ᠮᠠᠨᠵᠦ ᠴᠢᠩ ᠤᠨ ᠦᠶ᠎ᠡ ᠶᠢᠨ ᠲᠦᠷᠦ ᠭᠡᠷᠡᠯᠳᠤ ᠶᠢᠨ ᠶᠢᠰᠤᠳᠤᠭᠡᠷ ᠤᠨ ︵1829 ᠤᠨ᠂ ᠰᠢᠷᠠᠭᠴᠢᠨ | ᠦᠬᠡᠷ ᠵᠢᠯ︶ ᠳᠤ᠂ ᠪᠠᠯᠴᠢᠷᠤᠳ ᠨᠤᠳᠤᠭ ᠤᠨ ᠵᠡᠭᠦᠨ ᠮᠤᠭᠠᠶᠢᠳᠤ ᠶᠢᠨ ᠰᠢᠷ᠎ᠠ ᠲᠡᠪᠰᠡᠭᠳᠤ ᠬᠤᠸᠠ ᠶᠢᠨ ᠡᠩᠭᠡᠷ᠂ | ᠰᠦᠮ᠎ᠡ ᠶᠢᠨ ᠬᠤᠸᠠ ᠶᠢᠨ ᠪᠠᠷᠠᠭᠤᠨ ᠡᠮᠤᠨᠡᠬᠢ ᠬᠢᠷ᠎ᠠ ᠲᠡᠭᠡᠷ᠎ᠡ ᠯᠠᠮᠠᠬᠠᠢ ᠶᠢᠨ ᠰᠦᠮ᠎ᠡ ᠶᠢ ᠪᠠᠶᠢᠭᠤᠯᠵᠠᠢ᠃ ᠲᠤᠬᠠᠢ | ᠶᠢᠨ ᠦᠶ᠎ᠡ ᠳᠤ ᠯᠠᠮᠠᠬᠠᠢ ᠯᠠᠮᠠ ᠶᠡᠭᠡ ᠪᠠᠶᠠᠨ ᠪᠠᠶᠢᠭᠰᠠᠨ ᠲᠤᠯᠠ ᠪᠠᠯᠴᠢᠷᠤᠳ ᠭᠡᠭᠡᠨ ᠲᠠᠢ ᠮᠦᠴᠡᠷᠬᠡᠵᠦ᠂ ᠰᠦᠮ᠎ᠡ | ᠬᠡᠶᠢᠳ ᠢᠶᠠᠨ ᠶᠡᠬᠡᠪᠡᠷ ᠦᠷᠭᠡᠳᠭᠡᠨ ᠴᠤᠭᠴᠠᠯᠠᠭᠰᠠᠨ ᠪᠠᠶᠢᠨ᠎ᠠ᠃ ᠡᠨᠡᠬᠦ ᠰᠦᠮ᠎ᠡ ᠨᠢ ︽ᠯᠠᠮᠠᠬᠠᠢ ᠶᠢᠨ ᠰᠦᠮ᠎ᠡ︾ | ᠭᠡᠵᠦ ᠬᠤᠯᠠ ᠤᠶᠢᠷ᠎ᠠ ᠳᠠᠭᠠᠨ ᠠᠯᠳᠠᠷᠰᠢᠵᠦ᠂ ᠯᠠᠮᠠᠬᠠᠢ ᠯᠠᠮᠠ ᠴᠦ ᠦᠷᠭᠡᠨ ᠶᠡᠭᠡ ᠮᠡᠳᠡᠯᠭᠡ ᠡᠷᠳᠡᠮ ᠲᠠᠢ ᠯᠠᠮᠠ | ᠲᠤᠯᠠ ᠠᠯᠤᠰ ᠬᠤᠯᠠ ᠭᠠᠵᠠᠷ ᠤᠷᠤᠨ ᠤ ᠮᠦᠷᠭᠦᠯᠴᠢᠨ ᠦᠭᠯᠢᠭᠡᠴᠢᠨ ᠲᠠᠰᠤᠷᠠᠯ ᠦᠬᠡᠢ ᠴᠤᠪᠤᠷᠠᠯᠳᠤᠨ ᠢᠷᠡᠵᠦ᠂ | ᠡᠨᠡ ︽ᠯᠠᠮᠠᠬᠠᠢ ᠶᠢᠨ ᠰᠦᠮ᠎ᠡ︾ ᠳᠤ ᠮᠦᠷᠭᠦᠨ ᠲᠠᠭᠠᠳᠬᠠᠬᠤ ᠪᠤᠯᠵᠠᠢ᠃ ᠪᠠᠯᠴᠢᠷᠤᠳ ᠤᠨ ᠪᠠᠶᠠᠳ ᠤᠪᠤᠭᠳᠠᠨ ᠤ | ᠰᠦᠯᠳᠡᠪᠠᠭᠠᠳᠤᠷ ᠲᠡᠷᠢᠭᠦᠯᠡᠵᠦ᠂ ᠲᠠᠲ᠋ᠠᠷ᠂ ᠪᠠᠶᠠᠳ᠂ ᠦᠯᠦᠭᠴᠤᠤᠯ᠂ ᠲᠦᠷᠪᠡᠳ᠂ ᠲᠦᠪᠢᠳ ᠵᠡᠷᠭᠡ ᠤᠪᠤᠭᠳᠠᠨ | ᠬᠠᠮᠳᠤᠷᠠᠨ ᠡᠨᠡ ᠰᠦᠮ᠎ᠡ ᠶᠢ ᠪᠠᠶᠢᠭᠤᠯᠤᠭᠰᠠᠨ ᠠᠴᠠ ᠲᠡᠳᠡᠨ ᠢ ︽ᠯᠠᠮᠠᠬᠠᠢ ᠶᠢᠨ ᠲᠠᠪᠤᠨ ᠠᠶᠢᠮᠠᠭ︾ ᠭᠡᠳᠡᠭ᠃ | ᠯᠠᠮᠠᠬᠠᠢ ᠶᠢᠨ ᠰᠦᠮ᠎ᠡ ᠶᠢᠨ ᠬᠠᠮᠤᠭ ᠠᠩᠬᠠᠨ ᠤ ᠲᠡᠭᠡᠳᠤ ᠯᠠᠮᠠ ᠶᠢ ᠲᠤᠳᠤᠯᠠᠨ ᠵᠠᠯᠠᠬᠤ ᠳᠤ ᠲᠡᠷᠡ ᠯᠠᠮᠠ ᠶᠢᠨ ᠵᠤᠯᠠᠢ | ᠲᠡᠭᠡᠷ᠎ᠡ ᠨᠢ ᠭᠤᠷᠪᠠᠨ ᠠᠯᠳᠠᠨ ᠦᠰᠤ ᠲᠠᠢ ᠲᠤᠯᠠ᠂ ᠲᠡᠭᠦᠨ ᠢ ᠭᠡᠵᠢᠭᠡᠳᠤ ᠯᠠᠮᠠ ᠭᠡᠵᠦ ᠲᠠᠭᠤᠳᠠᠵᠦ᠂ ᠰᠦᠮ᠎ᠡ | ᠪᠤᠯᠤᠨ ᠲᠠᠷᠠᠭᠠᠴᠢ ᠶᠢᠨ ᠬᠤᠪᠢᠯᠭᠠᠨ ᠯᠠᠮᠠ ᠶᠢ ᠪᠦᠷ ︽ᠭᠡᠵᠢᠭᠡᠳᠤ ᠯᠠᠮᠠᠬᠠᠢ︾ ᠭᠡᠵᠦ ᠲᠠᠭᠤᠳᠠᠬᠤ ᠪᠤᠯᠵᠠᠢ ①᠃ | ᠡᠨᠡ ︽ᠯᠠᠮᠠᠬᠠᠢ ᠶᠢᠨ ᠰᠦᠮ᠎ᠡ︾ ᠨᠢ ᠠᠯᠤᠰ ᠠᠷᠤ ︽ᠠᠯᠳᠠᠨ ᠭᠠᠳᠠᠰᠤ ᠬᠤᠸᠠ︾ ᠪᠠ ᠲᠡᠭᠦᠨ ᠤ | ᠡᠩᠭᠡᠷ ᠤᠨ ︽ᠦᠨᠳᠤᠷ ᠴᠠᠭᠠᠨ ᠬᠤᠸᠠ︾ ᠪᠠᠷ ᠲᠦᠰᠢᠯᠭᠡ ᠪᠤᠯᠭᠠᠵᠦ᠂ ᠲᠦᠪᠡᠳ ᠮᠠᠶ᠋ᠢᠭ ᠤᠨ ᠭᠤᠤᠯ ᠴᠤᠭᠴᠢᠨ | ᠲᠤᠭᠠᠩ ᠪᠠᠶᠢᠭᠤᠯᠵᠦ᠂ ᠲᠡᠭᠦᠨ ᠤ ᠪᠠᠷᠠᠭᠤᠨ ᠡᠮᠤᠨ᠎ᠡ ᠭᠡᠭᠡᠨ ᠤᠷᠳᠤᠨ ᠪᠤᠯᠤᠨ ᠨᠢᠵᠢᠭᠡᠳ ᠷᠠᠰᠠᠩ ᠲᠤᠭᠠᠩ | ᠪᠠᠶᠢᠭᠤᠯᠵᠦ᠂ ᠡᠮᠤᠨᠡᠬᠢ ᠵᠢᠵᠢᠭ ᠲᠤᠪᠤᠴᠠᠭ ᠲᠡᠭᠡᠷ᠎ᠡ ᠪᠠᠨ ᠪᠠᠰᠠ ︽ᠤᠷᠤᠢ ᠶᠢᠨ ᠰᠦᠮ᠎ᠡ︾ ᠭᠡᠵᠦ ᠪᠠᠶᠢᠭᠤᠯᠪᠠ᠃ | ᠭᠡᠭᠡᠨ ᠰᠠᠩ ᠤᠨ ᠡᠮᠤᠨᠡᠭᠦᠷ 7 — 8 ᠮᠦᠷ ᠯᠠᠮᠠ ᠶᠢᠨ ᠰᠠᠭᠤᠬᠤ ᠭᠡᠷ ᠲᠠᠢ᠂ ᠬᠠᠮᠤᠭ ᠬᠦᠭᠵᠢᠯ ᠪᠠᠳᠠᠷᠠᠯ ᠤᠨ | ᠦᠶ᠎ᠡ ᠳᠡᠭᠡᠨ 150 ᠭᠠᠷᠤᠢ ᠯᠠᠮᠠ ᠬᠤᠸᠠᠷᠠᠭ ᠲᠠᠢ ᠪᠠᠶᠢᠭᠰᠠᠨ ᠭᠡᠨ᠎ᠡ᠃ ᠭᠤᠷᠢᠶ᠎ᠠ ᠶᠢᠨ ᠵᠡᠭᠦᠨ ᠬᠤᠶᠢᠨᠠᠬᠢ ︽ | ᠰᠤᠭᠴᠢᠨ ᠲᠤᠭᠠᠩ︾ ᠤᠨ ᠵᠡᠭᠦᠨ ᠡᠮᠤᠨ᠎ᠡ ᠲᠠᠯ᠎ᠠ ᠳᠤ ᠨᠢᠭᠡᠨ ︽ᠴᠠᠭᠠᠨ ᠰᠤᠪᠤᠷᠭ᠎ᠠ︾ ᠪᠤᠰᠬᠠᠵᠦ ᠪᠢᠯᠠ᠃ ᠵᠠᠷᠢᠮ | ᠨᠠᠰᠤᠳᠠᠳ ᠤᠨ ᠬᠡᠯᠡᠬᠦ ᠪᠠᠷ ᠲᠡᠷᠡᠬᠦ ︽ᠴᠠᠭᠠᠨ ᠰᠤᠪᠤᠷᠭ᠎ᠠ︾ ᠨᠢ ᠠᠷᠪᠠᠨ ᠭᠤᠷᠪᠠᠨ ᠲᠡᠭᠳᠡᠷ ᠦᠨᠳᠤᠷ ᠰᠤᠪᠤᠷᠭ᠎ᠠ | ᠪᠠᠶᠢᠭᠰᠠᠨ ᠭᠡᠵᠦ᠂ ᠵᠠᠷᠢᠮ ᠪᠤᠭᠤᠷᠤᠯᠴᠤᠳ ᠤᠨ ᠬᠡᠯᠡᠬᠦ ᠪᠠᠷ ᠬᠡᠯᠪᠡᠷᠢ ᠲᠦᠷᠰᠦ ᠨᠢ ᠪᠡᠭᠡᠵᠢᠩ ᠬᠤᠳᠠ ᠶᠢᠨ ︽ᠪᠸᠢ | ᠬᠠᠢ ᠴᠡᠴᠡᠷᠯᠢᠭ︾ ᠤᠨ ᠴᠠᠭᠠᠨ ᠰᠤᠪᠤᠷᠭ᠎ᠠ ᠲᠠᠢ ᠠᠳᠠᠯᠢ ᠪᠠᠶᠢᠭᠤᠯᠤᠯ᠎ᠠ ᠭᠡᠵᠦ ᠬᠡᠯᠡᠯᠴᠡᠳᠡᠭ᠃ ᠡᠨᠡ ᠴᠠᠭᠠᠨ | ᠰᠤᠪᠤᠷᠭ᠎ᠠ ᠨᠢ ︽ᠰᠢᠷ᠎ᠠ ᠲᠡᠪᠰᠡᠭᠳᠤ ᠬᠤᠸᠠ︾ ᠶᠢᠨ ᠡᠩᠭᠡᠷ ᠪᠤᠰᠬᠠᠨ ᠪᠠᠶᠢᠭᠤᠯᠤᠭᠰᠠᠨ ᠲᠤᠯᠠ ᠠᠯᠤᠰ ᠬᠤᠯᠠ | ᠠᠯᠳᠠᠢ ᠶᠢᠨ ᠮᠠᠩᠬ᠎ᠠ ᠶᠢᠨ ᠠᠷᠤ ᠠᠴᠠ ᠪᠤᠶᠤ ᠲᠦᠷᠪᠡᠨ ᠵᠦᠭ ᠨᠢᠢᠮᠠᠨ ᠵᠤᠪᠬᠢᠰ ᠠᠴᠠ ᠬᠢᠯᠠᠰᠤᠨ ᠴᠠᠶᠢᠷᠠᠵᠦ | ᠬᠠᠷᠠᠭᠳᠠᠬᠤ ᠢᠶᠠᠷ ᠬᠦᠮᠤᠰ ︽ᠰᠤᠪᠤᠷᠭ᠎ᠠ ᠶᠢᠨ ᠭᠤᠷᠢᠶ᠎ᠠ︾ ᠭᠡᠬᠦ ᠪᠤᠶᠤ ᠬᠤᠵᠢᠮ ᠨᠢ ᠬᠦᠮᠤᠨ ᠬᠠᠷ᠎ᠠ | ᠤᠯᠠᠰᠢᠷᠠᠭᠰᠠᠨ ᠠᠴᠠ ︽ᠰᠤᠪᠤᠷᠭ᠎ᠠ ᠶᠢᠨ ᠠᠶᠢᠯ︾ ᠭᠡᠵᠦ ᠨᠡᠷᠡᠯᠡᠬᠦ ᠪᠤᠯᠤᠭᠰᠠᠨ ᠶᠤᠮ ᠭᠡᠨ᠎ᠡ᠃ | ᠴᠢᠯᠦᠭᠡᠯᠡᠬᠦ ᠠᠴᠠ ᠡᠮᠤᠨ᠎ᠡ᠂ ᠭᠠᠵᠠᠷ ᠰᠢᠷᠤᠢ ᠶᠢᠨ ᠬᠤᠪᠢᠰᠬᠠᠯ ᠤᠨ ᠦᠶ᠎ᠡ ᠳᠤ ᠰᠤᠪᠤᠷᠭ᠎ᠠ ᠶᠢᠨ ᠠᠶᠢᠯ | ᠤᠨ ᠬᠡᠳᠤᠨ ᠬᠡᠳᠤᠷᠬᠡᠢ ᠵᠡᠭᠦᠨ ᠤ ᠵᠠᠯᠠᠭᠤᠴᠤᠳ ᠡᠨᠡᠬᠦ ︽ᠴᠠᠭᠠᠨ ᠰᠤᠪᠤᠷᠭ᠎ᠠ︾ ᠶᠢ ᠡᠪᠳᠡᠨ ᠰᠤᠶᠢᠳᠭᠡᠵᠦ | ᠨᠤᠷᠠᠭᠠᠯᠠ ᠭᠡᠳᠡᠭ᠃ ᠦᠩᠭᠡᠷᠡᠭᠰᠡᠨ ᠤ ᠨᠠᠰᠤᠳᠠᠳ ᠤᠨ ᠬᠠᠭᠤᠴᠢᠯᠠᠬᠤ ᠪᠠᠷ ᠡᠨᠡᠬᠦ ᠴᠠᠭᠠᠨ ᠰᠤᠪᠤᠷᠭ᠎ᠠ ᠶᠢᠨ ᠢᠷᠤᠭᠠᠷ | ᠲᠤ ᠪᠦᠳᠤᠭᠦᠨ ᠪᠦᠳᠤᠭᠦᠨ ᠭᠠᠩ ᠰᠠᠪᠠᠨ ᠳᠤ ᠪᠦᠷ ᠨᠤᠮ ᠰᠤᠳᠤᠷ ᠬᠠᠳᠠᠭᠠᠯᠠᠨ ᠪᠠᠶᠢᠭᠰᠠᠨ ᠪᠦᠭᠡᠳ ᠲᠡᠷᠡ ᠦᠶ᠎ᠡ | ᠳᠤ ᠴᠠᠭᠠᠰᠤ ᠤᠯᠳᠠᠬᠤ ᠦᠬᠡᠢ ᠲᠤᠯᠠ ᠰᠤᠳᠤᠷ ᠨᠤᠮ ᠢ ᠰᠠᠯᠭᠠᠨ ᠵᠠᠳᠠᠯᠵᠦ ᠨᠢᠮᠭᠡᠨ ᠴᠠᠭᠠᠰᠤ ᠪᠤᠯᠭᠠᠵᠦ᠂ ᠲᠠᠩᠰᠠ | ᠬᠠᠷ᠎ᠠ ᠪᠢᠴᠢᠵᠦ ᠪᠠᠶᠢᠯ᠎ᠠ ᠭᠡᠳᠡᠭ᠂ ᠬᠠᠮᠤᠭ ᠲᠤᠤᠷᠠᠬᠢ ᠵᠢᠵᠢᠭ ᠭᠠᠩ ᠳᠤᠨᠢ ᠷᠠᠰᠢᠶᠠᠨ ᠤᠰᠤ ᠪᠢᠯᠬᠠᠵᠦ ᠪᠠᠶᠢᠭᠰᠠᠨ | ᠪᠦᠭᠡᠳ ᠨᠢᠭᠡᠨ ᠠᠯᠳᠠᠨ ᠮᠡᠯᠡᠬᠡᠢ ᠤᠰᠤᠨ ᠳᠤᠨᠢ ᠠᠮᠤᠷ ᠲᠠᠶᠢᠪᠤᠩ ᠵᠢᠷᠪᠡᠯᠵᠢᠵᠦ᠂ ᠭᠡᠨᠡᠳᠳᠡ ᠶᠢᠨ ᠡᠪᠳᠡᠯᠭᠡ ᠳᠤ | ᠬᠡᠯᠮᠡᠭᠳᠡᠨ ᠴᠢᠯᠠᠭᠤᠨ ᠭᠠᠩ ᠠᠴᠠ ᠦᠰᠤᠷᠤᠨ ᠭᠠᠷᠴᠦ᠂ ᠬᠠᠭᠤᠷᠠᠢ ᠬᠤᠸᠠ ᠶᠢᠨ ᠬᠠᠮᠢᠭ᠎ᠠ ᠤᠳᠤᠭᠰᠠᠨ ᠢ ᠮᠡᠳᠡᠬᠦ | ᠦᠬᠡᠢ ᠠᠷᠢᠯᠤᠭᠰᠠᠨ ᠭᠡᠳᠡᠭ ᠪᠢᠯᠠ᠃ ᠲᠡᠭᠦᠨ ᠠᠴᠠ ᠠᠪᠤᠭᠠᠳ ᠡᠨᠡᠬᠦ ᠭᠠᠵᠠᠷ ᠤᠨ ᠬᠡᠶᠢᠮᠤᠷᠢ ᠬᠡᠰᠢᠭ ᠵᠠᠶᠢᠯᠠᠵᠦ᠂ | ᠰᠦᠮ᠎ᠡ ᠬᠡᠶᠢᠳ ᠤᠨ ᠰᠠᠩ ᠨᠢ ᠴᠦ ᠶᠠᠳᠠᠭᠤᠷᠠᠯᠠ ᠭᠡᠳᠡᠭ ᠶᠤᠮ᠃ | ᠨᠠᠰᠤᠳᠠᠶᠢᠴᠤᠳ ᠤᠨ ᠦᠭᠦᠯᠡᠬᠦ ᠪᠠᠷ᠂ ᠦᠨᠡᠨᠳᠡᠭᠡᠨ ᠯᠠᠮᠠᠬᠠᠢ ᠯᠠᠮᠠ ᠡᠭᠦᠨ ᠠᠴᠠ ᠡᠷᠳᠡ ᠦᠶ᠎ᠡ ᠳᠤ | ᠪᠠᠯᠴᠢᠷᠤᠳ ᠭᠡᠭᠡᠨ ᠲᠠᠢ ᠮᠦᠴᠡᠭᠡᠷᠬᠡᠵᠦ᠂ ᠨᠤᠮ ᠤᠩᠰᠢᠨ ᠲᠠᠷᠤᠯᠭ᠎ᠠ ᠭᠦᠷᠦᠮ ᠬᠢᠭᠰᠡᠨ ᠪᠤᠯᠪᠠᠴᠦ ᠪᠠᠯᠴᠢᠷᠤᠳ | ᠭᠡᠭᠡᠨ ᠢ ᠶᠠᠭᠠᠬᠢᠵᠦ ᠴᠦ ᠴᠢᠳᠠᠭᠰᠠᠨ ᠦᠬᠡᠢ ᠪᠤᠯᠬᠤᠷ᠂ ᠡᠨᠡᠬᠦ ᠰᠦᠮ᠎ᠡ ᠬᠡᠶᠢᠳ ᠢᠶᠠᠨ ᠤᠷᠬᠢᠵᠦ᠂ ᠵᠡᠭᠦᠨ ᠠᠪᠠᠢ | ᠵᠠᠬ᠎ᠠ ᠠᠭᠤᠯᠠ ᠶᠢᠨ ᠠᠷᠤ᠂ ᠪᠤᠷᠤᠬᠤᠩᠰᠢᠶᠠᠷ ᠤᠨ ᠲᠡᠨᠳᠡ ᠬᠤᠶᠠᠷᠳᠡᠬᠢ ︽ᠯᠠᠮᠠᠬᠠᠢ ᠶᠢᠨ ᠰᠦᠮ᠎ᠡ︾ ᠶᠢ | ᠴᠤᠭᠴᠠᠯᠠᠨ ᠪᠠᠶᠢᠭᠤᠯᠵᠦ᠂ ᠱᠠᠰᠢᠨ ᠰᠢᠳᠤᠭᠡᠨ ᠢ ᠦᠷᠭᠦᠯᠵᠢᠯᠡᠨ ᠲᠡᠯᠭᠡᠷᠡᠭᠦᠯᠵᠦ᠂ ᠰᠢᠨ᠎ᠡ ᠷᠠᠰᠠᠩ ᠲᠤᠭᠠᠩ | ᠪᠠᠶᠢᠭᠤᠯᠤᠨ ᠬᠦᠴᠦᠯᠡᠨ ᠴᠢᠷᠮᠠᠶᠢᠪᠠ᠃ ᠡᠶᠢᠮᠤ ᠠᠴᠠ ᠲᠡᠷᠡ ᠦᠶ᠎ᠡ ᠳᠡᠭᠡᠨ ᠬᠦᠮᠤᠰ ︽ᠯᠠᠮᠠᠬᠠᠢ ᠶᠢᠨ ᠰᠦᠮ᠎ᠡ︾ | ᠭᠡᠵᠦ᠂ ᠤᠷᠴᠢᠮ ᠤᠨ ᠠᠭᠤᠯᠠ ᠨᠢᠷᠤᠭᠤᠳ ᠢ ᠨᠢ ︽ᠯᠠᠮᠠᠬᠠᠢ ᠶᠢᠨ ᠠᠭᠤᠯᠠ︾ ᠭᠡᠵᠦ ᠨᠡᠷᠡᠯᠡᠵᠦ᠂ ᠤᠳᠤ ᠪᠤᠯᠬᠤ | ᠳᠤ ᠠᠵᠦ ᠤᠶᠢᠯᠡᠳᠪᠤᠷᠢᠵᠢᠭᠦᠯᠬᠦ ᠭᠡᠳ ᠲᠡᠮᠦᠷᠯᠢᠭ ᠴᠢᠯᠠᠭᠤ ᠮᠠᠯᠳᠠᠵᠦ᠂ ᠯᠠᠮᠠᠬᠠᠢ ᠶᠢᠨ ᠠᠭᠤᠯᠠ ᠶᠢ ︽ᠯᠠᠮᠠ ᠬᠠᠨ | ᠠᠭᠤᠯᠠ︾ ︵喇嘛罕山︶ ᠭᠡᠵᠦ ᠦᠭᠡᠷᠡᠴᠢᠯᠡᠨ ᠲᠠᠭᠤᠳᠠᠬᠤ ᠪᠤᠯᠪᠠ᠃ | ᠲᠠᠶᠢᠨ ᠲᠠᠵᠢᠨ ᠤ ᠤᠶᠢᠮᠡᠭᠡᠨ ᠳᠤ ᠰᠦᠮ᠎ᠡ ᠨᠢ ᠭᠠᠯᠳᠠᠭᠳᠠᠭᠰᠠᠨ ᠠᠴᠠ ᠯᠠᠮᠠᠬᠠᠢ ᠯᠠᠮᠠ ᠠᠷᠭ᠎ᠠ ᠦᠬᠡᠢ | ᠬᠤᠶᠠᠷᠳᠡᠬᠢ ᠤᠳᠠᠭᠠᠨ ᠤ ᠪᠠᠶᠢᠭᠤᠯᠤᠭᠰᠠᠨ ᠡᠨᠡᠬᠦ ︽ᠯᠠᠮᠠᠬᠠᠢ ᠶᠢᠨ ᠰᠦᠮ᠎ᠡ︾ ᠪᠠᠨ ᠲᠠᠬᠢᠨᠳᠠ ᠤᠷᠬᠢᠵᠦ᠂ | ᠬᠠᠨᠰᠦ᠋ᠮ᠎ᠡ ᠶᠢᠨ ᠬᠠᠳᠠᠭᠤ ᠶᠢᠨ ᠠᠶᠢᠯ ᠤᠨ ᠠᠷᠤ ᠳᠠᠬᠢ ᠦᠨᠳᠤᠷ ᠰᠦᠷᠯᠢᠭ ᠦᠷᠭᠦᠯᠵᠢᠯᠡᠭᠰᠡᠨ ᠠᠭᠤᠯᠠ ᠨᠢᠷᠤᠭᠤᠳ | ᠤᠨ ᠰᠠᠶᠢᠬᠠᠨᠳᠠᠪᠠᠭ᠎ᠠ ᠶᠢᠨ ᠡᠩᠬᠡᠷ ᠤᠨ ᠬᠦᠨᠳᠡᠢ ᠳᠤ ᠭᠤᠷᠪᠠᠳᠡᠬᠢ ︽ᠯᠠᠮᠠᠬᠠᠢ ᠶᠢᠨ ᠰᠦᠮ᠎ᠡ︾ ᠶᠢ ᠪᠠᠶᠢᠭᠤᠯᠵᠠᠢ᠃ | ᠢᠩᠬᠢᠭᠡᠳ ᠯᠠᠮᠠᠬᠠᠢ ᠯᠠᠮᠠ ᠨᠢᠭᠡ ᠨᠠᠰᠤᠨ ᠳᠠᠭᠠᠨ ᠭᠤᠷᠪᠠᠨᠳᠠ ᠰᠦᠮ᠎ᠡ ᠪᠠᠨ ᠤᠷᠬᠢᠵᠦ᠂ ᠭᠤᠷᠪᠠᠨᠳᠠ ᠰᠢᠨ᠎ᠡ ᠭᠠᠵᠠᠷ | ᠰᠤᠩᠭᠤᠨ ᠰᠢᠯᠵᠢᠵᠦ ᠨᠡᠭᠦᠭᠰᠡᠨ ᠠᠴᠠ ᠡᠳ᠋ ᠬᠦᠷᠦᠩᠭᠡ ᠪᠠᠨ ᠪᠠᠷᠠᠵᠦ᠂ ᠰᠠᠩ ᠬᠦᠮᠤᠷᠭᠡ ᠨᠢ ᠬᠤᠭᠤᠰᠤᠷᠠᠵᠦ | ᠲᠠᠭᠤᠰᠤᠭᠰᠠᠨ ᠭᠡᠳᠡᠭ᠃ | ᠯᠠᠮᠠᠬᠠᠢ ᠯᠠᠮᠠ ᠰᠦᠮ᠎ᠡ ᠬᠡᠶᠢᠳ ᠢᠶᠠᠨ ᠤᠷᠬᠢᠵᠦ᠂ ᠨᠡᠶᠢᠭᠡᠮ ᠤᠨ ᠲᠠᠩᠬᠠᠶᠢᠴᠤᠳ ᠴᠠᠭᠠᠨ ᠰᠤᠪᠤᠷᠭ᠎ᠠ ᠶᠢ | ᠨᠢ ᠡᠪᠳᠡᠨ ᠰᠤᠶᠢᠳᠭᠡᠭᠰᠡᠨ ᠠᠴᠠ ︽ᠰᠤᠪᠤᠷᠭ᠎ᠠ ᠶᠢᠨ ᠠᠶᠢᠯ︾ ᠢ ᠨᠡᠷᠡᠯᠡᠨ ᠲᠠᠭᠤᠳᠠᠬᠤ ᠬᠦᠮᠤᠨ ᠪᠠᠭᠠᠰᠴᠦ᠂ | ᠬᠤᠵᠢᠮ ᠨᠢ ᠬᠦᠮᠤᠰ ᠡᠨᠡ ᠭᠠᠵᠠᠷ ᠠᠷᠪᠢᠨ ᠮᠤᠭᠠᠢ ᠪᠠᠶᠢᠬᠤ ᠶᠢ ᠤᠯᠵᠦ ᠮᠡᠳᠡᠭᠡᠳ᠂ ᠭᠠᠵᠠᠷ ᠰᠢᠷᠤᠢ ᠶᠢᠨ | ᠬᠤᠪᠢᠰᠬᠠᠯ ᠤᠨ ᠰᠡᠭᠦᠯᠴᠢ ᠶᠢᠨ ᠦᠶ᠎ᠡ᠂ ᠴᠢᠯᠦᠭᠡᠯᠡᠭᠳᠡᠬᠦ ᠶᠢᠨ ᠦᠶ᠎ᠡ ᠪᠠᠷ ᠡᠨᠡᠬᠦ ᠭᠠᠵᠠᠷ ᠢ ︽ᠮᠤᠭᠠᠶᠢᠳᠤ ᠶᠢᠨ | ᠠᠶᠢᠯ︾ ᠭᠡᠵᠦ ᠨᠡᠷᠡᠯᠡᠬᠦ ᠪᠤᠯᠵᠠᠢ᠃ ᠪᠠᠷᠠᠭᠤᠨ ᠮᠤᠭᠠᠶᠢᠳᠤ ᠬᠤᠸᠠ ᠶᠢᠨ ᠡᠩᠭᠡᠷ ᠲᠤ ᠮᠤᠭᠠᠢ ᠶᠢᠨ ᠨᠦᠬᠡ ᠠᠷᠪᠢᠨ | ᠪᠠᠶᠢᠵᠦ᠂ ᠡᠯᠳᠡᠪ ᠵᠤᠶᠢᠯ ᠤᠨ ᠨᠠᠷᠢᠨ ᠪᠦᠳᠤᠭᠦᠨ ᠮᠤᠭᠠᠢ ᠭᠤᠯᠪᠠᠯᠵᠢᠨ ᠮᠣᠷᠤᠯᠵᠠᠵᠤ ᠶᠠᠪᠤᠳᠠᠭ ᠲᠤᠯᠠ ᠡᠨᠡᠬᠦ ᠬᠤᠸᠠ | ᠶᠢ ︽ᠪᠠᠷᠠᠭᠤᠨ ᠮᠤᠭᠠᠶᠢᠳᠤ ᠬᠤᠸᠠ︾ ᠭᠡᠵᠦ ᠡᠨᠡ ᠤᠷᠴᠢᠮ ᠰᠠᠭᠤᠷᠢᠰᠢᠭᠰᠠᠨ ᠠᠶᠢᠯ ᠢ ︽ᠪᠠᠷᠠᠭᠤᠨ ᠮᠤᠭᠠᠶᠢᠳᠤ | ᠶᠢᠨ ᠠᠶᠢᠯ︾ ᠭᠡᠵᠦ ᠨᠡᠷᠡᠯᠡᠨ᠂ ᠵᠡᠭᠦᠨ ᠮᠤᠭᠠᠶᠢᠳᠤ ᠶᠢᠨ ᠬᠤᠸᠠ ᠶᠢᠨ ᠡᠩᠭᠡᠷ ᠤᠨ ᠪᠠᠷᠠᠭᠤᠨ ᠡᠮᠤᠨ᠎ᠡ ᠶᠡᠭᠡ ︽ | ᠮᠤᠭᠠᠢ ᠶᠢᠨ ᠠᠭᠤᠢ︾ ᠪᠠᠶᠢᠵᠦ᠂ ᠤᠯᠠᠨ ᠠᠷᠪᠢᠨ ᠮᠤᠭᠠᠢ ᠨᠤᠭᠤᠳ ᠡᠪᠤᠯ ᠳᠡᠭᠡᠨ ᠡᠨᠡᠬᠦ ᠠᠭᠤᠢ ᠳᠤ ᠢᠴᠡᠭᠡᠯᠡᠵᠦ᠂ | ᠬᠠᠯᠠᠭᠤᠨ ᠵᠤᠨ ᠪᠤᠯᠤᠮᠠᠭᠴᠠ ᠤᠯᠠᠭᠠᠨ᠂ ᠨᠤᠭᠤᠭᠠᠨ᠂ ᠬᠤᠨᠳᠤᠨ᠂ ᠬᠦᠬᠡ᠂ ᠬᠠᠷ᠎ᠠ᠂ ᠴᠠᠭᠠᠨ ᠡᠷᠢᠶᠡᠨ ᠠᠯᠠᠭ᠂ | ᠨᠠᠷᠢᠨ ᠪᠦᠳᠤᠭᠦᠨ ᠮᠤᠭᠠᠢ ᠨᠤᠭᠤᠳ᠂ ᠨᠦᠬᠡᠨ ᠠᠴᠠ ᠪᠠᠨ ᠭᠠᠷᠴᠦ ᠢᠷᠡᠨ᠂ ᠲᠤᠯᠤᠭᠠᠢ ᠪᠠᠨ ᠭᠤᠵᠤᠶᠢᠯᠭᠠᠵᠦ | ᠨᠢᠳᠤ ᠪᠠᠨ ᠭᠢᠯᠠᠯᠵᠠᠭᠤᠯᠵᠦ᠂ ᠨᠢᠭᠡᠨ ᠨᠢᠭᠡᠨ ᠲᠠᠢ ᠪᠠᠨ ᠡᠪᠬᠡᠷᠡᠯᠳᠤᠨ ᠤᠷᠢᠶᠠᠯᠳᠤᠵᠦ᠂ ᠬᠤᠯᠠ ᠠᠴᠠ ᠬᠠᠷᠠᠬᠤ ᠳᠤ | ᠶᠠᠭ ᠯᠠ ᠴᠤᠶᠢᠳᠡᠩ ᠤᠨ ᠲᠤᠯᠤᠭᠠᠢ ᠰᠢᠭ᠋ ᠢᠷᠡᠵᠠᠶᠢᠨ ᠬᠠᠷᠠᠭᠳᠠᠳᠠᠭ ᠪᠦᠭᠡᠳ ᠵᠤᠶᠢᠯ ᠤᠨ ᠰᠠᠶᠢᠬᠠᠨ ᠦᠩᠭᠡ | ᠪᠤᠳᠤᠭ ᠢᠶᠠᠷ ᠢᠯᠭᠠᠷᠠᠨ ᠦᠵᠡᠭᠳᠡᠳᠡᠭ ᠪᠢᠯᠠ᠃ ᠵᠠᠷᠢᠮ ᠬᠦᠮᠤᠰ ᠤᠨ ᠬᠡᠯᠡᠬᠦ ᠪᠠᠷ ᠠᠶᠠᠭᠠᠨ ᠴᠢᠨᠡᠭᠡ ᠠᠯᠠᠭ ᠡᠷᠢᠶᠡᠨ | ᠮᠤᠭᠠᠢ ᠦᠵᠡᠯ᠎ᠡ ᠭᠡᠳᠡᠯ᠎ᠡ ᠴᠤᠮᠤ ᠶᠢᠨ ᠴᠢᠨᠡᠭᠡ ᠴᠤᠬᠤᠷ ᠡᠷᠢᠶᠡᠨ ᠮᠤᠭᠠᠢ ᠬᠠᠷᠠᠯ᠎ᠠ ᠭᠡᠬᠦ ᠶᠤᠮ᠃ ᠤᠳᠠᠰᠤᠨ ᠲᠡᠭᠡᠰᠤ | ᠰᠢᠭ ᠤᠯᠠᠭᠠᠨ ᠡᠷᠢᠶᠡᠨ ᠮᠤᠭᠠᠢ ᠭᠤᠯᠭᠤᠵᠦ ᠪᠠᠶᠢᠨ᠎ᠠ ᠭᠡᠳᠡᠯ᠎ᠡ ᠰᠠᠪᠬᠠᠨ ᠴᠢᠨᠡᠭᠡ ᠰᠢᠷ᠎ᠠ ᠡᠷᠢᠶᠡᠨ ᠮᠤᠭᠠᠢ ᠡᠪᠬᠡᠷᠡᠵᠦ | ᠪᠠᠶᠢᠨ᠎ᠠ ᠭᠡᠬᠦ ᠶᠤᠮ᠃ ᠲᠡᠷᠡ ᠦᠶ᠎ᠡ ᠳᠤ ᠦᠨᠡᠬᠡᠷ ᠠᠷᠪᠢᠨ ᠪᠦᠳᠤᠭᠦᠨ ᠨᠠᠷᠢᠨ ᠮᠤᠭᠠᠢ ᠨᠤᠭᠤᠳ ᠪᠠᠶᠢᠭᠰᠠᠨ ᠶᠤᠮ᠂ | ᠨᠠᠮ᠎ᠠ ᠶᠢ ᠪᠠᠭ᠎ᠠ ᠪᠠᠶᠢᠬᠤ ᠳᠤ ᠲᠡᠭᠡᠷ᠎ᠡ ᠵᠠᠭᠤᠨ ᠤ ᠵᠢᠷᠠᠨ ᠭᠤᠷᠪᠠ ᠲᠦᠷᠪᠡᠨ ᠤᠨ ᠤ ᠦᠶ᠎ᠡ ᠪᠠᠷ ᠪᠢᠳᠠ ᠭᠠᠷᠠᠭ ᠤᠨ | ᠵᠢᠷᠭᠤᠭᠠᠨ ᠪᠤᠯᠬᠤ ᠪᠦᠷᠢ ᠦᠳᠡ ᠶᠢᠨ ᠡᠮᠤᠨᠡᠬᠢ ᠬᠢᠴᠢᠶᠡᠯ ᠲᠠᠷᠬᠠᠮᠠᠭᠴᠠ᠂ ᠬᠡᠳᠤᠨ ᠠᠯᠢᠶ᠎ᠠ ᠰᠤᠷᠤᠭᠴᠢᠳ ᠨᠡᠶᠢᠯᠡᠵᠦ | ᠂ ᠪᠠᠷᠠᠭᠤᠨ ᠮᠤᠭᠠᠶᠢᠳᠤ ᠶᠢᠨ ᠠᠶᠢᠯ ᠤᠨ ᠰᠤᠷᠭᠠᠭᠤᠯᠢ ᠠᠴᠠ ᠲᠡᠭᠳᠡᠨ ᠭᠦᠶᠦᠨ ᠲᠠᠪᠬᠢᠯᠳᠤᠵᠦ᠂ ᠵᠡᠭᠦᠨ ᠮᠤᠭᠠᠶᠢᠳᠤ | ᠶᠢᠨ ᠮᠤᠭᠠᠢ ᠶᠢᠨ ᠠᠭᠤᠢ ᠳᠤ ᠤᠴᠢᠵᠦ᠂ ᠠᠭᠤᠢ ᠶᠢᠨ ᠲᠡᠭᠡᠷ᠎ᠡ ᠲᠠᠯ᠎ᠠ ᠠᠴᠠ ᠪᠦᠳᠤᠭᠦᠨ ᠪᠦᠳᠤᠭᠦᠨ ᠴᠢᠯᠠᠭᠤ | ᠠᠪᠴᠦ᠂ ᠠᠭᠤᠢ ᠶᠢᠨ ᠲᠤᠮᠳᠠ ᠠᠪᠠᠭᠠᠨᠠᠯᠳᠤᠨ ᠡᠪᠬᠡᠷᠡᠯᠳᠤᠵᠦ ᠪᠠᠶᠢᠬᠤ ᠠᠯᠠᠭ ᠡᠷᠢᠶᠡᠨ ᠮᠤᠭᠠᠢ ᠨᠤᠭᠤᠳ ᠤᠷᠤᠭᠤ | ᠴᠢᠨᠡᠭᠡ ᠮᠡᠳᠡᠨ ᠴᠢᠯᠠᠭᠤ ᠰᠢᠳᠡᠨ᠂ ᠮᠤᠭᠠᠢ ᠶᠢ ᠤᠯᠠᠭᠠᠨ ᠵᠠᠭᠠᠯ ᠪᠤᠯᠳᠠᠯ᠎ᠠ ᠠᠯᠠᠨ ᠰᠢᠷᠬᠠᠳᠤᠭᠤᠯᠵᠤ᠂ ᠨᠠᠭᠠᠳᠤᠨ | ᠶᠠᠪᠤᠵᠦ ᠪᠠᠶᠢᠭᠰᠠᠨ ᠪᠦᠭᠡᠳ ᠵᠠᠷᠢᠮ ᠰᠤᠷᠤᠭᠴᠢ ᠨᠢ ᠬᠤᠪᠴᠠᠰᠤ ᠬᠤᠨᠠᠷ ᠲᠡᠭᠡᠷ᠎ᠡ ᠪᠠᠨ ᠮᠤᠭᠠᠢ ᠶᠢᠨ ᠴᠢᠰᠤ | ᠦᠰᠤᠷᠭᠡᠵᠦ᠂ ᠠᠪᠤ ᠡᠵᠢ ᠳᠡᠭᠡᠨ ᠠᠷᠠᠰᠤ ᠮᠢᠬ᠎ᠠ ᠪᠠᠨ ᠱᠠᠭᠠᠷᠠᠳᠠᠯᠠ ᠠᠪᠳᠠᠵᠦ ᠪᠠᠶᠢᠭᠰᠠᠨ ᠪᠢᠯᠠ᠃ | ᠲᠡᠷᠡ ᠦᠶ᠎ᠡ ᠶᠢᠨ ᠮᠤᠭᠠᠢ ᠶᠠᠭᠠᠬᠢᠭᠰᠠᠨ ᠠᠷᠪᠢᠨ ᠪᠠᠶᠢᠭᠰᠠᠨ ᠢ ᠪᠤᠤ ᠮᠡᠳᠡ᠂ ᠵᠠᠷᠢᠮ ᠮᠤᠭᠠᠢ ᠨᠢ | ᠬᠤᠳᠳᠤᠭ ᠤᠨ ᠴᠢᠯᠠᠭᠤᠨ ᠵᠠᠪᠰᠠᠷ ᠠᠴᠠ ᠪᠤᠯᠳᠡᠶᠢᠵᠦ᠂ ᠵᠠᠷᠢᠮ ᠨᠢ ᠡᠪᠡᠰᠤᠨ ᠲᠤᠳᠤᠷ᠎ᠠ ᠠᠴᠠ ᠦᠵᠡᠭᠳᠡᠵᠦ᠂ ᠵᠠᠷᠢᠮ | ᠨᠢ ᠵᠠᠮ ᠢ ᠤᠭᠳᠤᠯᠤᠨ ᠭᠤᠯᠪᠠᠯᠵᠢᠵᠦ᠂ ᠵᠠᠷᠢᠮ ᠨᠢ ᠠᠷᠭᠠᠯ ᠤᠨ ᠤᠪᠤᠭᠠᠨ ᠤ ᠲᠡᠷᠭᠡᠳᠡᠭᠦᠷ ᠮᠤᠰᠢᠯᠵᠢᠵᠦ᠂ ᠵᠠᠷᠢᠮ | ᠨᠢ ᠦᠳᠡ ᠶᠢᠨ ᠬᠠᠯᠠᠭᠤᠨ ᠳᠤ ᠠᠶᠢᠯ ᠤᠨ ᠡᠭᠦᠳᠡ ᠪᠠᠷ ᠠᠵᠠᠭ ᠴᠦ ᠦᠬᠡᠢ ᠭᠤᠯᠭᠤᠨ ᠤᠷᠤᠵᠦ ᠢᠷᠡᠳᠡᠭ ᠶᠤᠮ᠃ | ᠭᠡᠪᠡᠴᠦ ᠮᠤᠭᠠᠶᠢᠳᠤ ᠶᠢᠨ ᠠᠶᠢᠯ ᠤᠨ ᠬᠦᠮᠤᠰ᠂ ᠡᠳᠤᠷ ᠪᠦᠷᠢ ᠡᠳᠡᠭᠡᠷ ᠤᠯᠠᠨ ᠡᠳᠡᠭᠡᠳ ᠵᠢᠭᠳᠡᠢ ᠮᠤᠭᠠᠢ ᠨᠤᠭᠤᠳ | ᠲᠠᠢ ᠲᠠᠭᠠᠷᠠᠯᠳᠤᠭᠰᠠᠭᠠᠷ ᠪᠠᠶᠢᠭᠠᠳ ᠲᠡᠮᠡᠢ ᠶᠡᠭᠡ ᠰᠤᠴᠢᠵᠦ ᠠᠶᠤᠬᠤ ᠦᠬᠡᠢ ᠪᠤᠯᠴᠢᠬᠠᠵᠠᠢ᠃ | ᠴᠢᠯᠦᠭᠡᠯᠡᠬᠦ ᠠᠴᠠ ᠡᠮᠤᠨ᠎ᠡ ᠠᠳᠡᠬᠢ ᠭᠠᠵᠠᠷ ᠤᠨ ᠬᠦᠮᠤᠰ᠂ ᠤᠷᠢᠬᠠᠨ ᠬᠠᠪᠤᠷ ᠪᠤᠯᠵᠦ ᠤᠰᠤ ᠮᠦᠰᠤ | ᠬᠠᠶᠢᠯᠠᠨ ᠢᠴᠢᠭᠰᠡᠳ ᠬᠦᠳᠡᠯᠬᠦ ᠦᠶ᠎ᠡ ᠪᠤᠯᠪᠠᠯ᠂ ᠠᠶᠢᠯ ᠤᠯᠠᠨ ᠢᠶᠠᠷ ᠢᠶᠠᠨ ᠪᠦᠭᠦᠳᠡ ᠮᠤᠭᠠᠶᠢᠳᠤ ᠶᠢᠨ ᠬᠤᠸᠠ ᠶᠢᠨ | ᠤᠷᠤᠢ ᠲᠡᠭᠡᠷ᠎ᠡ ᠴᠤᠭᠯᠠᠷᠠᠵᠦ ᠠᠶᠢᠷᠠᠭ ᠲᠠᠷᠠᠭ ᠠᠷᠢᠬᠢ ᠪᠤᠤᠪᠤ᠂ ᠬᠤᠷᠤᠳ ᠲᠤᠰᠤ ᠬᠠᠭᠤᠷᠠᠭᠰᠠᠨ ᠪᠤᠳᠠᠭ᠎ᠠ ᠪᠠᠨ | ᠠᠪᠴᠦ᠂ ᠲᠡᠭᠷᠢ ᠯᠤᠤᠰ ᠲᠤ ᠮᠦᠷᠭᠦᠵᠦ᠂ ᠤᠪᠤᠭ᠎ᠠ ᠪᠠᠨ ᠲᠠᠬᠢᠵᠦ᠂ ᠡᠴᠢᠭᠡ ᠲᠡᠭᠷᠢ ᠠᠴᠠ ᠡᠯᠪᠡᠭ ᠬᠤᠷ᠎ᠠ ᠢᠪᠡᠭᠡᠨ | ᠪᠠᠭᠤᠯᠭᠠᠬᠤ ᠶᠢ ᠬᠦᠰᠡᠨ ᠲᠠᠭᠠᠳᠬᠠᠳᠠᠭ ᠪᠠᠶᠢᠭᠰᠠᠨ ᠶᠤᠮ᠃ ᠲᠡᠭᠡᠷ᠎ᠡ ᠵᠠᠭᠤᠨ ᠤ ᠨᠠᠶᠠᠭᠠᠳ ᠤᠨ ᠳᠤ ᠵᠡᠭᠦᠨ | ᠮᠤᠭᠠᠶᠢᠳᠤ ᠶᠢᠨ ᠬᠤᠸᠠ ᠶᠢᠨ ᠪᠠᠷᠠᠭᠤᠨ ᠡᠮᠤᠨ᠎ᠡ ᠪᠠᠶᠢᠭᠰᠠᠨ ᠮᠤᠭᠠᠢ ᠶᠢᠨ ᠠᠭᠤᠢ ᠶᠢ ᠲᠡᠯᠪᠡᠴᠡᠨ ᠠᠭᠤᠳᠠᠯᠠᠵᠤ᠂ | ᠴᠢᠯᠠᠭᠤ ᠭᠠᠷᠭᠠᠨ ᠠᠶᠢᠯ ᠭᠡᠷ ᠤᠨ ᠤᠷᠤᠨ ᠰᠠᠭᠤᠴᠠ ᠶᠢᠨ ᠰᠠᠭᠤᠷᠢ ᠲᠠᠯᠪᠢᠬᠤ᠂ ᠰᠢᠷᠠᠮᠦ᠋ᠷᠡᠨ ᠦᠯᠵᠠᠶᠢᠮᠦ᠋ᠷᠡᠨ ᠤ | ᠬᠠᠰᠢᠯᠭ᠎ᠠ ᠪᠠᠷᠢᠬᠤ ᠭᠡᠳ ᠶᠡᠭᠡ ᠬᠡᠪᠴᠢᠶᠡᠨ ᠤ ᠴᠢᠯᠠᠭᠤ ᠭᠠᠷᠭᠠᠭᠰᠠᠨ ᠢᠶᠠᠷ ᠮᠤᠭᠠᠶᠢᠳᠤ ᠶᠢᠨ ᠬᠤᠸᠠ ᠨᠢ | ᠡᠪᠳᠡᠭᠳᠡᠵᠦ᠂ ᠮᠤᠭᠠᠢ ᠶᠢᠨ ᠠᠭᠤᠢ ᠨᠢ ᠠᠯᠠᠭ᠎ᠠ ᠪᠤᠯᠵᠦ ᠮᠤᠭᠠᠢ ᠨᠤᠭᠤᠳ ᠨᠢ ᠰᠢᠯᠵᠢᠨ ᠠᠷᠢᠯᠪᠠ᠃ | ᠲᠡᠷᠡ ᠦᠶ᠎ᠡ ᠳᠤ ᠤᠷᠴᠢᠨ ᠠᠬᠤᠢ ᠰᠠᠶᠢᠨ ᠠᠭᠤᠷ ᠠᠮᠢᠰᠬᠤᠯ ᠲᠡᠭᠰᠢ ᠲᠤᠯᠠ ᠵᠢᠯ ᠳᠡᠭᠡᠨ ᠤᠨ ᠳᠠᠭᠠᠨ | ᠬᠤᠷ᠎ᠠ ᠪᠤᠷᠤᠭᠠᠨ ᠲᠠᠰᠤᠷᠠᠬᠤ ᠦᠬᠡᠢ᠂ ᠡᠪᠡᠰᠤ ᠪᠡᠯᠴᠢᠭᠡᠷ ᠦᠩ ᠰᠢᠮᠡᠯᠢᠭ᠂ ᠦᠷᠡᠵᠢᠯᠳᠤ ᠮᠠᠯ ᠲᠠᠷᠭᠤ ᠬᠦᠴᠦ ᠲᠠᠢ | ᠂ ᠦᠷ᠎ᠡ ᠶᠢᠨ ᠲᠠᠷᠢᠶ᠎ᠠ ᠤᠷᠭᠤᠴᠠ ᠰᠠᠶᠢᠳᠠᠢ᠂ ᠠᠯᠳᠠᠨ ᠨᠠᠮᠤᠷ ᠤᠨ ᠴᠠᠭ ᠲᠤ ᠠᠮᠤ ᠪᠤᠳᠠᠭ᠎ᠠ ᠪᠠᠨ ᠡᠯᠪᠡᠭ | ᠬᠤᠷᠢᠶᠠᠵᠦ᠂ ᠠᠷᠠᠳ ᠮᠠᠯᠴᠢᠳ ᠠᠯᠠᠰᠢ ᠢᠳᠡᠰᠢ ᠶᠢᠨ ᠦᠬᠡᠷ ᠬᠤᠨᠢᠨ ᠮᠢᠬ᠎ᠠ ᠶᠢ ᠪᠠᠨ ᠡᠪᠤᠯ ᠳᠡᠭᠡᠨ ᠪᠡᠯᠡᠳᠭᠡᠨ | ᠬᠠᠳᠠᠭᠠᠯᠠᠵᠦ᠂ ᠵᠢᠯ ᠤᠨ ᠲᠦᠷᠪᠡᠨ ᠤᠯᠠᠷᠢᠯ ᠢᠶᠠᠷ ᠰᠦ ᠰᠠᠭᠠᠯᠢ ᠲᠠᠰᠤᠷᠠᠬᠤ ᠦᠬᠡᠢ᠂ ᠪᠠᠶᠠᠨ ᠴᠢᠨᠡᠭᠡᠯᠢᠭ | ᠠᠮᠢᠳᠤᠷᠠᠵᠦ ᠪᠠᠶᠢᠭᠰᠠᠨ ᠶᠤᠮ᠃ | ᠮᠤᠭᠠᠶᠢᠳᠤ ᠶᠢᠨ ᠲᠠᠯ᠎ᠠ ᠭᠡᠳᠡᠭ ᠴᠢᠨᠢ ᠬᠡᠳᠤᠨ ᠠᠷᠪᠠᠨ ᠭᠠᠵᠠᠷ ᠦᠷᠭᠦᠯᠵᠢᠯᠡᠭᠰᠡᠨ ᠨᠤᠮᠢᠨ ᠨᠤᠭᠤᠭᠠᠨ | ᠲᠠᠯ᠎ᠠ᠂ ᠲᠤᠬᠤᠢ ᠴᠢᠨᠡᠭᠡ ᠦᠨᠳᠤᠷ ᠤᠷᠭᠤᠳᠠᠭ ᠬᠢᠶᠠᠭ ᠡᠪᠡᠰᠤ ᠤᠨ ᠬᠠᠳᠤᠯᠠᠩ ᠲᠠᠢ᠂ ᠲᠠᠭᠠᠨ᠎ᠠ ᠮᠠᠩᠭᠢᠷ᠂ ᠬᠡᠭᠡᠷ᠎ᠡ | ᠶᠢᠨ ᠭᠤᠭᠤᠳ᠂ ᠲᠡᠮᠡᠭᠡᠨ ᠬᠦᠬᠦ᠂ ᠨᠤᠶᠢᠯ ᠠᠷᠪᠠᠢ᠂ ᠭᠠᠰᠢᠭᠤᠨ ᠨᠤᠭᠤᠭ᠎ᠠ ᠭᠡᠳ ᠵᠤᠶᠢᠯ ᠤᠨ ᠤᠷᠭᠤᠮᠠᠯ | ᠤᠷᠭᠤᠳᠠᠭ ᠪᠠᠶᠢᠭᠰᠠᠨ︔ ᠤᠯᠠᠭᠠᠨ ᠶᠠᠭᠠᠨ ᠴᠡᠴᠡᠭ ᠬᠤᠸᠠᠷ ᠤᠳ ᠦᠩᠭᠡ ᠢᠯᠭᠠᠷᠠᠨ ᠮᠦᠰᠢᠶᠡᠵᠦ᠂ ᠲᠤᠩᠭᠠᠯᠠᠭ | ᠤᠷᠤᠰᠬᠠᠯᠳᠤ ᠦᠯᠵᠠᠶᠢᠮᠦ᠋ᠷᠡᠨ ᠭᠤᠤᠯ ᠲᠠᠯ᠎ᠠ ᠶᠢᠨ ᠲᠤᠮᠳᠠᠭᠤᠷ ᠮᠢᠷᠡᠯᠵᠢᠵᠦ᠂ ᠲᠠᠪᠤᠨ ᠬᠤᠰᠢᠭᠤ ᠮᠠᠯ ᠤᠨ ᠤᠮᠳᠠ | ᠶᠢ ᠬᠠᠩᠭᠠᠵᠦ᠂ ᠭᠤᠤᠯ ᠤᠨ ᠬᠤᠶᠠᠷ ᠬᠦᠪᠡᠭᠡ ᠪᠠᠷ ᠪᠤᠳᠠ ᠪᠤᠷᠭᠠᠰᠤ ᠪᠦᠷᠬᠦᠵᠦ᠂ ᠤᠳᠠᠨ ᠮᠤᠳᠤ ᠤᠳ | ᠢᠭᠴᠤᠷᠠᠵᠦ᠂ ᠵᠡᠷᠯᠢᠭ ᠤᠯᠤᠰᠤ ᠵᠡᠭᠡᠰᠤ ᠬᠤᠯᠤᠰᠤ ᠨᠠᠶᠢᠭᠤᠵᠦ᠂ ᠭᠤᠤᠯ ᠤᠨ ᠤᠰᠤᠨ ᠳᠤᠨᠢ ᠵᠢᠭᠠᠰᠤ ᠵᠢᠷᠠᠭᠠᠬᠠᠢ | ᠰᠦᠯᠵᠢᠯᠳᠤᠵᠦ᠂ ᠪᠠᠶᠠᠠᠨᠠᠭᠤᠷ ᠤᠨ ᠨᠠᠭᠤᠷ ᠴᠦᠭᠦᠷᠤᠮ ᠤᠨ ᠤᠰᠤᠨ ᠤ ᠬᠦᠪᠡᠭᠡ ᠪᠠᠷ ᠬᠤᠯᠤᠰᠤ ᠵᠠᠭᠡᠰᠤ ᠤᠷᠭᠤᠨ | ᠬᠠᠯᠢᠭᠤᠷᠠᠵᠦ᠂ ᠬᠤᠵᠢᠷ ᠱᠠᠤ ᠨᠢ ᠮᠠᠯᠴᠢᠨ ᠲᠦᠮᠡᠨ ᠤ ᠰᠠᠶᠢᠨ ᠬᠡᠷᠡᠭᠯᠡᠭᠡᠨ ᠪᠤᠯᠵᠦ᠂ ᠬᠤᠨ ᠭᠠᠯᠠᠭᠤ᠂ ᠠᠯ ᠰᠡᠭᠦᠯ᠂ | ᠲᠤᠭᠤᠳᠠᠭ ᠲᠤᠭᠤᠷᠣᠣ᠂ ᠬᠠᠯᠢᠭᠤᠨ ᠭᠠᠯᠠᠭᠤ᠂ ᠬᠠᠷᠴᠠᠭᠠᠢ ᠪᠦᠷᠭᠦᠳ ᠬᠠᠯᠢᠨ ᠨᠢᠰᠦᠭᠰᠡᠨ ᠰᠠᠶᠢᠬᠠᠨ ᠭᠠᠵᠠᠷ | ᠪᠠᠶᠢᠭᠰᠠᠨ ᠶᠤᠮ᠃ | ᠡᠨᠡ ᠪᠤᠯ ᠮᠢᠨᠤ ᠲᠦᠷᠦᠭᠰᠡᠨ ᠨᠤᠳᠤᠭ ︽ᠰᠤᠪᠤᠷᠭ᠎ᠠ ᠶᠢᠨ ᠠᠶᠢᠯ︾ — ᠬᠤᠵᠢᠮ ᠨᠢ ᠬᠤᠪᠢᠷᠠᠭᠰᠠᠨ | ︽ᠵᠡᠭᠦᠨ ᠮᠤᠭᠠᠶᠢᠳᠤ ᠶᠢᠨ ᠠᠶᠢᠯ︾ ᠶᠤᠮ᠃ ᠠᠯᠢᠶ᠎ᠠ ᠰᠤᠷᠤᠭᠴᠢ ᠪᠠᠶᠢᠭᠰᠠᠨ ᠪᠢ᠂ ᠠᠵᠢᠯ ᠤᠨ ᠪᠠᠶᠢᠷᠢ ᠳᠤ | ᠭᠠᠷᠴᠦ ᠠᠵᠢᠯᠳᠠᠨ ᠠᠯᠪᠠᠳᠠᠨ ᠶᠡᠪᠤᠭᠰᠠᠨ ᠠᠴᠠ ᠪᠤᠯᠵᠦ᠂ ᠠᠶᠢᠯ ᠨᠤᠳᠤᠭ ᠲᠠᠭᠠᠨ ᠲᠠᠮᠡᠢ ᠠᠵᠢᠯ ᠬᠢᠬᠦ ᠵᠠᠪᠰᠢᠶᠠᠨ | ᠤᠯᠤᠯ ᠦᠬᠡᠢ᠂ ᠠᠰᠳᠠᠭᠠᠨ ᠭᠠᠵᠠᠷ ᠤᠷᠤᠨ ᠢᠶᠠᠷ ᠠᠵᠢᠯᠯᠠᠵᠦ ᠶᠠᠪᠤᠭᠠᠳ ᠤᠳᠤ ᠵᠢᠷᠠ ᠭᠠᠷᠴᠦ ᠵᠠᠵᠢᠨ ᠦᠰᠤ | ᠴᠠᠶᠢᠭᠰᠠᠨ ᠡᠪᠤᠭᠡᠨ ᠪᠤᠯᠵᠦ᠂ ᠠᠵᠢᠯ ᠤᠨ ᠪᠠᠶᠢᠷᠢ ᠠᠴᠠ ᠪᠠᠨ ᠪᠠᠭᠤᠵᠦ ᠠᠮᠠᠷᠠᠯᠳᠠ ᠪᠠᠨ ᠠᠪᠤᠭᠰᠠᠨ ᠺᠠᠳ᠋ᠷ | ᠪᠤᠯᠤᠭᠰᠠᠨ ᠲᠤᠯᠠ᠂ ᠠᠮᠢᠨ ᠤ ᠬᠠᠶᠢᠷᠠᠳᠠᠢ ᠨᠤᠳᠤᠭ ᠤᠨ ᠢᠶᠠᠨ ᠠᠯᠳᠠᠷᠰᠢᠵᠦ ᠪᠠᠶᠢᠭᠰᠠᠨ ᠨᠠᠷᠠ ᠲᠠᠭᠤᠳᠠᠯᠭ᠎ᠠ ᠶᠢ ᠨᠢ | ᠲᠤᠳᠤᠷᠠᠭᠤᠯᠵᠦ᠂ ᠠᠯᠠᠭ ᠡᠷᠢᠶᠡᠨ ᠶᠢᠷᠳᠢᠨᠴᠦ ᠶᠢᠨ ᠤᠯᠠᠭᠠᠨ ᠲᠤᠭᠤᠰᠤᠨ ᠳᠤ ᠠᠯᠳᠠᠵᠦ ᠤᠷᠬᠢᠭᠰᠠᠨ ᠤᠤᠯ ᠤᠨ | ᠨᠡᠷᠡᠶᠢᠳᠤᠯ ᠢ ᠨᠢ ᠡᠷᠬᠢᠴᠡᠭᠦᠯᠦᠨ᠂ ᠲᠡᠤᠬᠡ ᠶᠢᠨ ᠦᠨᠡᠨ ᠢ ᠨᠢ ᠲᠤᠷᠠᠳᠬᠠᠨ ᠰᠠᠨᠠᠭᠠᠯᠵᠠᠵᠤ ᠪᠢᠴᠢᠭᠰᠡᠨ ᠶᠤᠮ᠃ | | ᠵᠡᠭᠦᠯᠳᠡ᠄ | ① ︽ᠪᠠᠯᠴᠢᠷᠤᠳ ᠰᠤᠮᠤᠨ ᠤ ᠤᠶᠢᠯᠠᠯᠭ᠎ᠠ︾ ᠠᠴᠠ | | ᠵᠣᠬᠢᠶᠠᠭᠴᠢ᠄ ᠪ᠊ · ᠲᠡᠮᠤᠷᠭᠤᠤᠯᠳᠤ | ᠨᠠᠶᠢᠷᠠᠭᠤᠯᠤᠭᠴᠢ᠄ ᠴ᠊ · ᠰᠠᠷᠠᠭᠤᠯ | |