| ᠮᠤᠤᠠᠦ᠋ᠬᠢᠨ᠂ 1906 ᠤᠨ ᠳᠤ ᠠᠷᠦ ᠬᠤᠷᠴᠢᠨ ᠬᠤᠰᠢᠭᠤᠨ ᠤ ᠱᠤᠤ ᠰᠤᠮᠤ ᠶᠢᠨ ᠳᠠᠪᠢᠨ ᠭᠠᠴᠠᠭ᠎ᠠ ᠶᠢᠨ | ᠮᠠᠯᠴᠢᠨ ᠤ ᠭᠡᠷ ᠲᠤ ᠲᠦᠷᠦᠪᠡ᠃ ᠲᠦᠷᠦᠭᠰᠡᠨ ᠭᠡᠷ ᠤᠨ ᠬᠢᠨᠢ ᠠᠵᠤ ᠠᠮᠢᠳᠤᠷᠠᠯ ᠨᠢ ᠶᠠᠳᠠᠭᠤ ᠳᠠᠷᠴᠢᠨ ᠪᠤᠯᠬᠤᠷ᠂ | ᠰᠠᠷ᠎ᠠ ᠲᠦᠭᠦᠷᠦᠮᠡᠭᠴᠡ ᠪᠤᠰᠤᠳ ᠲᠤ ᠳᠡᠵᠢᠭᠡᠯᠭᠡᠵᠠᠢ᠃ ᠳᠡᠵᠢᠭᠡᠭᠰᠡᠨ ᠡᠬᠡ ᠨᠢ ᠰᠠᠶᠢᠬᠠᠨ ᠰᠡᠳᠬᠢᠯ ᠲᠠᠢ ᠬᠦᠳᠡᠭᠡ | ᠶᠢᠨ ᠪᠦᠰᠡᠭᠦᠢ ᠪᠦᠬᠡᠳ ᠠᠶᠢᠯ ᠭᠤᠤᠯ ᠳᠠᠭᠠᠨ ᠠᠯᠳᠠᠷᠲᠠᠢ ᠠᠷᠠᠳ ᠤᠨ ᠤᠷᠠᠨ ᠰᠠᠶᠢᠬᠠᠨᠴᠢ ᠪᠠᠶᠢᠵᠠᠢ᠃ ᠳᠡᠶᠢᠨ ᠬᠦ | ᠂ ᠮᠤᠤᠠᠦ᠋ᠬᠢᠨ ᠨᠢᠯᠬ᠎ᠠ ᠠᠴᠠ ᠪᠠᠨ ᠠᠪᠤᠭᠠᠳ ᠠᠷᠠᠳ ᠤᠨ ᠳᠠᠭᠤᠤ ᠬᠦᠭᠵᠢᠮ ᠪᠤᠯᠤᠨ ᠠᠷᠠᠳ ᠤᠨ ᠠᠮᠠᠨ ᠦᠯᠢᠬᠡᠷ | ᠤᠨ ᠰᠢᠮ᠎ᠡ ᠪᠠᠷ ᠬᠦᠮᠦᠵᠢᠭᠳᠡᠵᠦ᠂ ᠳᠡᠵᠢᠭᠡᠭᠰᠡᠨ ᠡᠬᠡ ᠠᠴᠠ ᠪᠠᠨ ᠬᠤᠯᠪᠤᠭ᠎ᠠ᠂ ᠠᠷᠠᠳ ᠤᠨ ᠳᠠᠭᠤᠤ ᠶᠢ ᠤᠯᠠᠨ | ᠰᠤᠷᠴᠠᠢ᠃ ᠠᠶᠢᠯ ᠤᠨ ᠬᠡᠥᠬᠡᠳ ᠲᠠᠢ ᠨᠠᠭᠠᠳᠬᠤ ᠳᠠᠭᠠᠨ ᠶᠡᠷᠦᠨᠢ ᠪᠤᠷᠭᠠᠰᠤ ᠪᠠᠷ ᠬᠤᠭᠤᠷ ᠪᠤᠯᠭᠠᠭᠠᠳ ᠦᠯᠢᠭᠡᠷ | ᠬᠤᠯᠪᠤᠭ᠎ᠠ ᠬᠡᠯᠡᠳᠡᠭ ᠪᠠᠶᠢᠪᠠ᠃ 16 ᠨᠠᠰᠤᠲᠠᠢ ᠵᠢᠯ ᠠᠴᠠ ᠪᠠᠨ ᠬᠤᠭᠤᠷ ᠪᠠᠷᠢᠵᠤ ᠦᠯᠢᠭᠡᠷ ᠬᠡᠯᠡᠬᠦ ᠶᠢ ᠵᠢᠩᠬᠢᠨᠢ ᠪᠠᠷ | ᠰᠤᠷᠴᠠᠢ᠃ ᠳᠡᠷᠡ ᠰᠡᠴᠡᠨ ᠰᠡᠷᠭᠦᠯᠡᠩ ᠰᠤᠷᠬᠤ ᠳᠤ ᠪᠠᠭ᠋ᠠᠳᠠᠢ ᠪᠤᠯᠬᠤᠷ᠂ 20 ᠨᠠᠰᠤ ᠬᠦᠷᠦᠩᠭᠦᠳᠡ ᠦᠯᠢᠭᠡᠷ | ᠬᠤᠯᠪᠤᠭ᠎ᠠ ᠳᠤ ᠪᠦᠷ ᠴᠠᠭᠠᠷᠠᠭᠰᠠᠨ ᠪᠠᠶᠢᠪᠠ᠃ ᠬᠡᠯᠡᠳᠡᠭ ᠦᠯᠢᠬᠡᠷ ᠬᠤᠯᠪᠤᠭ᠎ᠠ ᠶᠢᠨ ᠬᠢᠨᠢ ᠠᠭᠤᠯᠭ᠎ᠠ ᠪᠠᠶᠠᠯᠢᠭ᠂ | ᠬᠡᠯᠪᠡᠷᠢ ᠨᠢ ᠤᠶᠠᠨ ᠬᠠᠳᠠᠨ᠂ ᠦᠬᠡ ᠬᠡᠯᠡᠯᠭᠡ ᠨᠢ ᠲᠦᠷᠰᠦᠯᠢᠭ᠂ ᠰᠢᠯᠦᠭ ᠤᠨ ᠦᠨᠦᠷ ᠠᠮᠳᠠ ᠪᠠᠷ ᠳᠡᠭᠦᠯᠳᠡᠷ | ᠪᠤᠯᠬᠤᠷ᠂ ᠡᠨᠡ ᠬᠢᠷᠢ ᠬᠤᠭᠤᠷ ᠤᠨ ᠦᠯᠢᠭᠡᠷ ᠬᠡᠯᠡᠵᠦ ᠠᠮᠢ ᠵᠢᠭᠤᠬᠤ ᠳᠤ ᠬᠦᠢᠴᠡᠯᠳᠡᠳᠠᠢ ᠪᠤᠯᠵᠠᠢ᠃ ᠦᠯᠢᠭᠡᠷ | ᠬᠤᠯᠪᠤᠭ᠎ᠠ᠂ ᠳᠠᠭᠤᠤ ᠶᠢ ᠳᠡᠷᠡ ᠳᠠᠰᠤᠷᠠᠯ ᠦᠬᠡᠢ ᠵᠤᠬᠢᠶᠠᠵᠤ᠂ ᠬᠤᠰᠢᠭᠤᠨ ᠳᠤᠳᠤᠷ᠎ᠠ ᠪᠠᠨ ᠬᠡᠯᠡᠬᠦ ᠪᠠᠷ ᠪᠠᠷᠠᠬᠤ | ᠦᠬᠡᠢ᠂ ᠵᠠᠷᠤᠳ᠂ ᠨᠠᠢᠮᠠᠨ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠵᠡᠷᠭᠡ ᠭᠠᠵᠠᠷ ᠢᠶᠠᠷ ᠬᠦᠷᠴᠦ᠂ | ᠦᠯᠢᠬᠡᠷ ᠬᠤᠯᠪᠤᠭ᠎ᠠ ᠬᠡᠯᠡᠳᠡᠭ ᠪᠠᠶᠢᠪᠠ᠃ ᠳᠡᠷᠡ ᠬᠤᠭᠤᠷ ᠤᠨ ᠦᠯᠢᠭᠡᠷ ᠬᠡᠯᠡᠬᠦ ᠦᠢᠯᠡᠳᠦᠯᠭᠡ ᠪᠠᠷ ᠢᠶᠠᠷ | ᠳᠠᠮᠵᠢᠭᠤᠯᠵᠤ᠂ ᠤᠯᠠᠨ ᠲᠦᠮᠡᠨ ᠤ ᠳᠤᠮᠳᠠ ᠠᠴᠠ ᠤᠷᠠᠯᠢᠭ ᠤᠨ ᠰᠢᠮ᠎ᠡ ᠬᠦᠷᠳᠡᠨ᠂ ᠨᠡᠶᠢᠭᠡᠮ ᠤᠨ ᠡᠯ᠎ᠡ | ᠳᠠᠪᠬᠤᠷᠭ᠎ᠠ ᠶᠢᠨ ᠤᠯᠠᠨ ᠲᠦᠮᠡᠨ ᠤ ᠦᠵᠡᠯ ᠰᠠᠨᠠᠭ᠎ᠠ ᠬᠠᠶᠢᠷ᠎ᠠ ᠰᠡᠳᠬᠢᠯᠬᠡ ᠶᠢ ᠠᠵᠢᠭᠯᠠᠨ ᠰᠤᠳᠤᠯᠬᠤ ᠶᠢᠨ ᠬᠠᠮᠲᠦ | ᠂ ᠠᠬᠠᠮᠠᠳ ᠤᠷᠠᠨ ᠰᠠᠶᠢᠬᠠᠨᠴᠢᠳ ᠠᠴᠠ ᠳᠠᠷᠤᠤ ᠨᠤᠮᠤᠬᠠᠨ ᠢᠶᠠᠷ ᠰᠤᠷᠤᠯᠴᠠᠨ᠂ ᠦᠯᠢᠬᠡᠷ ᠬᠡᠯᠡᠬᠦ ᠤᠷ᠎ᠠ ᠡᠷᠳᠡᠮ | ᠢᠶᠠᠨ ᠴᠢᠨᠠᠭᠰᠢᠳᠠ ᠳᠡᠭᠡᠭᠰᠢᠯᠡᠭᠦᠯᠵᠠᠢ᠃ ᠦᠷᠬᠡᠨ ᠤᠯᠠᠨ ᠠᠷᠠᠳ ᠤᠯᠠᠨ ᠤ ᠬᠠᠶᠢᠷ᠎ᠠ ᠬᠤᠷᠤᠰᠤᠯ ᠢ ᠳᠡᠷᠡ ᠦᠯᠢᠬᠡᠷ | ᠬᠤᠯᠪᠤᠭ᠎ᠠ᠂ ᠰᠢᠯᠦᠭ ᠨᠠᠶᠢᠷᠠᠭ ᠲᠠᠭᠠᠨ ᠰᠢᠩᠭᠡᠭᠡᠵᠦ᠂ ᠬᠠᠭᠤᠴᠢᠨ ᠨᠡᠶᠢᠬᠡᠮ ᠤᠨ ᠮᠦᠯᠵᠢᠯ ᠳᠠᠷᠤᠯᠠᠯ ᠳᠤ ᠳᠤᠷ᠎ᠠ | ᠦᠬᠡᠶᠢᠴᠡᠯ ᠢᠶᠠᠨ ᠢᠯᠡᠳᠬᠡᠳᠡᠭ ᠤᠨ ᠤᠯᠠᠮ ᠠᠴᠠ ᠠᠷᠠᠳ ᠲᠦᠮᠡᠨ ᠤ ᠳᠠᠭᠠᠰᠢᠶᠠᠯ ᠢ ᠶᠡᠬᠡᠳᠡ ᠤᠯᠤᠭᠰᠠᠨ ᠶᠤᠮ᠃ | ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠤᠷᠠᠨ ᠰᠠᠶᠢᠬᠠᠨᠴᠢ ᠶᠢᠨ ᠬᠤᠪᠢ ᠳᠤ ᠳᠡᠭᠦᠨ | ᠤ ᠤᠷᠠᠯᠢᠭ ᠤᠨ ᠵᠠᠯᠠᠭᠤ ᠶᠢᠨ ᠴᠤᠭ ᠨᠢ ᠪᠠᠳᠠᠷᠠᠪᠠ᠃ ᠠᠷᠠᠳ ᠲᠦᠮᠡᠨ ᠤ ᠴᠢᠯᠦᠬᠡᠯᠡᠭᠳᠡᠯ᠂ ᠳᠤᠮᠳᠠᠳᠤ ᠤᠯᠤᠰ ᠤᠨ | ᠡᠪ ᠬᠠᠮᠲᠦ ᠨᠠᠮ ᠤᠨ ᠠᠭᠤᠤ ᠶᠡᠭᠡ᠂ ᠡᠬᠡ ᠤᠷᠤᠨ ᠤ ᠪᠦᠳᠦᠭᠡᠨ ᠪᠠᠶᠢᠭᠤᠯᠤᠯᠳᠠ ᠶᠢᠨ ᠠᠮᠵᠢᠯᠳᠠ ᠶᠢ ᠳᠡᠷᠡ | ᠤᠷᠬᠢᠯᠤᠮ᠎ᠠ ᠬᠠᠯᠠᠭᠤᠨ ᠰᠡᠳᠬᠢᠯᠬᠡ ᠪᠠᠷ ᠤᠶᠠᠩᠭᠠᠯᠠᠨ ᠮᠠᠭᠳᠠᠵᠤ ᠪᠠᠶᠢᠵᠠᠢ᠃ 1949 ᠤᠨ ᠳᠤ ᠦᠪᠦᠷ ᠮᠤᠩᠭᠤᠯ | ᠤᠨ ᠦᠪᠡᠷᠳᠡᠭᠡᠨ ᠵᠠᠰᠠᠬᠤ ᠤᠷᠤᠨ ᠠᠴᠠ ᠤᠯᠠᠭᠠᠨᠬᠠᠳᠠ ᠳᠤ ᠡᠷᠬᠢᠯᠡᠭᠰᠡᠨ ᠠᠷᠠᠳ ᠤᠨ ᠤᠷᠠᠨ ᠰᠠᠶᠢᠬᠠᠨᠴᠢᠳ ᠤᠨ | ᠪᠤᠯᠪᠠᠰᠤᠷᠠᠯ ᠤᠨ ᠠᠩᠬᠢ ᠳᠤ ᠤᠷᠤᠯᠴᠠᠭᠠᠳ᠂ ᠪᠦᠬᠦ ᠤᠷᠤᠨ ᠤ ᠠᠷᠠᠳ ᠤᠨ ᠤᠷᠠᠨ ᠰᠠᠶᠢᠬᠠᠨᠴᠢᠳ ᠤᠨ ᠵᠤᠬᠢᠶᠠᠨ | ᠪᠠᠶᠢᠭᠤᠯᠤᠯᠳᠠ ᠳᠤ ᠡᠯᠰᠡᠭᠳᠡᠪᠡ᠃ 1950 ᠤᠨ ᠤ 11 ᠰᠠᠷ᠎ᠠ ᠳᠤ ᠦᠪᠦᠷ ᠮᠤᠩᠭᠤᠯ ᠤᠨ ᠤᠳᠬ᠎ᠠ | ᠤᠷᠠᠯᠢᠭᠴᠢᠳ ᠤᠨ ᠲᠦᠯᠦᠭᠡᠯᠡᠭᠴᠢᠳ ᠤᠨ ᠬᠤᠷᠠᠯ ᠳᠤ ᠤᠷᠤᠯᠴᠠᠭᠠᠳ᠂ ᠳᠡᠮᠡᠢ ᠤᠳᠠᠯ ᠦᠬᠡᠢ ᠦᠪᠦᠷ ᠮᠤᠩᠭᠤᠯ | ᠤᠨ ᠦᠪᠡᠷᠳᠡᠭᠡᠨ ᠵᠠᠰᠠᠬᠤ ᠤᠷᠤᠨ ᠤ ᠲᠦᠪ ᠬᠦᠬᠡᠬᠤᠳᠠ ᠳᠤ ᠰᠢᠯᠵᠢᠨ ᠦᠯᠢᠭᠡᠷ ᠬᠤᠯᠪᠤᠭ᠎ᠠ ᠬᠡᠯᠡᠬᠦ ᠪᠤᠯᠵᠠᠢ᠃ | 1955 ᠤᠨ ᠳᠤ ᠳᠤᠮᠳᠠᠳᠤ ᠤᠯᠤᠰ ᠤᠨ ᠠᠷᠠᠳ ᠲᠦᠮᠡᠨ ᠤ ᠲᠤᠬᠤᠨᠢᠭᠤᠯᠬᠤ ᠪᠦᠯᠬᠦᠮ ᠳᠤ ᠤᠷᠤᠯᠴᠠᠨ | ᠰᠤᠯᠤᠩᠭᠤᠰ ᠲᠤ ᠬᠦᠷᠴᠦ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠢ ᠲᠤᠬᠤᠨᠢᠭᠤᠯᠪᠠ᠃ | ᠮᠦᠨ ᠵᠢᠯ ᠦᠪᠦᠷ ᠮᠤᠩᠭᠤᠯ ᠤᠨ ᠦᠨᠳᠦᠰᠦᠳᠡᠨ ᠤ ᠳᠠᠭᠤᠤ ᠪᠦᠵᠢᠭ ᠤᠨ ᠳᠤᠭᠯᠠᠯᠳᠠ ᠶᠢᠨ ᠴᠤᠭᠯᠠᠭᠠᠨ ᠳᠡᠭᠡᠷ᠎ᠡ᠂ | ᠳᠡᠷᠡ ︽ᠳᠡᠮᠦᠷ ᠪᠤᠬ᠎ᠠ︾ ᠬᠡᠬᠦ ᠬᠤᠯᠪᠤᠭ᠎ᠠ ᠪᠠᠨ ᠬᠡᠯᠡᠬᠡᠳ ᠤᠷᠤᠨ ᠤ ᠳᠤᠳᠤᠨ᠎ᠠ ᠭᠠᠳᠠᠨᠠᠬᠢ ᠦᠵᠡᠭᠴᠢ | ᠰᠤᠨᠤᠰᠤᠭᠴᠢᠳ ᠤᠨ ᠦᠨᠳᠦᠷ ᠦᠨᠡᠯᠡᠯᠳᠡ ᠶᠢ ᠤᠯᠵᠤ᠂ ᠳᠡᠷᠢᠭᠦᠨ ᠤ ᠱᠠᠩᠨᠠᠯ ᠬᠦᠷᠳᠡᠵᠡᠢ᠃ 1956 ᠤᠨ ᠤ | 3 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠦ ᠨᠠᠮ ᠳᠤ ᠡᠯᠰᠡᠭᠳᠡᠪᠡ᠃ ᠮᠦᠨ ᠵᠢᠯ ᠤᠨ 4 ᠰᠠᠷ᠎ᠠ ᠳᠤᠨᠢ ᠪᠦᠬᠦ | ᠤᠯᠤᠰ ᠤᠨ ᠤᠳᠬ᠎ᠠ ᠤᠷᠠᠯᠢᠭ ᠤᠨ ᠳᠡᠷᠢᠭᠦᠨ ᠤ ᠠᠵᠢᠯᠳᠠᠳ ᠤᠨ ᠲᠦᠯᠦᠭᠡᠯᠡᠭᠴᠢᠳ ᠤᠨ ᠬᠤᠷᠠᠯ ᠳᠤ | ᠤᠷᠤᠯᠴᠠᠭᠠᠳ᠂ ᠮᠠᠥ ᠽᠧ ᠳ᠋ᠦᠩ ᠳᠡᠷᠢᠭᠦᠯᠡᠭᠴᠢ ᠲᠠᠢ ᠠᠭᠤᠯᠵᠠᠵᠠᠢ᠃ ᠮᠦᠨ ᠵᠢᠯ ᠪᠠᠰᠠ ᠪᠦᠬᠦᠳᠡ ᠨᠠᠶᠢᠷᠠᠮᠳᠠᠬᠤ | ᠮᠤᠩᠭᠤᠯ ᠠᠷᠠᠳ ᠤᠯᠤᠰ ᠲᠤ ᠬᠦᠷᠴᠦ ᠳᠤᠭᠯᠠᠯᠳᠠ ᠭᠠᠷᠭᠠᠪᠠ᠃ 1958 ᠤᠨ ᠳᠤ ᠪᠦᠬᠦ ᠤᠯᠤᠰ ᠤᠨ ᠤᠳᠬ᠎ᠠ | ᠤᠷᠠᠯᠢᠭ ᠤᠨ ᠳᠡᠷᠢᠭᠦᠨ ᠤ ᠠᠵᠢᠯᠳᠠᠨ ᠤ ᠲᠦᠯᠦᠬᠡᠯᠡᠭᠴᠢᠳ ᠤᠨ ᠬᠤᠷᠠᠯ ᠳᠤ ᠳᠠᠬᠢᠨᠳᠠ ᠤᠷᠤᠯᠴᠠᠵᠠᠢ᠃ | ᠮᠤᠤᠠᠦ᠋ᠬᠢᠨ ᠪᠤᠯ ᠠᠯᠳᠠᠷᠳᠠᠢ ᠮᠤᠩᠭᠤᠯ ᠦᠯᠢᠬᠡᠷᠴᠢᠨ᠂ ᠰᠤᠳᠤᠨ ᠠᠷᠠᠳ ᠤᠨ ᠳᠠᠭᠤᠴᠢᠨ ᠶᠤᠮ᠃ ᠳᠡᠷᠡ | ᠠᠷᠠᠳ ᠲᠦᠮᠡᠨ ᠤ ᠳᠤᠮᠳᠠ ᠤᠴᠢᠵᠤ ᠦᠯᠢᠬᠡᠷ ᠬᠤᠯᠪᠤᠭ᠎ᠠ ᠬᠡᠯᠡᠬᠦ ᠶᠢ ᠤᠷᠳᠤ ᠬᠤᠭᠤᠴᠠᠭ᠎ᠠ ᠪᠠᠷ ᠪᠠᠷᠢᠮᠳᠠᠯᠠᠵᠤ | ᠪᠠᠶᠢᠭᠰᠠᠨ ᠪᠦᠬᠡᠳ ᠳᠡᠭᠦᠨ ᠤ ᠡᠮᠬᠢᠳᠬᠡᠭᠰᠡᠨ ᠮᠤᠩᠭᠤᠯ ᠤᠨ ᠤᠯᠠᠮᠵᠢᠯᠠᠯᠲᠦ ᠢᠷᠠᠭᠤ ᠨᠠᠶᠢᠷᠠᠭ ︽ᠳᠤᠭᠳᠠᠬᠤ︾ | ᠵᠢᠴᠢ ︽ᠭᠠᠳᠠ ᠮᠠᠶᠢᠷᠠᠨ︾᠂ ︽ᠪᠤᠶᠠᠨᠬᠡᠰᠢᠭ ᠳ᠋ᠠ ᠯᠠᠮᠠ︾᠂ ︽ᠪᠡᠬᠡᠵᠢᠩ ᠯᠠᠮᠠ︾᠂ ︽ᠬᠠᠨ ᠰᠢᠦ ᠢᠩ︾᠂ | ︽ᠭᠠᠩᠷᠠᠶᠢᠮᠠ︾᠂ ︽ᠯᠦᠩ ᠮᠧᠢ︾ ᠵᠡᠷᠭᠡ ᠠᠷᠠᠳ ᠤᠨ ᠳᠠᠭᠤᠤ ᠨᠢ ᠮᠤᠩᠭᠤᠯᠴᠤᠳ ᠲᠤ ᠨᠡᠶᠢᠳᠡᠮ | ᠳᠠᠭᠠᠯᠠᠭᠳᠠᠵᠤ᠂ ᠬᠦᠮᠦᠰ ᠲᠤ ᠬᠦᠨ ᠰᠠᠭᠤᠭᠳᠠᠯ ᠦᠯᠡᠳᠡᠭᠡᠭᠰᠡᠨ ᠪᠢᠯᠡ᠃ ᠦᠪᠡᠷᠳᠡᠬᠡᠨ ᠵᠠᠰᠠᠬᠤ ᠤᠷᠤᠨ ᠤ ᠵᠠᠰᠠᠭ | ᠤᠨ ᠤᠷᠳᠤᠨ ᠦᠯᠢᠭᠡᠷ ᠬᠤᠯᠪᠤᠭ᠎ᠠ ᠬᠡᠯᠡᠬᠦ ᠶᠢ ᠨᠢ ᠬᠦᠬᠢᠭᠦᠯᠦᠨ ᠵᠤᠷᠢᠭᠵᠢᠭᠤᠯᠬᠤ ᠶᠢᠨ ᠲᠦᠯᠦᠬᠡ᠂ ᠲᠦᠷᠦᠬᠦᠤ | ᠵᠠᠭᠤᠨ ᠤ ᠳᠠᠪᠢᠭᠠᠳ ᠤᠨ ᠳᠤ ᠦᠪᠡᠷᠳᠡᠭᠡᠨ ᠵᠠᠰᠠᠬᠤ ᠤᠷᠤᠨ ᠤ ᠲᠦᠪ ᠬᠦᠬᠡᠬᠤᠳᠠ ᠳᠤ ᠮᠤᠩᠭᠤᠯ ᠤᠨ ᠦᠯᠢᠬᠡᠷ | ᠤᠨ ᠬᠡᠷ ᠢ ᠳᠤᠰᠬᠠᠶᠢᠯᠠᠨ ᠪᠠᠶᠢᠭᠤᠯᠤᠨ ᠦᠭᠴᠦ᠂ ᠠᠷᠠᠳ ᠤᠨ ᠤᠷᠠᠨ ᠰᠠᠶᠢᠬᠠᠨᠴᠢᠳ ᠤᠨ ᠳᠤᠭᠯᠠᠯᠳᠠ ᠭᠠᠷᠭᠠᠬᠤ | ᠳᠤ ᠰᠠᠶᠢᠨ ᠨᠦᠬᠦᠴᠡᠯ ᠪᠦᠷᠢᠯᠳᠦᠭᠦᠯᠦᠨ ᠦᠭᠴᠦ ᠪᠠᠶᠢᠭᠰᠠᠨ ᠶᠤᠮ᠂ ᠳᠡᠭᠦᠨ ᠤ ᠬᠡᠪᠯᠡᠭᠦᠯᠦᠭᠰᠡᠨ ᠵᠤᠬᠢᠶᠠᠯ | ᠪᠦᠳᠦᠬᠡᠯ ᠢ ᠳᠤᠷᠠᠳᠪᠠᠯ᠂ ︽ᠳᠡᠮᠦᠷ ᠪᠤᠬ᠎ᠠ︾ ᠂ ︽ᠬᠦᠬᠡᠬᠤᠳᠠ ᠶᠢᠨ ᠮᠠᠭᠳᠠᠭᠠᠯ︾ ᠂ ︽ᠮᠤᠤᠠᠦ᠋ᠬᠢᠨ ᠤ | ᠬᠤᠯᠪᠤᠭ᠎ᠠ ᠶᠢᠨ ᠳᠡᠭᠦᠪᠦᠷᠢ︾ ᠵᠡᠷᠭᠡ ᠪᠤᠢ᠃ ᠲᠦᠷᠦᠬᠦᠤ ᠵᠠᠭᠤᠨ ᠤ ᠳᠠᠪᠢᠭᠠᠳ ᠤᠨ ᠠᠴᠠ ᠡᠬᠢᠯᠡᠬᠡᠳ᠂ | ᠮᠤᠤᠠᠦ᠋ᠬᠢᠨ ᠬᠦᠬᠡᠬᠤᠳᠠ ᠶᠢᠨ ᠠᠷᠠᠳ ᠤᠨ ᠲᠦᠯᠦᠭᠡᠯᠡᠭᠴᠢ᠂ ᠦᠪᠡᠷᠳᠡᠭᠡᠨ ᠵᠠᠰᠠᠬᠤ ᠤᠷᠤᠨ ᠤ ᠨᠢᠭᠡ᠂ | ᠬᠤᠶᠠᠳᠤᠭᠠᠷ ᠬᠤᠭᠤᠴᠠᠭᠠᠨ ᠤ ᠤᠯᠤᠰ ᠲᠦᠷᠦ ᠶᠢᠨ ᠵᠦᠪᠯᠡᠯᠭᠡᠨ ᠤ ᠬᠡᠰᠢᠭᠦᠨ᠂ ᠳᠤᠮᠳᠠᠳᠤ ᠤᠯᠤᠰ ᠤᠨ ᠳᠠᠭᠤᠤ | ᠬᠦᠭᠵᠢᠮᠴᠢᠳ ᠤᠨ ᠨᠡᠶᠢᠭᠡᠮᠯᠢᠭ ᠤᠨ ᠬᠡᠰᠢᠭᠦᠨ᠂ ᠳᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ᠬᠡᠰᠢᠭᠦᠨ | ᠢᠶᠠᠷ ᠤᠷᠢᠳ ᠬᠤᠵᠢᠳ ᠰᠤᠩᠭᠤᠭᠳᠠᠵᠤ ᠪᠠᠶᠢᠭᠰᠠᠨ ᠪᠦᠬᠡᠳ ᠳᠤᠮᠳᠠᠳᠤ ᠤᠯᠤᠰ ᠤᠨ ᠠᠷᠠᠳ ᠤᠨ ᠦᠯᠢᠬᠡᠷ ᠤᠨ | ᠳᠤᠭᠤᠵᠢ ᠶᠢᠨ ᠰᠤᠳᠤᠯᠭᠠᠨ ᠤ ᠨᠡᠶᠢᠭᠡᠮᠯᠢᠭ ᠤᠨ ᠳᠡᠳ᠋ ᠳᠡᠷᠢᠭᠦᠯᠡᠭᠴᠢ ᠪᠠᠷ ᠰᠤᠩᠭᠤᠭᠳᠠᠵᠤ ᠪᠠᠶᠢᠭᠰᠠᠨ ᠶᠤᠮ᠃ ︽ | ᠰᠤᠶᠤᠯ ᠤᠨ ᠶᠡᠭᠡ ᠬᠤᠪᠢᠰᠬᠠᠯ︾ ᠤᠨ ᠳᠤᠮᠳᠠ ︽ᠬᠤᠪᠢᠰᠬᠠᠯ ᠢ ᠡᠰᠡᠷᠭᠦᠴᠡᠭᠴᠢ︾ ᠬᠡᠵᠦ ᠬᠦᠳᠬᠡᠭᠳᠡᠨ | ᠬᠤᠤᠷᠯᠠᠯ ᠠᠮᠰᠠᠪᠠ᠃ 1979 ᠤᠨ ᠤ 2 ᠰᠠᠷ᠎ᠠ ᠶᠢᠨ 12 ᠤᠨ ᠡᠳᠦᠷ ᠡᠪᠡᠳᠴᠢᠨ ᠢᠶᠠᠷ ᠨᠠᠰᠤ ᠪᠠᠷᠠᠵᠠᠢ᠃ ︽ | ᠲᠦᠷᠪᠡᠨ ᠬᠦᠮᠦᠨ ᠤ ᠪᠦᠯᠦᠭ︾ ᠢ ᠪᠤᠳᠠᠨᠢᠷᠭᠡᠭᠰᠡᠨ ᠤ ᠰᠡᠭᠦᠯᠡᠷ᠂ ᠬᠢᠯᠢᠰ ᠢ ᠨᠢ ᠴᠠᠭᠠᠳᠬᠠᠵᠤ ᠦᠭᠪᠡ᠃ | | |