ᠠᠷᠤ ᠬᠤᠷᠴᠢᠨ ᠮᠤᠩᠭᠤᠯᠴᠤᠳ ᠤᠨ ᠢᠳᠡᠭᠡᠨ ᠤᠮᠳᠠᠭᠠᠨ ᠤ ᠵᠠᠩ ᠦᠢᠯᠡ ᠶᠢᠨ ᠪᠠᠶᠢᠳᠠᠯ ︵ᠬᠤᠶᠠᠷ︶
ᠨᠡᠶᠢᠲᠡᠯᠡᠭᠰᠡᠨ ᠴᠠᠭ᠄
2016/5/16
       ᠬᠤᠶᠠᠷ᠂ ᠮᠤᠩᠭᠤᠯ ᠪᠤᠳᠠᠭ᠎ᠠ ᠲᠠᠢ ᠮᠠᠰᠢ ᠲᠤᠬᠢᠷᠠᠯᠴᠠᠭᠰᠠᠨ ᠬᠦᠭᠡ ᠴᠠᠢ ᠪᠠ ᠨᠤᠲᠤᠭ ᠤᠨ ᠶᠠᠩᠵᠤ ᠪᠦᠷᠢ  ᠶᠢᠨ ᠴᠠᠢ ᠨᠤᠭᠤᠳ        ᠴᠠᠢ ᠪᠤᠯ ᠠᠷᠤ ᠬᠤᠷᠴᠢᠨ ᠮᠤᠩᠭᠤᠯᠴᠤᠳ ᠤᠨ ᠡᠳᠤᠷ ᠤᠨ ᠭᠤᠷᠪᠠᠨ ᠡᠷᠢᠨ ᠤ ᠬᠤᠭᠤᠯᠠᠨ ᠤ ᠦᠷᠯᠦᠭᠡ᠂ ᠦᠳᠡ ᠬᠤᠶᠠᠷ ᠡᠷᠢᠨ ᠳᠤ ᠲᠠᠰᠤᠷᠠᠵᠤ ᠪᠤᠯᠳᠠᠭ ᠦᠭᠡᠢ ︽ᠦᠷᠯᠦᠭᠡ ᠶᠢᠨ ᠴᠠᠢ︾᠂ ︽ᠦᠳᠡ ᠶᠢᠨ ᠴᠠᠢ︾ ᠭᠡᠳ ᠯᠠ ᠵᠠᠩᠰᠢᠴᠢᠬᠠᠭᠰᠠᠨ ᠬᠤᠭᠤᠯᠠ ᠤᠮᠳᠠᠭᠠᠨ ᠪᠦᠭᠡᠳ ᠤᠳᠤ ᠪᠤᠯᠳᠠᠯ᠎ᠠ ᠦᠷᠬᠦᠯᠵᠢᠯᠡᠭᠰᠡᠭᠡᠷ ᠪᠠᠶᠢᠭ᠎ᠠ ᠶᠤᠮ᠃        ᠭᠡᠬᠦ ᠳᠤ ᠪᠠᠨ ᠬᠦᠬᠡ ᠴᠠᠢ ᠪᠠᠨ ᠵᠡᠯᠡᠪᠴᠢᠨ ᠲᠤᠭᠤᠭᠠᠨ ᠳᠤ ᠪᠠᠨ ᠴᠢᠨᠠᠵᠤ ᠲᠠᠪᠤᠰᠤ ᠪᠠ ᠢᠳᠡᠭᠡ ᠠᠭᠠᠭ  ᠢ ᠨᠢ ᠰᠠᠶᠢᠳᠤᠷ ᠲᠤᠬᠢᠷᠠᠭᠤᠯᠤᠨ ᠪᠤᠴᠠᠯᠭᠠᠵᠤ᠂ ᠲᠡᠭᠦᠨ ᠢᠶᠠᠨ ᠵᠠᠨᠳᠤᠮ ᠳᠤ ᠪᠠᠨ ᠰᠦ ᠲᠠᠢ ᠨᠡᠶᠢᠯᠡᠭᠦᠯᠵᠤ ᠲᠡᠪᠤᠷ᠎ᠡ ᠪᠠ ᠲᠤᠮ ᠭᠦᠨᠵᠡ ᠲᠡᠭᠡᠨ ᠠᠭᠤᠳᠠᠯᠠᠨ ᠠᠪᠴᠤ ᠡᠳᠤᠷᠵᠢᠨ ᠤᠤᠭᠤᠵᠤ ᠪᠠᠶᠢᠳᠠᠭ᠃ ᠲᠡᠶᠢᠨᠬᠦ  ᠭᠦᠬᠡ ᠴᠠᠢ ᠨᠢ ᠮᠤᠩᠭᠤᠯ  ᠨᠤᠲᠤᠭ ᠤᠨ ᠲᠡᠷᠢᠭᠦᠨ ᠵᠡᠷᠭᠡ ᠶᠢᠨ ᠤᠮᠳᠠᠭᠠᠨ ᠪᠤᠯᠵᠤ ᠪᠠᠶᠢᠳᠠᠭ᠃ ᠬᠡᠪ ᠤᠨ ᠴᠠᠢ ᠶᠢ ᠠᠷᠤ ᠬᠤᠷᠴᠢᠨ ᠳᠤ ᠬᠦᠭᠡ ᠴᠠᠢ ᠭᠡᠳᠡᠭ ᠪᠠ ᠮᠠᠯ ᠤᠨ ᠠᠰᠢᠭ ᠰᠢᠮ᠎ᠡ ᠶᠢᠨ ᠭᠠᠷᠤᠯ ᠲᠠᠢ ᠵᠦᠢᠯᠡᠰ ᠢ ᠴᠠᠭᠠᠨ ᠢᠳᠡᠭᠡ ᠭᠡᠵᠤ᠂ ᠮᠠᠯ ᠤᠨ ᠮᠢᠬ᠎ᠠ ᠶᠢ ᠤᠯᠠᠭᠠᠨ ᠢᠳᠡᠭᠡ ᠭᠡᠵᠤ᠂ ᠬᠢᠳᠠᠳ ᠭᠠᠷᠤᠯ ᠲᠠᠢ ᠢᠳᠡᠭᠡᠨ  ᠤ ᠵᠦᠢᠯᠡᠰ ᠢ ᠤᠯᠠᠩᠭᠢ ᠶᠢ ᠨᠢ ᠬᠠᠷ᠎ᠠ ᠭᠡᠳᠡᠭ᠃ ᠵᠢᠱᠢᠶᠡᠯᠡᠪᠡᠯ ︽ᠬᠠᠷ᠎ᠠ ᠠᠷᠢᠬᠢ︾  ᠂ ︽ᠬᠠᠷ᠎ᠠ ᠴᠠᠢ︾᠂ ︽ᠬᠠᠷ᠎ᠠ ᠲᠤᠰᠤ︾ ᠭᠡᠬᠦ ᠮᠡᠳᠤᠴᠢᠯᠡᠨ ᠢᠯᠭᠠᠪᠤᠷᠢᠲᠠᠢ ᠲᠠᠭᠤᠳᠠᠳᠠᠭ᠃        ᠠᠷᠤ ᠬᠤᠷᠴᠢᠨ ᠨᠤᠲᠤᠭ ᠤᠨ ᠴᠠᠢ ᠨᠤᠭᠤᠳ᠄        ᠦᠷᠢᠯ ᠤᠨ ᠴᠠᠢ᠄        ᠦᠷᠢᠯ ᠪᠤᠯ ᠨᠠᠪᠴᠢ ᠵᠤᠯᠭᠠᠷᠠᠳᠠᠭ  ᠵᠢᠮᠢᠰᠯᠢᠭ  ᠲᠤᠷᠤᠭ ᠮᠤᠳᠤ ᠪᠠᠶᠢᠵᠤ᠂ ᠨᠠᠪᠴᠢ ᠨᠢ ᠵᠤᠤᠪᠠᠩ ᠪᠤᠶᠤ ᠦᠨᠳᠡᠭᠡᠯᠵᠢᠨ ᠬᠡᠯᠪᠡᠷᠢ ᠲᠠᠢ᠂ ᠨᠢᠭᠳᠠ ᠬᠢᠷᠤᠭᠡᠨ ᠰᠢᠳᠤᠨ ᠬᠦᠪᠡᠭᠡ ᠲᠠᠢ᠂ ᠴᠡᠴᠡᠭ ᠨᠢ ᠴᠠᠭᠠᠨ ᠦᠩᠭᠡ ᠲᠠᠢ ᠰᠢᠭᠦᠷ ᠬᠡᠯᠪᠡᠷᠢᠳᠤ ᠴᠡᠴᠡᠭ ᠤᠨ ᠪᠠᠭ ᠲᠠᠢ ᠤᠯᠠᠭᠠᠨ ᠪᠤᠶᠤ ᠰᠢᠷ᠎ᠠ ᠵᠢᠮᠢᠰ ᠰᠠᠭᠤᠳᠠᠭ ᠢ ᠨᠢ ᠮᠦᠨ ᠦᠷᠢᠯ ᠭᠡᠳᠡᠭ᠃ ᠠᠷᠤ ᠬᠤᠷᠴᠢᠨ ᠮᠤᠩᠭᠤᠯᠴᠤᠳ ᠦᠷᠢᠯ ᠤᠨ ᠮᠤᠳᠤᠨ ᠤ ᠨᠠᠪᠴᠢ ᠪᠠᠷ ᠨᠢ ᠨᠤᠳᠤᠭ ᠤᠨ ᠤᠨᠴᠠ ᠭᠠᠷᠤᠯᠳᠠ ᠴᠠᠢ ᠪᠤᠯᠪᠠᠰᠤᠷᠠᠭᠤᠯᠤᠨ ᠤᠤᠭᠤᠵᠤ ᠪᠠᠶᠢᠪᠠ᠃ ᠲᠡᠷᠡ ᠨᠢ ᠦᠨᠦᠷ ᠠᠮᠳᠠ ᠪᠠᠷ ᠬᠦᠬᠡ ᠴᠠᠢ ᠳᠤ ᠠᠪᠳᠠᠭᠳᠠᠬᠤ ᠪᠠᠷ ᠦᠭᠡᠢ ᠨᠢᠭᠡ ᠵᠦᠢᠯ ᠤᠨ ᠨᠤᠲᠤᠭ ᠤᠨ ᠴᠠᠢ ᠪᠤᠯᠬᠤ ᠶᠤᠮ᠃ ᠦᠷᠢᠯ ᠤᠨ ᠮᠤᠳᠤ ᠨᠢ ᠠᠷᠤ ᠬᠤᠷᠴᠢᠨ ᠤ ᠭᠤᠭᠤᠰᠤᠲᠠᠢ ᠬᠠᠨ ᠠᠭᠤᠯᠠ᠂ ᠠᠪᠠᠭ᠎ᠠ ᠬᠠᠷ᠎ᠠ ᠠᠭᠤᠯᠠ᠂ ᠰᠢᠷ᠎ᠠ ᠦᠨᠳᠤᠷ ᠬᠠᠨ ᠠᠭᠤᠯᠠ᠂ ᠲᠤᠬᠤᠢ ᠬᠠᠨ ᠠᠭᠤᠯᠠ᠂ ᠬᠦᠬᠡ ᠱᠤᠷᠤᠩ᠂ ᠪᠠᠪᠤᠩᠳᠤ ᠵᠡᠷᠭᠡ ᠠᠭᠤᠯᠠ ᠨᠢᠷᠤᠭᠤᠳ ᠢᠶᠠᠷ ᠲᠠᠷᠬᠠᠯᠳᠠ ᠲᠠᠢ ᠪᠠᠶᠢᠳᠠᠭ᠃        ᠰᠡᠩᠳᠡᠩ ᠴᠠᠢ᠄        ᠰᠡᠩᠳᠡᠩ ᠮᠤᠳᠤ ᠪᠤᠯ ᠨᠠᠪᠴᠢ ᠵᠤᠯᠭᠠᠷᠠᠳᠠᠭ ᠪᠠᠭᠠᠪᠳᠤᠷ ᠲᠤᠷᠤᠭ ᠮᠤᠳᠤ ᠶᠤᠮ᠂ ᠰᠤᠨᠳᠤᠭᠤᠢ ᠦᠳᠦᠯᠢᠭ ᠨᠡᠶᠢᠯᠮᠡᠯ ᠨᠠᠪᠴᠢ ᠲᠠᠢ᠂ ᠴᠡᠴᠡᠭ ᠤᠨ ᠬᠡᠯᠳᠡᠰ ᠨᠢ ᠴᠠᠭᠠᠨ᠂ ᠤᠭ ᠤᠨ ᠬᠡᠰᠡᠭ ᠲᠤ ᠪᠠᠨ ᠤᠯᠠᠪᠳᠤᠷ ᠲᠤᠯᠪᠤ ᠲᠠᠢ᠂ ᠬᠤᠩᠭᠤᠷᠴᠠᠭᠳᠤ ᠵᠢᠮᠢᠰ ᠨᠢ ᠨᠤᠭᠤᠭᠠᠨ ᠪᠦᠭᠡᠳ ᠵᠤᠵᠠᠭᠠᠨ ᠬᠠᠯᠢᠰᠤ ᠲᠠᠢ ᠪᠤᠯᠪᠠᠰᠤᠷᠠᠪᠠᠯ ᠬᠠᠭᠠᠷᠠᠳᠠᠭ᠂ ᠢᠳᠡᠵᠤ ᠪᠤᠯᠬᠤ ᠮᠦᠷᠳᠡᠭᠡᠨ ᠲᠤᠰᠤ ᠰᠢᠬᠠᠳᠠᠭ᠃ ᠠᠷᠤ ᠬᠤᠷᠴᠢᠨᠴᠤᠳ ᠡᠨᠡᠭᠦ ᠮᠤᠳᠤᠨ ᠤ ᠨᠠᠪᠴᠢ ᠪᠤᠶᠤ ᠴᠡᠴᠡᠭ ᠤᠨ ᠬᠡᠯᠳᠡᠰ ᠢᠶᠠᠷ ᠴᠠᠢ ᠪᠤᠯᠪᠠᠰᠤᠷᠠᠭᠤᠯᠵᠤ ᠤᠤᠭᠤᠵᠤ ᠪᠠᠶᠢᠵᠠᠢ᠃ ᠰᠡᠩᠳᠡᠩ ᠮᠤᠳᠤ ᠨᠢ ᠪᠠᠰᠠ ᠰᠢᠷ᠎ᠠ ᠤᠰᠤ ᠶᠢ ᠬᠠᠳᠠᠭᠠᠵᠤ᠂ ᠬᠡᠢ ᠰᠢᠷ᠎ᠠ ᠪᠠᠳᠭᠠᠨ ᠢ ᠲᠡᠭᠰᠢᠯᠡᠨ ᠴᠠᠭᠠᠨ ᠰᠤᠳᠠᠯ ᠳᠤ ᠮᠠᠰᠢ ᠠᠰᠢᠭᠳᠠᠢ ᠨᠢᠭᠡ ᠵᠦᠢᠯ ᠤᠨ ᠡᠮ ᠤᠨ ᠮᠠᠲ᠋ᠧᠷᠢᠶᠠᠯ ᠪᠤᠯᠬᠤ ᠶᠤᠮ᠃ ᠰᠡᠩᠳᠡᠩ ᠮᠤᠳᠤᠨ ᠤ ᠲᠠᠷᠬᠠᠯᠳᠠ ᠨᠢ ᠠᠷᠤ ᠬᠤᠷᠴᠢᠨ ᠳᠤ ᠨᠡᠯᠢᠶᠡᠳ ᠦᠷᠭᠡᠨ ᠪᠠᠶᠢᠳᠠᠭ᠂ ᠲᠡᠭᠡᠷ᠎ᠡ ᠵᠠᠭᠤᠨ ᠤ ᠲᠡᠪᠢ ᠵᠢᠷᠠᠭᠠᠳ ᠤᠨ ᠠᠴᠠ ᠨᠠᠰᠢ ᠤᠯᠤᠰ ᠤᠨ ᠤᠢ ᠰᠢᠭᠤᠢ ᠶᠢᠨ ᠲᠠᠯᠠᠪᠠᠢ  ᠨᠤᠭᠤᠳ ᠲᠤ ᠲᠠᠷᠢᠵᠤ ᠪᠠᠶᠢᠭᠰᠠᠨ ᠢᠶᠠᠨ ᠤᠷᠴᠢᠮ ᠤᠨ ᠵᠢᠯ ᠠᠴᠠ ᠲᠡᠷᠢᠶᠠᠯᠠᠬᠤ ᠶᠢ ᠵᠤᠭᠰᠤᠵᠤ ᠤᠢ ᠮᠤᠳᠤ ᠲᠠᠷᠢᠬᠤ ᠲᠤᠭᠳᠠᠭᠠᠯ ᠢᠶᠠᠷ ᠡᠯ᠎ᠡ ᠭᠠᠵᠠᠷ ᠤᠨ ᠬᠢᠨ ᠰᠡᠩᠳᠡᠩ ᠮᠤᠳᠤ ᠲᠠᠷᠢᠭᠰᠠᠳ ᠴᠦ ᠪᠤᠢ᠃        ᠲᠡᠭᠡᠷᠡᠬᠢ ᠠᠴᠠ ᠭᠠᠳᠠᠨ᠎ᠠ ᠠᠷᠤ ᠬᠤᠷᠴᠢᠨ ᠨᠤᠲᠤᠭ ᠲᠤ ᠤᠯᠠᠨ ᠵᠦᠢᠯ ᠤᠨ ᠡᠪᠡᠰᠤᠨ ᠴᠠᠢ ᠪᠠᠶᠢᠬᠤ ᠯᠠ ᠪᠤᠶᠠᠨ᠃ ᠲᠡᠤᠭᠡᠨ ᠠᠴᠠ ᠡᠰᠢ ᠲᠠᠳᠠᠪᠠᠯ ᠮᠠᠨᠵᠤ ᠴᠢᠩ ᠤᠨ ᠦᠶ᠎ᠡ ᠳᠤ ᠡᠮᠤᠨ᠎ᠡ ᠤᠷᠤᠨ ᠠᠴᠠ ᠬᠢᠳᠠᠳ ᠪᠤᠶᠤ ᠮᠠᠨᠵᠤᠴᠤᠳ ᠮᠠᠨ ᠤ ᠨᠤᠲᠤᠭ ᠲᠤ ᠢᠷᠡᠵᠤ ᠵᠦᠢᠯ ᠪᠦᠷᠢ ᠶᠢᠨ ᠴᠠᠢ ᠶᠢᠨ ᠮᠠᠲ᠋ᠧᠷᠢᠶᠠᠯ ᠲᠡᠭᠦᠵᠤ ᠪᠤᠯᠪᠠᠰᠤᠷᠠᠭᠤᠯᠤᠭᠠᠳ ᠨᠠᠮᠤᠷ ᠲᠤ ᠪᠠᠨ ᠠᠪᠤᠭᠠᠳ ᠶᠠᠪᠤᠳᠠᠭ ᠪᠠᠶᠢᠵᠠᠢ᠃ ᠮᠠᠨ ᠤ ᠨᠤᠲᠤᠭ ᠤᠨ ᠮᠤᠩᠭᠤᠯᠴᠤᠳ ᠨᠢ ᠲᠡᠶᠢᠮᠤ ᠤᠯᠠᠨ ᠴᠠᠢ ᠶᠢᠨ ᠲᠤᠳᠤᠷ᠎ᠠ ᠠᠴᠠ ᠬᠦᠷᠪᠡᠬᠦ ᠴᠠᠢ᠂ ᠤᠳᠪᠠᠯ᠎ᠠ ᠴᠠᠢ᠂ ᠰᠢᠷᠢᠩᠭᠢ ᠴᠠᠢ᠂  ᠶᠦᠮᠡᠭᠠᠷᠪᠤ ᠴᠠᠢ᠂ ᠰᠤᠶᠤᠨ ᠴᠠᠢ᠂ ᠤᠷᠬᠤᠳᠠᠢ ᠴᠠᠢ᠂ ᠮᠦᠩᠭᠡ ᠴᠠᠢ᠂ ᠰᠢᠷ᠎ᠠ ᠴᠠᠢ᠂ ᠨᠤᠭᠤᠭᠠᠨ ᠴᠠᠢ᠂ ᠲᠠᠭᠱᠠ ᠴᠠᠢ᠂ ᠴᠢᠯᠠᠭᠤᠨ ᠴᠠᠢ  ᠵᠡᠷᠭᠡ ᠠᠷᠪᠠ ᠬᠤᠷᠢᠨ ᠵᠦᠢᠯ ᠤᠨ ᠴᠠᠢ ᠶᠢ  ᠲᠠᠨᠢᠵᠤ  ᠲᠡᠭᠦᠬᠦ  ᠪᠤᠶᠤ  ᠪᠤᠯᠪᠠᠰᠤᠷᠠᠭᠤᠯᠤᠨ ᠤᠤᠭᠤᠵᠤ ᠪᠠᠶᠢᠵᠠᠢ᠃        ᠭᠤᠯᠢᠷ ᠤᠨ ᠴᠠᠢ᠄        ᠭᠤᠯᠢᠷ ᠤᠨ ᠴᠠᠢ ᠬᠡᠮᠡᠭᠴᠢ ᠶᠤᠤᠮᠠᠢ ᠪᠤᠶᠤ ᠪᠤᠭᠤᠳᠠᠢ ᠶᠢᠨ ᠭᠤᠯᠢᠷ᠂ ᠮᠤᠩᠭᠤᠯ ᠤᠯᠠᠭᠠᠨ ᠭᠤᠯᠢᠷ᠂ ᠲᠠᠭᠱᠠ ᠶᠢᠨ ᠭᠤᠯᠢᠷ᠂ ᠴᠦᠷᠬᠦᠯ ︵ᠴᠦᠯᠭᠦᠷ︶ ᠤᠨ ᠭᠤᠯᠢᠷ ᠵᠡᠷᠭᠡ ᠪᠠᠨ ᠲᠤᠭᠤᠭᠠᠨ ᠳᠤ ᠪᠠᠨ ᠬᠠᠯᠠᠭᠤᠳᠠᠭᠠᠵᠤ᠂ ᠰᠦ ᠪᠠ ᠰᠢᠷ᠎ᠠ ᠲᠤᠰᠤ᠂ ᠵᠢᠴᠢ ᠲᠠᠪᠤᠰᠤ ᠵᠡᠷᠭᠡ ᠪᠠᠨ ᠲᠤᠬᠢᠷᠠᠭᠤᠯᠤᠨ ᠨᠠᠶᠢᠷᠠᠵᠤ ᠴᠢᠨᠠᠳᠠᠭ ᠴᠠᠢ ᠪᠤᠯᠤᠨ᠎ᠠ᠃        ᠪᠤᠭᠤᠨ ᠴᠠᠢ᠄        ᠲᠠᠯ᠎ᠠ ᠨᠤᠲᠤᠭ ᠲᠤ ᠬᠠᠮᠤᠭ ᠤᠨ ᠲᠦᠭᠦᠮ᠂ ᠬᠠᠮᠤᠭ ᠤᠨ ᠪᠠᠶᠢᠭᠠᠯᠯᠢᠭ ᠴᠢᠨᠠᠷ ᠲᠠᠢ ᠴᠠᠢ ᠪᠤᠯ ᠪᠤᠭᠤᠨ ᠴᠠᠢ ᠶᠤᠮ᠃ ᠲᠠᠷᠤᠢ ᠬᠠᠭᠤᠷᠤᠭᠰᠠᠨ ᠪᠤᠳᠠᠭ᠎ᠠ ᠪᠤᠶᠤ ᠫᠤᠭᠰᠢᠭᠰᠠᠨ ᠪᠤᠳᠠᠭ᠎ᠠ ᠪᠠᠨ ᠬᠠᠭᠤᠷᠠᠢ ᠪᠠᠷ ᠡᠮᠬᠦᠨ ᠴᠡᠪᠡᠷ ᠪᠤᠯᠠᠭ ᠤᠨ ᠤᠰᠤ ᠶᠢ ᠤᠤᠭᠤᠵᠤ ᠴᠠᠭ ᠤᠨ ᠬᠤᠭᠤᠯᠠ ᠪᠤᠯᠭᠠᠵᠤ ᠪᠠᠶᠢᠳᠠᠭ ᠢ ᠪᠤᠭᠤ ᠶᠢᠨ ᠴᠠᠢ ᠭᠡᠳᠡᠭ᠃ ᠠᠳᠤᠭᠤ ᠮᠠᠯ ᠤᠨ ᠬᠦᠮᠦᠰ ᠪᠠ ᠡᠷᠢᠯ ᠤᠨ ᠬᠦᠮᠦᠰ ᠤᠨ ᠲᠦᠭᠦᠮ ᠴᠠᠢ ᠬᠤᠭᠤᠯᠠ ᠪᠤᠯᠤᠨ᠎ᠠ᠃        ᠤᠷᠬᠢᠭᠤᠯ ᠴᠠᠢ᠄        ᠤᠷᠬᠢᠭᠤᠯ ᠴᠠᠢ᠂ ᠴᠢᠢᠳᠡᠮ ᠴᠠᠢ᠂ ᠪᠠᠭᠠᠭᠢᠭᠤᠯ ᠴᠠᠢ ᠶᠢᠨ ᠭᠤᠷᠪᠠᠨ ᠨᠠᠶᠢᠷᠠᠯᠳᠠᠳᠤ ᠴᠠᠢ ᠪᠤᠯ ᠮᠤᠩᠭᠤᠯ ᠪᠤᠳᠠᠭ᠎ᠠ ᠪᠤᠶᠤ ᠪᠤᠷᠤ ᠬᠤᠨᠤᠭ ᠪᠤᠳᠠᠭ᠎ᠠ ᠪᠠᠨ ᠲᠤᠭᠤᠭᠠᠨ ᠳᠤ ᠪᠠᠨ ᠬᠠᠯᠠᠭᠤᠳᠠᠭᠠᠵᠤ᠂ ᠲᠡᠭᠦᠨ ᠤ ᠪᠠᠨ ᠲᠡᠭᠡᠷ᠎ᠡ ᠱᠠᠷᠤᠭ ᠦᠭᠡᠢ ᠬᠦᠭᠡ ᠴᠠᠢ ᠪᠠᠨ ᠬᠢᠵᠤ᠂ ᠰᠦ ᠪᠤᠶᠤ ᠦᠷᠦᠮ᠎ᠡ᠂ ᠰᠢᠷ᠎ᠠ ᠲᠤᠰᠤ ᠶᠢ ᠵᠤᠬᠢᠴᠠᠭᠤᠯᠤᠨ ᠬᠢᠵᠤ ᠨᠡᠶᠢᠯᠡᠭᠦᠯᠦᠨ ᠴᠢᠢᠳᠡᠮᠯᠡᠵᠤ ᠤᠤᠭᠤᠳᠠᠭ ᠴᠠᠢ ᠪᠤᠯᠤᠨ᠎ᠠ᠃        ᠮᠠᠩᠵᠠᠨ ᠴᠠᠢ᠄        ᠮᠠᠩᠵᠠᠨ ᠴᠠᠢ ᠶᠢ ᠰᠦᠮ᠎ᠡ ᠭᠡᠶᠢᠳ ᠤᠨ ᠭᠠᠵᠠᠷ ᠤᠤᠭᠤᠳᠠᠭ ᠠᠴᠠ ᠦᠰᠦᠳ ᠢᠶᠠᠷ ᠮᠤᠩᠭᠤᠯᠴᠤᠳ ᠦᠪᠡᠷᠳᠡᠭᠡᠨ ᠨᠠᠶᠢᠷᠠᠭᠤᠯᠵᠤ ᠤᠤᠭᠤᠳᠠᠭ᠃ ᠡᠨᠡ ᠨᠢ ᠱᠠᠷᠤᠭ ᠦᠭᠡᠢ ᠠᠭᠠᠭ ᠰᠠᠶᠢᠳᠠᠢ ᠴᠠᠢ ᠳᠤ ᠪᠠᠨ ᠪᠤᠷᠮ᠎ᠠ᠂ ᠰᠢᠷ᠎ᠠ ᠲᠤᠰᠤ ︵ᠵᠤᠬᠢᠬᠤ ᠬᠡᠮᠵᠢᠶᠡᠨ ᠤ ᠪᠠᠯ ᠤᠷᠤᠬᠤ︶ ᠦᠷᠦᠮ᠎ᠡ᠂ ᠬᠠᠭᠤᠷᠠᠢ ᠪᠤᠳᠠᠭ᠎ᠠ ᠵᠡᠷᠭᠡ ᠶᠢ ᠵᠠᠨᠳᠤᠮᠯᠠᠵᠤ ᠬᠢᠭᠰᠡᠨ ᠲᠡᠭᠡᠳᠤ  ᠠᠮᠳᠠᠳᠤ ᠴᠠᠢ ᠶᠤᠮ᠃        ᠮᠤᠩᠭᠤᠯᠴᠤᠳ ᠴᠠᠢ ᠶᠢ ᠡᠶᠢᠨᠬᠦ ᠪᠦᠷᠢᠵᠤ ︵ᠴᠢᠢᠯᠡᠵᠤ︶ ᠤᠤᠭᠤᠬᠤ ᠨᠢ ᠴᠦᠬᠡᠨ᠂ ᠭᠤᠤᠯᠳᠠᠭᠤ ᠴᠢᠨᠠᠵᠤ ᠯᠠ ᠤᠤᠭᠤᠳᠠᠭ ᠪᠠᠶᠢᠵᠠᠢ᠃   ᠵᠤᠬᠢᠶᠠᠭᠴᠢ᠄ ᠯᠠᠩᠪᠤᠷᠢᠨᠴᠢᠨ   ᠨᠠᠶᠢᠷᠠᠭᠤᠯᠣᠭᠴᠢ᠄ ᠪᠦᠷᠢᠨᠰᠠᠶᠢᠨ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号