ᠭᠤᠷᠪᠠ᠂ ᠠᠷᠤ ᠬᠤᠷᠴᠢᠨ ᠮᠤᠩᠭᠤᠯᠴᠤᠳ ᠤᠨ ᠪᠤᠷᠤ ᠢᠳᠡᠭᠡ ᠶᠢ | ᠪᠤᠯᠪᠠᠰᠤᠷᠠᠭᠤᠯᠵᠤ ᠡᠳ᠋ᠯᠡᠬᠦ ᠵᠠᠩ ᠦᠢᠯᠡ | ᠪᠤᠷᠤ ᠢᠳᠡᠭᠡ ᠨᠢ ᠭᠤᠤᠯᠳᠠᠭᠤ ᠤᠷᠤᠨ ᠨᠤᠲᠤᠭ ᠲᠤ ᠪᠠᠨ ᠲᠠᠷᠢᠳᠠᠭ ᠰᠠᠭᠠᠳᠠ ︵ᠰᠠᠭᠠᠭ︶ ᠪᠠ | ᠰᠢᠯᠦᠭᠡᠢ ᠠᠴᠠ ᠭᠠᠳᠠᠨ᠎ᠠ ᠨᠠᠷᠢᠮᠤ ︵ᠬᠤᠨᠤᠭ ᠠᠮᠤ︶ ᠵᠢᠴᠢ ᠡᠮᠤᠨ᠎ᠡ ᠤᠷᠤᠨ ᠠᠴᠠ ᠤᠷᠤᠵᠤ ᠢᠷᠡᠭᠰᠡᠨ ᠪᠤᠭᠤᠳᠠᠢ | ᠲᠤᠲᠤᠷᠭ᠎ᠠ ᠵᠡᠷᠭᠡ ᠶᠢᠨ ᠢᠳᠡᠭᠡ ᠪᠤᠳᠠᠭ᠎ᠠ ᠪᠤᠯᠬᠤ ᠶᠤᠮ᠃ ᠡᠳᠡᠭᠡᠷ ᠤᠨ ᠲᠤᠳᠤᠷ᠎ᠠ ᠠᠴᠠ ᠭᠤᠷᠠᠯ ︵ᠭᠤᠯᠢᠷ ᠢ | ᠠᠷᠤ ᠬᠤᠷᠴᠢᠨ ᠳᠤ ᠤᠯᠠᠩᠭᠢ ᠨᠢ ᠭᠤᠷᠠᠯ ᠭᠡᠵᠤ ᠬᠡᠯᠡᠳᠡᠭ︶ ᠤᠨ ᠵᠦᠢᠯ ᠠᠴᠠ ᠲᠤᠷᠠᠳᠪᠠᠯ᠄ | ︵1︶ ᠰᠠᠭᠠᠳᠠ ᠶᠢᠨ ᠭᠤᠯᠢᠷ᠄ | ᠠᠷᠤ ᠬᠤᠷᠴᠢᠨ ᠳᠤ ᠰᠠᠭᠠᠳᠠ ︵ᠰᠠᠭᠠᠭ ᠢ ᠤᠯᠠᠩᠭᠢ ᠨᠢ ᠰᠠᠭᠠᠳᠠ ᠭᠡᠵᠤ ᠬᠡᠯᠡᠳᠡᠭ︶ ᠶᠢᠨ ᠭᠤᠯᠢᠷ ᠢᠶᠠᠷ | ᠡᠯᠳᠡᠪ ᠵᠦᠢᠯ ᠤᠨ ᠲᠠᠩ ᠬᠢᠳᠡᠭ᠃ ᠲᠠᠩ ᠢ ᠪᠠᠰᠠ ᠲᠠᠳᠠᠰᠢ ᠭᠡᠵᠤ ᠨᠡᠷᠡᠯᠡᠳᠡᠭ᠃ ᠡᠭᠦᠨ ᠳᠤ ᠰᠠᠭᠠᠳᠠ ᠶᠢᠨ | ᠭᠤᠯᠢᠷ ᠤᠨ ᠡᠷᠡᠭᠡᠢ ᠲᠠᠩ᠂ ᠬᠡᠷᠴᠢᠮᠡᠯ ᠲᠡᠩ᠂ ᠡᠯᠳᠡᠮᠡᠯ ᠲᠡᠩ᠂ ᠪᠠᠵᠠᠮᠠᠯ ᠲᠠᠩ᠂ ᠬᠤᠳᠬᠤᠮᠠᠯ ᠲᠠᠩ᠂ ᠵᠢᠭᠤᠷᠠᠮᠠᠯ | ᠲᠠᠩ᠂ ᠵᠦᠰᠦᠮᠡᠯ ᠲᠡᠩ᠂ ᠴᠢᠳᠬᠤᠮᠠᠯ ᠲᠠᠩ᠂ ᠤᠷᠠᠮᠠᠯ ᠲᠠᠩ ᠵᠡᠷᠭᠡ ᠶᠢ ᠬᠢᠬᠦ ᠠᠴᠠ ᠭᠠᠳᠠᠨ᠎ᠠ ᠪᠠᠰᠠ ᠴᠢᠳᠬᠤᠮᠠᠯ | ᠪᠤᠤᠪᠤ᠂ ᠵᠢᠭᠤᠷᠠᠮᠠᠯ ᠪᠤᠤᠪᠤ᠂ ᠬᠠᠭᠰᠠᠭᠠᠮᠠᠯ ᠪᠤᠤᠪᠤ᠂ ᠬᠡᠷᠴᠢᠶᠡ ᠪᠤᠤᠪᠤ᠂ ᠰᠢᠷᠠᠮᠠᠯ ᠪᠤᠤᠪᠤ᠂ ᠨᠠᠭᠠᠮᠠᠯ ᠪᠤᠤᠪᠤ ᠵᠢᠴᠢ | ᠪᠠᠩᠰᠢ᠂ ᠱᠠᠯᠪᠢᠩ᠂ ᠬᠤᠶᠢᠮᠤᠭ ᠵᠡᠷᠭᠡ ᠢᠳᠡᠭᠡᠨ ᠬᠢᠳᠡᠭ ᠪᠦᠭᠡᠳ ᠬᠠᠮᠤᠭ ᠨᠡᠷᠡᠲᠡᠢ ᠨᠢ ᠲᠤᠬᠤᠯᠠᠢ ᠭᠡᠭᠴᠢ ᠶᠢᠨ | ᠲᠡᠭᠡᠳᠤ ᠠᠮᠳᠠᠳᠤ ᠢᠳᠡᠭᠡᠨ ᠢ ᠬᠢᠳᠡᠭ᠃ | ︵2︶ ᠪᠤᠭᠤᠳᠠᠢ ᠶᠢᠨ ᠭᠤᠯᠢᠷ ᠄ | ᠤᠷᠢᠳᠤ ᠳᠤ ᠪᠠᠨ ᠪᠤᠭᠤᠳᠠᠢ ᠶᠢᠨ ᠭᠤᠯᠢᠷ ᠢ ᠤᠷᠤᠨ ᠨᠤᠲᠤᠭ ᠲᠤ ᠪᠠᠨ ᠲᠠᠷᠢᠳᠠᠭ ᠦᠭᠡᠢ ᠪᠠᠶᠢᠵᠤ | ᠭᠤᠤᠯᠳᠠᠭᠤ ᠡᠮᠤᠨ᠎ᠡ ᠤᠷᠤᠨ ︵ᠤᠮᠠᠷᠠᠳᠤ ᠶᠢᠨ ᠲᠠᠯ᠎ᠠ ᠭᠠᠵᠠᠷ ᠤᠨ ᠲᠠᠷᠢᠶᠠᠯᠠᠩ ᠤᠨ ᠤᠷᠤᠨ︶ ᠠᠴᠠ ᠲᠡᠮᠡᠭᠡᠨ | ᠯᠤᠤᠭᠠᠷ ᠢᠶᠠᠷ ᠵᠦᠭᠡᠭᠡᠬᠦ ᠪᠠ ᠲᠠᠪᠤᠨ ᠫᠦᠰᠡ ᠶᠢᠨ ᠮᠠᠨᠵᠤ ᠬᠢᠳᠠᠳ ᠤᠨ ᠮᠠᠶᠢᠮᠠᠶᠢᠴᠢᠨ ᠠᠴᠠ ᠬᠤᠳᠠᠯᠳᠤᠨ ᠠᠪᠳᠠᠭ | ᠪᠠᠶᠢᠭᠰᠠᠨ ᠶᠤᠮ᠃ ᠬᠤᠰᠢᠭᠤᠨ ᠲᠦᠪ ᠤᠷᠴᠢᠮ ᠢᠶᠠᠷ ᠢᠵᠸᠤ ᠮᠠᠶᠢᠮᠠᠢ ᠪᠠ ᠲᠠᠪᠤᠨ ᠫᠦᠰᠡ ᠬᠡᠵᠤ ᠪᠠᠶᠢᠳᠠᠭ ᠨᠢ | ᠮᠤᠩᠭᠤᠯᠴᠤᠳ ᠲᠤ ᠪᠤᠭᠤᠳᠠᠢ ᠶᠢᠨ ᠭᠤᠯᠢᠷ᠂ ᠲᠤᠳᠤᠷᠭ᠎ᠠ ᠪᠠ ᠬᠤᠨᠤᠭ ᠪᠤᠳᠠᠭᠠᠨ ᠤ ᠵᠦᠢᠯ ᠬᠠᠩᠭᠠᠵᠤ ᠪᠠᠶᠢᠭᠰᠠᠨ | ᠪᠠ ᠮᠤᠩᠭᠤᠯᠴᠤᠳ ᠦᠪᠡᠷᠲᠡᠭᠡᠨ ᠲᠤᠳᠤᠷ᠎ᠠ ᠭᠠᠵᠠᠷ ᠠᠴᠠ ᠲᠡᠮᠡᠭᠡᠨ ᠯᠤᠤᠭᠠᠷ ᠢᠶᠠᠷ ᠠᠴᠢᠶᠠᠯᠠᠨ ᠠᠪᠴᠢᠷᠠᠳᠠᠭ | ᠪᠠᠶᠢᠭᠰᠠᠨ ᠶᠤᠮ᠃ ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠠᠴᠠ ᠰᠡᠭᠦᠯᠡᠷ ᠤᠯᠤᠰ ᠠᠴᠠ ᠵᠡᠭᠦᠨ ᠬᠤᠶᠢᠳᠤ | ᠶᠢᠨ ᠲᠠᠯ᠎ᠠ ᠭᠠᠵᠠᠷ ᠤᠨ ᠤᠮᠠᠷᠠᠳᠤ ᠶᠢᠨ ᠶᠡᠭᠡ ᠠᠳᠠᠷ ᠢ ᠬᠠᠭᠠᠯᠪᠤᠷᠢᠯᠠᠨ ᠲᠤᠮᠳᠠᠳᠤ ᠤᠯᠤᠰ ᠤᠨ ᠬᠠᠮᠤᠭ ᠲᠤᠮᠤ | ᠲᠠᠸᠠᠷ ᠤᠨ ᠠᠮᠤ ᠶᠢᠨ ᠰᠠᠭᠤᠷᠢᠨ ᠭᠠᠵᠠᠷ ᠭᠠᠷᠭᠠᠭᠰᠠᠨ ᠢᠶᠠᠷ ᠠᠳᠡᠭᠢ ᠶᠢᠨ ᠪᠤᠭᠤᠳᠠᠢ ᠶᠢᠨ ᠭᠤᠯᠢᠷ ᠢᠶᠠᠨ | ᠭᠤᠤᠯᠳᠠᠭᠤ ᠲᠡᠨᠳᠡ ᠠᠴᠠ ᠤᠷᠤᠭᠤᠯᠳᠠᠭ ᠪᠤᠯᠵᠠᠢ᠃ | ᠲᠤᠬᠤᠯᠠᠢ᠄ | ᠲᠤᠬᠤᠯᠠᠢ ᠪᠤᠯ ᠠᠷᠤ ᠬᠤᠷᠴᠢᠨ ᠨᠤᠲᠤᠭ ᠤᠨ ᠤᠨᠴᠠ ᠠᠮᠳᠠᠳᠤ ᠬᠤᠭᠤᠯᠠ ᠪᠤᠯᠤᠨ᠎ᠠ᠃ ᠲᠤᠬᠤᠯᠠᠢ ᠶᠢ | ᠬᠢᠬᠦ ᠳᠤ ᠪᠤᠭᠤᠳᠠᠢ ᠶᠢᠨ ᠭᠤᠯᠢᠷ ᠢᠶᠠᠨ ᠨᠤᠬᠤᠨ ᠡᠯᠳᠡᠭᠡᠳ ᠨᠢᠮᠭᠡᠷᠡᠭᠦᠯᠦᠭᠰᠡᠨ ᠤ ᠲᠠᠷᠠᠭ᠎ᠠ ᠪᠠᠷ ᠵᠢᠵᠢᠭᠯᠡᠨ | ᠲᠦᠷᠪᠡᠯᠵᠢᠨ ᠬᠡᠷᠴᠢᠭᠡᠳ ᠱᠦᠯᠦᠨ ᠳᠤ ᠪᠠᠨ ᠲᠠᠪᠤᠰᠤ ᠴᠠᠭ᠎ᠠ ᠲᠠᠢ ᠨᠢᠭᠡ ᠴᠢᠨᠠᠵᠤ ᠠᠪᠤᠭᠠᠳ ᠵᠤᠤᠯᠢ ᠪᠠᠷ | ᠱᠦᠭᠦᠵᠤ ᠰᠢᠪᠬᠠᠷᠠᠭᠤᠯᠤᠭᠰᠠᠨ ᠤ ᠬᠤᠶᠢᠨ᠎ᠠ ᠲᠠᠭᠢᠨ ᠲᠤᠭᠤᠭᠠᠨ ᠳᠤ ᠪᠠᠨ ᠦᠷᠦᠮ᠎ᠡ ᠪᠠᠨ ᠬᠢᠵᠤ᠂ ᠱᠦᠭᠦᠵᠤ | ᠠᠪᠤᠭᠰᠠᠨ ᠲᠦᠷᠪᠡᠯᠵᠢᠨ ᠭᠤᠯᠢᠷ ︵ᠲᠠᠩ︶ ᠢᠶᠠᠨ ᠦᠷᠦᠮ᠎ᠡ ᠲᠠᠢ ᠲᠤᠭᠤᠭᠠᠨ ᠳᠤ ᠪᠠᠨ ᠬᠢᠵᠤ ᠨᠤᠬᠤᠵᠤ | ᠠᠪᠤᠭᠠᠳ ᠰᠢᠷ᠎ᠠ ᠲᠤᠰᠤ ᠪᠤᠷᠮ᠎ᠠ ᠰᠢᠬᠢᠷ ᠬᠤᠯᠢᠵᠤ ᠢᠳᠡᠳᠡᠭ ᠨᠢᠭᠡ ᠵᠦᠢᠯ ᠤᠨ ᠲᠡᠭᠡᠳᠤ ᠵᠡᠷᠭᠡ ᠶᠢᠨ ᠠᠮᠳᠠ ᠲᠠᠢ | ᠬᠤᠭᠤᠯᠠ ᠶᠤᠮ᠃ | ᠮᠤᠩᠭᠤᠯ ᠪᠤᠤᠵᠠ᠂ ᠮᠤᠩᠭᠤᠯ ᠪᠠᠩᠰᠢ᠄ | ᠪᠤᠤᠵᠠ᠂ ᠪᠠᠩᠰᠢ ᠪᠤᠯ ᠭᠤᠯᠢᠷ ᠢᠶᠠᠨ ᠨᠤᠬᠤᠵᠤ ᠨᠢᠮᠭᠡᠯᠡᠭᠰᠡᠨ ᠤ ᠲᠠᠷᠠᠭ᠎ᠠ ᠦᠭᠡᠷ ᠬᠤᠨᠢ ᠮᠢᠬ᠎ᠠ ᠪᠠᠨ | ᠵᠡᠷᠯᠢᠭ ᠲᠠᠭᠠᠨ᠎ᠠ᠂ ᠵᠡᠷᠯᠢᠭ ᠭᠤᠭᠤᠳ᠂ ᠵᠡᠷᠯᠢᠭ ᠭᠦᠩᠭᠦᠷ ᠭᠤᠭᠤᠳ᠂ ᠵᠡᠷᠯᠢᠭ ᠰᠤᠩᠭᠢᠨ᠎ᠠ᠂ ᠴᠤᠷ᠎ᠠ ᠨᠤᠭᠤᠭ᠎ᠠ | ᠶᠢᠨ ᠠᠯᠢ ᠨᠢᠭᠡ ᠬᠤᠶᠠᠷ ᠵᠦᠢᠯ ᠢ ᠨᠠᠷᠢᠨ ᠬᠡᠷᠴᠢᠵᠤ ᠂ ᠦᠭᠡᠷ ᠪᠤᠶᠤ ᠬᠤᠨᠢᠨ ᠤ ᠮᠢᠬ᠎ᠠ ᠪᠠᠨ ᠪᠠᠰᠠ ᠬᠢᠩᠭᠠᠷ᠎ᠠ ︵ | ᠪᠤᠤᠳᠤᠤ︶ ᠪᠠᠷ ᠨᠠᠷᠢᠨ ᠬᠡᠷᠴᠢᠨ ᠬᠢᠷᠤᠭᠠᠳ᠂ ᠨᠠᠷᠢᠨ ᠬᠡᠷᠴᠢᠭᠰᠡᠨ ᠮᠢᠬ᠎ᠠ ᠪᠤᠯᠤᠨ ᠨᠤᠭᠤᠭ᠎ᠠ ᠪᠠᠨ ᠨᠡᠶᠢᠯᠡᠭᠦᠯᠦᠨ | ᠨᠤᠬᠤᠭᠠᠳ ᠨᠢᠮᠭᠡᠯᠡᠭᠰᠡᠨ ᠭᠤᠯᠢᠷ ᠢᠶᠠᠷ ᠢᠶᠠᠨ ᠪᠠᠭᠯᠠᠵᠤ ᠪᠤᠭᠤᠭᠠᠳ ᠨᠢᠭᠡ ᠲᠠᠯ᠎ᠠ ᠶᠢ ᠨᠢ ᠴᠢᠮᠬᠢᠵᠤ ᠨᠡᠶᠢᠯᠡᠭᠦᠯᠦᠭᠰᠡ | ᠬᠤᠭᠤᠯᠠ ᠪᠤᠯᠤᠨ᠎ᠠ᠃ ᠵᠠᠷᠢᠮ ᠨᠢ ᠬᠡᠬᠡᠯᠢ ᠲᠠᠢ ᠬᠤᠭᠤᠯᠠ ᠭᠡᠬᠦ ᠪᠤᠶᠤ ᠭᠤᠯᠢᠷ ᠬᠢᠰᠤᠭ᠎ᠠ ᠪᠠᠷᠢᠯ᠎ᠠ ᠭᠡᠵᠤ ᠬᠡᠯᠡᠳᠡᠭ᠃ | ᠪᠤᠵᠠ ᠶᠢ ᠪᠤᠯ ᠵᠢᠩᠨᠡᠭᠦᠷ ᠲᠠᠢ ᠲᠤᠭᠤᠭᠠᠨ ᠳᠤ ᠤᠰᠤᠨ ᠠᠭᠤᠷ ᠢᠶᠠᠷ ᠵᠢᠩᠨᠡᠵᠤ ᠪᠤᠯᠭᠤᠭᠠᠳᠠᠭ᠃ ᠪᠠᠩᠰᠢ ᠶᠢ ᠪᠤᠯ | ᠵᠢᠩᠨᠡᠵᠤ ᠪᠤᠯᠭᠤᠭᠠᠬᠤ ᠠᠴᠠ ᠭᠠᠳᠠᠨ᠎ᠠ ᠤᠯᠠᠩᠭᠢ ᠨᠢ ᠬᠦᠰᠭᠦᠯᠦᠭᠡ ᠰᠠᠶᠢᠳᠠᠢ ᠱᠦᠯᠦᠨ ᠳᠤ ᠴᠠᠭ᠎ᠠ ᠬᠢᠵᠤ᠂ ᠪᠠᠭ᠎ᠠ | ᠰᠠᠭ᠎ᠠ ᠮᠢᠬᠠᠨ ᠬᠡᠷᠴᠢᠮᠡᠯ ᠪᠠ ᠭᠤᠯᠭᠤᠷᠢᠬᠠᠢ ︵ᠹᠧᠨ︶ ᠲᠠᠢ ᠬᠤᠯᠢᠵᠤ ᠴᠢᠨᠠᠵᠤ ᠢᠳᠡᠳᠡᠭ᠃ ᠠᠷᠤ ᠬᠤᠷᠴᠢᠨ ᠳᠤ | ᠵᠠᠷᠢᠮ ᠭᠠᠵᠠᠷ ᠤᠨ ᠬᠢᠨ ᠪᠠᠩᠰᠢ ᠪᠠ ᠪᠤᠤᠵᠠ ᠶᠢᠨ ᠲᠤᠳᠤᠷ ᠢ ᠬᠢᠷᠤᠭᠰᠠᠨ ᠰᠤᠷᠰᠤ ᠭᠡᠳᠡᠭ ᠪᠠᠶᠢᠵᠠᠢ᠃ | ᠪᠤᠷᠤ ᠢᠳᠡᠭᠡᠨ ᠪᠤᠯᠬᠤ ᠪᠤᠤᠪᠤ᠄ | ᠪᠤᠤᠪᠤ ᠶᠢ ᠬᠠᠭᠠᠷᠢᠬᠤ ᠪᠠ ᠲᠤᠰᠤᠨ ᠳᠤ ᠪᠤᠴᠠᠯᠭᠠᠬᠤ ᠬᠤᠶᠠᠷ ᠵᠦᠢᠯ ᠤᠨ ᠠᠷᠭ᠎ᠠ ᠪᠠᠷ ᠬᠢᠳᠡᠭ ᠪᠠᠶᠢᠵᠠᠢ᠃ | ᠠᠷᠤ ᠬᠤᠷᠴᠢᠨ ᠳᠤ ᠵᠢᠯ ᠪᠦᠷᠢ ᠶᠢᠨ ᠡᠪᠤᠯ ᠤᠨ ᠡᠬᠢᠨ ᠰᠠᠷ᠎ᠠ ᠶᠢᠨ ᠬᠤᠷᠢᠨ ᠲᠠᠪᠤᠨ ᠤ ᠦᠶ᠎ᠡ ᠪᠤᠯᠬᠤᠯᠠᠷ | ᠪᠤᠳᠠᠭ᠎ᠠ ᠴᠠᠷᠴᠠᠭᠠᠬᠤ᠂ ᠪᠤᠤᠪᠤ ᠬᠠᠭᠠᠷᠢᠬᠤ᠂ ᠪᠤᠤᠪᠤ ᠪᠤᠴᠠᠯᠭᠠᠬᠤ᠂ ᠵᠢᠪᠡᠷᠡᠢ ᠬᠢᠬᠦ ᠵᠡᠷᠭᠡ ᠪᠠᠷ ᠮᠠᠰᠢ ᠬᠦᠷ | ᠬᠦᠭᠵᠢᠭᠡᠨ ᠲᠠᠢ ᠪᠤᠷᠤ ᠢᠳᠡᠭᠡᠨ ᠤ ᠪᠠᠵᠠᠭᠠᠯᠳᠠ ᠴᠢᠩᠭᠠᠷᠠᠳᠠᠭ᠃ | ᠬᠠᠭᠠᠷᠢᠭᠰᠠᠨ ᠪᠤᠤᠪᠤ ᠶᠢᠨ ᠲᠦᠷᠦᠯ ᠵᠦᠢᠯ ᠳᠤ ᠪᠤᠭᠤᠳᠠᠢ ᠶᠢᠨ ᠭᠤᠯᠢᠷ ᠢᠶᠠᠷ ᠰᠢᠬᠢᠷᠲᠤ ᠬᠠᠭᠠᠷᠢᠮᠠᠯ᠂ | ᠵᠠᠭᠠᠭᠳᠤ ᠬᠠᠭᠠᠷᠢᠮᠠᠯ᠂ ᠵᠢᠪᠡᠷᠡᠢ ᠪᠤᠤᠪᠤ ᠶᠢᠨ ᠵᠦᠢᠯ᠂ ᠠᠳᠬᠤᠮᠠᠯ ᠪᠤᠤᠪᠤ᠂ ᠬᠦᠷᠳᠤᠨ ᠪᠤᠤᠪᠤ᠂ ᠨᠤᠬᠤᠮᠠᠯ ᠪᠤᠤᠪᠤ᠂ | ᠬᠤᠷᠤᠭᠤ ᠪᠤᠤᠪᠤ᠂ ᠰᠠᠷᠬᠢᠨᠠᠭ ᠪᠤᠤᠪᠤ᠂ ᠮᠠᠨᠤ ᠪᠤᠤᠪᠤ᠂ ᠪᠠᠳᠮᠠᠳᠤ ᠪᠤᠤᠪᠤ᠂ ᠭᠤᠤᠷᠠᠢ ᠪᠤᠤᠪᠤ᠂ ᠬᠡᠷᠴᠢᠶᠡ ᠪᠤᠤᠪᠤ᠂ | ᠠᠳᠠᠭᠠᠷ ᠤᠨ ᠪᠤᠤᠪᠤ᠂ ᠬᠡᠬᠡᠰᠤᠨ ᠪᠤᠤᠪᠤ ᠵᠡᠷᠭᠡ ᠮᠠᠰᠢ ᠤᠯᠠᠨ ᠵᠦᠢᠯ ᠤᠨ ᠪᠤᠤᠪᠤ ᠶᠢ ᠪᠦᠷ ᠰᠢᠷ᠎ᠠ ᠲᠤᠰᠤ ᠪᠠᠷ | ᠬᠠᠭᠠᠷᠢᠬᠤ ᠪᠤᠶᠤ ᠪᠤᠴᠠᠯᠭᠠᠬᠤ ᠲᠤᠯᠠ ᠬᠠᠳᠠᠵᠤ ᠬᠠᠳᠠᠭᠤᠷᠠᠳᠠᠭ ᠦᠭᠡᠢ ᠪᠠᠶᠢᠳᠠᠭ᠃ | ᠠᠷᠤ ᠬᠤᠷᠴᠢᠨ ᠮᠤᠩᠭᠤᠯᠴᠤᠳ ᠴᠠᠭᠠᠨ ᠰᠠᠷ᠎ᠠ ᠶᠢᠨ ᠬᠡᠶᠢᠴᠢᠨ ᠵᠤᠴᠢᠨ ᠤ ᠲᠠᠪᠢᠰᠢ ︵ᠲᠠᠯᠪᠢᠰᠢ︶ ᠶᠢ | ᠵᠠᠰᠠᠬᠤ ᠳᠤ ᠪᠠᠨ ᠶᠢᠰᠦᠨ ᠲᠡᠭᠳᠡᠷ ᠲᠠᠢ ᠲᠠᠯᠪᠢᠳᠠᠭ ᠶᠤᠮ᠃ ᠪᠤᠷᠬᠠᠨ ᠤ ᠲᠠᠬᠢᠯᠭ᠎ᠠ ᠶᠢᠨ ᠪᠤᠤᠪᠤ ᠶᠢ ᠪᠤᠯ ᠠᠷᠪᠠᠨ | ᠲᠡᠭᠳᠡᠷ ᠲᠠᠢ ᠵᠠᠰᠠᠵᠤ ᠪᠠᠶᠢᠳᠠᠭ᠃ ᠬᠠᠮᠤᠭ ᠲᠡᠭᠡᠳᠤ ᠲᠡᠭᠳᠡᠷ ᠲᠤ ᠪᠠᠨ ᠬᠤᠷᠤᠳ ᠵᠡᠷᠭᠡ ᠶᠢᠨ ᠴᠠᠭᠠᠨ ᠢᠳᠡᠭᠡ ᠪᠠᠨ | ᠦᠷᠦᠵᠤ ᠲᠠᠯᠪᠢᠳᠠᠭ᠃ | ᠲᠠᠪᠢᠰᠢᠨ ᠳᠤ ᠪᠠᠨ ᠪᠦᠬᠦᠳᠡ ᠶᠢ ᠬᠤᠷᠤᠳ ᠬᠦᠭᠡᠷᠡᠭᠦᠯᠦᠭᠰᠡᠨ ᠦᠷᠦᠮ᠎ᠡ ᠵᠡᠷᠭᠡ ᠴᠠᠭᠠᠨ ᠢᠳᠡᠭᠡ ᠶᠢ | ᠲᠠᠯᠪᠢᠬᠤ ᠳᠤ ᠪᠠᠨ ᠪᠤᠤᠪᠤ ᠰᠢᠭ᠋ ᠲᠡᠭᠳᠡᠷᠯᠡᠵᠤ ᠲᠠᠯᠪᠢᠳᠠᠭ ᠦᠭᠡᠢ᠂ ᠬᠠᠷᠢᠨ ᠫᠢᠯᠠ ᠲᠦᠭᠦᠷᠡᠩ ᠦᠷᠦᠵᠤ ᠲᠠᠯᠪᠢᠳᠠᠭ | ᠶᠤᠮ᠃ | ᠦᠨᠢᠶ᠎ᠡ ᠪᠠ ᠭᠡᠭᠦᠤ ᠪᠠᠨ ᠰᠠᠭᠠᠭᠰᠠᠨ ᠰᠠᠭᠠᠮ᠎ᠠ ᠶᠢᠨ ᠢᠶᠠᠨ ᠲᠡᠭᠡᠵᠢ ᠶᠢ ᠲᠡᠭᠷᠢ ᠭᠠᠵᠠᠷ ᠪᠤᠷᠬᠠᠨ | ᠰᠠᠬᠢᠭᠤᠯᠰᠤᠨ ᠪᠠ ᠤᠪᠤᠭᠠᠨ ᠱᠠᠩᠰᠢᠨ ᠳᠤ ᠪᠠᠨ ᠡᠷᠭᠦᠵᠤ ᠨᠠᠮᠠᠨᠴᠢᠯᠠᠨ ᠲᠠᠭᠠᠳᠬᠠᠳᠠᠭ᠃ ᠰᠡᠷᠵᠢᠮᠯᠡᠬᠦ ᠳᠤ ᠪᠠᠨ | ᠰᠡᠷᠵᠢᠮ ᠰᠠᠪᠠᠨ ᠠᠴᠠ ᠪᠠᠨ ᠰᠢᠨᠠᠭ᠎ᠠ ᠪᠠᠷ ᠡᠷᠭᠦᠬᠦ ᠪᠢᠰᠢ ᠵᠠᠪᠠᠯ ᠰᠠᠴᠤᠯᠢ ᠪᠠᠷ ᠡᠷᠭᠦᠳᠡᠭ᠃ ᠰᠠᠴᠤᠯᠢ ᠭᠡᠳᠡᠭ ᠨᠢ | ᠶᠢᠰᠤᠨ ᠨᠦᠭᠡ ᠲᠠᠢ ᠠᠭᠠᠷᠤᠤ ᠼᠠᠨᠳᠠᠨ ᠢᠶᠠᠷ ᠬᠢᠭᠰᠡᠨ ᠵᠢᠵᠢᠭᠬᠡᠨ ᠡᠷᠭᠦᠯᠳᠡ ᠶᠢᠨ ᠮᠤᠳᠤᠨ ᠪᠠᠭᠠᠵᠢ ᠪᠠᠶᠢᠳᠠᠭ᠃ | ᠡᠶᠢᠨᠬᠦ ᠮᠤᠩᠭᠤᠯ ᠭᠠᠵᠠᠷ ᠪᠤᠭᠤᠳᠠᠢ ᠶᠢᠨ ᠭᠤᠯᠢᠷ ᠦᠷᠭᠡᠨ ᠶᠡᠭᠡ ᠭᠡᠷᠡᠭᠴᠡᠭᠡ ᠲᠠᠢ ᠪᠦᠭᠡᠳ ᠠᠮᠳᠠ | ᠲᠡᠭᠦᠯᠳᠡᠷ ᠪᠠᠶᠢᠳᠠᠭ ᠢᠶᠠᠷ ᠢᠶᠠᠨ ᠪᠤᠤᠪᠤ ᠱᠤᠤᠪᠤ ᠠᠴᠠ ᠭᠠᠳᠠᠨ᠎ᠠ ᠶᠠᠩᠵᠤ ᠶᠢᠨ ᠬᠤᠶᠠᠷ ᠤᠨ ᠪᠤᠯᠭᠤᠭᠰᠠᠨ ᠢᠳᠡᠭᠡᠨ | ᠬᠤᠪᠢᠯᠭᠠᠵᠤ ᠬᠢᠳᠡᠭ ᠪᠠ ᠡᠭᠦᠨ ᠤ ᠲᠤᠳᠤᠷ᠎ᠠ ᠡᠳᠤᠷ ᠲᠤᠳᠤᠮ ᠤᠨ ᠢᠳᠡᠳᠡᠭ ᠨᠢ ᠭᠤᠤᠯᠳᠠᠭᠤ᠄ ᠭᠤᠯᠢᠷ ᠢᠶᠠᠨ | ᠰᠠᠶᠢᠬᠠᠨ ᠨᠤᠬᠤᠭᠠᠳ ᠦᠩᠭᠦᠷᠢᠰᠢ ︵ᠦᠩᠭᠦᠷᠢᠭᠦᠯ︶ ᠪᠠᠷ ᠡᠯᠳᠡᠨ ᠨᠢᠮᠭᠡᠯᠡᠵᠤ᠂ ᠬᠡᠷᠴᠢᠮᠡᠯ ᠭᠤᠯᠢᠷ ︵ᠪᠠᠰᠠ | ᠲᠠᠩ ᠭᠡᠵᠤ ᠬᠡᠯᠡᠳᠡᠭ︶᠂ ᠲᠠᠳᠠᠮᠠᠯ ᠭᠤᠯᠢᠷ᠂ ᠤᠷᠠᠮᠠᠯ ᠭᠤᠯᠢᠷ᠂ ᠢᠮᠡᠷᠮᠡᠯ ᠭᠤᠯᠢᠷ᠂ ᠲᠠᠰᠤᠯᠠᠭᠤᠷ ᠭᠤᠯᠢᠷ᠂ | ᠲᠠᠳᠠᠰᠢ ᠢᠳᠡᠭᠡ᠂ ᠲᠤᠬᠤᠯᠠᠢ ᠵᠡᠷᠭᠡ ᠶᠢᠨ ᠬᠤᠭᠤᠯᠠ ᠢᠳᠡᠳᠡᠭ᠃ | ᠡᠳᠡᠭᠡᠷ ᠭᠤᠯᠢᠷ ︵ᠲᠠᠩ︶ ᠵᠡᠷᠭᠡ ᠶᠢᠨ ᠢᠳᠡᠭᠡᠨ ᠢ ᠬᠢᠬᠦ ᠳᠤ ᠪᠠᠨ ᠦᠭᠡᠷ ᠬᠤᠨᠢᠨ ᠮᠢᠬ᠎ᠠ ᠪᠠᠨ ᠡᠯᠪᠡᠭ | ᠡᠯᠳᠡᠩ ᠬᠦᠰᠭᠦᠯᠡᠵᠤ᠂ ᠴᠠᠭ᠎ᠠ ᠲᠠᠪᠤᠰᠤ ᠶᠢ ᠨᠢ ᠲᠡᠩᠨᠡᠭᠦᠯᠦᠨ ᠮᠠᠰᠢ ᠱᠦᠯᠦᠷᠬᠡᠤ ᠬᠢᠳᠡᠭ ᠲᠤᠯᠠ ᠡᠩ ᠤᠨ | ᠲᠠᠭᠰᠢᠭᠤᠷ ᠲᠤᠮᠤᠭᠤ ᠶᠢ ᠪᠤᠯ ᠢᠳᠡᠭᠡᠨ ᠢᠶᠠᠷ ᠢᠶᠠᠨ ᠵᠠᠰᠠᠴᠢᠬᠠᠳᠠᠭ ᠪᠠᠶᠢᠭᠰᠠᠨ ᠪᠦᠭᠡᠳ ᠵᠠᠩ ᠲᠠᠳᠬᠠᠯ ᠤᠨ ᠬᠤᠪᠢ | ᠳᠤ ᠮᠦᠬᠦᠯᠢᠭ ᠪᠤᠳᠠᠭ᠎ᠠ ᠲᠤᠰᠤᠯ ᠰᠦ ᠶᠢ ᠴᠦ ᠭᠠᠵᠠᠷ ᠤᠨᠠᠭᠠᠵᠤ ᠠᠰᠬᠠᠳᠠᠭ ᠦᠭᠡᠢ᠃ ᠤᠨᠴᠠᠭᠠᠶᠢᠯᠠᠨ ︽ᠰᠦ | ᠪᠤᠯ ᠲᠠᠯᠠᠢ ᠰᠢᠭ᠋᠂ ᠢᠳᠡᠭᠡ ᠪᠤᠳᠠᠭ᠎ᠠ ᠠᠭᠤᠯᠠ ᠰᠢᠭ᠋ ᠬᠦᠨᠳᠤ︾ ᠭᠡᠰᠡᠨ ᠬᠦᠨᠳᠤᠳᠭᠡᠯ ᠲᠠᠢ ᠪᠠᠶᠢᠵᠤ᠂ ᠤᠴᠢᠷ | ᠤᠳᠬ᠎ᠠ ᠲᠡᠭᠡᠷ᠎ᠡ ᠪᠠᠨ ᠬᠦᠨᠳᠤᠳᠭᠡᠯ ᠪᠠ ᠭᠠᠮᠨᠠᠯ ᠢ ᠡᠷᠭᠢᠮᠯᠡᠬᠦ ᠰᠠᠶᠢᠨ ᠰᠠᠶᠢᠬᠠᠨ ᠵᠠᠩ ᠵᠢᠷᠦᠮ ᠢ ᠪᠤᠢ ᠪᠤᠯᠭᠠᠭᠰᠠᠨ | ᠪᠠᠶᠢᠳᠠᠭ᠃ ᠲᠠᠷᠤᠢ ᠡᠭᠡ ᠪᠠᠶᠢᠭᠠᠯᠢ ᠪᠠᠨ ᠰᠢᠳᠤᠬᠦ᠂ ᠬᠠᠶᠢᠷᠠᠯᠠᠨ ᠬᠠᠮᠠᠭᠠᠯᠠᠬᠤ ᠶᠡᠭᠡ ᠤᠳᠬ᠎ᠠ ᠰᠠᠨᠠᠭ᠎ᠠ | ᠠᠭᠤᠯᠤᠭᠳᠠᠵᠤ ᠪᠠᠶᠢᠭ᠎ᠠ ᠶᠤᠮ᠃ | ︵3︶ ᠰᠢᠯᠦᠭᠡᠢ ᠪᠤᠳᠠᠭᠠᠨ ᠤ ᠵᠦᠢᠯ ᠠᠴᠠ ᠴᠤᠬᠤᠰ ᠲᠤᠷᠠᠳᠬᠤ ᠨᠢ᠄ | ᠰᠢᠯᠦᠭᠡᠢ ᠶᠢ ᠤᠤᠯ ᠠᠴᠠ ᠪᠠᠨ ᠤᠷᠤᠨ ᠨᠤᠲᠤᠭ ᠲᠤ ᠪᠠᠨ ᠨᠠᠮᠤᠭ ᠲᠠᠷᠢᠳᠠᠭ᠃ ᠮᠤᠩᠭᠤᠯ ᠠᠮᠤ ᠶᠢ | ᠪᠤᠳᠤᠪᠠᠯ ᠲᠡᠶᠢᠮᠤ ᠶᠡᠭᠡ ᠬᠡᠪᠴᠢᠶ᠎ᠡ ᠪᠠᠷ ᠲᠠᠷᠢᠳᠠᠭ ᠪᠢᠰᠢ᠃ ᠰᠢᠯᠦᠭᠡᠢ ᠪᠠᠨ ᠢᠩᠳᠡᠨ ᠴᠠᠶᠢᠯᠠᠭᠠᠵᠤ ᠰᠢᠭᠤᠳ | ᠠᠭᠰᠢᠭᠠᠵᠤ ᠢᠳᠡᠳᠡᠭ ᠪᠠ ᠭᠤᠯᠢᠷᠳᠠᠵᠤ ᠠᠪᠤᠭᠠᠳ ᠪᠤᠤᠪᠤ ᠬᠢᠵᠤ ᠢᠳᠡᠳᠡᠭ᠃ | ᠡᠷᠭᠢᠯᠳᠡ ᠶᠢᠨ ᠪᠤᠤᠪᠤ᠄ | ᠡᠷᠭᠢᠯᠳᠡ ᠶᠢᠨ ᠪᠤᠤᠪᠤ ᠪᠤᠯ ᠰᠢᠯᠦᠭᠡᠢ ᠶᠢᠨ ᠭᠤᠯᠢᠷ ᠢᠶᠠᠨ ᠵᠢᠭᠤᠷᠠᠵᠤ ᠢᠰᠭᠡᠭᠰᠡᠨ ᠤ ᠲᠠᠷᠠᠭ᠎ᠠ ᠪᠠᠷ ᠶᠡᠭᠡ | ᠪᠠᠭ᠎ᠠ ᠨᠢ ᠲᠡᠩᠨᠡᠮᠡ ᠪᠤᠤᠪᠤ ᠬᠠᠭᠠᠷᠢᠵᠤ ᠠᠪᠤᠭᠠᠳ ᠭᠤᠤᠯ ᠨᠢ ᠬᠠᠷᠢ ᠳᠤ ᠮᠤᠷᠳᠠᠭᠰᠠᠨ ᠬᠡᠤᠭᠡᠨ ᠢᠶᠠᠨ ᠡᠷᠭᠢᠬᠦ ᠳᠤ | ᠵᠠᠷᠤᠳᠠᠭ᠂ ᠡᠭᠦᠨ ᠢ ᠪᠠᠨ ᠡᠷᠭᠢᠯᠳᠡ ᠶᠢᠨ ᠪᠤᠤᠪᠤ ᠭᠡᠳᠡᠭ᠃ ᠪᠠᠰᠠ ᠨᠠᠩᠭᠢ ᠶᠢᠨ ᠭᠤᠯᠢᠷ ᠢᠶᠠᠷ ᠢᠶᠠᠨ ᠵᠢᠩᠨᠡᠭᠰᠡᠨ | ᠪᠤᠤᠪᠤ ᠪᠤᠶᠤ ᠪᠤᠷᠴᠠᠭ ᠲᠠᠢ ᠪᠤᠤᠪᠤ ᠬᠢᠵᠤ ᠬᠡᠤᠬᠡᠨ ᠢᠶᠠᠨ ᠡᠷᠭᠢᠳᠡᠭ ᠴᠦ ᠪᠤᠢ᠂ ᠡᠶᠢᠮᠤ ᠮᠠᠶ᠋ᠢᠭ ᠤᠨ ᠡᠷᠭᠢᠯᠳᠡ ᠶᠢ | ᠠᠷᠤ ᠬᠤᠷᠴᠢᠨ ᠤ ᠲᠠᠷᠢᠶᠠᠯᠠᠬᠤ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ ᠤ ᠮᠤᠩᠭᠤᠯᠴᠤᠳ ᠠᠷᠪᠢᠨ | ᠭᠡᠷᠡᠭᠯᠡᠳᠡᠭ ᠶᠤᠮ᠃ ᠰᠡᠭᠦᠯ ᠤᠨ ᠦᠶ᠎ᠡ ᠪᠤᠯᠵᠤ ᠢᠷᠡᠭᠡᠳ ᠮᠠᠯᠵᠢᠬᠤ ᠤᠷᠤᠨ ᠤ ᠮᠤᠩᠭᠤᠯᠴᠤᠳ ᠤᠨ ᠵᠠᠷᠢᠮ ᠨᠢ | ᠦᠭᠡᠷ ᠤᠨ ᠡᠪᠴᠢᠭᠦᠤ ᠪᠤᠶᠤ ᠬᠤᠨᠢᠨ ᠤ ᠤᠭᠤᠴᠠ ᠡᠪᠴᠢᠭᠦᠤ ᠵᠡᠷᠭᠡ ᠰᠢᠭᠦᠰᠦᠨ ᠤ ᠪᠠᠨ ᠲᠡᠭᠡᠷ᠎ᠡ ᠨᠢ | ᠬᠠᠭᠠᠷᠢᠭᠰᠠᠨ ᠨᠠᠩᠭᠢ ᠶᠢᠨ ᠪᠤᠤᠪᠤ ᠨᠡᠮᠡᠵᠤ ᠡᠷᠭᠢᠬᠦ ᠪᠤᠯᠤᠭᠰᠠᠨ ᠴᠦ ᠪᠤᠢ᠃ | ᠦᠳᠦᠷᠢᠭ ︵ᠦᠳᠦᠷᠮ᠎ᠡ︶ ᠤᠨ ᠪᠤᠤᠪᠤ᠄ | ᠦᠳᠦᠷᠢᠭ ᠤᠨ ᠪᠤᠤᠪᠤ ᠭᠡᠳᠡᠭ ᠨᠢ ᠲᠤᠭᠤᠭ᠎ᠠ ᠪᠠᠭᠳᠠ ᠶᠠᠳᠠᠮ᠎ᠠ ᠲᠤᠮᠤᠬᠠᠨ ᠬᠠᠭᠠᠷᠢᠭᠰᠠᠨ ᠪᠤᠤᠪᠤ ᠶᠢ | ᠬᠡᠯᠡᠳᠡᠭ᠃ ᠪᠤᠭᠴᠤ ᠭᠤᠯᠢᠷ ᠢᠶᠠᠨ ᠪᠤᠴᠠᠯᠣᠮᠠ ᠣᠰᠣᠨ ᠳᠤ ᠪᠠᠨ ᠬᠢᠵᠤ᠂ ᠵᠡᠰ ᠭᠠᠤᠯᠢᠨ ᠰᠢᠨᠠᠭ᠎ᠠ ᠶᠢᠨ ᠲᠤᠬᠤ ᠪᠠᠷ | ᠲᠠᠪᠰᠢᠨ ᠵᠢᠭᠢᠯᠭᠡᠨ ᠲᠡᠨᠡᠶᠢᠯᠭᠡᠵᠤ ᠨᠢᠮᠭᠡᠯᠡᠳᠡᠭ ᠲᠤᠮᠤ ᠪᠤᠤᠪᠤ ᠶᠢ ᠦᠳᠦᠷᠢᠭ ᠤᠨ ᠪᠤᠤᠪᠤ ᠭᠡᠵᠤ ᠨᠡᠷᠡᠶᠢᠳᠦᠭᠰᠡᠨ | ᠪᠠᠶᠢᠳᠠᠭ᠃ ᠲᠦᠭᠦᠷᠢᠭ ᠮᠦᠷᠲᠡᠭᠡᠨ ᠲᠤᠮᠤ ᠪᠤᠯᠬᠤᠷ ᠢᠶᠠᠨ ᠦᠳᠦᠷᠢᠭ ᠤᠨ ᠲᠠᠯᠠᠪᠠᠢ ᠲᠠᠢ ᠠᠳᠠᠯᠢ ᠬᠡᠮᠡᠭᠰᠡᠨ ᠰᠠᠨᠠᠭ᠎ᠠ | ᠲᠠᠢ ᠨᠡᠷ᠎ᠡ ᠪᠤᠯᠵᠠᠢ᠃ | | ᠵᠤᠬᠢᠶᠠᠭᠴᠢ᠄ ᠯᠠᠩᠪᠤᠷᠢᠨᠴᠢᠨ | ᠨᠠᠶᠢᠷᠠᠭᠤᠯᠤᠭᠴᠢ᠄ ᠪᠦᠷᠢᠨᠰᠠᠶᠢᠨ | |