︾ ᠵᠡᠷᠭᠡ ᠮᠤᠩᠭᠤᠯ ᠬᠡᠯᠡᠨ ᠵᠦᠢ ᠶᠢᠨ ᠬᠠᠮᠢᠶ᠎ᠠ | ᠲᠠᠢ ᠨᠤᠮ ᠢ ᠵᠢᠭᠠᠯᠭᠠᠵᠦ ᠰᠤᠷᠤᠯᠴᠠᠪᠠ᠃ 1947 ᠤᠨ ᠤ ᠡᠬᠢᠨ ᠳᠤ ᠵᠢᠭᠠᠰᠤᠲᠠᠢ ᠰᠦᠮ᠎ᠡ ᠶᠢᠨ ᠠᠮᠠᠷᠢᠽᠠᠨᠠ | ᠤᠷᠴᠢᠭᠤᠯᠤᠭᠴᠢ ᠪᠠᠭᠰᠢ ᠠᠴᠠ ︽ᠢᠳᠡᠭᠡᠯ ᠤᠨ ᠬᠦᠳᠦᠯᠪᠦᠷᠢ︾᠂ ︽ᠤᠰᠤᠨ ᠱᠠᠰᠳᠢᠷ︾᠂ ︽ᠰᠤᠪᠠᠰᠢᠳᠢ︾ | ᠵᠡᠷᠭᠡ ᠶᠢ ᠲᠦᠪᠡᠳ ᠬᠡᠯᠡᠨ ᠠᠴᠠ ᠮᠤᠩᠭᠤᠯᠴᠢᠯᠠᠨ ᠤᠷᠴᠢᠭᠤᠯᠭ᠎ᠠ ᠰᠤᠷᠤᠯᠴᠠᠭᠰᠠᠨ ᠪᠦᠭᠡᠳ ᠦᠪᠡᠷ ᠢᠶᠠᠨ ︽ᠶᠡᠭᠡ | ᠶᠤᠸᠠᠨ ᠤᠯᠤᠰ ᠤᠨ ᠮᠠᠨᠳᠤᠭᠰᠠᠨ ᠲᠦᠷᠦ ᠶᠢᠨ ᠬᠦᠭᠡ ᠰᠤᠳᠤᠷ︾᠂ ︽ᠹᠧᠩ ᠵᠢᠶᠠᠨ ᠴᠦᠨ ᠴᠤ︾᠂ ︽ᠱᠧᠩ | ᠰᠤ᠋ ᠵᠢᠢ︾ ᠵᠡᠷᠭᠡ ᠮᠤᠩᠭᠤᠯ ᠦᠯᠢᠭᠡᠷ ᠤᠨ ᠪᠢᠴᠢᠭ ᠢ ᠤᠩᠰᠢᠵᠤ ᠪᠠᠶᠢᠵᠠᠢ᠃ | 1947 ᠤᠨ ᠤ 5 ᠰᠠᠷ᠎ᠠ ᠳᠤ ᠯᠢᠨ ᠳ᠋ᠦᠩ ᠳᠠᠬᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠳᠡᠭᠡᠲᠦ | ᠰᠤᠷᠭᠠᠭᠤᠯᠢ ᠳᠤ ᠰᠤᠷᠤᠯᠴᠠᠵᠤ᠂ ᠭᠤᠤᠯᠳᠠᠭᠤ ᠤᠯᠤᠰ ᠲᠦᠷᠦ ᠶᠢᠨ ᠶᠡᠷᠦ ᠶᠢᠨ ᠮᠡᠳᠡᠯᠭᠡ᠂ ᠬᠦᠳᠡᠭᠡ ᠠᠶᠢᠯ ᠤᠨ | ᠶᠡᠷᠦ ᠶᠢᠨ ᠮᠡᠳᠡᠯᠭᠡ ᠵᠡᠷᠭᠡ ᠤᠯᠤᠰ ᠲᠦᠷᠦ᠂ ᠴᠠᠭ ᠤᠨ ᠪᠠᠶᠢᠳᠠᠯ ᠤᠨ ᠲᠤᠬᠠᠢ ᠬᠢᠴᠢᠶᠡᠯ ᠠᠴᠠ ᠭᠠᠳᠠᠨ᠎ᠠ ᠬᠢᠷᠢᠯ | ᠮᠤᠩᠭᠤᠯ ᠦᠰᠦᠭ᠂ ᠮᠤᠩᠭᠤᠯ ᠬᠡᠯᠡᠨ ᠤ ᠵᠦᠢ᠂ ᠬᠤᠪᠢᠰᠬᠠᠯ ᠤᠨ ᠳᠠᠭᠤᠤ᠂ ᠴᠡᠷᠢᠭ ᠤᠨ ᠪᠤᠯᠪᠠᠰᠤᠷᠠᠯ ᠬᠢᠵᠦ | ᠰᠤᠷᠤᠯᠴᠠᠳᠠᠭ᠃ 1948 ᠤᠨ ᠤ ᠬᠠᠪᠤᠷ ᠭᠡᠷ ᠲᠡᠭᠡᠨ ᠬᠠᠷᠢᠵᠦ᠂ 1949 ᠤᠨ ᠤ ᠬᠠᠪᠤᠷ ᠯᠢᠨ ᠳ᠋ᠦᠩ ᠳᠤ | ᠵᠤᠤ ᠤᠳᠠ ᠠᠴᠠ ᠡᠷᠬᠢᠯᠡᠭᠰᠡᠨ ᠬᠢᠵᠢᠭ ᠢ ᠰᠡᠷᠭᠡᠶᠢᠯᠡᠬᠦ ᠪᠤᠯᠪᠠᠰᠤᠷᠠᠯ ᠤᠨ ᠠᠩᠬᠢ ᠳᠤ ᠰᠤᠷᠤᠯᠴᠠᠵᠠᠢ᠃1960 ᠤᠨ | ᠤ 5 ᠰᠠᠷ᠎ᠠ ᠳᠤ ᠦᠪᠦᠷ ᠮᠤᠩᠭᠤᠯ ᠤᠨ ᠡᠷᠡᠭᠦᠯ ᠬᠠᠮᠠᠭᠠᠯᠠᠯ ᠤᠨ ᠺᠠᠳ᠋ᠷ ᠤᠨ ᠳᠠᠪᠳᠠᠨ ᠪᠤᠯᠪᠠᠰᠤᠷᠠᠬᠤ ᠳᠡᠭᠡᠲᠦ | ᠰᠤᠷᠭᠠᠭᠤᠯᠢ ᠳᠤ ᠰᠤᠷᠤᠯᠴᠠᠨ ᠠᠵᠢᠯ ᠳᠤ ᠤᠷᠤᠯᠴᠠᠪᠠ᠃ ᠳᠡᠷᠡ ᠪᠠᠷ ᠨᠤᠮ ᠪᠢᠴᠢᠭ ᠵᠤᠬᠢᠶᠠᠨ ᠨᠠᠶᠢᠷᠠᠭᠤᠯᠬᠤ᠂ | ᠬᠠᠷᠢᠴᠠᠭᠤᠯᠤᠨ ᠬᠢᠨᠠᠬᠤ᠂ ᠤᠷᠴᠢᠭᠤᠯᠬᠤ᠂ ᠡᠮᠬᠢᠳᠭᠡᠬᠦ ᠪᠤᠯᠤᠨ ᠡᠬᠡ ᠪᠢᠴᠢᠭ ᠢ ᠵᠠᠰᠠᠨ ᠦᠭᠡᠷᠡᠴᠢᠯᠡᠵᠦ | ᠪᠤᠯᠪᠠᠰᠤᠷᠠᠭᠤᠯᠬᠤ ᠳᠤ ᠬᠠᠮᠤᠭ ᠤᠨ ᠠᠷᠪᠢᠨ ᠬᠦᠴᠦ ᠬᠦᠳᠡᠯᠮᠦᠷᠢ ᠪᠠᠨ ᠵᠠᠷᠤᠴᠠᠭᠤᠯᠤᠭᠰᠠᠨ ᠪᠠᠶᠢᠨ᠎ᠠ᠃ ᠡᠳᠡᠭᠡᠷ | ᠠᠵᠢᠯ ᠢᠶᠠᠨ ᠠᠮᠵᠢᠯᠳᠠ ᠲᠠᠢ ᠪᠡᠶᠡᠯᠡᠭᠦᠯᠬᠦ᠂ ᠴᠢᠨᠠᠷ ᠴᠢᠨᠰᠠᠭ᠎ᠠ ᠶᠢ ᠪᠠᠲᠤᠯᠠᠬᠤ᠂ ᠬᠤᠷᠳᠤᠴᠠ ᠶᠢ ᠲᠦᠷᠭᠡᠳᠬᠡᠬᠦ ᠶᠢᠨ | ᠲᠦᠯᠦᠭᠡ ᠠᠯᠵᠢᠶᠠᠯ ᠵᠦᠳᠡᠷᠡᠯ ᠢ ᠬᠠᠶᠢᠬᠤᠷᠤᠯ ᠦᠭᠡᠢ ᠡᠳᠦᠷᠵᠢᠨ ᠰᠦᠨᠢᠵᠢᠨ ᠴᠢᠷᠮᠠᠶᠢᠵᠠᠢ᠃ ᠵᠢᠱᠢᠶᠡᠯᠡᠪᠡᠯ ︽ | ᠮᠤᠩᠭᠤᠯ ᠡᠮ ᠤᠨ ᠤᠶᠢᠯᠠᠯᠭ᠎ᠠ︾ ᠶᠢ ᠨᠠᠶᠢᠷᠠᠭᠤᠯᠤᠨ ᠵᠤᠬᠢᠶᠠᠬᠤ ᠬᠤᠭᠤᠴᠠᠭᠠᠨ ᠳᠠᠭᠠᠨ ᠡᠳᠦᠷ ᠪᠦᠷᠢ ᠤᠷᠤᠢ ᠶᠢᠨ | 7 ᠴᠠᠭ ᠬᠠᠭᠠᠰ ᠠᠴᠠ ᠦᠳᠡᠰᠢ ᠶᠢᠨ 12 ᠴᠠᠭ ᠪᠤᠯᠳᠠᠯ᠎ᠠ ᠠᠵᠢᠯᠯᠠᠵᠤ᠂ ᠭᠠᠷᠠᠭ ᠤᠨ ᠡᠳᠦᠷ᠂ ᠴᠢᠯᠦᠭᠡᠨ ᠤ | ᠠᠮᠠᠷᠠᠯᠳᠠ᠂ ᠴᠢᠨᠠᠭᠰᠢᠯᠠᠪᠠᠯ ᠯᠠ ᠰᠠᠷ᠎ᠠ ᠶᠢᠨ 29 ᠳᠤ ᠴᠦ ᠠᠵᠢᠯᠯᠠᠵᠤ ᠪᠠᠶᠢᠭᠰᠠᠨ ᠶᠤᠮ᠃ ᠡᠨᠡ ᠮᠡᠲᠦ ᠪᠠᠷ ᠦᠪᠡᠷ | ᠤᠨ ᠭᠠᠷ ᠢᠶᠠᠷ ᠢᠶᠠᠨ ᠪᠢᠴᠢᠵᠦ᠂ ᠬᠠᠳᠠᠭᠤᠵᠢᠯ ᠲᠠᠢ ᠴᠢᠷᠮᠠᠶᠢᠭᠰᠠᠨ ᠢᠶᠠᠷ 17 ᠢᠵᠢ᠂ 31ᠳᠡᠪᠳᠡᠷ᠂ 300 | ᠭᠠᠷᠦᠢ ᠲᠦᠮᠡᠨ ᠦᠰᠦᠭ ᠲᠠᠢ ᠨᠤᠮ ᠢ ᠭᠤᠤᠯᠯᠠᠨ ᠨᠠᠶᠢᠷᠠᠭᠤᠯᠤᠭᠰᠠᠨ ᠪᠤᠶᠤ ᠨᠠᠶᠢᠷᠠᠭᠤᠯᠤᠨ ᠪᠢᠴᠢᠬᠦ ᠳᠤ | ᠤᠷᠤᠯᠴᠠᠭᠰᠠᠨ ᠶᠤᠮ᠃ ᠡᠭᠦᠨ ᠤ ᠳᠤᠳᠤᠷ᠎ᠠ ᠬᠢᠳᠠᠳ ᠬᠡᠯᠡᠨ ᠤ ᠨᠤᠮ 17᠂ ᠮᠤᠩᠭᠤᠯ ᠬᠡᠯᠡᠨ ᠤ ᠨᠤᠮ 14᠂ | ᠮᠤᠩᠭᠤᠯ ᠬᠢᠳᠠᠳ ᠬᠠᠷᠢᠴᠠᠭᠤᠯᠤᠭᠰᠠᠨ ᠨᠤᠮ 1 ᠪᠤᠢ᠃ ︽ᠮᠤᠩᠭᠤᠯ ᠡᠮ ᠤᠨ ᠤᠶᠢᠯᠠᠯᠭ᠎ᠠ︾ ︵ᠳᠡᠭᠡᠳᠦ︶᠂ ︽ | ᠰᠢᠷᠬ᠎ᠠ ᠵᠠᠰᠠᠬᠤ ᠲᠤᠬᠠᠢ︾᠂ ︽ᠮᠤᠩᠭᠤᠯ ᠡᠮ ᠤᠨ ᠰᠤᠳᠤᠯᠤᠯ︾ ︵ᠳᠤᠳᠤᠭᠠᠲᠦ ᠬᠡᠪᠯᠡᠯ︶᠂ ︽ᠮᠤᠩᠭᠤᠯ | ᠰᠤᠳᠤᠯᠤᠯ ᠤᠨ ᠨᠡᠪᠳᠡᠷᠬᠡᠢ ᠲᠤᠯᠢ᠂ ᠠᠨᠠᠭᠠᠬᠤ ᠤᠬᠠᠭᠠᠨ︾ ᠵᠡᠷᠭᠡ 9 ᠢᠵᠢ ᠨᠤᠮ ᠢ ᠡᠷᠬᠢᠯᠡᠨ ᠨᠠᠶᠢᠷᠠᠭᠤᠯᠪᠠ᠃ | ᠡᠭᠦᠨ ᠠᠴᠠ ᠭᠠᠳᠠᠨ᠎ᠠ ︽ᠭᠡᠷ ᠪᠦᠯᠢ ᠶᠢᠨ ᠡᠮᠴᠢ︾᠂ ︽ᠦᠪᠦᠷ ᠮᠤᠩᠭᠤᠯ ᠤᠨ ᠢᠳᠡᠭᠡᠨ ᠵᠠᠰᠠᠯ ᠤᠨ ᠡᠮ︾ | ᠭᠡᠳᠡᠭ 2 ᠵᠤᠬᠢᠶᠠᠯ ᠤᠨ ᠵᠦᠪᠯᠡᠭᠴᠢ ᠪᠤᠯᠵᠤ ᠬᠢᠨᠠᠬᠤ ᠠᠵᠢᠯ ᠢ ᠭᠦᠢᠴᠡᠳᠬᠡᠵᠠᠢ᠃ | 1974 ᠤᠨ ᠠᠴᠠ ᠬᠤᠶᠢᠰᠢ 60 ᠰᠢᠬᠠᠮ ᠦᠭᠦᠯᠡᠯ ᠢᠶᠠᠨ ᠨᠡᠶᠢᠳᠡᠯᠡᠭᠦᠯᠵᠠᠢ᠃ ᠡᠭᠦᠨ ᠤ ᠲᠤᠳᠤᠷ᠎ᠠ | ᠮᠤᠩᠭᠤᠯ ᠡᠮ ᠤᠨ ᠡᠬᠢ ᠰᠤᠷᠪᠤᠯᠵᠢ ᠶᠢ ᠰᠢᠯᠭᠠᠵᠤ ᠮᠠᠭᠠᠳᠯᠠᠭᠰᠠᠨ᠂ ᠮᠤᠩᠭᠤᠯ ᠡᠮ ᠤᠨ ᠤᠨᠤᠯ ᠰᠤᠳᠤᠯᠭ᠎ᠠ᠂ | ᠠᠨᠠᠭᠠᠬᠤ ᠤᠬᠠᠭᠠᠨᠳᠠᠨ ᠢ ᠰᠢᠯᠭᠠᠵᠦ ᠮᠠᠭᠠᠳᠯᠠᠭᠰᠠᠨ᠂ ᠰᠤᠷᠪᠤᠯᠵᠢ ᠪᠢᠴᠢᠭ᠂ ᠨᠡᠷ᠎ᠡ ᠲᠤᠮᠢᠶ᠎ᠠ ᠶᠢ ᠨᠢᠭᠡᠳᠬᠡᠬᠦ᠂ | ᠡᠷᠳᠡᠮ ᠰᠢᠨᠵᠢᠯᠡᠭᠡᠨ ᠤ ᠡᠳᠡᠭᠡᠳ᠂ ᠮᠠᠨᠪᠠ ᠷᠠᠽᠠᠩ᠂ ᠡᠬᠢ ᠰᠤᠷᠪᠤᠯᠵᠢ ᠶᠢ ᠬᠠᠶᠢᠭᠤᠯ ᠬᠠᠶᠠᠭᠰᠠᠨ᠂ ᠡᠮ ᠢ ᠬᠢᠨᠠᠨ | ᠲᠤᠭᠳᠠᠭᠠᠬᠤ᠂ ᠭᠠᠷ ᠤᠨ ᠠᠪᠤᠯᠭ᠎ᠠ᠂ ᠡᠷᠳᠡᠮ ᠰᠢᠨᠵᠢᠯᠡᠭᠡᠨ ᠤ ᠰᠤᠳᠤᠯᠭ᠎ᠠ ᠶᠢᠨ ᠲᠦᠯᠦᠪᠯᠡᠭᠡ᠂ ᠦᠭᠦᠯᠡᠯ ᠪᠢᠴᠢᠬᠦ | ᠶᠢᠨ ᠲᠤᠰᠠᠯᠠᠮᠵᠢ ᠵᠡᠷᠭᠡ ᠠᠭᠤᠯᠭ᠎ᠠ ᠶᠢ ᠪᠠᠭᠳᠠᠭᠠᠭᠰᠠᠨ ᠦᠭᠦᠯᠡᠯ᠂ ᠶᠡᠷᠦᠩᠬᠡᠶᠢᠯᠡᠭᠰᠡᠨ ᠵᠤᠬᠢᠶᠠᠯ ᠪᠠᠭᠳᠠᠨ᠎ᠠ᠃ ︽ | ᠮᠤᠩᠭᠤᠯ ᠡᠮ ᠤᠨ ᠰᠤᠳᠤᠯᠤᠯ︾ ᠨᠢ 1988 ᠤᠨ ᠳᠤ ᠮᠤᠵᠢ ᠶᠢᠨ ᠱᠠᠳᠤᠨ ᠤ ᠳᠡᠭᠡᠲᠦ ᠰᠤᠷᠭᠠᠭᠤᠯᠢ ᠶᠢᠨ | ᠦᠪᠡᠰᠦᠪᠠᠨ ᠨᠠᠶᠢᠷᠠᠭᠤᠯᠤᠭᠰᠠᠨ ᠮᠤᠩᠭᠤᠯ ᠵᠢᠭᠠᠬᠤ ᠮᠠᠲ᠋ᠧᠷᠢᠶᠠᠯ ᠤᠨ ᠨᠢᠭᠡᠳᠦᠭᠡᠷ ᠳᠡᠰ ᠤᠨ ᠱᠠᠩᠨᠠᠯ ᠢ ᠤᠯᠵᠤ᠂ | 1992 ᠤᠨ ᠳᠤ ᠦᠪᠡᠷᠳᠡᠭᠡᠨ ᠵᠠᠰᠠᠬᠤ ᠤᠷᠤᠨ ᠤ ᠰᠢᠯᠢᠳᠡᠭ ᠮᠤᠩᠭᠤᠯ ᠨᠤᠮ ᠤᠨ ᠬᠤᠶᠠᠳᠤᠭᠠᠷ ᠳᠡᠰ ᠤᠨ | ᠱᠠᠩᠨᠠᠯ ᠢ ᠤᠯᠪᠠ᠃ 1995 ᠤᠨ ᠳᠤ ︽ᠳᠡᠯᠡᠬᠡᠢ ᠶᠢᠨ ᠬᠤᠶᠠᠳᠤᠭᠠᠷ ᠬᠤᠭᠤᠴᠠᠭᠠᠨ ᠤ ᠤᠯᠠᠮᠵᠢᠯᠠᠯᠳᠤ ᠡᠮᠨᠡᠯᠭᠡ | ᠶᠢᠨ ᠤᠬᠠᠭᠠᠨ ᠤ ᠶᠡᠭᠡ ᠬᠤᠷᠠᠯ︾ ᠳᠤ ᠠᠯᠳᠠᠨ ᠬᠤᠨᠳᠠᠭ᠎ᠠ ᠶᠢᠨ ᠤᠨᠴᠠ ᠳᠡᠰ ᠤᠨ ᠱᠠᠩᠨᠠᠯ ᠢ ᠬᠦᠷᠳᠡᠵᠡᠢ᠃ ︽ | ᠮᠤᠩᠭᠤᠯ ᠡᠮᠨᠡᠯᠭᠡ ᠶᠢᠨ ᠰᠢᠷᠬ᠎ᠠ ᠵᠠᠰᠠᠯ ᠤᠨ ᠲᠤᠬᠠᠢ︾ ᠬᠡᠭᠦ ᠨᠤᠮ ᠨᠢ ᠦᠪᠡᠷᠳᠡᠭᠡᠨ ᠵᠠᠰᠠᠬᠤ ᠤᠷᠤᠨ ᠤ ᠰᠢᠨᠵᠢᠯᠡᠭᠦ | ᠤᠬᠠᠭᠠᠨ ᠤ ᠰᠤᠳᠤᠯᠭᠠᠨ ᠤ ᠪᠦᠳᠦᠭᠡᠯ ᠤᠨ ᠲᠦᠷᠪᠡᠳᠦᠭᠡᠷ ᠳᠡᠰ ᠤᠨ ᠱᠠᠩᠨᠠᠯ ᠢ ᠤᠯᠵᠤ᠂ ︽ᠳᠤᠮᠳᠠᠳᠤ ᠶᠢᠨ | ᠡᠮᠨᠡᠯᠭᠡ ᠶᠢᠨ ᠤᠬᠠᠭᠠᠨ ᠤ ᠪᠦᠷᠢᠨ ᠲᠤᠯᠢ ᠶᠢᠨ ᠮᠤᠩᠭᠤᠯ ᠡᠮᠨᠡᠯᠭᠡ ᠶᠢᠨ ᠪᠤᠳᠢ︾ ᠨᠢ ᠳᠤᠮᠳᠠᠳᠤ ᠤᠯᠤᠰ ᠤᠨ | ᠰᠢᠯᠢᠳᠡᠭ ᠰᠢᠨᠵᠢᠯᠡᠬᠦ ᠤᠬᠠᠭᠠᠨ ᠤ ᠨᠤᠮ ᠪᠢᠴᠢᠭ ᠤᠨ ᠬᠤᠶᠠᠳᠤᠭᠠᠷ ᠳᠡᠰ ᠤᠨ ᠱᠠᠩᠨᠠᠯ ᠢ ᠲᠤᠰᠴᠠᠢ᠃ ᠪᠤᠰᠤᠳ | ᠤᠯᠠᠨ ᠪᠦᠳᠦᠭᠡᠯ ᠨᠢ ᠤᠯᠤᠰ ᠤᠷᠤᠨ᠂ ᠳᠡᠯᠡᠬᠡᠢ ᠶᠢᠨ ᠱᠠᠩᠨᠠᠯ ᠢ ᠬᠦᠷᠳᠡᠭᠰᠡᠨ ᠪᠦᠭᠡᠳ 1995 ᠤᠨ ᠳᠤ ︽ | ᠳᠡᠯᠡᠬᠡᠢ ᠶᠢᠨ ᠬᠤᠶᠠᠳᠤᠭᠠᠷ ᠬᠤᠭᠤᠴᠠᠭᠠᠨ ᠤ ᠤᠯᠠᠮᠵᠢᠯᠠᠯᠲᠦ ᠡᠮᠨᠡᠯᠭᠡ ᠶᠢᠨ ᠤᠬᠠᠭᠠᠨ ᠤ ᠶᠡᠭᠡ ᠬᠤᠷᠠᠯ︾ ᠳᠤ | ᠤᠷᠤᠯᠴᠠᠨ ︽ᠰᠢᠯᠢᠳᠡᠭ ᠪᠦᠳᠦᠭᠡᠯ ᠤᠨ ᠱᠠᠩᠨᠠᠯ︾ ᠲᠤᠰᠴᠦ ︽ᠦᠨᠳᠦᠰᠦᠳᠡᠨ ᠤ ᠡᠮᠨᠡᠯᠭᠡ ᠶᠢᠨ ᠤᠳᠤᠨ︾ ᠤ | ᠴᠤᠯᠠ ᠶᠢ ᠬᠦᠷᠳᠡᠵᠠᠢ᠃ | ᠳᠡᠷᠡ ᠪᠠᠷ ᠦᠪᠦᠷ ᠮᠤᠩᠭᠤᠯ ᠤᠨ ᠡᠮᠨᠡᠯᠭᠡ ᠶᠢᠨ ᠳᠡᠭᠡᠲᠦ ᠰᠤᠷᠭᠠᠭᠤᠯᠢ ᠶᠢᠨ ᠮᠤᠩᠭᠤᠯ ᠡᠮ ᠤᠨ ᠰᠤᠳᠤᠯᠤᠯ | ᠤᠨ ᠫᠷᠦᠹᠧᠰᠰᠤᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠰᠤᠶᠤᠯ | ᠳᠡᠥᠬᠡ ᠰᠤᠳᠤᠯᠬᠤ ᠤᠷᠳᠤᠨ ᠤ ᠰᠠᠩᠴᠢ ᠶᠢᠨ ᠲᠤᠰᠢᠶᠠᠯ᠂ ᠳᠤᠮᠳᠠᠲᠦ ᠤᠯᠤᠰ ᠤᠨ ᠦᠨᠳᠦᠰᠦᠳᠡᠨ ᠤ ᠡᠮ ᠡᠮᠨᠡᠯᠭᠡ | ᠶᠢᠨ ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠭᠡᠷᠡᠭ ᠡᠷᠬᠢᠯᠡᠭᠴᠢ ᠶᠢᠨ ᠬᠤᠷᠠᠯ ᠤᠨ ᠳᠡᠳ᠋ ᠳᠠᠷᠤᠭ᠎ᠠ ᠶᠢᠨ ᠲᠤᠰᠢᠶᠠᠯ | ᠢ ᠬᠠᠪᠰᠤᠷᠭᠠᠨ ᠬᠠᠷᠢᠭᠤᠴᠠᠪᠠ᠃ ᠤᠷᠢᠳ ᠬᠤᠵᠢᠳ ᠦᠪᠦᠷ ᠮᠤᠩᠭᠤᠯ ᠤᠨ ᠡᠮᠨᠡᠯᠭᠡ ᠶᠢᠨ ᠳᠡᠭᠡᠲᠦ ᠰᠤᠷᠭᠠᠭᠤᠯᠢ | ᠶᠢᠨ ᠬᠢᠳᠠᠳ ᠮᠤᠩᠭᠤᠯ ᠡᠮᠨᠡᠯᠭᠡ ᠶᠢᠨ ᠰᠠᠯᠪᠤᠷᠢ ᠶᠢᠨ ᠳᠡᠳ᠋ ᠡᠷᠬᠢᠯᠡᠭᠴᠢ᠂ ᠳᠤᠮᠳᠠᠳᠤ ᠤᠯᠤᠰ ᠤᠨ ᠤᠯᠤᠰ ᠲᠦᠷᠦ | ᠶᠢᠨ ᠵᠦᠪᠯᠡᠯᠭᠡᠨ ᠤ 7᠂ 8 ᠳ᠋ᠤᠭᠠᠷ ᠬᠤᠭᠤᠴᠠᠭᠠᠨ ᠤ ᠭᠡᠰᠢᠭᠦᠨ᠂ ᠦᠪᠦᠷ ᠮᠤᠩᠭᠤᠯ ᠤᠨ ᠮᠤᠩᠭᠤᠯ ᠡᠮᠨᠡᠯᠭᠡ ᠶᠢᠨ | ᠡᠷᠳᠡᠮ ᠰᠢᠨᠵᠢᠯᠡᠭᠡᠨ ᠤ ᠨᠡᠶᠢᠭᠡᠮᠯᠢᠭ ᠤᠨ 1 ᠳ᠋ᠤᠭᠡᠷ ᠬᠤᠭᠤᠴᠠᠭᠠᠨ ᠤ ᠬᠡᠷᠡᠭ ᠡᠷᠬᠢᠯᠡᠭᠴᠢ᠂ 2᠂ 3 ᠳ᠋ᠤᠭᠠᠷ | ᠬᠤᠭᠤᠴᠠᠭᠠᠨ ᠤ ᠭᠡᠷᠡᠭ ᠡᠷᠬᠢᠯᠡᠭᠴᠢ ᠶᠢᠨ ᠬᠤᠷᠠᠯ ᠤᠨ ᠳᠡᠳ᠋ ᠳᠠᠷᠤᠭ᠎ᠠ᠂ ᠦᠪᠦᠷ ᠮᠤᠩᠭᠤᠯ ᠤᠨ ᠰᠢᠵᠢᠯᠡᠬᠦ | ᠤᠬᠠᠭᠠᠨ ᠮᠡᠷᠭᠡᠵᠢᠯ ᠤᠨ ᠨᠡᠶᠢᠭᠡᠮᠯᠢᠭ ᠤᠨ 3 ᠳ᠋ᠤᠭᠠᠷ ᠬᠤᠭᠤᠴᠠᠭᠠᠨ ᠤ ᠭᠡᠰᠢᠭᠦᠨ᠂ ᠦᠪᠦᠷ ᠮᠤᠩᠭᠤᠯ ᠤᠨ ᠡᠷᠡᠭᠦᠯ | ᠢ ᠬᠠᠮᠠᠭᠠᠯᠠᠬᠤ ᠳᠢᠩᠬᠢᠮ ᠤᠨ ᠡᠮ ᠬᠢᠨᠠᠨ ᠰᠢᠯᠭᠠᠷᠠᠭᠤᠯᠬᠤ ᠵᠦᠪᠯᠡᠯ ᠤᠨ ᠭᠡᠰᠢᠭᠦᠨ᠂ ᠳᠤᠮᠳᠠᠲᠦ ᠤᠯᠤᠰ ᠤᠨ ᠡᠮ | ᠡᠮᠨᠡᠯᠭᠡ ᠶᠢᠨ ᠳᠡᠭᠡᠲᠦ ᠰᠤᠷᠭᠠᠭᠤᠯᠢ ᠶᠢᠨ ᠮᠤᠩᠭᠤᠯ ᠠᠨᠠᠭᠠᠬᠤ ᠤᠬᠠᠭᠠᠨ ᠤ ᠵᠢᠭᠠᠬᠤ ᠪᠢᠴᠢᠭ ᠢ ᠨᠠᠶᠢᠷᠠᠭᠤᠯᠤᠨ | ᠬᠢᠨᠠᠬᠤ ᠵᠦᠪᠯᠡᠯ ᠤᠨ ᠳᠡᠳ᠋ ᠶᠡᠷᠦᠩᠬᠡᠢ ᠨᠠᠶᠢᠷᠠᠭᠤᠯᠤᠭᠴᠢ᠂ ︽ᠳᠤᠮᠳᠠᠳᠤ ᠤᠯᠤᠰ ᠤᠨ ᠡᠪᠡᠰᠦᠨ ᠡᠮ︾ | ᠨᠠᠶᠢᠷᠠᠭᠤᠯᠬᠤ ᠵᠦᠪᠯᠡᠯ ᠤᠨ ᠬᠡᠰᠢᠭᠦᠨ ᠪᠦᠭᠡᠳ ᠦᠨᠳᠦᠰᠦᠳᠡᠨ ᠤ ᠡᠮ ᠤᠨ ᠳᠤᠰᠬᠠᠢ ᠮᠡᠷᠭᠡᠵᠢᠯ ᠤᠨ ᠨᠠᠶᠢᠷᠠᠭᠤᠯᠬᠤ | ᠵᠦᠪᠯᠡᠯ ᠤᠨ ᠡᠷᠬᠢᠯᠡᠭᠴᠢ ᠭᠡᠰᠢᠭᠦᠨ᠂ ᠦᠪᠦᠷ ᠮᠤᠩᠭᠤᠯ ᠤᠨ ᠳᠡᠭᠡᠲᠦ ᠰᠤᠷᠭᠠᠭᠤᠯᠢ ᠶᠢᠨ ᠮᠤᠩᠭᠤᠯ ᠵᠢᠭᠠᠬᠤ ᠪᠢᠴᠢᠭ | ᠢ ᠨᠠᠶᠢᠷᠠᠭᠤᠯᠤᠨ ᠤᠷᠴᠢᠭᠤᠯᠬᠤ 2 ᠳ᠋ᠤᠭᠠᠷ ᠬᠤᠭᠤᠴᠠᠭᠠᠨ ᠤ ᠵᠦᠪᠯᠡᠯ ᠤᠨ ᠬᠡᠰᠢᠭᠦᠨ᠂ ᠦᠪᠦᠷ ᠮᠤᠩᠭᠤᠯ ᠤᠨ ᠡᠮ | ᠤᠨ ᠰᠤᠳᠤᠯᠤᠯ ᠤᠨ ᠨᠡᠶᠢᠭᠡᠮᠯᠢᠭ ᠤᠨ ᠪᠠᠶᠢᠩᠭᠤ ᠶᠢᠨ ᠬᠡᠷᠡᠭ ᠡᠷᠬᠢᠯᠡᠭᠴᠢ ᠵᠡᠷᠭᠡ ᠲᠤᠰᠢᠶᠠᠯ ᠢ ᠬᠠᠷᠢᠭᠤᠴᠠᠵᠤ | ᠦᠩᠭᠡᠷᠡᠵᠠᠢ᠃ ᠤᠷᠢᠳ ᠬᠤᠵᠢᠳ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠦᠳᠡᠯᠮᠦᠷᠢ ᠶᠢᠨ | ᠵᠢᠱᠢᠶᠠᠴᠢ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ | ᠢᠳᠡᠷ ᠵᠠᠯᠠᠭᠤ ᠮᠡᠷᠭᠡᠵᠢᠯᠳᠡᠨ᠂ ᠦᠪᠦᠷ ᠮᠤᠩᠭᠤᠯ ᠤᠨ ᠳᠡᠭᠡᠲᠦ ᠰᠤᠷᠭᠠᠭᠤᠯᠢ ᠶᠢᠨ ᠳᠡᠷᠢᠭᠦᠨ ᠤ ᠠᠵᠢᠯᠳᠠᠨ᠂ | ᠦᠪᠦᠷ ᠮᠤᠩᠭᠤᠯ ᠤᠨ ᠰᠢᠭᠤᠳ ᠬᠠᠷᠢᠶ᠎ᠠ ᠪᠠᠶᠢᠭᠤᠯᠭ᠎ᠠ ᠶᠢᠨ ᠮᠤᠩᠭᠤᠯ ᠬᠡᠯᠡ ᠪᠢᠴᠢᠭ ᠢ ᠰᠤᠷᠴᠦ ᠬᠡᠷᠡᠭᠯᠡᠭᠰᠡᠨ | ᠰᠠᠶᠢᠴᠤᠤᠯ᠂ ᠦᠪᠦᠷ ᠮᠤᠩᠭᠤᠯ ᠤᠨ ᠡᠮᠨᠡᠯᠭᠡ ᠶᠢᠨ ᠳᠡᠭᠡᠲᠦ ᠰᠤᠷᠭᠠᠭᠤᠯᠢ ᠶᠢᠨ ᠳᠡᠷᠢᠭᠦᠨ ᠤ ᠰᠢᠨᠵᠢᠯᠡᠭᠦ ᠤᠬᠠᠭᠠᠨ | ᠮᠡᠷᠬᠡᠵᠢᠯ ᠤᠨ ᠲᠦᠯᠦᠭᠡᠯᠡᠭᠴᠢ᠂ ᠳᠤᠮᠳᠠᠳᠤ ᠤᠯᠤᠰ ᠤᠨ ᠠᠵᠢᠯᠳᠠᠨ ᠤ ᠶᠠᠮᠤᠨ᠂ ᠡᠷᠡᠭᠦᠯ ᠢ ᠬᠠᠮᠠᠭᠠᠯᠠᠬᠤ ᠶᠠᠮᠤᠨ᠂ | ᠤᠯᠤᠰ ᠤᠨ ᠬᠢᠳᠠᠳ ᠡᠮ ᠡᠮᠨᠡᠯᠭᠡ ᠶᠢᠨ ᠬᠠᠮᠢᠶᠠᠷᠤᠯᠳᠠ ᠶᠢᠨ ᠲᠤᠪᠴᠢᠶᠠᠨ ᠤ ᠳᠤᠭᠳᠠᠭᠠᠭᠰᠠᠨ ᠠᠩᠬᠠᠳᠤᠭᠠᠷ | ᠤᠳᠠᠭᠠᠨ ᠤ ᠳᠤᠮᠳᠠᠳᠤ ᠶᠢᠨ ᠡᠮ ᠡᠮᠨᠡᠯᠭᠡ ᠶᠢᠨ ᠠᠬᠠᠮᠠᠳ ᠮᠡᠷᠭᠡᠵᠢᠯᠳᠡ ᠤ ᠲᠤᠷᠰᠢᠯᠭ᠎ᠠ ᠤᠯᠠᠮᠵᠢᠯᠠᠬᠤ ᠶᠢ | ᠵᠢᠯᠤᠭᠤᠳᠬᠤ ᠪᠠᠭᠰᠢ᠂ ᠤᠯᠤᠰ ᠤᠨ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ᠂ ᠠᠵᠢᠯᠳᠠᠨ ᠤ ᠶᠠᠮᠤᠨ᠂ | ᠰᠢᠨᠵᠢᠯᠡᠬᠦ ᠤᠬᠠᠭᠠᠨ ᠮᠡᠷᠭᠡᠵᠢᠯ ᠤᠨ ᠨᠡᠶᠢᠭᠡᠮᠯᠢᠭ ᠠᠴᠠ ᠤᠯᠭᠤᠭᠰᠠᠨ ᠴᠦᠭᠡᠨ ᠲᠤᠭᠠᠲᠦ ᠦᠨᠳᠦᠰᠦᠳᠡᠨ ᠤ ᠤᠷᠤᠨ | ᠳᠤ ᠤᠳᠠᠭᠠᠨ ᠵᠢᠯ ᠠᠵᠢᠯᠯᠠᠭᠰᠠᠨ ᠰᠢᠨᠵᠢᠯᠡᠭᠦ ᠤᠬᠠᠭᠠᠨ ᠮᠡᠷᠭᠡᠵᠢᠯ ᠤᠨ ᠠᠵᠢᠯᠳᠠᠨ ᠤ ᠢᠷᠠᠭᠤ ᠠᠯᠳᠠᠷ ᠤᠨ ᠦᠨᠡᠮᠯᠡᠯ | ᠵᠡᠷᠭᠡ ᠠᠯᠳᠠᠷ ᠬᠦᠨᠲᠦ ᠶᠢ ᠬᠦᠷᠳᠡᠪᠡ᠃ | 2002 ᠤᠨ ᠤ ᠰᠡᠭᠦᠯᠴᠢ ᠪᠠᠷ ᠦᠨᠳᠦᠷ ᠨᠠᠰᠤᠨ ᠤ ᠳᠡᠳᠬᠦᠪᠦᠷᠢ ᠳᠤ ᠭᠠᠷᠤᠭᠰᠠᠨ ᠪᠤᠯᠪᠠᠴᠦ 2004 | ᠤᠨ ᠠᠴᠠ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠪᠠᠷ ᠤᠷᠢᠭᠳᠠᠨ ᠠᠵᠢᠯᠯᠠᠵᠤ᠂ ᠬᠢᠴᠢᠶᠡᠯ ᠤᠷᠤᠬᠤ᠂ ᠨᠤᠮ | ᠵᠤᠬᠢᠶᠠᠯ ᠪᠢᠴᠢᠬᠦ ᠬᠢᠨᠨᠠᠬᠤ ᠵᠡᠷᠬᠡ ᠠᠵᠢᠯ ᠳᠤ ᠵᠢᠳᠬᠦᠨ ᠴᠢᠷᠮᠠᠶᠢᠭᠰᠠᠨ ᠶᠤᠮ᠃ | 2006 ᠤᠨ ᠤ 12 ᠰᠠᠷ᠎ᠠ ᠶᠢᠨ 13 ᠤ ᠡᠳᠦᠷ ᠤᠨ 14 ᠴᠠᠭ 50 ᠮᠢᠨᠦ᠋ᠲ ᠲᠤ ᠨᠠᠰᠦ ᠪᠠᠷᠠᠪᠠ᠃ | | |