ᠬᠤᠯᠠ ᠳ᠋ᠠᠬᠢᠨ ᠢ ᠲᠤᠬᠤᠨᠢᠭᠤᠯᠤᠬᠴᠢ ᠰᠦᠮ᠎ᠡ
ᠨᠡᠶᠢᠲᠡᠯᠡᠭᠰᠡᠨ ᠴᠠᠭ᠄
2015/9/2
     ᠬᠤᠯᠠ ᠳ᠋ᠠᠬᠢᠨ ᠢ ᠲᠤᠬᠤᠨᠢᠭᠤᠯᠤᠬᠴᠢ ᠰᠦᠮ᠎ᠡ ᠶᠢ ᠪᠠᠰᠨ ᠴᠢᠪᠠᠭ᠎ᠠ ᠶᠢᠨ ᠰᠦᠮ᠎ᠡ ᠭᠡᠳᠡᠭ᠃ ᠠᠩᠬ᠎ᠠ ᠡᠷᠳᠡ  ᠳᠤ ᠪᠠᠨ ᠡᠨᠡ ᠬᠦ ᠭᠠᠵᠠᠷ ᠨᠢ ᠬᠤᠨᠳᠣ ᠪᠠᠯᠭᠠᠰᠣ ᠶᠢᠨ ᠣᠩᠭᠤᠨ ᠮᠣᠳᠣ ᠭᠠᠴᠠᠭ᠎ᠠ ᠶᠢᠨ ᠬᠠᠷᠢᠶ᠎ᠠ ᠭᠠᠵᠠᠷ ᠪᠠᠶᠢᠪᠠ᠃ ᠲᠤᠬᠠᠢ ᠶᠢᠨ ᠦᠶ᠎ᠡ ᠳᠤ ᠤᠩᠭᠤᠨ ᠮᠣᠳᠣ ᠠᠶᠢᠯ ᠤᠨ ᠬᠢᠨᠢ ᠬᠤᠷᠢᠭᠠᠳ ᠡᠷᠦᠬᠡ ᠣᠤᠭᠠᠯ ᠡᠷᠦᠬᠡ ᠪᠠᠶᠢᠵᠤ᠂ ᠲᠡᠭᠷᠢ ᠠᠭᠤᠯᠠ ᠠᠴᠠ ᠬᠤᠶᠢᠰᠢ ᠤᠳᠤ ᠶᠢᠨ ᠤᠩᠭᠤᠨ ᠮᠤᠳᠣ ᠶᠢᠨ ᠠᠷᠣ ᠵᠠᠬ᠎ᠠ ᠶᠢᠨ ᠠᠵᠢᠷᠭ᠎ᠠ ᠶᠢᠨ ᠠᠭᠤᠯᠠ ᠬᠦᠷᠳᠡᠯ᠎ᠡ ᠨᠣᠳᠣᠭᠯᠠᠵᠤ ᠪᠠᠶᠢᠵᠠᠢ᠃ ᠲᠤᠰ ᠰᠦᠮ᠎ᠡ ᠶᠢ ᠣᠩᠭᠤᠨ ᠮᠣᠳᠣ ᠭᠠᠴᠠᠭ᠎ᠠ ᠶᠢᠨ ᠣᠤᠭᠠᠯ ᠡᠷᠦᠬᠡ ᠲᠠᠶᠢᠵᠢ ᠲᠤᠷᠵᠢᠵᠠᠪ  ᠤᠨ ᠲᠡᠭᠡᠷ᠎ᠡ ᠦᠶ᠎ᠡ ᠶᠢᠨ ᠬᠢᠨᠢ ᠪᠠᠶᠢᠭᠤᠯᠪᠠ᠃ ᠡᠶᠢᠨ ᠬᠦ ᠡᠷᠳᠡ ᠦᠶ᠎ᠡ ᠠᠴᠠ ᠪᠠᠨ ᠤᠩᠭᠤᠨ ᠮᠣᠳᠣ ᠶᠢᠨ ᠠᠶᠢᠯ  ᠠᠴᠠ ᠲᠤᠰ ᠰᠦᠮ᠎ᠡ ᠶᠢᠨ ᠯᠠᠮᠠ ᠤᠯᠠᠨ ᠪᠠᠶᠢᠳᠠᠭ᠃ ᠲᠤᠰ ᠰᠦᠮ᠎ᠡ ᠨᠢ ᠨᠤᠶᠠᠨ ᠰᠦᠮ᠎ᠡ ᠯᠦᠭᠡ ᠮᠠᠰᠢ ᠨᠢᠭᠳᠠ ᠬᠠᠷᠢᠴᠠᠭ᠎ᠠ ᠬᠤᠯᠪᠣᠭ᠎ᠠ ᠲᠠᠢ ᠪᠢᠯᠡ᠃      ︽ᠬᠤᠯᠠ ᠳᠡᠭᠡᠨ ᠢ ᠲᠣᠬᠤᠨᠢᠭᠤᠯᠣᠭᠴᠢ ᠰᠦᠮ᠎ᠡ︾ ᠶᠢ ᠡᠩᠭᠡ ᠠᠮᠤᠭᠤᠯᠡᠭ ᠤᠨ ᠭᠤᠷᠪᠠᠳᠤᠭᠠᠷ ᠤᠨ ᠤ ᠬᠦᠭᠡ ᠯᠤᠤ ᠵᠢᠯ᠂ ᠨᠡᠶᠢᠳᠡ ᠶᠢᠨ ᠤᠨ ᠲᠤᠭᠠᠯᠠᠯ ᠤᠨ1664 ᠤᠨ ᠳᠤ ᠪᠠᠶᠢᠭᠤᠯᠵᠠᠢ᠃ ᠰᠦᠮ᠎ᠡ ᠶᠢᠨ ᠠᠷᠤ ᠶᠢᠨ ᠠᠭᠤᠯᠠᠨ ᠳᠤ ᠬᠡᠭᠡᠷ᠎ᠡ ᠶᠢᠨ ᠵᠡᠷᠯᠢᠭ ᠴᠢᠪᠠᠭ᠎ᠠ ᠤᠯᠠᠨ ᠤᠷᠭᠤᠳᠠᠭ ᠢᠶᠠᠷ ᠠᠭᠤᠯᠠᠨ ᠤ ᠨᠡᠷᠡᠶᠢᠳᠥᠯ ᠢ ︿︿ᠴᠢᠪᠠᠭ᠎ᠠ ᠶᠢᠨ ᠠᠭᠤᠯᠠ﹀﹀ ᠭᠡᠵᠤ᠂ ᠰᠦᠮ᠎ᠡ ᠶᠢ ᠴᠦ ︿︿ᠴᠢᠪᠠᠭ᠎ᠠ ᠶᠢᠨ ᠰᠦᠮ᠎ᠡ﹀﹀ ᠭᠡᠪᠡ᠃ ᠤᠤᠯ ᠰᠦᠮ᠎ᠡ ᠪᠠᠶᠢᠭᠤᠯᠤᠬᠳᠠᠭᠰᠠᠨ  ᠨᠢ ᠬᠡᠳᠥᠶᠢᠪᠡᠷ ᠡᠷᠳᠡ ᠪᠤᠯᠪᠠᠴᠤ ᠯᠠᠮᠠ ᠬᠤᠧᠠᠷᠠᠭ ᠲᠠᠪᠢᠭᠠᠳ ᠯᠡ ᠪᠠᠶᠢᠪᠠ᠃      ᠰᠦᠮ᠎ᠡ ᠶᠢᠨ ᠪᠠᠶᠢᠷᠢᠰᠢᠯ ᠨᠢ ᠴᠢᠪᠠᠭ᠎ᠠ ᠠᠭᠤᠯᠠᠨ ᠤ ᠡᠯᠢᠭᠡᠨ ᠳᠤ ᠤᠥ ᠮᠦᠷᠡᠨ ᠬᠢᠭᠡᠳ ᠭᠤᠤᠷᠭᠤᠯᠳᠠᠢ ᠶᠢᠨ ᠭᠤᠤᠯ ᠤᠨ ᠠᠭᠤᠯᠵᠠᠷ᠂ ᠤᠮᠠᠷᠠᠳᠤ ᠦᠷᠭᠡᠷᠢᠭ ᠤᠨ 43。51' ᠵᠡᠭᠦᠨ ᠤᠷᠲᠤᠷᠢᠭ ᠤᠨ 120。05' ᠲᠤ ᠤᠷᠤᠰᠢᠨ᠎ᠠ᠃ ᠡᠷᠳᠡ ᠳᠡᠭᠡᠨ ᠰᠦᠮ᠎ᠡ ᠶᠢᠨ ᠤᠷᠴᠢᠨ ᠲᠤᠭᠤᠷᠢᠨ ᠳᠤ ᠬᠡᠳᠥᠨ ᠠᠷᠪᠠᠨ ᠭᠠᠵᠠᠷ ᠦᠷᠭᠦᠯᠵᠢᠯᠡᠭᠰᠡᠨ ᠭᠦᠭᠰᠢᠨ ᠬᠠᠶᠢᠯᠠᠰᠥᠨ ᠪᠠᠯᠠᠷ ᠤᠢ ᠲᠠᠢ᠃ ᠰᠦᠮ᠎ᠡ ᠶᠢᠨ ᠵᠡᠭᠦᠨ ᠡᠮᠤᠨ᠎ᠡ ᠨᠢ ᠰᠢᠷᠬᠢᠰᠢ ᠦᠭᠡᠢ ᠤᠨᠳᠤᠷᠮᠠᠯ ᠪᠤᠯᠠᠬᠳᠤ ᠶᠡᠭᠡ ᠨᠠᠭᠤᠷ ᠪᠠᠶᠢᠪᠠ᠃ ᠴᠢᠪᠠᠭ᠎ᠠ ᠠᠭᠤᠯᠠᠨ ᠤ ᠪᠠᠷᠠᠭᠤᠨ ᠰᠤᠭᠤ ᠶᠢ ᠲᠠᠭᠠᠵᠤ ᠪᠦᠷᠭᠦᠭᠡᠰᠤᠳᠠᠢ ᠬᠠᠨ ᠠᠭᠤᠯᠠ ᠶᠢᠨ ᠠᠷᠤ ᠪᠠ ᠡᠩᠭᠡᠷ ᠠᠴᠠ ᠡᠬᠢ ᠪᠠᠷᠢᠬᠰᠠᠨ ᠭᠤᠤᠷᠭᠤᠯᠳᠠᠢ ᠶᠢᠨ ᠤᠯᠠᠭᠠᠨᠬᠠᠳᠠ ᠶᠢᠨ ᠭᠤᠤᠯ ᠤᠭᠠᠯᠵᠠᠯᠠᠨ ᠤᠷᠤᠰᠴᠤ᠂ ᠰᠦᠮ᠎ᠡ ᠶᠢᠨ ᠡᠮᠤᠨᠡᠬᠢ ᠨᠠᠭᠤᠷ ᠢ ᠲᠠᠭᠠᠷᠢᠨ᠂ ᠴᠠᠭᠠᠰᠢ ᠴᠢᠪᠠᠭ᠎ᠠ ᠶᠢᠨ ᠠᠭᠤᠯᠠᠨ ᠤ ᠵᠡᠭᠦᠨ ᠰᠦᠪᠡᠭᠡ ᠶᠢ ᠲᠠᠷᠥᠵᠤ᠂ ᠤᠥ ᠮᠦᠷᠡᠨ ᠳᠤ ᠴᠢᠳᠬᠤᠯᠠᠨ᠎ᠠ᠃     1931 ᠤᠨ ᠳᠤ ᠲᠢᠶᠠᠨᠱᠠᠨ ᠤ ᠠᠳᠠᠷ ᠬᠠᠭᠠᠯᠪᠦᠷᠢᠯᠠᠬᠤ ᠲᠤᠪᠴᠢᠶ᠎ᠠ ᠶᠢ ᠲᠡᠭᠷᠢ ᠠᠭᠤᠯᠠ ᠶᠢᠨ ᠡᠩᠭᠡᠷ ᠠᠴᠠ ᠴᠢᠪᠠᠭ᠎ᠠ ᠰᠦᠮ᠎ᠡ ᠳᠤ ᠰᠢᠯᠵᠢᠭᠦᠯᠭᠦ ᠪᠠᠷ ᠬᠡᠷᠡᠮ ᠬᠠᠶᠢᠰᠠᠩ ᠪᠠᠶᠢᠭᠤᠯᠵᠤ ᠡᠬᠢᠯᠡᠭᠰᠡᠨ ᠨᠢ ᠦᠨᠥᠳᠥᠷ ᠤᠨ ᠬᠤᠰᠢᠭᠤᠨ ᠲᠦᠪ ᠴᠢᠪᠠᠭ᠎ᠠ ᠪᠠᠯᠭᠠᠰᠥᠨ ᠤ ᠰᠠᠭᠤᠷᠢ ᠶᠢ ᠲᠠᠯᠪᠢᠵᠠᠢ᠃ ᠬᠠᠭᠤᠷᠮᠠᠭ ᠮᠠᠨᠵᠤ ᠶᠢᠨ ᠦᠶ᠎ᠡ ᠳᠤ ᠴᠢᠪᠠᠭ᠎ᠠ ᠶᠢᠨ ᠰᠦᠮ᠎ᠡ ᠶᠢᠨ ᠰᠠᠩ ᠨᠢ ᠶᠠᠳᠠᠭᠤᠷᠠᠨ᠂ ᠯᠠᠮᠠ ᠬᠤᠧᠠᠷᠠᠭ ᠤᠳ ᠤᠨ ᠤᠯᠠᠩᠬᠢ ᠨᠢ 1937 ᠤᠨ ᠳᠤ ᠨᠤᠶᠠᠨ ᠰᠦᠮ᠎ᠡ ︵ᠦᠯᠵᠡᠶᠢᠳᠦ ᠨᠤᠮ ᠤᠨ ᠬᠦᠷᠳᠦᠳᠦ ᠰᠦᠮ᠎ᠡ︶ ᠳᠤ ᠦᠪᠡᠰᠥᠭᠡᠨ ᠰᠢᠯᠵᠢᠭᠡᠳ ᠴᠦᠭᠡᠨ ᠬᠡᠳᠥᠨ ᠯᠠᠮᠠ ᠯᠡ ᠰᠦᠮ᠎ᠡ ᠪᠠᠨ ᠰᠠᠬᠢᠵᠤ᠂ ᠴᠠᠭ ᠤᠨ ᠵᠤᠯᠠ ᠪᠠᠨ ᠰᠦᠨᠤᠭᠡᠯ ᠦᠭᠡᠢ ᠬᠤᠴᠤᠷᠠᠵᠠᠢ᠃ ᠡᠷᠳᠡᠨ ᠤ ᠵᠢᠷᠤᠭ ᠲᠤ ᠰᠦᠮ᠎ᠡ ᠶᠢᠨ ᠪᠠᠶᠢᠷᠢᠰᠢᠯ ᠢ ᠤᠥ ᠮᠦᠷᠡᠨ ᠤ ᠪᠠᠷᠠᠭᠤᠨ᠂ ᠠᠷᠥ ᠳᠤᠨᠢ ᠠᠬᠯᠠᠭ ᠦᠨᠳᠥᠷ ᠠᠭᠤᠯᠠ ᠲᠠᠢ᠂ ᠪᠠᠷᠠᠭᠤᠨ ᠡᠮᠤᠨ᠎ᠡ ᠨᠢ ᠦᠨᠳᠤᠷ ᠤᠷᠬᠢᠯᠳᠤ ᠴᠠᠪᠴᠢᠯ ᠠᠭᠤᠯᠠ ᠲᠠᠢ ᠬᠡᠵᠤ ᠵᠢᠷᠤᠬᠯᠠᠬᠰᠠᠨ ᠪᠠᠶᠢᠳᠠᠭ᠃     1946 ᠤᠨ ᠤ 7 ᠰᠠᠷ᠎ᠠ ᠳᠤ ᠬᠤᠰᠢᠭᠤᠨ ᠵᠠᠰᠠᠭ ᠤᠨ ᠤᠷᠳᠤᠨ᠂ ᠬᠤᠨᠳᠤ ︵ᠬᠤᠨᠳᠤ ᠪᠠᠯᠭᠠᠰᠤ︶ ᠠᠴᠠ ᠴᠢᠪᠠᠭ᠎ᠠ ᠶᠢᠨ ᠰᠦᠮ᠎ᠡ ︵ᠴᠢᠪᠠᠭ᠎ᠠ ᠪᠠᠯᠭᠠᠰᠦ︶ ᠳᠤ ᠰᠢᠯᠵᠢᠵᠤ ᠢᠷᠡᠪᠡ᠃ ᠡᠭᠦᠨ ᠠᠴᠠ ᠠᠪᠤᠭᠠᠳ ᠴᠢᠪᠠᠭ᠎ᠠ ᠶᠢᠨ ᠰᠦᠮ᠎ᠡ ᠨᠢ ᠠᠷᠤ ᠬᠤᠷᠴᠢᠨ ᠬᠤᠰᠢᠭᠤᠨ ᠤ ᠤᠯᠤᠰ ᠲᠦᠷᠥ᠂ ᠠᠵᠤ ᠠᠬᠤᠢ᠂ ᠰᠤᠶᠤᠯ᠂ ᠰᠤᠷᠭᠠᠨ ᠬᠦᠮᠥᠵᠢᠯ᠂ ᠵᠠᠮ ᠨᠡᠪᠳᠡᠷᠯᠡᠭᠡ ᠶᠢᠨ ᠭᠤᠤᠯ ᠬᠦᠢᠰᠤ ᠪᠤᠯᠵᠤ ᠬᠦᠭᠵᠢᠭᠰᠡᠨ ᠪᠠᠶᠢᠪᠠ᠃     ᠴᠢᠪᠠᠭ᠎ᠠ ᠶᠢᠨ ᠰᠦᠮ᠎ᠡ ᠶᠢᠨ ᠭᠤᠤᠯ ᠲᠤᠭᠠᠩ ᠢ 1986 ᠤᠨ ᠪᠤᠯᠳᠠᠯ᠎ᠠ ᠬᠤᠰᠢᠭᠤᠨ ᠤ ᠠᠮᠤ ᠪᠤᠳᠠᠭᠠᠨ ᠤ ᠬᠦᠮᠥᠷᠭᠡ ᠪᠠᠷ ᠠᠰᠢᠬᠯᠠᠵᠤ ᠪᠠᠶᠢᠪᠠ᠃ ᠰᠦᠮ᠎ᠡ ᠶᠢ ᠵᠠᠰᠠᠵᠤ ᠰᠡᠯᠪᠢᠬᠦ ᠬᠦᠴᠥᠨ ᠮᠡᠭᠦᠰᠳᠡᠭᠡᠳ ᠬᠤᠰᠢᠭᠤᠨ ᠵᠠᠰᠠᠭ  ᠤᠨ ᠤᠷᠳᠤᠨ ᠤ ᠵᠦᠪᠰᠢᠶᠡᠷᠡᠯ ᠢᠶᠠᠷ ᠲᠤᠰ ᠵᠢᠯ ᠡᠪᠳᠡᠯᠠᠨ ᠨᠤᠷᠠᠭᠠᠵᠠᠢ᠃     ᠴᠢᠪᠠᠭ᠎ᠠ ᠶᠢᠨ ᠰᠦᠮ᠎ᠡ ᠶᠢᠨ ᠬᠤᠪᠢᠯᠭᠠᠨ ᠯᠠᠮᠠ ᠨᠢ ᠤᠷᠢᠳ ᠬᠤᠵᠢᠳ ᠠᠷᠪᠠᠨ ᠲᠦᠷᠪᠡᠨ ᠲᠦᠷᠢ ᠤᠯᠠᠷᠢᠵᠤ ᠤᠯᠠᠩᠬᠢ ᠲᠦᠷᠢ ᠨᠢ ᠡᠨᠡᠳᠭᠡᠭ᠂ ᠲᠦᠪᠡᠳ ᠲᠤ ᠢᠯᠡᠷᠭᠰᠡᠨ ᠪᠦᠭᠡᠳ ᠠᠷᠤ ᠬᠤᠷᠴᠢᠨ ᠬᠤᠰᠢᠭᠤᠨ ᠳᠤ ᠰᠠᠶ᠋ᠢ ᠲᠤᠯᠤᠭᠠᠨ ᠲᠦᠷᠢ ᠢᠯᠡᠷᠡᠪᠠ᠃     ᠨᠢᠭᠡᠳᠥᠭᠡᠷ ᠲᠦᠷᠢ ᠶᠢᠨ ᠬᠤᠪᠢᠯᠭᠠᠨ ᠨᠢ᠄ ᠴᠢᠪᠠᠭ᠎ᠠ ᠶᠢᠨ ᠠᠭᠤᠯᠠ ᠶᠢᠨ ᠠᠷᠤ ᠳᠤ ᠰᠠᠭᠤᠵᠤ ᠪᠠᠶᠢᠬᠰᠠᠨ ᠪᠦᠷᠢᠶᠠᠳ ᠠᠶᠢᠮᠠᠭ ᠤᠨ ᠲᠠᠶᠢᠵᠢ ᠠᠯᠳᠠᠭᠡᠷᠡᠯ ᠤᠨ ᠵᠢᠷᠭᠤᠳᠤᠭᠠᠷ ᠬᠦᠭᠡᠭᠦᠨ ︵ᠤᠳᠬᠤᠨ ᠬᠦᠭᠡᠭᠦᠨ︶ ᠪᠤᠯᠵᠤ ᠢᠯᠡᠷᠡᠪᠡ᠃ ᠠᠷᠪᠠᠨ ᠲᠤᠯᠤᠭᠠᠨ ᠨᠠᠰᠥᠨ   ᠳᠤ ᠪᠠᠨ ᠯᠾᠠᠰᠨ ᠳᠤ ᠬᠦᠷᠴᠦ ᠨᠤᠮ ᠪᠢᠰᠢᠯᠭᠠᠯ ᠬᠢᠵᠤ ᠲᠡᠨᠳᠡ ᠠᠴᠠ ᠭᠦᠮᠪᠦᠮ ᠳᠤ ᠰᠢᠯᠵᠢᠨ᠂ ᠦᠷᠭᠦᠯᠵᠢᠯᠡᠨ ᠨᠤᠮ ᠪᠢᠰᠢᠯᠭᠠᠯ ᠬᠢᠭᠰᠡᠭᠡᠷ ︿︿ᠮᠡᠷᠭᠡᠨ ᠴᠤᠷᠵᠢ﹀﹀ ᠭᠡᠰᠡᠨ ᠨᠤᠮ ᠤᠨ ᠴᠤᠯᠠ ᠬᠦᠷᠳᠡᠪᠡ᠃ ᠭᠦᠮᠪᠦᠮ ᠠᠴᠠ ᠪᠠᠨ ᠪᠤᠴᠠᠵᠤ ᠢᠷᠡᠭᠡᠳ ᠪᠤᠷᠬᠠᠨ ᠱᠠᠰᠢᠨ ᠢ ᠲᠡᠯᠭᠡᠷᠡᠭᠦᠯᠭᠦ ᠶᠢᠨ ᠲᠦᠯᠦᠭᠡ ᠴᠢᠪᠠᠭ᠎ᠠ ᠶᠢᠨ ᠠᠭᠤᠯᠠᠨ ᠤ ᠡᠩᠭᠡᠷ ᠲᠤ ᠰᠠᠩ ᠤᠨ ᠤᠷᠳᠤᠨ ᠭᠡᠵᠤ ᠨᠢᠭᠡᠨ ᠲᠠᠰᠥᠯᠭ᠎ᠠ ᠰᠦᠮ᠎ᠡ ᠪᠠᠶᠢᠭᠤᠯᠤᠬᠰᠠᠨ  ᠠᠴᠠ ᠡᠬᠢᠯᠡᠭᠡᠳ ᠴᠢᠪᠠᠭ᠎ᠠ ᠶᠢᠨ ᠰᠦᠮ᠎ᠡ ᠬᠡᠵᠤ ᠬᠤᠯᠠ ᠤᠶᠢᠷ᠎ᠠ ᠳᠤ ᠠᠯᠳᠠᠷᠰᠢᠭᠰᠠᠨ ᠪᠦᠭᠡᠳ ᠡᠵᠡᠨ ᠲᠦᠷᠥ ᠠᠴᠠ ᠲᠤᠰ ᠰᠦᠮ᠎ᠡ ᠳᠤ ︿︿ᠬᠤᠯᠠ ᠳ᠋ᠠᠬᠢᠨ ᠢ ᠲᠤᠬᠤᠨᠢᠭᠤᠯᠤᠭᠴᠢ﹀﹀ ᠭᠡᠰᠡᠨ ᠢᠯᠡᠷᠭᠡᠶᠢᠯᠡᠯ ᠰᠤᠶᠤᠷᠬᠠᠪᠠ᠃     ᠬᠤᠶᠠᠳᠤᠭᠠᠷ ᠲᠦᠷᠢ ᠶᠢᠨ ᠬᠤᠪᠢᠯᠭᠠᠨ ᠨᠢ ᠲᠡᠭᠡᠳᠦ ᠲᠦᠷᠢ ᠶᠢᠨ ᠲᠦᠷᠬᠦᠮ᠂ ᠵᠢᠷᠭᠤᠭᠠᠨ ᠠᠬ᠎ᠠ ᠲᠡᠭᠦᠦ ᠨᠠᠷ  ᠤᠨ ᠨᠢᠭᠡᠨ   ᠳᠤ ᠨᠢ ᠢᠯᠡᠷᠡᠪᠡ᠃ ᠲᠠᠷᠥᠢ ᠮᠡᠷᠭᠡᠨ ᠴᠠᠭᠠᠨ ᠴᠤᠷᠵᠢ ᠶᠢᠨ ᠲᠦᠷᠭᠦᠮ ᠪᠦᠷᠢᠶᠠᠳ ᠠᠶᠢᠮᠠᠭ ᠤᠨ ᠲᠠᠶᠢᠵᠢ ᠠᠯᠳᠠᠭᠡᠷᠡᠯ ᠤᠨ ᠵᠢᠷᠭᠤᠭᠠᠨ ᠬᠡᠦᠭᠡᠳ ᠤᠨ ᠪᠤᠰᠤᠳ ᠲᠠᠪᠦ ᠶᠢᠨ ᠬᠢᠨᠢ ᠨᠢᠭᠡᠨ ᠢᠯᠡᠷᠡᠭᠰᠡᠨ ᠭᠡᠳᠡᠭ᠃     ᠭᠤᠷᠪᠠᠳᠤᠭᠠᠷ ᠲᠦᠷᠢ ᠶᠢᠨ ᠬᠤᠪᠢᠯᠭᠠᠨ ᠨᠢ᠂ ᠪᠠᠭᠠᠷᠢᠨ ᠪᠠᠷᠠᠭᠤᠨ ᠬᠤᠰᠢᠭᠤᠨ ᠤ ᠲᠠᠪᠤᠨ ᠬᠤᠸᠠ ᠶᠢᠨ ᠲᠠᠶᠢᠵᠢ ᠵᠠᠮᠰᠤ ᠪᠠᠶᠠᠨ ᠤ ᠬᠦᠪᠡᠭᠦᠨ ᠪᠤᠯᠵᠤ ᠢᠯᠡᠷᠡᠵᠠᠢ᠃     ᠲᠦᠷᠪᠡᠳᠦᠭᠡᠷ ᠲᠦᠷᠢ ᠶᠢᠨ ᠬᠤᠪᠢᠯᠭᠠᠨ ᠨᠢ᠂ ᠠᠷᠥ ᠬᠤᠷᠴᠢᠨ ᠬᠤᠰᠢᠭᠤᠨ ᠤ ᠵᠠᠰᠠᠭ ᠸᠠᠩᠴᠢᠨᠫᠧᠷᠯᠠᠢ ᠶᠢᠨ ᠲᠡᠭᠡᠳᠤᠰ ᠲᠤ ᠢᠯᠡᠷᠡᠪᠡ᠃     ᠲᠠᠪᠤᠳᠤᠭᠠᠷ ᠲᠦᠷᠢ ᠶᠢᠨ ᠬᠤᠪᠢᠯᠭᠠᠨ ᠨᠢ᠂ ᠰᠠᠬᠯᠤᠤ ᠲᠤᠶᠢᠨ ᠭᠡᠨ᠎ᠡ᠃     ᠵᠢᠷᠭᠤᠳᠤᠭᠠᠷ ᠲᠦᠷᠢ ᠶᠢᠨ ᠬᠤᠪᠢᠯᠭᠠᠨ ᠨᠢ ᠯᠤᠪᠰᠠᠩᠵᠠᠮᠰᠤ ᠭᠡᠳᠡᠭ᠃ ᠪᠠᠭᠠᠷᠢᠨ ᠪᠠᠷᠠᠭᠤᠨ ᠬᠤᠰᠢᠭᠤᠨ ᠤ ᠰᠠᠭᠠᠰᠡᠷᠡᠩ ᠳ᠋ᠠ ᠶᠢᠨ ᠭᠡᠷ ᠲᠤ ᠢᠯᠡᠷᠡᠪᠡ᠃     ᠲᠤᠯᠤᠳᠤᠭᠠᠷ ᠲᠦᠷᠢ ᠶᠢᠨ ᠬᠤᠪᠢᠯᠭᠠᠨ ᠨᠢ ᠴᠤᠭᠭᠢᠨᠭᠤᠶᠢᠷᠤᠪ ᠭᠡᠳᠡᠭ᠂ ᠲᠤᠰ ᠬᠤᠰᠢᠭᠤᠨ ᠤ ᠪᠠᠶᠠᠨᠳᠠᠯ᠎ᠠ  ᠶᠢᠨ ᠬᠠᠯᠠᠭᠠᠶᠢᠳᠤ ᠠᠭᠤᠯᠠ ᠶᠢᠨ ᠠᠷᠥ ᠳᠤ ᠵᠢᠷᠭᠤᠳᠤᠭᠠᠷ ᠲᠦᠷᠢ ᠶᠢᠨ ᠪᠠᠷᠠᠭᠤᠨ ᠭᠡᠭᠡᠨ ᠯᠠᠮᠠᠷᠢᠨᠪᠦᠽᠧ ᠲᠦᠪᠳᠦᠡᠵᠢᠭᠮᠢᠳᠫᠧᠷᠯᠠᠶᠢᠵᠠᠯᠰᠨ᠋ᠠ ᠤ ᠠᠴᠢ᠂ ᠠᠯᠳᠠᠨ ᠲᠠᠶᠢᠵᠢ ᠲᠡᠭᠦᠰᠪᠠᠶᠠᠷ ᠤᠨ ᠭᠠᠭᠴᠠ ᠬᠦᠪᠡᠭᠦᠨ ᠪᠤᠯᠵᠤ ᠵᠠᠶᠠᠭᠠᠪᠠ᠃ ᠲᠤᠯᠤᠭᠠᠨ ᠨᠠᠰᠤᠨ ᠳᠤ ᠨᠢ ᠰᠦᠮ᠎ᠡ ᠳᠤ ᠵᠠᠯᠠᠭᠠᠳ᠂ 1974 ᠤᠨ ᠳᠤ ᠵᠢᠷᠡᠨ ᠨᠢᠭᠡᠨ ᠨᠠᠰᠥᠨ ᠳᠤ  ᠪᠠᠨ ᠬᠤᠨᠳᠤ ᠪᠠᠯᠭᠠᠰᠤᠨ ᠤ ᠪᠠᠶᠢᠰᠢᠩ ᠤᠨ ᠠᠶᠢᠯ ᠤᠨ ᠦᠯᠵᠡᠶᠢᠳᠤᠬᠳᠠᠬᠤ ᠭᠡᠳᠡᠭ ᠱᠠᠪᠢ ᠶᠢᠨ ᠳᠤ ᠪᠠᠨ ᠲᠠᠭᠠᠯᠠᠯ ᠪᠤᠯᠪᠠ᠃ ᠲᠤᠰ ᠯᠠᠮᠠ ᠡᠮ ᠡᠮᠨᠡᠯᠭᠡ ᠶᠢ ᠰᠤᠷᠴᠤ ᠰᠤᠪᠢᠭᠠᠳ ᠨᠡᠯᠢᠶᠡᠳ ᠨᠡᠷ᠎ᠡ ᠲᠠᠢ ᠮᠤᠩᠭᠤᠯ ᠡᠮᠴᠢ ᠪᠤᠯᠵᠤ᠂ ᠤᠯᠠᠨ ᠠᠷᠪᠢᠨ ᠡᠪᠡᠳᠴᠢᠳᠡᠨ ᠢ ᠡᠪᠡᠳᠴᠢᠨ ᠡᠮᠬᠡᠭ ᠠᠴᠠ ᠨᠢ ᠰᠠᠯᠭᠠᠵᠤ ᠦᠭᠭᠦᠭᠰᠡᠨ ᠲᠡᠦᠭᠡ ᠲᠠᠢ᠃    ᠴᠢᠪᠠᠭ᠎ᠠ ᠶᠢᠨ ᠰᠦᠮ᠎ᠡ ᠶᠢᠨ ᠯᠠᠮᠠ ᠨᠠᠷ ᠲᠡᠯᠭᠡᠷᠡᠭᠦ ᠲᠦᠷᠪᠡᠨ ᠰᠠᠷ᠎ᠠ ᠳᠤ ᠲᠡᠭᠷᠢ ᠠᠭᠤᠯᠨ ᠶᠢᠨ ᠤᠷᠬᠢᠯ ᠳᠤ ᠠᠪᠠᠷᠢᠨ ᠭᠠᠷᠥᠭᠠᠳ ᠤᠪᠣᠭ᠎ᠠ ᠪᠠᠨ ᠲᠠᠬᠢᠵᠤ ︽ᠲᠡᠭᠷᠢ ᠠᠭᠤᠯᠠ ᠶᠢᠨ ᠲᠠᠬᠢᠯᠭ᠎ᠠ ᠶᠢᠨ ᠰᠠᠩ︾ ᠢ ᠤᠩᠰᠢᠳᠠᠭ᠃
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号