ᠮᠤᠩᠭᠤᠯᠴᠤᠳ ᠤᠨ ᠴᠡᠭᠡᠷ ᠬᠤᠷᠢᠭ᠎ᠠ ᠶᠢ ᠰᠢᠨᠵᠢᠯᠡᠬᠦᠢ
ᠨᠡᠶᠢᠲᠡᠯᠡᠭᠰᠡᠨ ᠴᠠᠭ᠄
2016/5/9
                                                                                       ᠮᠤᠩᠭᠤᠯ ᠬᠦᠮᠤᠨ ᠤ ᠴᠡᠭᠡᠷ ᠬᠤᠷᠢᠭ᠎ᠠ ᠤᠯᠠᠨ ᠵᠤᠶᠢᠯ ᠪᠠᠶᠢᠳᠠᠭ ᠪᠦᠭᠡᠳ ᠠᠮᠢᠳᠤᠷᠠᠯ ᠤᠨ ᠲᠤᠮᠳᠠᠬᠢ ᠮᠡᠨᠳᠤᠯᠡᠵᠦ ᠬᠦᠨᠳᠦᠯᠡᠬᠦ᠂ ᠢᠳᠡᠵᠦ ᠤᠤᠭᠤᠬᠤ᠂ ᠡᠮᠤᠰᠴᠦ ᠵᠡᠭᠦᠬᠦ᠂ ᠶᠠᠪᠤᠵᠦ ᠰᠠᠭᠤᠬᠤ᠂ ᠪᠠᠶᠠᠷᠯᠠᠵᠦ ᠨᠠᠶᠢᠷᠠᠯᠠᠬᠤ᠂  ᠠᠵᠢᠯᠯᠠᠵᠦ ᠠᠮᠠᠷᠠᠬᠤ ᠮᠡᠳᠤ ᠶᠢᠨ ᠪᠤᠢ ᠪᠦᠬᠦᠢ ᠤᠶᠢᠯᠡ ᠶᠠᠪᠤᠳᠠᠯ ᠳᠤ ᠬᠤᠯᠪᠤᠭᠳᠠᠵᠦ ᠪᠠᠶᠢᠳᠠᠭ᠃ ᠮᠤᠩᠭᠤᠯ ᠤᠨ ᠴᠡᠭᠡᠷ ᠬᠤᠷᠢᠭ᠎ᠠ ᠳᠤ᠂ ᠶᠤᠰᠤ ᠮᠤᠷᠠᠯ ᠤᠨ ᠰᠤᠷᠭᠠᠬᠤ ᠡᠭᠦᠳᠡᠨ ᠤ ᠴᠡᠭᠡᠷ᠂ ᠢᠳᠡᠭᠡᠨ ᠤᠮᠳᠠᠭᠠᠨ ᠢ ᠪᠦᠷᠢᠯᠭᠡᠬᠦ ᠶᠢ ᠴᠡᠭᠡᠷᠯᠡᠭᠰᠡᠨ ᠴᠡᠭᠡᠷ᠂ ᠪᠠᠶᠢᠭᠠᠯᠢ ᠠᠮᠢᠳᠠᠨ ᠢ ᠬᠠᠶᠢᠷᠠᠯᠠᠬᠤ ᠶᠢᠨ ᠲᠦᠯᠦᠭᠡᠨ ᠤ ᠴᠡᠭᠡᠷ᠂ ᠡᠷᠡᠭᠦᠯ ᠡᠩᠬᠡ ᠶᠢ ᠬᠠᠮᠠᠭᠠᠯᠠᠬᠤ ᠳᠤ ᠵᠤᠷᠢᠭᠤᠯᠤᠭᠰᠠᠨ ᠴᠡᠭᠡᠷ᠂ ᠬᠦᠭᠰᠢᠨ ᠨᠠᠰᠤᠳᠠᠳ ᠢᠶᠠᠨ ᠬᠦᠨᠳᠤᠯᠡᠵᠦ᠂ ᠬᠡᠤᠬᠡᠳ ᠪᠠᠭᠠᠴᠤᠳ ᠢ ᠬᠦᠮᠤᠵᠢᠭᠦᠯᠬᠦ ᠳᠤ ᠬᠤᠯᠪᠤᠭᠳᠠᠭᠰᠠᠨ ᠴᠡᠭᠡᠷ ᠭᠡᠬᠦ ᠮᠡᠳᠤ ᠲᠠᠪᠰᠢᠩᠭᠤᠢ ᠠᠭᠤᠯᠭ᠎ᠠ ᠪᠠᠶᠢᠬᠤ ᠪᠠᠷ ᠪᠠᠷᠠᠬᠤ ᠦᠬᠡᠢ᠂ ᠪᠠᠰᠠ ᠡᠮᠡᠭᠳᠠᠶᠢᠴᠤᠳ ᠤᠨ ᠡᠷᠬᠡ ᠮᠡᠳᠡᠯ ᠢ ᠬᠢᠵᠠᠭᠠᠷᠯᠠᠭᠰᠠᠨ᠂ ᠱᠠᠰᠢᠨ ᠰᠢᠳᠦᠯᠭᠡ ᠮᠤᠬᠤᠷ ᠰᠦᠰᠦᠭ ᠲᠤ ᠬᠤᠯᠪᠤᠭᠳᠠᠭᠰᠠᠨ᠂ ᠹᠸᠤᠳᠠᠯ ᠤᠨ ᠦᠵᠡᠯ ᠰᠠᠨᠠᠭ᠎ᠠ ᠶᠢ ᠰᠤᠷᠳᠠᠯᠴᠢᠯᠠᠭᠰᠠᠨ ᠮᠡᠳᠤ ᠶᠢᠨ ᠨᠠᠵᠠᠭᠠᠢ ᠠᠭᠤᠯᠭ᠎ᠠ ᠲᠠᠢ ᠴᠡᠭᠡᠷ ᠬᠤᠷᠢᠭ᠎ᠠ ᠴᠦ ᠪᠠᠶᠢᠳᠠᠭ ᠶᠤᠮ᠃ ᠡᠶᠢᠮᠤ ᠠᠴᠠ ᠪᠢᠳᠠ ᠰᠢᠭᠦᠮᠵᠢᠯᠡᠯ ᠲᠠᠢ ᠪᠠᠷ ᠬᠦᠯᠢᠶᠡᠨ ᠠᠪᠴᠦ᠂ ᠰᠢᠯᠢᠳᠡᠭ  ᠢ ᠨᠢ ᠰᠢᠯᠢᠨ ᠠᠪᠴᠦ᠂ ᠰᠢᠭᠠᠷᠤ ᠶᠢ ᠨᠢ ᠲᠠᠶᠠᠭᠳᠠᠵᠦ᠂ ᠦᠨᠳᠦᠰᠦᠳᠡᠨ ᠤ ᠪᠠᠨ ᠦᠪ ᠰᠤᠶᠤᠯ ᠢᠶᠠᠨ ᠬᠦᠭᠵᠢᠬᠦᠯᠪᠡᠯ ᠵᠤᠬᠢᠰᠳᠠᠢ ᠭᠡᠵᠦ ᠪᠢ ᠦᠵᠡᠨ᠎ᠡ᠃          ᠡᠪᠦᠭᠡ ᠲᠡᠭᠡᠳᠤᠰ ᠢᠶᠠᠨ ᠰᠢᠳᠤᠵᠦ᠂ ᠨᠠᠰᠤᠳᠠᠨ ᠪᠤᠭᠤᠷᠤᠯᠴᠤᠳ ᠢᠶᠠᠨ ᠬᠦᠨᠳᠤᠯᠡᠬᠦ ᠲᠡᠯ᠎ᠡ ᠪᠠᠷ᠄ ᠮᠤᠩᠭᠤᠯᠴᠤᠳ ᠪᠤᠯ ᠡᠷᠳᠡᠨ ᠠᠴᠠ ᠪᠠᠨ ᠡᠪᠦᠭᠡ ᠲᠡᠭᠡᠳᠤᠰ ᠢᠶᠠᠨ ᠰᠢᠳᠤᠵᠦ᠂ ᠨᠠᠰᠤᠳᠠᠢ ᠪᠤᠭᠤᠷᠤᠯᠴᠤᠳ ᠢᠶᠠᠨ ᠬᠦᠨᠳᠦᠯᠡᠵᠦ ᠶᠠᠪᠤᠳᠠᠭ ᠠᠷᠢᠭᠤᠨ ᠰᠠᠶᠢᠬᠠᠨ ᠵᠠᠩ ᠮᠤᠷᠠᠯ ᠲᠠᠢ ᠦᠨᠳᠦᠰᠦᠳᠡᠨ ᠶᠤᠮ᠃ ᠮᠤᠩᠭᠤᠯ ᠬᠦᠮᠤᠨ ᠠᠬᠠᠮᠠᠳ ᠨᠠᠰᠣᠳᠠᠨ ᠢᠶᠠᠨ ᠬᠦᠨᠳᠦᠯᠡᠬᠦ ᠠᠯᠢ ᠤᠯᠠᠨ ᠵᠠᠩ ᠵᠤᠷᠰᠢᠯ ᠲᠠᠢ ᠪᠠᠶᠢᠳᠠᠭ᠃ ᠮᠤᠩᠭᠤᠯᠴᠤᠳ ᠡᠴᠢᠭᠡ ᠡᠬᠡ ᠶᠢᠨ ᠢᠶᠠᠨ ᠡᠨᠡᠷᠢᠯ ᠬᠠᠶᠢᠷ᠎ᠠ ᠶᠢ ᠬᠡᠵᠢᠶ᠎ᠡ ᠡᠭᠦᠷᠢᠳᠡ ᠰᠠᠨᠠᠨ ᠰᠡᠳᠬᠢᠵᠦ᠂ ᠡᠴᠢᠭᠡ ᠡᠬᠡ ᠪᠠᠨ ᠢᠮᠠᠭᠳᠠ ᠬᠦᠨᠳᠦᠯᠡᠵᠦ ᠶᠠᠪᠤᠬᠤ ᠶᠢ ᠨᠢᠭᠡ ᠨᠠᠰᠤᠨ ᠤ ᠪᠠᠨ ᠴᠢᠬᠤᠯᠠ ᠨᠢᠭᠡᠨ ᠵᠢᠷᠤᠮ ᠪᠤᠯᠭᠠᠵᠦ ᠶᠠᠪᠤᠳᠠᠭ ᠵᠠᠩᠰᠢᠯ ᠲᠠᠢ᠃ ᠡᠶᠢᠮᠤ ᠠᠴᠠ ᠡᠪᠦᠭᠡ ᠲᠡᠭᠡᠳᠤᠰ᠂ ᠡᠴᠢᠭᠡ ᠡᠬᠡ ᠶᠢᠨ ᠢᠶᠠᠨ ᠵᠢᠭᠠᠪᠤᠷᠢ ᠰᠤᠷᠭᠠᠯ ᠠᠴᠠ ᠦᠯᠦ ᠵᠦᠷᠢᠴᠡᠬᠦ ᠶᠢ ᠬᠢᠴᠢᠶᠡᠨ᠂ ᠠᠭᠤᠷᠯᠠᠭᠤᠯᠵᠦ ᠭᠤᠮᠤᠳᠠᠬᠤ ᠶᠢ ᠶᠡᠭᠡ ᠴᠡᠭᠡᠷᠯᠡᠳᠡᠭ︔ ᠡᠴᠢᠭᠡ ᠡᠬᠡ ᠶᠢᠨ ᠢᠶᠠᠨ ᠦᠭᠡᠳᠡ ᠠᠴᠠ ᠶᠠᠷᠬᠢᠵᠤ ᠶᠠᠬᠢᠷᠯᠠᠬᠤ᠂ ᠡᠴᠢᠭᠡ ᠡᠬᠡ  ᠳᠡᠭᠡᠨ ᠮᠠᠭᠤ ᠴᠢᠷᠠᠢ ᠦᠵᠡᠭᠦᠯᠬᠦ ᠵᠡᠷᠭᠡ ᠶᠢ ᠮᠠᠰᠢ ᠢᠴᠢᠭᠦᠷᠳᠤ ᠬᠡᠷᠡᠭ ᠢᠶᠠᠷ ᠦᠵᠡᠳᠡᠭ᠃ ᠡᠳᠤᠷ ᠪᠦᠷᠢ ᠶᠢᠨ ᠬᠤᠭᠤᠯᠠ ᠤᠮᠳᠠ ᠪᠠᠨ ᠤᠷᠢᠳᠠᠪᠡᠷ ᠡᠬᠡ ᠡᠴᠢᠭᠡ ᠠᠴᠠ ᠪᠠᠨ ᠠᠰᠠᠭᠤᠳᠠᠭ︔ ᠭᠠᠳᠠᠭᠰᠢ ᠭᠠᠷᠪᠠᠯ ᠠᠪᠤ ᠡᠵᠢ ᠳᠡᠭᠡᠨ ᠬᠡᠯᠡᠭᠡᠳ ᠶᠠᠪᠤᠳᠠᠭ᠂ ᠪᠤᠴᠠᠵᠦ ᠢᠷᠡᠪᠡᠯ ᠠᠪᠤ ᠡᠵᠢ ᠳᠡᠭᠡᠨ ᠵᠤᠯᠭᠠᠵᠦ ᠠᠮᠤᠷ ᠮᠡᠨᠳᠤ ᠠᠶᠢᠯᠠᠳᠬᠠᠳᠠᠭ᠃ ᠡᠴᠢᠭᠡ ᠡᠬᠡ  ᠪᠠᠨ ᠭᠤᠮᠤᠳᠠᠭᠠᠪᠠᠯ ᠬᠢᠯᠢᠨᠴᠡ ᠨᠢᠭᠦᠯ ᠪᠤᠯᠵᠦ ᠡᠨᠡ ᠪᠡᠶ᠎ᠡ ᠪᠠ ᠬᠤᠶᠢᠳᠤ ᠨᠠᠰᠤᠨ ᠳᠤ ᠭᠠᠢ ᠵᠤᠪᠠᠯᠠᠩ ᠪᠤᠯᠤᠨ᠎ᠠ ᠭᠡᠳᠡᠭ᠃ ᠡᠴᠢᠭᠡ ᠡᠬᠡ ᠶᠢᠨ ᠰᠠᠶᠢᠨ ᠨᠠᠶᠢᠵᠢ᠂ ᠠᠨᠳᠠ ᠨᠦᠬᠦᠷ᠂ ᠦᠶ᠎ᠡ ᠵᠡᠷᠭᠡ ᠶᠢᠨ ᠨᠠᠰᠤᠳᠠᠶᠢᠴᠤᠳ ᠢ ᠭᠤᠮᠤᠳᠠᠭᠠᠬᠤ ᠶᠢ ᠴᠦ ᠴᠡᠭᠡᠷᠯᠡᠬᠦ︔  ᠬᠡᠨ ᠬᠦᠮᠤᠨ ᠡᠭᠦᠨ ᠢ ᠵᠦᠷᠢᠴᠡᠪᠡᠯ ᠢᠷᠡᠬᠦ ᠲᠦᠷᠦᠯ ᠳᠡᠭᠡᠨ ᠭᠠᠰᠠᠯᠠᠩ ᠵᠤᠪᠠᠯᠠᠩ ᠠᠮᠰᠠᠨ᠎ᠠ ᠭᠡᠳᠡᠭ᠃ ᠡᠪᠡᠳᠴᠢᠨ ᠬᠠᠭᠤᠴᠢᠨ ᠲᠠᠢ ᠨᠠᠰᠤᠳᠠᠶᠢᠴᠤᠤᠯ ᠢ ᠪᠤᠯᠭᠤᠭᠠᠨ ᠲᠤᠬᠤᠨᠢᠭᠤᠯᠵᠦ ᠦᠵᠡᠪᠡᠯ᠂ ᠵᠠᠪᠠᠯ ᠦᠳᠡ ᠶᠢᠨ ᠡᠮᠤᠨ᠎ᠡ ᠤᠴᠢᠵᠦ ᠦᠵᠡᠳᠡᠭ᠂ ᠦᠳᠡ ᠶᠢᠨ ᠬᠤᠶᠢᠨ᠎ᠠ ᠤᠴᠢᠬᠤ ᠶᠢ ᠴᠡᠭᠡᠷᠯᠡᠳᠡᠭ ᠶᠤᠮ᠂ ᠬᠡᠷᠪᠡ ᠦᠳᠡ ᠶᠢᠨ ᠬᠤᠶᠢᠨ᠎ᠠ ᠪᠤᠶᠤ ᠤᠷᠤᠢ ᠪᠦᠷᠦᠢ ᠤᠴᠢᠵᠦ ᠦᠵᠡᠪᠡᠯ᠂ ᠲᠡᠷᠡ ᠨᠠᠰᠤᠳᠠᠨ ᠤ ᠡᠷᠳᠡ ᠨᠢᠭᠡᠨ ᠡᠳᠤᠷ ᠦᠬᠦᠬᠦ ᠶᠢ ᠬᠦᠰᠡᠵᠦ ᠪᠠᠶᠢᠨ᠎ᠠ ᠭᠡᠵᠦ ᠦᠵᠡᠳᠡᠭ᠃ ᠮᠤᠩᠭᠤᠯᠴᠤᠳ ᠡᠷᠳᠡᠨ ᠠᠴᠠ ᠪᠠᠨ ᠪᠠᠭᠰᠢ ᠪᠠᠨ ᠬᠦᠨᠳᠤᠳᠭᠡᠬᠦ ᠵᠠᠩᠰᠢᠯ ᠲᠠᠢ ᠶᠤᠮ᠂ ︽ᠨᠢᠭᠡᠨ ᠦᠶ᠎ᠡ ᠶᠢᠨ ᠪᠠᠭᠰᠢ᠂ ᠠᠷᠪᠠᠨ ᠦᠶ᠎ᠡ ᠶᠢᠨ ᠠᠪᠤ ᠡᠶ᠋ᠢ︾ ᠭᠡᠳᠡᠭ︔ ᠮᠤᠩᠭᠤᠯ ᠬᠦᠮᠤᠨ᠂ ᠠᠬ᠎ᠠ ᠵᠠᠬᠠᠰ ᠬᠦᠮᠤᠨ ᠢ ︽ᠴᠢ︾ ᠭᠡᠬᠦ ᠪᠤᠶᠤ ᠨᠡᠷ᠎ᠡ ᠪᠠᠷ ᠨᠢ ᠰᠢᠭᠤᠳ ᠲᠠᠭᠤᠳᠠᠬᠤ ᠶᠢ ᠴᠡᠭᠡᠷᠯᠡᠵᠦ ᠲᠠ ᠭᠡᠬᠦ ᠪᠤᠶᠤ᠂ ᠠᠬ᠎ᠠ ᠬᠡᠨ ᠡᠭᠡᠴᠢ ᠬᠡᠨ ᠭᠡᠬᠦ ᠮᠡᠳᠤ ᠪᠠᠷ ᠠᠪᠤᠭᠠᠶᠢᠯᠠᠵᠦ ᠲᠠᠭᠤᠳᠠᠳᠠᠭ᠃ ᠬᠡᠤᠬᠡᠳ ᠰᠢᠤᠬᠠᠳ ᠬᠡᠷᠪᠡ ᠠᠬᠠᠮᠠᠳ ᠨᠠᠷ ᠤᠨ ᠨᠡᠷ᠎ᠡ ᠠᠯᠳᠠᠷ ᠢ ᠰᠢᠭᠤᠳ ᠲᠠᠭᠤᠳᠠᠪᠡᠯ ᠶᠤᠰᠤ ᠮᠤᠷᠠᠯ ᠦᠬᠡᠢ ᠭᠡᠵᠦ᠂ ᠰᠤᠷᠭᠠᠯ ᠦᠬᠡᠢ ᠠᠶᠢᠯ ᠤᠨ ᠬᠡᠤᠬᠡᠳ ᠭᠡᠳᠡᠭ᠃ ᠮᠤᠩᠭᠤᠯ ᠬᠦᠮᠤᠨ᠂ ᠠᠬᠠᠮᠠᠳ ᠨᠠᠷ ᠤᠨ ᠢᠶᠠᠨ ᠲᠤᠯᠤᠭᠠᠢ ᠲᠦᠷᠦᠭᠦᠤ ᠳᠤ ᠭᠠᠷ ᠬᠦᠷᠬᠦ ᠶᠢ ᠴᠡᠭᠡᠷᠯᠡᠳᠡᠭ ᠪᠢᠯᠠ᠃ ᠬᠡᠤᠬᠡᠳ ᠬᠡᠷᠪᠡ ᠭᠡᠷ ᠤᠨ ᠠᠬᠠᠮᠠᠳ ᠪᠤᠶᠤ ᠠᠶᠢᠯ ᠠᠶᠢᠮᠠᠭ  ᠤᠨ ᠠᠬᠠᠮᠠᠳ ᠤᠨ ᠢᠶᠠᠨ ᠲᠤᠯᠤᠭᠠᠢ ᠲᠦᠷᠦᠭᠦᠨ ᠳᠤ ᠭᠠᠷ ᠬᠦᠷᠴᠦ ᠰᠢᠪᠳᠤᠷᠪᠡᠯ᠂ ᠲᠠᠷᠤᠯᠭ᠎ᠠ ᠦᠬᠡᠢ ᠠᠶᠢᠯ ᠤᠨ ᠬᠡᠤᠬᠡᠳ ᠭᠡᠵᠦ ᠨᠡᠶᠢᠭᠡᠮ ᠨᠡᠶᠢᠳᠡ ᠳᠤ ᠵᠢᠭᠰᠢᠭᠳᠡᠨ᠎ᠡ᠃ ᠮᠤᠩᠭᠤᠯ ᠬᠦᠮᠤᠨ᠂ ᠦᠶ᠎ᠡ ᠪᠠᠷ ᠲᠡᠭᠡᠷ᠎ᠡ ᠬᠦᠮᠤᠨ ᠲᠠᠢ ᠴᠤᠭ ᠰᠠᠭᠤᠵᠦ ᠠᠷᠢᠬᠢ ᠤᠤᠭᠤᠬᠤ ᠶᠢ ᠴᠡᠭᠡᠷᠯᠡᠳᠡᠭ︔ ᠬᠡᠷᠪᠡ ᠦᠷ᠎ᠡ ᠬᠡᠤᠬᠡᠳ ᠨᠢ ᠠᠬᠠᠮᠠᠳ ᠤᠨ ᠢᠶᠠᠨ ᠵᠦᠪᠰᠢᠶᠡᠷᠡᠯ ᠦᠬᠡᠢ ᠪᠠᠷ ᠦᠶ᠎ᠡ ᠪᠠᠷ ᠲᠡᠭᠡᠷ᠎ᠡ ᠬᠦᠮᠤᠨ ᠲᠠᠢ ᠡᠷᠡᠭᠡ ᠵᠢᠷᠤᠭ᠎ᠠ ᠦᠬᠡᠢ ᠴᠤᠭ ᠰᠠᠭᠤᠵᠦ ᠠᠷᠢᠬᠢᠳᠠᠪᠠᠯ᠂ ᠶᠤᠰᠤ ᠦᠬᠡᠢ ᠠᠶᠢᠯ ᠤᠨ ᠬᠡᠤᠬᠡᠳ ᠭᠡᠵᠦ ᠵᠢᠮᠡᠯᠡᠭᠳᠡᠳᠡᠭ᠃ ᠬᠡᠷᠬᠡᠢ ᠬᠦᠮᠤᠨ ᠡᠷ᠎ᠡ ᠨᠦᠬᠦᠷ ᠤᠨ ᠢᠶᠠᠨ ᠨᠡᠷ᠎ᠡ ᠪᠠᠷ  ᠨᠢ ᠰᠢᠭᠤᠳ ᠲᠠᠭᠤᠳᠠᠬᠤ ᠶᠢ ᠴᠡᠭᠡᠷᠯᠡᠳᠡᠭ︔ ᠲᠡᠭᠡᠪᠡᠯ ᠭᠡᠷ ᠤᠨ ᠡᠵᠡᠨ ᠢᠶᠠᠨ ᠬᠦᠨᠳᠤᠳᠭᠡᠭᠰᠡᠨ ᠦᠬᠡᠢ᠂ ᠢᠴᠢᠭᠦᠷᠢ ᠰᠤᠨᠵᠢᠭᠤᠷᠢ ᠦᠬᠡᠢ ᠶᠠᠪᠤᠳᠠᠯ ᠭᠡᠵᠦ ᠦᠵᠡᠳᠡᠭ᠃          ᠠᠵᠢᠯ ᠠᠮᠢᠳᠤᠷᠠᠯ ᠤᠨ ᠲᠤᠮᠳᠠ ᠬᠡᠴᠢᠶᠡᠨ ᠴᠡᠭᠡᠷᠯᠡᠬᠦ ᠵᠤᠶᠢᠯ ᠭᠡᠪᠡᠯ᠄ ᠮᠤᠩᠭᠤᠯᠴᠤᠳ ᠬᠡᠶᠢᠴᠢᠨ ᠵᠤᠴᠢᠨ ᠤᠭᠳᠤᠬᠤ ᠳᠠᠭᠠᠨ ᠲᠡᠪᠡᠯ ᠮᠠᠯᠠᠭᠠᠢ ᠲᠡᠷᠢ ᠲᠡᠭᠰᠢ᠂ ᠨᠢᠭᠤᠷ ᠴᠢᠷᠠᠢ ᠦᠰᠦ ᠭᠡᠵᠢᠭᠡ ᠴᠡᠪᠡᠷ ᠴᠡᠮᠴᠡᠭᠡᠷ ᠪᠠᠶᠢᠬᠤ ᠶᠢ ᠶᠡᠬᠡᠳᠡ ᠠᠩᠬᠠᠷᠳᠠᠭ᠃ ᠲᠡᠪᠡᠯ ᠬᠤᠪᠴᠠᠰᠦ ᠤᠷᠠᠩ ᠰᠠᠷᠠᠩ᠂ ᠲᠤᠪᠴᠢ ᠰᠢᠯᠪᠢ ᠰᠤᠯᠠ ᠵᠠᠳᠠᠭᠠᠢ᠂ ᠨᠢᠭᠤᠷ ᠬᠠᠴᠠᠷ ᠡᠷᠢᠶᠡᠨ ᠬᠠᠯᠳᠠᠷ ᠢᠶᠠᠷ ᠵᠤᠴᠢᠨ ᠤᠭᠳᠤᠬᠤ ᠶᠢ ᠴᠡᠭᠡᠷᠯᠡᠳᠡᠭ︔ ᠭᠠᠳᠠᠨ᠎ᠠ ᠠᠴᠠ ᠬᠦᠮᠤᠨ ᠬᠠᠷ᠎ᠠ ᠬᠡᠶᠢᠴᠢᠨ ᠵᠤᠴᠢᠨ ᠢᠷᠡᠪᠡᠯ᠂ ᠭᠡᠷ ᠤᠨ ᠬᠦᠮᠤᠰ ᠭᠡᠷ ᠠᠴᠠ ᠭᠠᠷᠴᠦ᠂ ᠬᠤᠳᠠᠴᠢ ᠨᠤᠬᠠᠢ ᠪᠠᠨ ᠬᠤᠷᠢᠭᠠᠵᠦ᠂ ᠵᠤᠴᠢᠨ  ᠢᠶᠠᠨ ᠤᠭᠳᠤᠳᠠᠭ᠂ ᠬᠠᠷᠢᠨ ᠵᠤᠴᠢᠨ ᠢᠷᠡᠵᠦ ᠪᠠᠶᠢᠬᠤ ᠳᠤ᠂ ᠦᠭᠡᠳᠡ ᠠᠴᠠ ᠨᠢ ᠦᠨᠡᠰᠦ ᠬᠤᠭ ᠬᠠᠶᠠᠬᠤ ᠶᠢ ᠴᠡᠭᠡᠷᠯᠡᠨ᠎ᠡ᠂ ᠲᠡᠭᠡᠪᠡᠯ ᠪᠤᠰᠤᠳ ᠤᠨ ᠬᠡᠶᠢᠮᠤᠷᠢ ᠰᠦᠯᠳᠡ ᠶᠢ ᠪᠠᠭᠤᠷᠠᠭᠤᠯᠵᠦ᠂ ᠪᠡᠯᠭᠡ ᠲᠡᠮᠪᠡᠷᠢᠯ ᠢ ᠵᠠᠶᠢᠳᠠᠭᠤᠯᠤᠨ᠎ᠠ ᠭᠡᠳᠡᠭ᠃ ᠪᠠᠰᠠ ᠦᠨᠡᠰᠦ ᠬᠤᠭ ᠢᠶᠠᠨ ᠬᠤᠯᠢᠯᠳᠤᠭᠤᠯᠵᠦ ᠬᠠᠶᠠᠬᠤ ᠶᠢ ᠴᠡᠭᠡᠷᠯᠡᠨ᠎ᠡ᠂ ᠴᠢᠩᠬᠢᠪᠡᠯ ᠤᠴᠢᠷ ᠶᠠᠪᠤᠳᠠᠯ ᠢ ᠪᠦᠳᠦᠭᠡᠬᠦ ᠳᠤ ᠨᠤᠤᠷᠠᠯᠳᠤᠭᠠᠨ ᠪᠤᠯᠵᠦ᠂ ᠦᠷ᠎ᠡ ᠪᠦᠳᠦᠮᠵᠢ ᠪᠠᠷ ᠭᠤᠷᠢ ᠦᠬᠡᠢ ᠪᠤᠯᠤᠨ᠎ᠠ ᠭᠡᠳᠡᠭ᠃ ᠵᠠᠮ ᠵᠠᠭᠤᠷ᠎ᠠ ᠬᠤᠭᠤᠰᠤᠨ ᠰᠠᠪᠠ ᠪᠠᠷᠢᠭᠰᠠᠨ ᠬᠦᠮᠤᠨ ᠲᠠᠢ ᠤᠴᠠᠷᠠᠯᠳᠤᠬᠤ ᠶᠢ ᠴᠡᠭᠡᠷᠯᠡᠨ᠎ᠡ᠃ ᠲᠡᠶᠢᠮᠤ ᠪᠤᠯ ᠵᠤᠷᠢᠭᠰᠠᠨ ᠶᠠᠪᠤᠳᠠᠯ ᠬᠤᠭᠤᠰᠤᠨ ᠪᠤᠯᠤᠨ᠎ᠠ ᠭᠡᠳᠡᠭ᠃ ᠬᠡᠶᠢᠴᠢᠨ ᠵᠤᠴᠢᠨ ᠬᠦᠮᠤᠨ ᠬᠠᠷ᠎ᠠ ᠶᠢᠨ ᠬᠤᠶᠢᠨ᠎ᠠ ᠠᠴᠠ ᠴᠠᠢ ᠤᠰᠤ ᠪᠤᠶᠤ ᠲᠦᠩᠫᠠᠨ ᠲᠠᠢ ᠮᠠᠭᠤ ᠤᠰᠤ ᠪᠠᠨ ᠰᠠᠴᠤᠬᠤ ᠶᠢ ᠴᠡᠭᠡᠷᠯᠡᠳᠡᠭ᠃ ᠲᠡᠭᠡᠵᠦ ᠬᠢᠪᠡᠯ ᠪᠤᠰᠤᠳ ᠢ ᠲᠦᠷᠭᠡᠨ ᠲᠤᠨᠢᠯ᠂ ᠬᠤᠷᠳᠤᠨ ᠠᠷᠢᠯ ᠭᠡᠵᠦ ᠵᠦᠬᠡᠭᠰᠡᠨ ᠶᠠᠪᠤᠳᠠᠯ ᠭᠡᠵᠦ ᠦᠵᠡᠳᠡᠭ᠃ ᠬᠤᠯᠤᠭᠠᠨ᠎ᠠ ᠡᠳᠤᠷ ᠪᠤᠰᠤᠳ ᠬᠦᠮᠤᠨ ᠳᠤ ᠶᠠᠭᠤᠮ᠎ᠠ ᠬᠡᠤᠮ᠎ᠡ ᠦᠭᠬᠦ ᠶᠢ ᠴᠡᠭᠡᠷᠯᠡᠨ᠎ᠡ︔ ᠣᠨᠴᠠᠭᠠᠶᠢᠯᠠᠨ ᠬᠦᠬᠡ ᠬᠤᠯᠤᠭᠠᠨ᠎ᠠ ᠡᠳᠤᠷ ᠬᠦᠮᠤᠨ ᠳᠤ ᠶᠠᠭᠤᠮ᠎ᠠ ᠦᠭᠪᠡᠯ ᠬᠦᠷᠦᠩᠭᠡ ᠡᠳ᠋ ᠪᠠᠷᠠᠵᠦ᠂ ᠬᠡᠰᠢᠭ ᠪᠤᠶᠠᠨ ᠨᠢᠮᠭᠡᠷᠡᠵᠦ᠂ ᠦᠬᠡᠶᠢᠭᠦᠤ ᠶᠠᠳᠠᠭᠤ ᠪᠤᠯᠤᠨ᠎ᠠ ᠭᠡᠳᠡᠭ᠃ ᠮᠤᠩᠭᠤᠯᠴᠤᠳ ︽ᠡᠭᠦᠳᠡ︾ ᠶᠢ ᠡᠷᠤᠬᠡ ᠭᠡᠷ ᠤᠨ ︽ᠠᠮᠠ︾ ᠭᠡᠵᠦ ᠦᠵᠡᠳᠡᠭ ᠪᠤᠯᠬᠤᠷ ᠢᠶᠠᠨ ᠡᠭᠦᠳᠡ ᠶᠢ ᠪᠦᠭᠯᠡᠨ ᠵᠤᠭᠰᠤᠵᠦ ᠰᠠᠭᠤᠬᠤ᠂ ᠢᠯᠠᠩᠭᠤᠶ᠎ᠠ ᠡᠭᠦᠳᠡ ᠶᠢ ᠠᠯᠳᠠᠯᠠᠵᠦ ᠬᠠᠰᠢᠬᠤ ᠶᠢ ᠴᠡᠭᠡᠷᠯᠡᠳᠡᠭ᠃ ᠡᠭᠦᠳᠡ ᠶᠢ ᠪᠦᠭᠯᠡᠪᠡᠯ ᠬᠡᠰᠢᠭ ᠪᠤᠶᠠᠨ ᠭᠡᠷ ᠲᠤ ᠤᠷᠤᠵᠦ ᠢᠷᠡᠬᠦ ᠶᠢ ︽ᠪᠦᠭᠯᠡᠴᠢᠬᠡᠨ᠎ᠡ︾ ᠭᠡᠳᠡᠭ᠃ ᠬᠠᠳᠠᠪᠴᠢ ︵ᠪᠤᠱᠤᠭ᠎ᠠ︶ ᠲᠡᠭᠡᠷ᠎ᠡ ᠪᠦᠳᠦᠷᠢᠵᠦ ᠤᠨᠠᠬᠤ ᠶᠢ ᠭᠡᠷ ᠲᠤ ᠤᠷᠤᠬᠤ ᠳᠠᠭᠠᠨ ᠪᠦᠳᠦᠷᠢᠪᠡᠯ ︽ᠤᠷᠤᠵᠠ︾ ᠲᠠᠢ ᠰᠠᠶᠢᠨ ᠭᠡᠵᠦ᠂ ᠭᠡᠷ  ᠠᠴᠠ ᠭᠠᠷᠬᠤ ᠳᠤ ᠪᠦᠳᠦᠷᠢᠭᠰᠡᠨ ᠢ ︽ᠭᠠᠷᠤᠵᠠ︾ ᠭᠡᠵᠦ ᠰᠡᠵᠢᠭᠯᠡᠨ᠂ ᠭᠡᠷ ᠲᠤ ᠲᠠᠬᠢᠨ ᠠᠯᠬᠤᠨ ᠤᠷᠤᠵᠦ ᠢᠷᠡᠭᠡᠳ ᠠᠯᠭᠤᠷ ᠠᠭᠠᠵᠢᠮ ᠢᠶᠠᠷ ᠠᠯᠬᠤᠨ ᠭᠠᠷᠳᠠᠭ᠃ ᠵᠤᠴᠢᠨ ᠬᠦᠮᠤᠨ ᠮᠠᠯᠠᠭᠠᠢ ᠶᠢᠨ ᠤᠷᠤᠢ ᠪᠠᠷ ᠢᠶᠠᠨ ᠪᠤᠰᠤᠳ ᠠᠶᠢᠯ ᠤᠨ ᠭᠡᠷ ᠤᠨ ᠲᠡᠭᠡᠪᠤᠷ ᠢ ᠱᠦᠷᠭᠦᠭᠡᠵᠦ ᠪᠤᠯᠬᠤ ᠦᠬᠡᠢ᠃ ᠲᠡᠭᠡᠪᠡᠯ ᠭᠡᠷ ᠤᠨ ᠡᠵᠡᠨ ᠤ ᠰᠦᠨᠡᠰᠦ ᠰᠠᠬᠢᠭᠤᠯᠰᠤᠨ ᠢ ᠰᠤᠴᠢᠭᠠᠨ᠎ᠠ ᠭᠡᠳᠡᠭ᠃ ᠮᠤᠩᠭᠤᠯ ᠬᠦᠮᠤᠨ ᠦᠷᠯᠦᠭᠡ ᠡᠷᠳᠡ ᠪᠤᠰᠤᠮᠠᠭᠴᠠ ᠶᠠᠭᠤᠨ ᠤ ᠤᠷᠢᠳ ᠡᠷᠤᠬᠡ ᠪᠠᠨ ᠰᠡᠬᠦᠳᠡᠭ᠃ ᠠᠯᠢ ᠭᠡᠷ ᠤᠨ ᠡᠷᠤᠬᠡ ᠨᠢ ᠰᠡᠬᠦᠭᠳᠡᠭᠰᠡᠨ ᠪᠠᠶᠢᠪᠠᠯ ᠲᠡᠷᠡ ᠭᠡᠷ ︵ᠠᠶᠢᠯ︶ ᠤᠨ ᠡᠵᠡᠭᠳᠠᠢ ︵ᠪᠦᠰᠡᠭᠦᠢ︶ ᠨᠢ ᠨᠢᠭᠡᠨᠳᠡ ᠪᠤᠰᠤᠭᠰᠠᠨ ᠢ ᠬᠠᠷᠠᠭᠤᠯᠵᠦ ᠪᠠᠶᠢᠳᠠᠭ᠃ ᠡᠶᠢᠮᠤ ᠠᠴᠠ ᠮᠤᠩᠭᠤᠯᠴᠤᠳ ᠦᠷᠯᠦᠭᠡ ᠡᠷᠳᠡ ᠡᠷᠤᠬᠡ ᠪᠠᠨ ᠰᠡᠬᠦᠬᠦ ᠶᠢ ᠡᠷᠬᠢᠮᠯᠡᠳᠡᠭ᠃ ᠢᠯᠠᠩᠭᠤᠶ᠎ᠠ ᠭᠡᠭᠡᠨ ᠴᠠᠭᠠᠨ ᠡᠳᠤᠷ ᠢᠶᠠᠷ ᠡᠷᠤᠬᠡ ᠪᠠᠨ ᠪᠦᠳᠡᠭᠡᠬᠦ ᠶᠤᠮ ᠪᠤᠯ ᠮᠠᠭᠤ ᠢᠷᠸ᠎ᠠ ᠭᠡᠳᠡᠭ᠂ ᠬᠦᠮᠤᠨ ᠠᠮᠢᠳᠠᠨ ᠦᠬᠡᠢ᠂ ᠭᠡᠷ ᠤᠨ ᠡᠵᠡᠨ ᠨᠢ ᠪᠦᠷ ᠰᠦᠨᠤᠵᠦ ᠲᠠᠭᠤᠰᠤᠭᠰᠠᠨ ᠦᠶ᠎ᠡ ᠳᠤ ᠰᠠᠶ᠋ᠢ ︽ᠡᠷᠤᠬᠡ ᠶᠢ ᠨᠢ ᠰᠡᠬᠦᠬᠦ ᠬᠦᠮᠤᠨ ᠦᠬᠡᠢ︾ ᠪᠤᠯᠵᠠᠢ ᠭᠡᠳᠡᠭ᠂ ᠡᠨᠡ ᠨᠢ ᠦᠷ᠎ᠡ ᠦᠨᠳᠦᠰᠦ ᠨᠢ ᠲᠠᠰᠤᠷᠠᠯ᠎ᠠ ︵ᠬᠠᠷᠠᠯᠠᠯ᠎ᠠ︶ ᠭᠡᠰᠡᠨ ᠦᠭᠡ ᠪᠤᠯᠤᠨ᠎ᠠ᠃ ᠡᠷᠡᠭᠳᠠᠢ ᠬᠦᠮᠤᠨ ᠦᠭᠡᠷ᠎ᠡ ᠠᠶᠢᠯ ᠤᠨ ᠮᠤᠩᠭᠤᠯ ᠭᠡᠷ ᠲᠤ ᠪᠠᠭᠤᠬᠤ ᠳᠠᠭᠠᠨ ᠬᠤᠷ ᠰᠠᠭᠠᠳᠠᠭ᠂ ᠪᠢᠯᠠᠭᠤ ᠲᠠᠰᠢᠭᠤᠷ ᠢᠶᠠᠨ ᠡᠮᠡᠭᠳᠠᠶᠢᠴᠤᠳ ᠤᠨ ᠰᠠᠭᠤᠬᠤ ᠵᠡᠭᠦᠨ ᠲᠠᠯ᠎ᠠ ᠳᠤ ᠡᠯᠭᠦᠬᠦ ᠪᠤᠶᠤ ᠲᠠᠯᠪᠢᠵᠦ ᠪᠤᠯᠬᠤ ᠦᠬᠡᠢ᠂ ᠲᠡᠭᠡᠵᠦ ᠬᠢᠪᠡᠯ ᠪᠤᠰᠤᠳ ᠢ ᠲᠤᠷᠤᠮᠵᠢᠯᠠᠭᠰᠠᠨ ᠶᠠᠪᠤᠳᠠᠯ ᠭᠡᠵᠦ ᠦᠵᠡᠳᠡᠭ ᠃ ᠪᠠᠰᠠ ᠰᠠᠷ᠎ᠠ ᠳᠤ ᠰᠠᠭᠤᠭ᠎ᠠ ᠡᠮᠡᠭᠳᠠᠢ ᠬᠦᠮᠤᠨ ᠤ ᠭᠡᠷ ᠲᠤ ᠤᠷᠤᠬᠤ ᠶᠢ ᠴᠡᠭᠡᠷᠯᠡᠳᠡᠭ᠃ ᠲᠡᠭᠡᠪᠡᠯ ᠬᠦᠩᠭᠡᠵᠢᠭᠰᠡᠨ ᠡᠮᠡᠭᠳᠠᠢ ᠶᠢᠨ ᠭᠬᠢᠷ ᠪᠤᠷᠳᠠᠭ ᠨᠢ ᠤᠷᠤᠭᠰᠠᠨ ᠬᠦᠮᠤᠨ ᠤ ᠪᠡᠶ᠎ᠡ ᠶᠢ ᠲᠠᠭᠠᠵᠦ᠂ ᠡᠷ᠎ᠡ ᠬᠦᠮᠤᠨ ᠤ ᠰᠦᠷ ᠰᠦᠯᠳᠡ ᠪᠠᠭᠤᠷᠠᠨ᠎ᠠ ᠭᠡᠳᠡᠭ᠃ ᠰᠠᠷ᠎ᠠ ᠳᠤ ᠰᠠᠭᠤᠭ᠎ᠠ ᠡᠮᠡᠭᠳᠠᠢ᠂ ᠠᠶᠢᠯ ᠤᠨ ᠬᠤᠳᠳᠤᠭ ᠲᠡᠭᠡᠷ᠎ᠡ ᠤᠴᠢᠬᠤ ᠶᠢ ᠴᠡᠭᠡᠷᠯᠡᠳᠡᠭ᠃ ᠬᠡᠷᠪᠡ ᠲᠡᠶᠢᠮᠤ ᠪᠤᠯ ᠬᠤᠳᠳᠤᠭ ᠤᠨ ᠤᠰᠤ ᠪᠤᠵᠠᠷᠳᠠᠨ᠎ᠠ ᠭᠡᠳᠡᠭ᠃ ᠵᠢᠷᠮᠤᠰᠤᠨ ᠡᠮᠡᠭᠳᠠᠢ ᠬᠡᠷᠡᠮ ᠬᠠᠨ᠎ᠠ ᠬᠠᠷᠠᠶᠢᠵᠦ ᠲᠡᠭᠡᠰᠤ ᠪᠠᠷᠢᠶ᠎ᠠ ᠬᠢᠰᠬᠢᠬᠦ ᠶᠢ ᠴᠡᠭᠡᠷᠯᠡᠨ᠎ᠡ︔ ᠡᠨᠡ ᠴᠡᠭᠡᠷ ᠠᠴᠠ ᠵᠦᠷᠢᠴᠡᠪᠡᠯ ᠵᠢᠷᠮᠤᠰᠤᠯᠡᠭᠰᠡᠨ ᠡᠮᠡᠭᠳᠠᠢ ᠤᠷᠤᠭ ᠤᠨᠠᠭᠠᠬᠤ ᠪᠤᠶᠤ ᠦᠵᠡᠭᠳᠡᠬᠦ ᠦᠶ᠎ᠡ ᠳᠡᠭᠡᠨ ᠪᠡᠷᠬᠡ ᠬᠦᠩᠵᠢᠯᠳᠡ ᠳᠤ ᠤᠴᠠᠷᠠᠨ᠎ᠠ ᠭᠡᠳᠡᠭ᠃ ᠵᠠᠮ ᠵᠠᠭᠤᠷ᠎ᠠ ᠬᠤᠷᠢᠮ  ᠤᠨ ᠲᠡᠷᠭᠡ ᠲᠠᠢ ᠲᠠᠭᠠᠷᠠᠯᠳᠤᠬᠤ ᠶᠢ ᠴᠡᠭᠡᠷᠯᠡᠨ᠎ᠡ︔ ᠬᠠᠷᠢ ᠳᠤ ᠦᠭᠭᠦᠭᠰᠡᠨ ᠬᠡᠤᠬᠡᠨ ᠢ ᠴᠢᠳᠬᠦᠷ ᠲᠠᠭᠠᠨ᠎ᠠ ᠭᠡᠳᠡᠭ᠃ ᠲᠤᠯᠤᠭᠠᠢ ᠶᠢᠨ ᠦᠵᠦᠭᠦᠷ ᠱᠦᠭᠦᠷ ᠲᠠᠯᠪᠢᠵᠦ ᠤᠨᠳᠠᠬᠤ ᠶᠢ ᠴᠡᠭᠡᠷᠯᠡᠳᠡᠭ︔ ᠱᠦᠭᠦᠷ ᠲᠠᠯᠪᠢᠵᠦ ᠤᠨᠳᠠᠪᠠᠯ᠂ ᠮᠠᠭᠤᠬᠠᠢ ᠵᠡᠭᠦᠳᠤ ᠵᠡᠭᠦᠳᠤᠯᠡᠨ ᠬᠠᠷ᠎ᠠ ᠲᠠᠷᠤᠨ᠎ᠠ ᠭᠡᠳᠡᠭ᠃ ᠡᠷ᠎ᠡ ᠬᠦᠮᠤᠨ ᠤᠸ᠎ᠠ ᠡᠩᠭᠡᠰᠭᠡ ᠲᠦᠷᠬᠢᠬᠦ ᠶᠢ ᠴᠡᠭᠡᠷᠯᠡᠳᠡᠭ︔ ᠴᠢᠩᠬᠢᠪᠡᠯ ᠬᠡᠶᠢᠮᠤᠷᠢ ᠬᠡᠪᠳᠡᠨ᠎ᠡ ᠭᠡᠳᠡᠭ᠃ ᠡᠷᠡᠤ ᠪᠠᠨ ᠲᠤᠯᠵᠦ ᠰᠠᠭᠤᠬᠤ ᠪᠤᠶᠤ ᠲᠦᠭᠦᠰᠢ ᠪᠠᠨ ᠲᠤᠯᠵᠦ ᠰᠠᠭᠤᠬᠤ ᠶᠢ ᠴᠡᠭᠡᠷᠯᠡᠳᠡᠭ᠂ ᠡᠷᠡᠤ ᠪᠠᠨ ᠲᠤᠯᠬᠤ ᠶᠢ ᠬᠠᠮᠤᠭ ᠤᠨ ᠦᠬᠡᠨᠴᠡ ᠲᠤᠷᠤᠢ ᠶᠢᠨ ᠪᠡᠯᠭᠡᠳᠡᠯ ᠭᠡᠳᠡᠭ ᠃ ᠬᠦᠯ ᠢᠶᠠᠨ ᠵᠢᠬᠢᠵᠦ ᠰᠠᠭᠤᠬᠤ ᠶᠢ ᠬᠡᠪᠳᠡᠭᠡ ᠰᠠᠭᠤᠳᠠᠯ ᠭᠡᠵᠦ ᠴᠡᠭᠡᠷᠯᠡᠳᠡᠭ᠂ ᠨᠡᠩ ᠴᠦ ᠪᠤᠰᠤᠳ ᠠᠶᠢᠯ ᠳᠤ ᠬᠡᠪᠳᠡᠭᠡ ᠰᠠᠭᠤᠳᠠᠯ ᠢᠶᠠᠷ ᠰᠠᠭᠤᠬᠤ ᠶᠢ ᠴᠡᠭᠡᠷᠯᠡᠨ᠎ᠡ᠃ ᠡᠪᠡᠳᠴᠢᠨ ᠡᠮᠬᠡᠭ ᠦᠬᠡᠢ ᠪᠤᠯ ᠭᠡᠭᠡᠨ ᠴᠠᠭᠠᠨ ᠡᠳᠤᠷ ᠢᠶᠠᠷ ᠬᠡᠪᠳᠡᠬᠦ ᠶᠢ ᠴᠡᠭᠡᠷᠯᠡᠨ᠎ᠡ᠂ ᠨᠠᠩ ᠴᠦ ᠠᠬᠠᠮᠠᠳ ᠬᠦᠮᠤᠨ ᠤ ᠲᠡᠷᠭᠡᠳᠡ ᠲᠠᠩᠭᠠᠶᠢᠨ ᠬᠡᠪᠳᠡᠬᠦ ᠶᠢ ᠴᠡᠭᠡᠷᠯᠡᠳᠡᠭ᠃ ᠡᠮ ᠲᠠᠩ ᠢ ᠪᠠᠭ᠎ᠠ ᠭᠡᠵᠦ ᠴᠢᠮᠠᠯᠠᠬᠤ ᠶᠢ ᠴᠡᠭᠡᠷᠯᠡᠳᠡᠭ︔ ᠲᠡᠷᠡ ᠨᠢ ᠡᠪᠡᠳᠴᠢᠨ ᠡᠮᠬᠡᠭ ᠢ ᠬᠦᠰᠡᠭᠰᠡᠨ ᠶᠠᠪᠤᠳᠠᠯ ᠪᠤᠯᠤᠨ᠎ᠠ ᠭᠡᠳᠡᠭ᠃ ᠭᠠᠵᠠᠷ ᠲᠤᠤᠷ᠎ᠠ ᠤᠨᠠᠭᠰᠠᠨ ᠡᠮ ᠢ ᠳᠡᠭᠦᠵᠦ ᠠᠪᠴᠦ ᠤᠤᠭᠤᠬᠤ ᠶᠢ ᠴᠡᠭᠡᠷᠯᠡᠳᠡᠭ︔ ᠴᠢᠩᠬᠢᠪᠡᠯ ᠡᠪᠡᠳᠴᠢᠨ ᠡᠳᠡᠭᠡᠷᠡᠬᠦ ᠨᠢ ᠤᠳᠠᠭᠠᠰᠢᠷᠠᠨ᠎ᠠ ᠭᠡᠳᠡᠭ᠃ ᠪᠤᠰᠤᠳ ᠬᠦᠮᠤᠨ ᠤ ᠵᠦᠭ ᠰᠢᠯᠤᠰᠤ ᠲᠤᠷᠭᠢᠬᠤ ᠶᠢ ᠴᠡᠭᠡᠷᠯᠡᠨ᠎ᠡ︔ ᠴᠢᠩᠬᠢᠪᠡᠯ ᠡᠷᠡᠭᠦᠯ ᠬᠠᠮᠠᠭᠠᠯᠠᠯ ᠦᠬᠡᠢ ᠪᠤᠶᠤ ᠠᠮᠠᠨ ᠬᠡᠰᠢᠭ ᠢᠶᠠᠨ ᠪᠤᠰᠤᠳ ᠬᠦᠮᠤᠨ ᠳᠤ ᠦᠭᠭᠦᠭᠰᠡᠨ  ᠲᠠᠢ ᠠᠳᠠᠯᠢ ᠭᠡᠳᠡᠭ᠃ ᠬᠤᠪᠴᠠᠰᠤᠨ ᠤ ᠵᠠᠭᠠᠮ᠎ᠠ ᠪᠤᠰᠬᠠᠬᠤ ᠶᠢ ᠴᠡᠭᠡᠷᠯᠡᠨ᠎ᠡ︔ ᠲᠡᠭᠡᠪᠡᠯ ᠬᠡᠯᠡ ᠠᠮᠠ ᠪᠤᠯᠵᠦ ᠬᠡᠷᠡᠭᠦᠯᠳᠤᠭᠡᠨ ᠱᠤᠤᠬᠢᠯᠳᠤᠭᠠᠨ ᠤᠴᠠᠷᠠᠨ᠎ᠠ ᠭᠡᠳᠡᠭ᠃ ᠬᠤᠷᠮᠤᠢ ᠲᠡᠭᠡᠭᠰᠢ ᠤᠷᠪᠠᠭ᠋ᠤ ᠶᠢ ᠴᠡᠭᠡᠷᠯᠡᠨ᠎ᠡ︔ ᠲᠡᠷᠡ ᠨᠢ ᠬᠡᠰᠤᠵᠦ ᠲᠡᠨᠤᠬᠦ ᠶᠢᠨ ᠲᠡᠮᠳᠡᠭ ᠭᠡᠳᠡᠭ᠃ ᠡᠩ ᠤᠨ ᠦᠶ᠎ᠡ ᠳᠤ ᠠᠯᠬᠤᠬᠤ ᠳᠤ ᠭᠠᠷ ᠢᠶᠠᠨ ᠵᠦᠭᠡᠯᠡᠨ ᠰᠠᠵᠢᠵᠦ ᠠᠯᠬᠤᠬᠤ ᠶᠢ ᠡᠷᠬᠢᠮᠯᠡᠳᠡᠭ᠂ ᠭᠠᠷ ᠢᠶᠠᠨ ᠵᠦᠷᠢᠭᠦᠯᠦᠨ ᠡᠪᠴᠢᠭᠦᠤ ᠪᠠᠨ ᠲᠡᠪᠡᠷᠢᠨ ᠠᠯᠬᠤᠬᠤ ᠶᠢ ᠬᠡᠶᠢᠮᠤᠷᠢ ᠬᠡᠪᠳᠡᠨ᠎ᠡ ᠭᠡᠳᠡᠭ︔ ᠬᠤᠶᠠᠷ ᠭᠠᠷ ᠢᠶᠠᠨ ᠨᠢᠷᠤᠭᠤ ᠠᠷᠤ ᠳᠠᠭᠠᠨ ᠲᠠᠯᠪᠢᠨ ᠨᠢᠷᠤᠭᠤ ᠪᠠᠨ ᠡᠭᠦᠷᠤᠨ ᠠᠯᠬᠤᠬᠤ ᠶᠢ ᠶᠡᠬᠡᠷᠬᠡᠭ ᠠᠭᠠᠰᠢᠯᠠᠵᠦ ᠪᠤᠶᠠᠨ ᠢᠶᠠᠨ ᠪᠠᠷᠠᠨ᠎ᠠ ᠭᠡᠳᠡᠭ᠃ ᠮᠤᠩᠭᠤᠯᠴᠤᠳ ᠪᠤᠰᠤᠳ ᠬᠦᠮᠤᠨ ᠤ ᠲᠡᠷᠭᠡᠳᠡ ︽ᠤᠩᠭᠤᠰᠤ ᠠᠯᠳᠠᠬᠤ︾ ᠶᠢ ᠮᠠᠰᠢ ᠢᠴᠢᠭᠦᠷᠢ ᠭᠤᠳᠤᠮᠰᠢᠭᠳᠤ ᠶᠠᠪᠤᠳᠠᠯ ᠢᠶᠠᠷ ᠦᠵᠡᠳᠡᠭ᠃ ᠪᠤᠰᠤᠳ ᠬᠦᠮᠤᠨ ᠲᠠᠢ ᠬᠦᠯ ᠤᠨ ᠤᠯᠠ ᠪᠠᠨ ᠨᠡᠶᠢᠯᠡᠭᠦᠯᠬᠦ ᠶᠢ ᠴᠡᠭᠡᠷᠯᠡᠨ᠎ᠡ︔ ᠢᠩᠬᠢᠪᠡᠯ ᠬᠤᠶᠠᠷ ᠬᠦᠮᠤᠨ ᠬᠠᠷᠢᠯᠴᠠᠨ ᠦᠰᠢᠶ᠎ᠡ ᠲᠠᠢ ᠪᠤᠯᠤᠨ᠎ᠠ ᠭᠡᠳᠡᠭ᠃ ᠪᠤᠰᠤᠳ ᠬᠦᠮᠤᠨ ᠤ ᠦᠭᠭᠦᠭᠰᠡᠨ ᠶᠠᠭᠤᠮ᠎ᠠ ᠶᠢ ᠵᠡᠭᠦᠨ ᠭᠠᠷ ᠢᠶᠠᠷ ᠢᠶᠠᠨ ᠲᠤᠰᠴᠦ ᠠᠪᠬᠤ ᠶᠢ ᠴᠡᠭᠡᠷᠯᠡᠨ᠎ᠡ︔ ᠲᠡᠭᠡᠵᠦ ᠬᠢᠪᠡᠯ ᠪᠤᠰᠤᠳ ᠬᠦᠮᠤᠨ ᠢ ᠲᠤᠤᠷ᠎ᠠ ᠦᠵᠡᠭᠰᠡᠨ ᠳᠤ ᠲᠤᠭᠠᠴᠠᠭᠳᠠᠨ᠎ᠠ ᠭᠡᠳᠡᠭ᠃ ᠠᠳᠠᠯᠢ ᠪᠠᠷ ᠬᠦᠮᠤᠨ ᠤ ᠦᠭᠭᠦᠭᠰᠡᠨ ᠶᠠᠭᠤᠮ᠎ᠠ ᠶᠢ ᠬᠤᠷᠤᠭᠤᠨ ᠰᠠᠯᠠᠭ᠎ᠠ ᠪᠠᠷ ᠢᠶᠠᠨ ᠬᠠᠪᠴᠢᠨ ᠠᠪᠴᠦ ᠪᠤᠯᠬᠤ ᠦᠬᠡᠢ᠂ ᠲᠡᠭᠡᠪᠡᠯ ᠬᠦᠮᠤᠨ ᠢ ᠮᠠᠭᠤ ᠦᠵᠡᠭᠰᠡᠨ ᠲᠠᠢ ᠠᠳᠠᠯᠢ ᠭᠡᠳᠡᠭ᠃ ᠪᠤᠰᠤᠳ ᠤᠨ ᠪᠡᠯᠡᠭ ᠬᠦᠷᠭᠡᠵᠦ ᠢᠷᠡᠭᠰᠡᠨ ᠤᠭᠤᠳᠠ ᠰᠠᠪᠠ ᠶᠢ ᠶᠠᠭᠤ ᠴᠦ ᠦᠬᠡᠢ ᠬᠤᠭᠤᠰᠤᠯᠠᠵᠦ ᠪᠤᠴᠠᠭᠠᠬᠤ ᠶᠢ ᠴᠡᠭᠡᠷᠯᠡᠳᠡᠭ︔ ᠠᠷᠢᠬᠢᠨ ᠬᠦᠬᠦᠷ ︵ᠬᠤᠪᠢᠩ ᠰᠡᠯᠡᠩ︶ ᠤᠨ ᠢᠷᠤᠭᠠᠷ  ᠲᠤᠨᠢ ᠵᠠᠪᠠᠯ ᠪᠠᠭ᠎ᠠ ᠠᠷᠢᠬᠢ ᠦᠯᠡᠳᠡᠬᠡᠬᠦ ᠪᠤᠶᠤ ᠠᠷᠢᠬᠢ ᠨᠡᠮᠡᠵᠦ ᠦᠭᠳᠡᠭ᠃ ᠪᠡᠯᠡᠭ ᠰᠠᠪᠠᠯᠠᠵᠦ ᠢᠷᠡᠭᠰᠡᠨ ᠰᠠᠪᠠᠨ ︵ᠤᠭᠤᠳᠠ ᠱᠤᠭᠤᠳᠠᠢ ᠵᠡᠷᠭᠡ︶ ᠳᠤ ᠶᠡᠭᠡ ᠪᠠᠭ᠎ᠠ ᠭᠡᠰᠡᠨ ᠦᠬᠡᠢ᠂ ᠢᠷᠤᠭᠠᠷ ᠲᠤᠨᠢ ᠵᠠᠪᠠᠯ ᠪᠠᠭ᠎ᠠ ᠰᠠᠭ᠎ᠠ ᠶᠠᠭᠤᠮ᠎ᠠ ᠬᠡᠤᠮ᠎ᠠ ᠬᠢᠭᠡᠳ ᠰᠠᠶ᠋ᠢ ᠭᠡᠷ ᠠᠴᠠ ᠭᠠᠷᠭᠠᠳᠠᠭ᠃ ᠶᠠᠳᠠᠬᠤ ᠳᠠᠭᠠᠨ ᠬᠡᠳᠤᠨ ᠵᠦᠰᠤᠮ ᠬᠤᠷᠤᠳ ᠠᠭᠠᠷᠤᠤᠯ ᠴᠦ ᠭᠡᠰᠡᠨ ᠬᠢᠵᠦ ᠦᠭᠳᠡᠭ᠃ ᠬᠤᠭᠤᠰᠤᠨ ᠰᠠᠪᠠ ᠪᠠᠷ ᠨᠢ ᠪᠤᠴᠠᠭᠠᠬᠤ ᠶᠢ ᠮᠠᠭᠤ ᠢᠷᠸ᠎ᠠ ᠭᠡᠵᠦ ᠦᠵᠡᠳᠡᠭ᠃ ᠪᠤᠰᠤᠳ ᠠᠶᠢᠯ ᠤᠨ ᠤᠷᠤ ᠬᠤᠷᠢᠶᠠᠯᠭ᠎ᠠ ᠲᠡᠭᠡᠷ᠎ᠡ ᠭᠠᠷᠴᠦ ᠰᠠᠭᠤᠬᠤ ᠶᠢ ᠴᠡᠭᠡᠷᠯᠡᠨ᠎ᠡ︔ ᠲᠡᠭᠡᠪᠡᠯ ᠪᠤᠰᠤᠳ ᠠᠶᠢᠯ ᠡᠷᠤᠬᠡ  ᠶᠢᠨ ᠬᠦᠮᠤᠰ ᠢ ᠲᠤᠷᠤᠮᠵᠢᠯᠠᠭᠰᠠᠨ ᠲᠠᠢ ᠠᠳᠠᠯᠢ ᠭᠡᠳᠡᠭ᠃ ᠮᠤᠩᠭᠤᠯ ᠬᠦᠮᠤᠨ ᠮᠠᠯᠠᠭᠠᠢ ᠶᠢᠨ ᠲᠡᠭᠡᠭᠦᠷ ᠠᠯᠬᠤᠨ ᠭᠠᠷᠬᠤ ᠪᠠ ᠮᠠᠯᠠᠭᠠᠢ ᠶᠢᠨ ᠲᠡᠭᠡᠷ᠎ᠡ ᠰᠠᠭᠤᠬᠤ ᠶᠢ ᠤᠨᠴᠠ ᠴᠡᠭᠡᠷᠯᠡᠳᠡᠭ︔ ᠲᠡᠭᠡᠪᠡᠯ ᠬᠦᠮᠤᠨ ᠢ ᠮᠠᠭᠤ ᠦᠵᠡᠭᠰᠡᠨ  ᠲᠠᠢ ᠠᠳᠠᠯᠢ᠂ ᠲᠡᠭᠦᠨ ᠤ ᠬᠡᠶᠢᠮᠤᠷᠢ ᠨᠢ ᠬᠡᠪᠳᠡᠵᠦ᠂ ᠠᠷᠢᠭᠤᠨ ᠴᠤᠭᠴᠠᠰ ᠢ ᠨᠢ ︿ᠪᠤᠵᠠᠷᠳᠠᠭᠤᠯᠤᠭᠰᠠᠨ﹀ ᠭᠡᠳᠡᠭ᠃ ᠢᠷ ᠦᠵᠦᠭᠦᠷ ᠲᠠᠢ ᠪᠠᠭᠠᠵᠢ ᠬᠡᠷᠡᠭᠰᠡᠯ ᠤᠨ ᠢᠷ ᠦᠵᠦᠭᠦᠷ ᠢ ᠪᠤᠰᠤᠳ ᠤᠨ ᠡᠰᠡᠷᠭᠦ ᠬᠠᠨᠳᠤᠭᠤᠯᠵᠦ ᠦᠭᠬᠦ ᠶᠢ ᠴᠡᠭᠡᠷᠯᠡᠨ᠎ᠡ︔ ᠴᠢᠩᠬᠢᠵᠦ ᠬᠢᠬᠦ ᠨᠢ ᠪᠤᠰᠤᠳ ᠲᠤ ᠬᠤᠷᠤᠰᠤᠯ ᠲᠠᠢ ᠪᠤᠶᠤ ᠬᠢᠳᠤᠬᠤ ᠰᠠᠨᠠᠭ᠎ᠠ ᠲᠠᠢ ᠭᠡᠵᠦ ᠦᠵᠡᠳᠡᠭ᠃ ᠡᠷᠡᠭᠳᠠᠢ ᠬᠦᠮᠤᠨ ᠪᠢᠯᠠᠭᠤ᠂ ᠬᠡᠳᠡ ᠬᠢᠳᠤᠭ᠎ᠠ᠂ ᠪᠦᠰᠡ ᠭᠤᠷᠪᠠ ᠶᠢ ᠬᠡᠵᠢᠶᠡᠳᠡ ᠪᠡᠶ᠎ᠡ ᠠᠴᠠ ᠪᠠᠨ ᠰᠠᠯᠭᠠᠬᠤ ᠶᠢ ᠴᠡᠭᠡᠷᠯᠡᠨ᠎ᠡ︔ ᠬᠡᠷᠪᠡ ᠡᠨᠡᠬᠦ ᠴᠡᠭᠡᠷ ᠢ ᠵᠦᠷᠢᠴᠡᠪᠡᠯ᠂ ᠡᠷᠡᠭᠳᠠᠢ ᠬᠦᠮᠤᠨ ᠤ ᠬᠡᠶᠢᠮᠤᠷᠢ ᠨᠢ ᠬᠡᠪᠳᠡᠨ᠎ᠡ ᠭᠡᠵᠦ ᠦᠵᠡᠳᠡᠭ ᠃ ᠮᠤᠩᠭᠤᠯᠴᠤᠳ ᠵᠠᠯᠠᠭᠤ ᠪᠠᠭ᠎ᠠ ᠨᠠᠰᠤᠨ ᠳᠠᠭᠠᠨ ᠰᠠᠬᠠᠯ ᠲᠠᠯᠪᠢᠬᠤ ᠶᠢ ᠴᠡᠭᠡᠷᠯᠡᠳᠡᠭ︔ ᠮᠤᠩᠭᠤᠯ ᠬᠦᠮᠤᠨ ᠲᠠᠪᠢ ᠵᠢᠷᠡᠨ ᠨᠠᠰᠤᠯᠠᠪᠠᠯ ᠰᠠᠶ᠋ᠢ ᠰᠠᠬᠠᠯ ᠲᠠᠯᠪᠢᠳᠠᠭ ᠵᠠᠩᠰᠢᠯ ᠲᠠᠢ᠂ ᠤᠴᠢᠷ ᠨᠢ ᠡᠪᠤᠭᠡᠨ ᠨᠠᠰᠤᠳᠠᠢ ᠪᠤᠯᠵᠦ ᠤᠬᠠᠭᠠᠨ ᠲᠤᠮᠤᠭ᠎ᠠ ᠤᠷᠤᠪᠠᠯ ᠰᠠᠶ᠋ᠢ ᠰᠠᠬᠠᠯ ᠲᠠᠯᠪᠢᠨ᠎ᠠ ᠭᠡᠳᠡᠭ᠃ ᠡᠶᠢᠮᠤ ᠠᠴᠠ ᠬᠡᠤᠬᠡᠳ ᠠᠴᠠ ᠪᠠᠨ ᠰᠠᠬᠠᠯ ᠲᠠᠯᠪᠢᠪᠠᠯ ︽ᠡᠪᠦᠭᠡ ᠲᠠᠢ ᠪᠠᠨ ᠴᠤᠭ ᠡᠪᠦᠭᠡ ᠪᠤᠯᠵᠦ᠂ ᠠᠪᠤ ᠲᠠᠢ ᠪᠠᠨ ᠴᠤᠭ ᠠᠪᠤ ᠪᠤᠯᠵᠦ ᠰᠠᠭᠰᠠᠭᠤᠷᠠᠵᠦ ᠪᠠᠶᠢᠨ᠎ᠠ︾ ᠭᠡᠵᠦ ᠨᠡᠶᠢᠭᠡᠮ ᠨᠡᠶᠢᠳᠡ ᠶᠢᠨ ᠶᠠᠷᠢᠶ᠎ᠠ ᠬᠡᠯᠡᠯᠴᠡᠭᠡᠨ ᠤ ᠴᠢᠩᠭ᠎ᠠ ᠲᠤᠩᠭᠤᠳᠤᠯᠭ᠎ᠠ ᠶᠢ ᠤᠯᠳᠠᠭ᠃  ᠮᠤᠩᠭᠤᠯᠴᠤᠳ ᠰᠠᠭᠯᠠᠭᠠᠷ ᠮᠤᠳᠤ ︵ᠬᠠᠶᠢᠯᠠᠰᠤᠨ ᠮᠤᠳᠤ︶ ᠪᠠ ᠤᠳᠠᠨ ᠮᠤᠳᠤ ︵ᠪᠤᠷᠭᠠᠰᠤ︶ ᠶᠢ ᠣᠨᠴᠠᠭᠠᠶᠢᠯᠠᠨ ᠰᠢᠳᠤᠳᠡᠭ᠃ ᠮᠤᠩᠭᠤᠯ ᠭᠡᠷ ᠤᠨ ᠢᠶᠠᠨ ᠬᠠᠨᠠ᠂ ᠤᠨᠢ ᠪᠠ ᠲᠤᠭᠤᠨᠤ ᠶᠢᠨ ᠮᠠᠳᠠᠮᠠᠯ ᠮᠤᠳᠤ ᠶᠢ ᠪᠦᠷ ᠤᠳᠠᠨ ᠮᠤᠳᠤ ᠪᠠᠷ ᠬᠢᠳᠡᠭ ᠪᠦᠭᠡᠳ ᠬᠠᠪᠳᠠᠭᠠᠰᠤ ᠬᠠᠭᠠᠯᠭ᠎ᠠ᠂ ᠲᠤᠭᠤᠨᠤ ᠶᠢᠨ ᠭᠤᠤᠯ ᠬᠢᠬᠦ ᠳᠤ ᠠᠯᠢ ᠪᠤᠯᠬᠤ ᠪᠠᠷ ᠬᠠᠶᠢᠯᠠᠰᠣᠨ ᠮᠤᠳᠤ ᠶᠢ ᠬᠡᠷᠡᠭᠯᠡᠳᠡᠭ ᠵᠠᠩᠰᠢᠯ ᠲᠠᠢ᠃ ᠮᠤᠩᠭᠤᠯᠴᠤᠳ ᠨᠠᠶᠢᠷ ᠬᠤᠷᠢᠮ ᠬᠢᠵᠦ ᠪᠦᠵᠢᠭ ᠪᠦᠵᠢᠭᠯᠡᠬᠦ ᠳᠡᠭᠡᠨ ︽ᠰᠠᠭᠯᠠᠭᠠᠷ ᠮᠤᠳᠤᠨ︾ ᠤ ᠲᠤᠤᠷ᠎ᠠ ᠬᠢᠳᠡᠭ ᠪᠠᠶᠢᠭᠰᠠᠨ ᠪᠦᠭᠡᠳ ᠲᠡᠭᠷᠢ ᠲᠠᠬᠢᠬᠤ᠂ ᠪᠦᠬᠡ ᠪᠦᠬᠡᠯᠡᠬᠦ᠂ ᠠᠨᠳᠠᠭᠠᠢ ᠲᠠᠩᠭᠠᠷᠢᠭ ᠬᠢᠬᠦ ᠳᠡᠭᠡᠨ ᠴᠦ ᠰᠠᠭᠯᠠᠭᠠᠷ ᠮᠤᠳᠤᠨ ᠤ ᠲᠤᠤᠷ᠎ᠠ ᠬᠢᠳᠡᠭ ᠪᠠᠶᠢᠵᠠᠢ᠃ ᠣᠨᠴᠠᠭᠠᠶᠢᠯᠠᠨ ᠤᠩᠭᠤᠯᠠᠭᠰᠠᠨ ᠱᠠᠩᠰᠢ ᠮᠤᠳᠤ ᠶᠢ ᠬᠦᠨᠳᠡᠬᠦ ᠪᠤᠶᠤ ᠰᠦᠢᠳᠭᠡᠬᠦ ᠶᠢ ᠴᠢᠩᠭ᠎ᠠ ᠴᠡᠭᠡᠷᠯᠡᠳᠡᠭ ᠶᠤᠮ᠃ ᠪᠠᠰᠠ ᠪᠤᠯᠠᠭ ᠤᠨ ᠤᠰᠤ᠂ ᠭᠤᠤᠯ ᠭᠤᠷᠤᠬ᠎ᠠ ᠶᠢᠨ ᠤᠰᠤᠨ ᠳᠤ ᠬᠤᠪᠴᠠᠰᠤ ᠬᠤᠨᠠᠷ ᠪᠤᠶᠤ ᠪᠡᠶ᠎ᠡ ᠪᠠᠨ ᠤᠬᠢᠶᠠᠬᠤ ᠶᠢ ᠴᠡᠭᠡᠷᠯᠡᠳᠡᠭ︔ ᠨᠡᠩ ᠴᠦ ᠬᠦᠯ  ᠢᠶᠠᠨ ᠤᠬᠢᠶᠠᠳᠠᠭ ᠦᠬᠡᠢ᠃ ᠠᠯᠳᠠ ᠮᠦᠩᠭᠦᠨ ᠰᠠᠪᠠ ᠪᠠᠷ ᠤᠰᠤ ᠶᠢ ᠨᠢ ᠬᠤᠳᠬᠤᠳᠠᠭ ᠦᠬᠡᠢ᠂ ᠤᠳᠤ ᠳᠤ ᠴᠦ ᠭᠡᠳ ᠬᠤᠪᠴᠠᠰᠤ ᠬᠤᠨᠠᠷ ᠤᠬᠢᠶᠠᠭᠰᠠᠨ ᠤᠰᠤ ᠪᠠᠨ ᠭᠤᠤᠯ ᠠᠴᠠ ᠵᠠᠶᠢᠳᠠᠭᠤ ᠠᠪᠠᠴᠢᠵᠦ ᠰᠠᠴᠤᠳᠠᠭ᠂ ᠭᠤᠤᠯ ᠤᠨ ᠤᠰᠤ ᠪᠤᠶᠤ ᠭᠤᠤᠯ ᠤᠨ ᠬᠦᠪᠡᠬᠡᠨ ᠳᠤ ᠦᠳᠭᠡᠨ ᠰᠢᠩᠭᠡᠨ ᠮᠦᠷ ᠦᠵᠡᠬᠦ ᠶᠢ ᠴᠢᠩᠭ᠎ᠠ ᠴᠡᠭᠡᠷᠯᠡᠳᠡᠭ᠃ ᠡᠷᠳᠡᠨ ᠤ ᠮᠤᠩᠭᠤᠯᠴᠤᠳ᠂ ᠤᠰᠤ ᠶᠢ ᠪᠤᠵᠠᠷᠯᠠᠪᠠᠯ ︽ᠠᠶᠤᠩᠭ᠎ᠠ ᠨᠢᠷᠭᠡᠨ᠎ᠡ︾ ᠭᠡᠳᠡᠭ ᠪᠢᠯᠠ᠃ ᠮᠤᠩᠭᠤᠯ ᠬᠦᠮᠤᠨ ᠬᠦᠷᠤᠰᠦ ᠰᠢᠷᠤᠢ ᠶᠢ ᠲᠤᠷ᠎ᠠ ᠪᠠᠷ ᠢᠶᠠᠨ ᠬᠦᠨᠳᠡᠵᠦ᠂ ᠡᠪᠡᠰᠤ ᠨᠤᠭᠤᠭ᠎ᠠ᠂ ᠴᠡᠴᠡᠭ ᠬᠤᠸᠠᠷ ᠢ ᠰᠠᠨᠠᠭᠠᠨ ᠲᠠᠪᠠ ᠪᠠᠷ ᠪᠠᠨ ᠦᠭᠳᠡᠭᠡᠨ ᠵᠤᠯᠭᠠᠭᠠᠬᠤ ᠶᠢ ᠴᠡᠭᠡᠷᠯᠡᠳᠡᠭ᠂ ᠤᠢ ᠰᠢᠭᠤᠢ ᠶᠢ ᠰᠤᠶᠢᠳᠴᠦ ᠲᠦᠯᠡᠰᠢ ᠰᠢᠳᠠᠭᠠᠯᠭ᠎ᠠ ᠬᠢᠬᠦ ᠶᠢ ᠴᠡᠭᠡᠷᠯᠡᠳᠡᠭ᠃           ᠮᠤᠩᠭᠤᠯ ᠬᠦᠮᠤᠨ᠂ ᠪᠤᠰᠤᠳ ᠲᠤ ᠪᠡᠯᠡᠭ ᠬᠦᠷᠭᠡᠪᠡᠯ᠂ ︽ᠬᠤᠪᠴᠠᠰᠤ ᠲᠠᠪᠡᠯ︾ ᠬᠦᠷᠭᠡᠳᠡᠭ᠂ ᠡᠭᠦᠨ ᠢ ︽ᠲᠡᠭᠡᠭᠰᠢ ᠬᠠᠨᠳᠤᠭᠰᠠᠨ ᠵᠠᠭᠠᠮ᠎ᠠ ᠵᠠᠬ᠎ᠠ ᠲᠠᠢ᠂ ᠲᠡᠭᠵᠢᠷᠡᠵᠦ ᠦᠭᠡᠳᠡᠯᠡᠬᠦ ᠶᠢᠨ ᠪᠡᠯᠭᠡ︾ ᠭᠡᠵᠦ ᠦᠵᠡᠳᠡᠭ ᠂ ᠪᠠᠰᠠ ᠦᠭᠡᠳᠡ ᠠᠮᠠᠰᠠᠷ ᠲᠠᠢ ᠭᠡᠵᠦ ︽ᠠᠶᠠᠭ᠎ᠠ︾ ᠪᠤᠶᠤ ︽ᠴᠤᠮᠤ︾ ᠪᠡᠯᠡᠭᠯᠡᠳᠡᠭ︔ ᠡᠰᠡᠭᠦᠯ᠎ᠡ ︽ᠭᠤᠳᠤᠯ︾ ᠪᠡᠯᠡᠭᠯᠡᠳᠡᠭ᠃ ᠬᠠᠷᠢᠨ ︽ᠮᠠᠯᠠᠭᠠᠢ  ︾ ᠪᠡᠯᠡᠭᠯᠡᠳᠡᠭ ᠦᠬᠡᠢ ᠶᠤᠮ᠂ ᠤᠴᠢᠷ ᠨᠢ ︽ᠮᠠᠯᠠᠭᠠᠢ︾ ᠪᠤᠯ ᠲᠤᠷᠤᠭᠰᠢ ᠬᠠᠨᠳᠤᠭᠰᠠᠨ ᠭᠡᠵᠦ ᠦᠵᠡᠳᠡᠭ ᠠᠴᠠ ᠪᠤᠯᠵᠠᠢ᠃ ᠵᠡᠭᠦᠨ ᠮᠤᠩᠭᠤᠯ ᠳᠤ ᠤᠭᠤᠳᠠ ᠰᠢᠭᠤᠳᠠᠢ ᠭᠦᠷᠭᠡᠳᠡᠭ ᠴᠦ ᠪᠤᠢ᠃ ᠵᠡᠭᠦᠨ ᠤᠷᠤᠨ ᠤ ᠪᠦᠰᠡᠭᠦᠶᠢᠴᠤᠳ ᠨᠢ ᠠᠬᠠᠮᠠᠳ ᠨᠠᠰᠤᠳᠠᠨ ᠳᠠᠭᠠᠨ ᠬᠠᠳᠬᠤᠮᠠᠯ ᠬᠠᠳᠬᠤᠭᠰᠠᠨ ᠬᠠᠪᠳᠠᠭ᠎ᠠ ︵ᠤᠭᠤᠳᠠ ᠰᠢᠭᠤᠳᠠᠢ︶ ᠶᠢ ᠪᠡᠯᠡᠭᠯᠡᠳᠡᠭ ᠵᠠᠩᠰᠢᠯ ᠲᠠᠢ᠃ ᠬᠡᠤᠬᠡᠨ ᠬᠦᠮᠤᠨ ᠬᠠᠷᠢ ᠳᠤ ᠮᠤᠷᠳᠠᠬᠤ ᠳᠠᠭᠠᠨ ᠨᠡᠯᠢᠶᠡᠳ ᠬᠠᠪᠳᠠᠭ᠎ᠠ ᠤᠷᠠᠯᠠᠨ ᠤᠶᠤᠵᠦ ᠠᠪᠤᠭᠠᠳ᠂ ᠬᠤᠷᠢᠮᠯᠠᠨ ᠤᠴᠢᠭᠰᠠᠨ ᠤ ᠪᠠᠨ ᠲᠠᠷᠠᠭ᠎ᠠ ᠬᠠᠳᠠᠮ ᠠᠪᠤ ᠡᠵᠢ ᠠᠴᠠ ᠪᠠᠨ ᠲᠡᠷᠢᠭᠦᠯᠡᠨ ᠬᠠᠳᠠᠮ ᠠᠬ᠎ᠠ᠂ ᠨᠠᠭᠠᠴᠦ ᠠᠪᠠᠭ᠎ᠠ᠂᠂᠂ ᠨᠠᠷ ᠲᠠᠭᠠᠨ ᠠᠩᠬ᠎ᠠ ᠵᠤᠯᠭᠠᠬᠤ ᠳᠤ ᠪᠡᠯᠡᠭ ᠪᠤᠯᠭᠠᠨ ᠡᠷᠭᠦᠳᠡᠭ ᠃ ᠡᠨᠡ ᠨᠢ ᠬᠠᠳᠠᠮ ᠳᠠᠭᠠᠨ ᠠᠩᠬ᠎ᠠ ᠵᠤᠯᠭᠠᠭᠰᠠᠨ ᠤ ᠢᠷᠤᠭᠡᠯ ᠪᠡᠯᠭᠡᠳᠡᠯ ᠢᠶᠠᠷ ᠪᠠᠷᠠᠬᠤ ᠦᠬᠡᠢ ᠦᠪᠡᠷ ᠤᠨ ᠭᠠᠷ ᠤᠨ ᠤᠷᠠᠨ ᠢᠶᠠᠨ ᠴᠦ ᠦᠵᠡᠭᠦᠯᠵᠦ ᠪᠠᠶᠢᠭ᠎ᠠ ᠰᠠᠨᠠᠭ᠎ᠠ ᠲᠠᠢ ᠠᠵᠢ᠃ ᠡᠭᠦᠨ ᠠᠴᠠ ᠭᠠᠳᠠᠨ᠎ᠠ ᠵᠡᠭᠦᠨ ᠤᠷᠤᠨ ᠤ ᠮᠤᠩᠭᠤᠯᠴᠤᠳ᠂ ᠬᠡᠤᠬᠡᠨᠴᠤᠳ ᠨᠢ ᠦᠪᠡᠷ ᠤᠨ ᠢᠨᠠᠭ ᠲᠤᠳᠤᠨᠤ ᠬᠦᠮᠤᠨ —  ᠤᠷᠤᠭᠯᠠᠭᠠᠳᠤᠢ ᠨᠦᠬᠦᠷ ᠲᠡᠭᠡᠨ ᠬᠠᠪᠳᠠᠭ᠎ᠠ ᠪᠡᠯᠡᠭᠯᠡᠨ ᠰᠡᠳᠬᠢᠯ ᠢᠶᠠᠨ ᠢᠯᠡᠳᠭᠡᠳᠡᠭ ᠵᠠᠩᠰᠢᠯ ᠲᠠᠢ᠃ ᠮᠤᠩᠭᠤᠯᠴᠤᠳ ︽ᠬᠡᠤᠬᠡᠳ ᠤᠨ ᠴᠢᠬᠢ ᠠᠯᠳᠠ ᠪᠤᠯᠤᠭ︾ ᠭᠡᠵᠦ ᠬᠡᠤᠬᠡᠳ ᠪᠠᠭᠠᠴᠤᠳ ᠤᠨ ᠴᠢᠬᠢᠨ ᠰᠤᠨᠤᠷ ᠲᠤ ᠲᠤᠭᠤᠯᠳᠠᠬᠤ ᠭᠠᠵᠠᠷ ᠡᠯᠳᠡᠪ ᠪᠤᠵᠠᠷ ᠱᠠᠯᠢᠭ ᠦᠭᠡ ᠬᠡᠯᠡᠯᠴᠡᠨ ᠨᠠᠭᠠᠳᠬᠤ ᠶᠢ ᠴᠡᠭᠡᠷᠯᠡᠳᠡᠭ︔ ᠬᠡᠤᠬᠡᠳ ᠤᠨ ᠲᠡᠷᠭᠡᠳᠡ ᠬᠡᠷᠡᠯᠳᠤᠬᠦ ᠱᠤᠤᠬᠢᠯᠳᠤᠬᠤ᠂ ᠬᠠᠷᠢᠶᠠᠯ ᠵᠦᠬᠡᠯ ᠲᠠᠯᠪᠢᠬᠤ᠂ ᠠᠯᠢᠪᠠ ᠬᠦᠮᠤᠨ ᠬᠠᠷ᠎ᠠ ᠶᠢ ᠲᠤᠭᠤᠬᠢᠯᠠᠬᠤ ᠮᠠᠭᠤᠰᠢᠶᠠᠬᠤ ᠶᠢ ᠬᠢᠴᠢᠶᠡᠨ ᠴᠡᠭᠡᠷᠯᠡᠳᠡᠭ︔ ᠤᠴᠢᠷ  ᠨᠢ ᠬᠡᠤᠬᠡᠳ ᠤᠨ ᠲᠡᠷᠭᠡᠳᠡᠬᠢ ᠡᠴᠢᠭᠡ ᠡᠬᠡ ᠶᠢᠨ ᠠᠯᠢᠪᠠ ᠤᠶᠢᠯᠡ ᠬᠦᠳᠡᠯᠭᠡᠭᠡᠨ ᠨᠢ ᠴᠦᠮ ︽ᠵᠢᠭᠠᠨ ᠰᠤᠷᠭᠠᠵᠦ︾ ᠪᠠᠶᠢᠭ᠎ᠠ ᠬᠡᠪ ᠲᠠᠭᠤᠷᠢᠶᠠᠯ ᠪᠤᠯᠤᠨ᠎ᠠ ᠭᠡᠳᠡᠭ᠃          ᠢᠳᠡᠭᠡᠨ ᠤᠮᠳᠠᠭᠠᠨ ᠤ ᠲᠠᠯ᠎ᠠ ᠪᠠᠷ ᠭᠡᠪᠡᠯ᠄ ᠮᠤᠩᠭᠤᠯᠴᠤᠳ᠂ ᠵᠤᠴᠢᠨ ᠬᠠᠷ᠎ᠠ ᠢᠷᠡᠵᠦ ᠴᠠᠢ ᠠᠶᠠᠭᠠᠯᠠᠬᠤ ᠳᠤ ᠴᠠᠪᠠ ᠦᠬᠡᠢ ᠪᠦᠳᠦᠨ ᠰᠠᠶᠢᠬᠠᠨ ᠠᠶᠠᠭ᠎ᠠ ᠶᠢ ᠬᠡᠷᠡᠭᠯᠡᠳᠡᠭ᠃ ᠡᠮᠳᠡᠷᠬᠡᠢ ᠰᠡᠳᠡᠷᠬᠡᠢ ᠠᠶᠠᠭ᠎ᠠ ᠶᠢ ᠪᠡᠯᠭᠡ ᠦᠬᠡᠢ ᠮᠠᠭᠤ ᠢᠷᠸ᠎ᠠ ᠭᠡᠳᠡᠭ᠂ ᠴᠠᠢ ᠪᠠᠨ ᠠᠶᠠᠭᠠᠨ ᠳᠠᠭᠠᠨ ᠬᠢᠬᠦ ᠳᠤ ᠵᠠᠪᠠᠯ ᠲᠠᠪᠤᠷ᠎ᠠ ᠪᠤᠶᠤ ᠰᠢᠨᠠᠭ᠎ᠠ ᠪᠠᠨ ᠪᠠᠷᠠᠭᠤᠨ ᠭᠠᠷ ᠲᠠᠭᠠᠨ ᠪᠠᠷᠢᠵᠦ᠂ ᠴᠠᠢ ᠶᠢᠨ ᠠᠶᠠᠭᠠᠨ ᠲᠤᠳᠤᠷ᠎ᠠ ᠵᠦᠪ ᠡᠷᠬᠢᠭᠦᠯᠦᠨ ᠬᠢᠨ᠎ᠡ᠃ ᠴᠠᠢ ᠶᠢ ᠬᠡᠳᠤᠷᠭᠡᠢ ᠲᠦᠭᠦᠷᠡᠩ ᠪᠤᠶᠤ ᠲᠤᠮᠳᠠᠭᠤᠷ ᠠᠶᠠᠭᠠᠯᠠᠳᠠᠭ ᠦᠬᠡᠢ᠂ ᠭᠠᠷ ᠢᠶᠠᠷ ᠠᠶᠠᠭ᠎ᠠ ᠪᠠᠷᠢᠬᠤ ᠳᠤ ᠬᠤᠷᠤᠭᠤ ᠬᠢᠮᠤᠰᠤ ᠴᠠᠢ ᠳᠤ ᠬᠦᠷᠬᠦ ᠦᠬᠡᠢ᠂ ᠪᠠᠭ᠎ᠠ ᠰᠠᠭ᠎ᠠ ᠴᠠᠯᠬᠢᠬᠤ ᠳᠤ ᠠᠰᠬᠠᠬᠤ ᠦᠬᠡᠢ ᠪᠤᠯ ᠪᠣᠯᠴᠢᠬᠠᠨ᠎ᠠ᠂ ᠴᠠᠢ ᠠᠶᠠᠭᠠᠯᠠᠬᠤ ᠳᠤ ᠲᠠᠪᠤᠷ᠎ᠠ  ᠶᠢᠨ ᠴᠤᠷᠭᠤ ᠪᠤᠶᠤ ᠰᠢᠨᠠᠭ᠎ᠠ ᠪᠠᠨ ᠲᠤᠳᠤᠭᠰᠢ — ᠭᠡᠷ ᠤᠨ ᠬᠤᠶᠢᠮᠤᠷ ᠲᠡᠰᠢ ᠬᠠᠨᠳᠤᠭᠤᠯᠤᠨ᠎ᠠ᠃ ᠬᠠᠷᠢᠨ ᠭᠠᠳᠠᠭᠰᠢ —  ᠡᠭᠦᠳᠡᠨ ᠵᠦᠭ ᠬᠠᠨᠳᠤᠭᠤᠯᠬᠤ ᠶᠢ ᠴᠡᠭᠡᠷᠯᠡᠨ᠎ᠡ︔ ᠲᠤᠳᠤᠭᠰᠢ ᠬᠠᠨᠳᠤᠭᠤᠯᠪᠠᠯ ᠬᠡᠰᠢᠭ ᠪᠤᠶᠠᠨ ᠲᠤᠳᠤᠭᠰᠢ ᠭᠡᠷ ᠵᠦᠭ ᠢᠷᠡᠵᠦ᠂ ᠭᠠᠳᠠᠭᠰᠢ ᠬᠠᠨᠳᠤᠭᠤᠯᠪᠠᠯ ᠬᠡᠰᠢᠭ ᠪᠤᠶᠠᠨ ᠭᠠᠳᠠᠭᠰᠢ ᠭᠠᠷᠴᠢᠬᠠᠨ᠎ᠠ ᠭᠡᠳᠡᠭ᠃ ᠴᠠᠢ ᠶᠢ ᠠᠶᠠᠭᠠᠯᠠᠨ ᠬᠠᠮᠤᠭ ᠠᠬᠠᠮᠠᠳ ᠠᠴᠠ ᠨᠢ ᠡᠬᠢᠯᠡᠨ ᠨᠢᠭᠡᠳ ᠨᠢᠭᠡ ᠪᠠᠷ ᠭᠠᠷᠳᠠᠭᠤᠯᠤᠨ ᠪᠠᠷᠢᠳᠠᠭ ᠶᠤᠰᠤ ᠲᠠᠢ᠃ ᠵᠤᠴᠢᠳ ᠴᠠᠢ ᠤᠤᠭᠤᠵᠦ ᠪᠠᠷᠠᠭᠠᠳ ᠮᠤᠷᠳᠠᠵᠦ ᠭᠠᠷᠬᠤ ᠳᠤᠨᠢ᠂ ᠰᠢᠨᠠᠭ᠎ᠠ ᠪᠠ ᠲᠤᠭᠤᠭ᠎ᠠ ᠶᠢ ᠵᠠᠪᠠᠯ ᠰᠠᠯᠭᠠᠵᠦ ᠲᠠᠯᠪᠢᠬᠤ ᠵᠠᠩᠰᠢᠯ ᠲᠠᠢ᠂ ᠰᠢᠨᠠᠭ᠎ᠠ ᠶᠢ ᠲᠤᠭᠤᠭ᠎ᠠ ᠠᠴᠠ ᠨᠢ ᠰᠠᠯᠭᠠᠬᠤ ᠦᠬᠡᠢ ᠪᠤᠯ ᠵᠤᠴᠢᠨ ᠤ ᠵᠠᠮ ᠳᠤᠨᠢ ᠰᠠᠭᠠᠳ ᠭᠠᠷᠤᠨ᠎ᠠ ᠭᠡᠳᠡᠭ᠃ ᠭᠠᠷ ᠢᠶᠠᠨ ᠤᠬᠢᠶᠠᠯ ᠦᠬᠡᠢ ᠪᠠᠷ ᠰᠦ ᠰᠠᠭᠠᠬᠤ ᠪᠤᠶᠤ ᠠᠯᠢᠪᠠ ᠰᠦ ᠴᠠᠭᠠᠨ ᠢᠳᠡᠭᠡ ᠲᠠᠢ ᠤᠷᠤᠯᠳᠤᠬᠤ ᠶᠢ ᠲᠤᠩ ᠴᠡᠭᠡᠷᠯᠡᠳᠡᠭ᠃ ᠰᠦ ᠰᠠᠭᠠᠯᠢ ᠪᠠ ᠴᠠᠭᠠᠨ ᠢᠳᠡᠭᠡᠨ ᠤ ᠲᠡᠭᠡᠭᠦᠷ ᠠᠯᠬᠤᠬᠤ ᠬᠢᠰᠬᠢᠬᠦ᠂ ᠬᠤᠷᠮᠤᠢ ᠪᠠᠨ ᠡᠷᠬᠢᠯᠳᠤᠭᠦᠯᠬᠦ᠂ ᠭᠤᠳᠤᠯ᠂ ᠤᠶᠢᠮᠤᠰᠤ᠂ ᠦᠮᠤᠳᠤ ᠮᠡᠳᠤ ︽ᠪᠤᠵᠠᠷ︾ ᠡᠳ᠋ᠯᠡᠯ᠂ ᠰᠦ ᠰᠠᠭᠠᠯᠢ ᠲᠠᠢ ᠤᠶᠢᠷᠠᠳᠤᠬᠤ ᠠᠴᠠ ᠬᠢᠴᠢᠶᠡᠳᠡᠭ︔ ᠰᠦ ᠰᠠᠭᠠᠯᠢ ᠪᠤᠵᠠᠷᠳᠠᠪᠠᠯ ᠦᠨᠢᠶ᠎ᠡ᠂ ᠭᠡᠭᠦᠤ ᠶᠢᠨ ᠲᠡᠯᠡᠩ ᠬᠠᠪᠤᠳᠬᠤ ᠪᠤᠶᠤ ᠰᠦ ᠡᠪᠳᠡᠷᠡᠵᠦ᠂ ᠴᠡᠭᠡ ᠠᠶᠢᠷᠠᠭ ᠤᠨ ᠬᠦᠷᠦᠩᠭᠡ ᠬᠦᠴᠦ ᠰᠤᠯᠠᠷᠠᠵᠦ᠂ ᠬᠦᠮᠤᠨ ᠤ ᠬᠡᠶᠢᠮᠤᠷᠢ ᠮᠠᠭᠤᠳᠠᠵᠦ᠂ ᠬᠢᠵᠢᠭ ᠡᠪᠡᠳᠴᠢᠨ ᠢᠷᠡᠨ᠎ᠡ ᠭᠡᠳᠡᠭ᠃ ᠴᠠᠭᠠᠨ ᠢᠳᠡᠭᠡ᠂ ᠤᠯᠠᠭᠠᠨ ᠢᠳᠡᠭᠡ᠂ ᠡᠩ ᠤᠨ ᠴᠠᠢ ᠬᠤᠭᠤᠯᠠ ᠶᠢ ᠪᠦᠷ ︽ᠪᠤᠵᠠᠷ︾ ᠬᠠᠯᠳᠠᠬᠤ ᠠᠴᠠ ᠶᠡᠬᠡᠯ᠎ᠡ ᠬᠢᠴᠢᠶᠡᠳᠡᠭ ᠵᠠᠩᠰᠢᠯ ᠲᠠᠢ᠃ ᠨᠤᠬᠠᠢ᠂ ᠰᠢᠪᠠᠭᠤ ᠱᠠᠭᠠᠵᠠᠭᠠᠢ ᠶᠢᠨ ᠠᠮᠠ ᠬᠤᠩᠰᠢᠶᠠᠷ ︽ᠪᠤᠵᠠᠷ︾ ᠲᠤᠯᠠ ᠰᠦ ᠰᠠᠭᠠᠯᠢ ᠪᠠ ᠢᠳᠡᠭᠡᠨ ᠤᠮᠳᠠᠭᠠᠨ ᠤ ᠰᠠᠪᠠᠨ ᠳᠤ ᠤᠶᠢᠷᠠᠳᠤᠬᠤ ᠶᠢ ᠴᠡᠭᠡᠷᠯᠡᠳᠡᠭ᠂ ᠠᠷᠢᠶᠠᠳᠠᠨ ᠠᠮᠢᠳᠠᠨ ᠤ ᠬᠡᠯᠡ ᠬᠦᠯ ᠪᠠ ᠰᠡᠭᠦᠳᠡᠷ ᠲᠤᠰᠬᠤ ᠶᠢ ᠴᠦ ᠴᠡᠭᠡᠷᠯᠡᠳᠡᠭ᠃ ᠬᠤᠭᠤᠯᠠ ᠢᠳᠡᠬᠦ ᠳᠡᠭᠡᠨ ᠠᠪᠳᠠᠷ᠎ᠠ ᠬᠤᠷᠭᠤ ᠲᠦᠰᠢᠵᠦ᠂ ᠬᠠᠶᠢᠪᠠᠶᠢᠨ ᠲᠠᠶᠢᠪᠠᠶᠢᠨ ᠰᠠᠭᠤᠵᠦ ᠢᠳᠡᠵᠦ ᠤᠤᠭᠤᠬᠤ ᠶᠢ ᠴᠡᠭᠡᠷᠯᠡᠳᠡᠭ︔ ᠲᠡᠭᠡᠪᠡᠯ ᠦᠪᠡᠷ ᠤᠨ ᠪᠡᠶ᠎ᠡ ᠨᠢ ᠬᠤᠵᠢᠮ ᠢᠷᠡᠭᠡᠳᠤᠢ ᠳᠤ ᠵᠤᠪᠠᠯᠠᠩ ᠠᠮᠰᠠᠨ᠎ᠠ ᠭᠡᠳᠡᠭ᠃ ᠢᠳᠡᠵᠦ ᠤᠤᠭᠤᠵᠦ ᠪᠠᠶᠢᠬᠤ ᠦᠶ᠎ᠡ ᠳᠤ ᠠᠶᠠᠭ᠎ᠠ ᠰᠠᠪᠬ᠎ᠠ ᠪᠠᠨ ᠲᠤᠭᠰᠢᠬᠤ ᠶᠢ ᠴᠡᠭᠡᠷᠯᠡᠨ᠎ᠡ︔ ᠬᠡᠷᠪᠡ ᠠᠶᠠᠭ᠎ᠠ ᠰᠢᠨᠠᠭ᠎ᠠ ᠪᠠᠨ ᠲᠤᠭᠰᠢᠪᠠᠯ᠂ ᠦᠯᠦᠨ ᠴᠢᠳᠭᠦᠷ ᠭᠤᠶᠢᠷᠠᠨᠴᠢ ᠪᠤᠯᠤᠨ᠎ᠠ ᠭᠡᠳᠡᠭ᠃ ᠪᠤᠰᠤᠳ ᠲᠤ ᠲᠡᠪᠤᠰᠤ ᠦᠭᠬᠦ ᠳᠡᠭᠡᠨ ᠭᠠᠷ  ᠲᠤᠨᠢ ᠰᠢᠭᠤᠳ ᠠᠳᠬᠤᠭᠤᠯᠬᠤ ᠦᠬᠡᠢ︔ ᠴᠢᠩᠬᠢᠪᠡᠯ ᠦᠰᠢᠶ᠎ᠡ ᠬᠤᠷᠤᠰᠤᠯ ᠵᠠᠩᠬᠢᠳᠤᠨ᠎ᠠ ᠭᠡᠳᠡᠭ᠃ ᠰᠠᠪᠬ᠎ᠠ ᠪᠠᠷ ᠪᠤᠰᠤᠳ ᠬᠦᠮᠤᠨ ᠢ ᠵᠢᠭᠠᠬᠤ ᠪᠤᠶᠤ ᠵᠤᠳᠤᠨ ᠴᠤᠬᠢᠬᠤ ᠶᠢ ᠴᠡᠭᠡᠷᠯᠡᠨ᠎ᠡ︔ ᠲᠡᠶᠢᠮᠤ ᠪᠤᠯ ᠬᠤᠵᠢᠮ ᠰᠠᠭᠦᠯᠡᠷ ᠬᠤᠳᠠᠯᠴᠢ ᠬᠤᠯᠠᠭᠠᠶᠢᠴᠢ᠂ ᠬᠠᠷᠬᠢᠰ ᠬᠡᠷᠴᠡᠬᠡᠢ ᠪᠤᠯᠤᠨ᠎ᠠ ᠭᠡᠳᠡᠭ᠃ ᠮᠦᠨᠴᠦ ᠰᠠᠪᠬ᠎ᠠ ᠪᠠᠷ ᠮᠤᠤᠷ ᠢ ᠵᠤᠳᠤᠬᠤ ᠶᠢ ᠴᠡᠭᠡᠷᠯᠡᠨ᠎ᠡ︔ ᠲᠡᠭᠡᠪᠡᠯ ᠮᠤᠤᠷ᠂ ᠮᠤᠭᠠᠢ ᠶᠢ ᠠᠪᠴᠢᠷᠠᠵᠦ ᠡᠪᠤᠷ ᠲᠤ ᠴᠢᠨᠢ ᠬᠢᠨ᠎ᠡ ᠭᠡᠳᠡᠭ᠃ ᠮᠤᠩᠭᠤᠯ ᠬᠦᠮᠤᠨ ᠮᠢᠬ᠎ᠠ ᠶᠢ ᠠᠮᠠᠨ ᠳᠠᠭᠠᠨ ᠵᠠᠭᠤᠵᠦ᠂ ᠬᠢᠳᠤᠭ᠎ᠠ ᠪᠠᠷ ᠤᠭᠳᠤᠯᠵᠦ ᠢᠳᠡᠬᠦ ᠶᠢ ᠴᠡᠭᠡᠷᠯᠡᠨ᠎ᠡ︔ ᠲᠡᠭᠡᠵᠦ ᠢᠳᠡᠪᠡᠯ ᠡᠵᠢ  ᠶᠢᠨ ᠢᠶᠠᠨ ᠬᠦᠬᠦ ᠶᠢ ᠤᠭᠳᠤᠯᠵᠦ ᠪᠠᠶᠢᠬᠤ ᠲᠠᠢ ᠠᠳᠠᠯᠢ ᠭᠡᠳᠡᠭ᠃ ᠮᠤᠩᠭᠤᠯᠴᠤᠳ᠂ ᠬᠡᠤᠬᠡᠳ ᠲᠤ ᠴᠢᠮᠤᠭᠡ᠂ ᠨᠤᠭᠤᠰᠤ᠂ ᠨᠤᠶᠢᠷ᠂ ᠲᠠᠷᠢᠬᠢ ᠢᠳᠡᠭᠦᠯᠳᠡᠭ ᠦᠬᠡᠢ᠂ ᠬᠡᠤᠬᠡᠳ ᠨᠢᠰᠤᠬᠠᠢ ᠪᠤᠯᠤᠨ᠎ᠠ ᠭᠡᠳᠡᠭ᠃ ᠢᠮᠠᠭᠠᠨ ᠰᠡᠭᠦᠯ ᠢᠳᠡᠭᠦᠯᠳᠡᠭ ᠦᠬᠡᠢ᠂ ᠲᠡᠭᠡᠪᠡᠯ ᠬᠤᠷᠢᠮ ᠲᠡᠭᠡᠷ᠎ᠡ ᠮᠤᠷᠢ ᠨᠢ ᠰᠡᠭᠦᠯ ᠰᠠᠷᠪᠢᠨ᠎ᠠ ᠭᠡᠳᠡᠭ᠃ ᠮᠤᠬᠤᠷ ᠤᠯᠤᠭᠠᠢ᠂ ᠭᠡᠳᠡᠰᠤᠨ ᠵᠠᠩᠭᠢᠯᠠᠭ᠎ᠠ᠂ ᠬᠤᠳᠤᠭᠤᠳᠤᠨ ᠮᠤᠬᠤᠷ᠂ ᠰᠠᠷᠬᠢᠨᠠᠭ ᠢ ᠬᠡᠤᠬᠡᠳ ᠲᠤ ᠢᠳᠡᠭᠦᠯᠳᠡᠭ ᠦᠬᠡᠢ ᠭᠡᠷᠪᠡ ᠬᠡᠤᠬᠡᠳ ᠢᠳᠡᠪᠡᠯ ︽ᠮᠤᠬᠤᠷᠳᠠᠬᠤ︾ ᠶᠠᠪᠤᠳᠠᠯ ᠳᠤ ᠲᠤᠯᠭᠠᠷᠠᠨ᠎ᠠ ᠭᠡᠳᠡᠭ︔ ᠬᠠᠷᠢᠨ ᠬᠡᠤᠬᠡᠳ ᠤᠷᠠᠨ ᠬᠡᠯᠡ ᠲᠠᠢ ᠪᠤᠯᠤᠨ᠎ᠠ ᠭᠡᠵᠦ ᠬᠡᠤᠬᠡᠳ ᠲᠤ ︽ᠲᠠᠩᠨᠠᠢ︾ ᠢᠳᠡᠭᠦᠯᠳᠡᠭ ᠵᠠᠩᠰᠢᠯ ᠲᠠᠢ ᠪᠠᠶᠢᠳᠠᠭ᠃ ᠬᠡᠤᠬᠡᠳ ᠲᠤ ᠬᠤᠨᠢ ᠮᠠᠯ ᠤᠨ ᠦᠨᠤᠴᠢᠨ ᠡᠯᠢᠭᠡ ᠢᠳᠡᠭᠦᠯᠬᠦ ᠶᠢ ᠴᠡᠭᠡᠷᠯᠡᠳᠡᠭ︔ ᠦᠨᠤᠴᠢᠨ ᠡᠯᠢᠭᠡ ᠢᠳᠡᠭᠰᠡᠨ ᠬᠡᠤᠬᠡᠳ ᠦᠨᠤᠴᠢᠨ ᠦᠷᠦᠭᠡᠰᠤᠨ ᠪᠤᠯᠤᠨ᠎ᠠ ᠭᠡᠳᠡᠭ᠃ ᠬᠡᠤᠬᠡᠳ ᠪᠠᠭᠠᠴᠤᠳ ᠲᠤ ᠮᠠᠯ ᠤᠨ ᠪᠤᠭᠤᠨᠢ ᠬᠠᠪᠢᠷᠭ᠎ᠠ ᠢᠳᠡᠬᠦᠯᠬᠦ ᠶᠢ ᠴᠡᠭᠡᠷᠯᠡᠨ᠎ᠡ︔ ᠪᠤᠭᠤᠨᠢ ᠬᠠᠪᠢᠷᠭ᠎ᠠ ᠢᠳᠡᠭᠰᠡᠨ ᠬᠡᠤᠬᠡᠳ ᠪᠤᠭᠰᠤᠭᠤᠷ ᠪᠤᠭᠤᠨᠢ ᠪᠡᠶ᠎ᠡ ᠲᠠᠢ ᠪᠤᠯᠤᠨ᠎ᠠ ᠭᠡᠳᠡᠭ᠃ ᠮᠠᠯ ᠤᠨ ᠡᠪᠴᠢᠭᠦᠨ ᠲᠤᠳᠤᠷᠠᠬᠢ ᠪᠦᠳᠦᠷᠬᠡᠢ ᠪᠤᠯᠤᠨ ᠠᠶᠤᠮᠠᠳᠠᠭᠠᠢ ᠶᠢ ᠬᠡᠤᠬᠡᠳ ᠰᠢᠣᠬᠠᠳ ᠲᠤ ᠢᠳᠡᠭᠦᠯᠬᠦ ᠶᠢ ᠴᠡᠭᠡᠷᠯᠡᠨ᠎ᠡ︔ ᠪᠦᠳᠦᠷᠬᠡᠢ ᠪᠠ ᠠᠶᠤᠮᠠᠳᠠᠭᠠᠢ ᠶᠢ ᠬᠡᠤᠬᠡᠳ ᠲᠤ ᠢᠳᠡᠭᠦᠯᠪᠡᠯ᠂ ᠬᠡᠤᠬᠡᠳ  ᠪᠦᠳᠦᠷᠢᠵᠤ ᠴᠦᠳᠡᠷᠡᠵᠦ ᠠᠶᠤᠮᠠᠳᠠᠭᠠᠢ ᠪᠤᠯᠤᠨ᠎ᠠ ᠭᠡᠵᠦ ᠬᠡᠯᠡᠳᠡᠭ᠃ ᠬᠡᠤᠬᠡᠳ ᠲᠤ ᠮᠠᠯ ᠤᠨᠤᠭ᠎ᠠ ᠶᠢᠨ ᠵᠠᠶᠢᠳᠠᠰᠤᠨ ᠤ ᠵᠠᠩᠬᠢᠶᠠᠰᠤ ᠶᠢ ᠢᠳᠡᠭᠦᠯᠬᠦ ᠶᠢ ᠴᠡᠭᠡᠷᠯᠡᠨ᠎ᠡ︔ ᠵᠠᠩᠬᠢᠶᠠᠰᠤ ᠢᠳᠡᠭᠰᠡᠨ ᠬᠡᠤᠬᠡᠳ ᠤᠨ ᠨᠢᠭᠤᠷ ᠴᠢᠷᠠᠢ ᠨᠢ ᠰᠢᠷᠢᠯᠠᠵᠦ᠂ ᠶᠠᠮᠠᠷ ᠬᠡᠷᠡᠭ ᠤᠶᠢᠯᠡᠳᠬᠦ  ᠠᠴᠠ ᠴᠦ ᠠᠶᠤᠬᠤ ᠦᠬᠡᠢ ᠪᠤᠯᠤᠨ᠎ᠠ ᠭᠡᠳᠡᠭ᠃ ᠬᠡᠤᠬᠡᠳ ᠲᠤ ᠲᠡᠯᠢᠭᠦᠤ ᠢᠳᠡᠭᠦᠯᠬᠦ ᠶᠢ ᠴᠡᠭᠡᠷᠯᠡᠨ᠎ᠡ︔ ᠲᠡᠯᠢᠭᠦᠤ ᠢᠳᠡᠭᠰᠡᠨ ᠬᠡᠤᠬᠡᠳ ᠵᠢᠬᠡᠭᠦᠨ ᠬᠦᠢᠳᠡᠨ ᠴᠢᠷᠠᠢ ᠲᠠᠢ ᠬᠡᠤᠬᠡᠳ ᠪᠤᠯᠤᠨ᠎ᠠ ᠭᠡᠳᠡᠭ᠃ ᠮᠠᠯ ᠤᠨ ᠦᠷᠦᠭᠡᠰᠤᠨ ᠨᠢᠳᠤ᠂ ᠦᠷᠦᠭᠡᠰᠤᠨ ᠴᠢᠬᠢ ᠶᠢ ᠢᠳᠡᠬᠦ ᠶᠢ ᠴᠡᠭᠡᠷᠯᠡᠨ᠎ᠡ︔ ᠲᠡᠭᠦᠨ ᠢ ᠢᠳᠡᠪᠡᠯ ᠢᠷᠡᠬᠦ ᠲᠦᠷᠦᠯ ᠳᠡᠭᠡᠨ ᠭᠠᠭᠴᠠ ᠨᠢᠳᠤ᠂ ᠦᠷᠦᠭᠡᠰᠤᠨ ᠴᠢᠬᠢ ᠲᠠᠢ ᠪᠤᠯᠤᠨ᠎ᠠ ᠭᠡᠳᠡᠭ᠃ ᠮᠠᠯ ᠤᠨ ᠰᠠᠷᠬᠢᠨᠠᠭ ᠭᠦᠵᠡᠭᠡ ᠶᠢ ᠬᠡᠤᠬᠡᠳ ᠲᠤ ᠢᠳᠡᠭᠦᠯᠬᠦ ᠶᠢ ᠴᠡᠭᠡᠷᠯᠡᠨ᠎ᠡ︔ ᠬᠡᠤᠬᠡᠳ ᠬᠡᠷᠪᠡ ᠰᠠᠷᠬᠢᠨᠠᠭ ᠭᠦᠵᠡᠭᠡ ᠢᠳᠡᠪᠡᠯ᠂ ᠲᠤᠳᠤᠷ᠎ᠠ ᠪᠠᠨ ᠪᠤᠳᠤᠯᠭ᠎ᠠ ᠦᠬᠡᠢ ︽ᠰᠠᠪᠠᠭᠠᠴᠢ︾ ᠬᠦᠮᠤᠨ ᠪᠤᠯᠤᠨ᠎ᠠ ᠭᠡᠳᠡᠭ᠃ ᠬᠡᠤᠬᠡᠳ ᠠᠮᠤ ᠪᠤᠳᠠᠭ᠎ᠠ ᠪᠠᠷ ᠨᠠᠭᠠᠳᠴᠦ᠂ ᠠᠰᠠᠬᠠᠵᠦ ᠴᠢᠳᠬᠤᠬᠤ ᠶᠢ ᠴᠡᠭᠡᠷᠯᠡᠨ᠎ᠡ︔ ᠨᠢᠭᠡ ᠮᠦᠬᠦᠯᠢᠭ ᠪᠤᠳᠠᠭ᠎ᠠ᠂ ᠲᠡᠭᠷᠢ ᠠᠴᠠ ᠬᠠᠷᠠᠬᠤ ᠳᠤ  ᠬᠤᠨᠢᠨ ᠠᠴᠠ ᠪᠦᠳᠦᠭᠦᠨ ᠬᠠᠷᠠᠭᠳᠠᠵᠦ᠂ ᠪᠤᠷᠬᠠᠨ ᠲᠡᠭᠷᠢ ᠪᠤᠷᠤᠭᠤ ᠪᠠᠷ ᠦᠵᠡᠨ᠎ᠡ ᠭᠡᠳᠡᠭ᠃ ᠬᠡᠤᠬᠡᠳ ᠲᠤ ᠤᠯᠤᠭᠠᠢ ᠢᠳᠡᠭᠦᠯᠬᠦ ᠶᠢ ᠴᠡᠭᠡᠷᠯᠡᠨ᠎ᠡ︔ ᠬᠦᠪᠡᠭᠦᠨ ᠬᠡᠤᠬᠡᠨ ᠤ ᠬᠢᠨᠢ ᠠᠶᠠᠭ᠎ᠠ ᠨᠢ ᠤᠩᠬᠤᠯᠢᠵᠦ᠂ ᠠᠮᠠᠨ ᠬᠦᠨᠡᠰᠤ ᠨᠢ ᠵᠠᠶᠢᠯᠠᠵᠦ᠂ ᠤᠬᠤᠷ ᠮᠤᠩᠬᠠᠭ ᠪᠤᠯᠤᠨ᠎ᠠ ᠭᠡᠳᠡᠭ᠃ ᠬᠡᠤᠬᠡᠳ  ᠢ ᠬᠦᠨᠳᠡᠢ ᠰᠠᠪᠠᠨ ᠲᠡᠭᠡᠷ᠎ᠡ ᠰᠠᠭᠤᠯᠭᠠᠵᠦ ᠬᠤᠭᠤᠯᠠ ᠪᠤᠳᠠᠭ᠎ᠠ ᠢᠳᠡᠭᠦᠯᠬᠦ ᠶᠢ ᠴᠡᠭᠡᠷᠯᠡᠨ᠎ᠡ︔ ᠬᠦᠨᠳᠡᠢ ᠰᠠᠪᠠᠨ ᠲᠡᠭᠡᠷ᠎ᠡ ᠰᠠᠭᠤᠵᠦ ᠬᠤᠭᠤᠯᠠ ᠪᠤᠳᠠᠭ᠎ᠠ ᠢᠳᠡᠪᠡᠯ᠂ ᠬᠤᠳᠤᠭᠤᠳᠤ ᠭᠡᠳᠡᠰᠤ ᠶᠡᠭᠡ ᠬᠡᠤᠬᠡᠳ ᠪᠤᠯᠤᠨ᠎ᠠ ᠭᠡᠳᠡᠭ᠃ ᠬᠡᠤᠬᠡᠨ ᠬᠦᠮᠤᠨ ᠤ ᠡᠷᠬᠢᠯᠳᠡ ᠳᠤ ᠪᠤᠭᠳᠤᠭᠠᠰᠤ ᠦᠭᠬᠦ ᠶᠢ ᠴᠡᠭᠡᠷᠯᠡᠨ᠎ᠡ︔ ᠪᠤᠭᠳᠤᠭᠠᠰᠤ ᠪᠠᠷ ᠡᠷᠬᠢᠪᠡᠯ ᠬᠡᠤᠬᠡᠨ ᠨᠢ ᠪᠤᠰᠴᠦ ᠬᠠᠳᠠᠮ ᠠᠴᠠ ᠪᠠᠨ ᠪᠤᠴᠠᠵᠦ ᠢᠷᠡᠨ᠎ᠡ ᠭᠡᠳᠡᠭ᠃ ᠢᠳᠡᠵᠦ ᠪᠠᠶᠢᠭᠠᠳ ᠨᠤᠮ ᠦᠵᠡᠬᠦ ᠶᠢ ᠴᠡᠭᠡᠷᠯᠡᠨ᠎ᠡ︔ ᠲᠡᠶᠢᠮᠤ ᠪᠤᠯ ᠰᠤᠷᠤᠭᠰᠠᠨ ᠢᠶᠠᠨ ᠪᠦᠷ ᠢᠳᠡᠴᠢᠬᠡᠨ᠎ᠡ ᠭᠡᠳᠡᠭ᠃ ᠲᠤᠭᠤᠭᠠᠨ ᠳᠤ ᠲᠡᠪᠢᠭᠦᠷ ᠢᠶᠠᠷ ᠪᠤᠳᠠᠭ᠎ᠠ ᠤᠶᠢᠬᠤ  ᠶᠢ ᠴᠡᠭᠡᠷᠯᠡᠨ᠎ᠡ︔ ᠲᠡᠪᠢᠭᠦᠷ ᠢᠶᠠᠷ ᠪᠤᠳᠠᠭ᠎ᠠ ᠤᠶᠢᠪᠡᠯ᠂ ᠴᠠᠳᠬᠤ ᠦᠬᠡᠢ ᠬᠡᠶᠢᠴᠢᠨ ᠢᠷᠡᠨ᠎ᠡ ᠭᠡᠳᠡᠭ᠃ ᠤᠯᠠᠭᠠᠨ ᠴᠠᠭᠠᠨ ᠢᠳᠡᠭᠡᠨ ᠢ ᠬᠤᠯᠢᠵᠦ ᠢᠳᠡᠬᠦ ᠶᠢ ᠴᠡᠭᠡᠷᠯᠡᠨ᠎ᠡ︔ ᠲᠡᠭᠡᠪᠡᠯ ᠮᠠᠯ ᠤᠨ ᠵᠠᠶᠠᠭ᠎ᠠ ᠶᠢ ᠭᠤᠮᠤᠳᠠᠭᠠᠨ᠎ᠠ ᠭᠡᠳᠡᠭ᠃ ᠠᠶᠢᠯ ᠤᠨ ᠬᠤᠭᠤᠯᠠ ᠪᠤᠳᠠᠭᠠᠨ ᠲᠡᠭᠡᠷ᠎ᠡ ᠲᠠᠭᠠᠷᠠᠯᠳᠤᠭᠠᠳ᠂ ᠠᠮᠰᠠᠵᠦ ᠢᠳᠡᠬᠦ ᠦᠬᠡᠢ ᠪᠠᠷ ᠭᠠᠷᠬᠤ ᠶᠢ ᠴᠡᠭᠡᠷᠯᠡᠳᠡᠭ︔ ᠪᠤᠯᠤᠭᠰᠠᠨ ᠢᠳᠡᠭᠡᠨ ᠠᠴᠠ ᠵᠠᠶᠢᠯᠠᠪᠠᠯ᠂ ᠪᠤᠶᠠᠨ ᠬᠡᠰᠢᠭ ᠢᠶᠠᠨ ᠠᠯᠳᠠᠨ᠎ᠠ ᠭᠡᠳᠡᠭ᠃ ᠠᠶᠠᠨ ᠳᠤ ᠶᠠᠪᠤᠬᠤ ᠳᠠᠭᠠᠨ ᠭᠠᠯ ᠤᠨ ᠲᠡᠭᠦᠤ ᠨᠢ᠂ ᠪᠤᠭᠳᠤᠭᠠᠰᠤ ᠱᠠᠭᠠᠨᠳᠤ ᠪᠤᠯᠤᠨ ᠶᠠᠰᠤᠨ ᠴᠢᠮᠤᠭᠡ ᠶᠢ ᠬᠠᠭᠠᠯᠠᠵᠦ ᠢᠳᠡᠬᠦ ᠶᠢ ᠴᠡᠭᠡᠷᠯᠡᠨ᠎ᠡ︔ ᠬᠡᠷᠪᠡ ᠲᠡᠭᠡᠵᠦ ᠢᠳᠡᠪᠡᠯ᠂ ᠠᠶᠠᠨ ᠤ ᠲᠡᠷᠭᠡᠨ ᠬᠦᠷᠳᠤ ᠨᠢ ᠬᠠᠭᠠᠷᠠᠵᠦ᠂ ᠠᠶᠤᠯ ᠰᠠᠭᠠᠳ ᠤᠴᠠᠷᠠᠨ᠎ᠠ ᠭᠡᠳᠡᠭ᠃ ᠪᠠᠰᠠ ᠮᠠᠯ ᠤᠨ ᠶᠠᠰᠤ ᠶᠢ ᠮᠠᠭᠤᠬᠠᠢ ᠮᠦᠯᠵᠢᠪᠡᠯ᠂ ᠲᠠᠷᠠᠭ᠎ᠠ ᠲᠦᠷᠦᠯ ᠳᠡᠭᠡᠨ ᠮᠠᠭᠤᠬᠠᠢ ᠵᠢᠰᠤ ᠲᠠᠢ ᠲᠦᠷᠦᠨ᠎ᠡ ᠭᠡᠳᠡᠭ᠃ ᠬᠠᠷᠢ ᠳᠤ ᠮᠤᠷᠳᠠᠭᠰᠠᠨ ᠬᠡᠤᠬᠡᠨ ᠳᠤ ᠬᠤᠳᠤᠭᠤᠳᠤ ᠢᠳᠡᠭᠦᠯᠬᠦ ᠶᠢ ᠴᠡᠭᠡᠷᠯᠡᠨ᠎ᠡ︔ ᠬᠡᠤᠬᠡᠨ ᠬᠦᠮᠤᠨ ᠢ ᠬᠠᠷᠢ ᠳᠤ ᠦᠭᠬᠦ ᠳᠡᠭᠡᠨ ᠬᠤᠳᠤᠭᠤᠳᠤ ᠪᠠᠷ ᠬᠡᠰᠢᠭ ᠢ ᠨᠢ ᠲᠠᠯᠠᠯᠵᠦ ᠠᠪᠳᠠᠭ ᠤᠴᠢᠷ ᠠᠴᠠ ᠬᠡᠰᠢᠭ ᠢ ᠨᠢ ᠪᠤᠴᠠᠭᠠᠵᠦ ᠦᠭᠭᠦᠭᠰᠡᠨ ᠲᠠᠢ ᠠᠳᠠᠯᠢ ᠬᠡᠮᠡᠨ ᠦᠵᠡᠳᠡᠭ᠃ ᠡᠷᠳᠡᠨ ᠤ ᠮᠤᠩᠭᠤᠯᠴᠤᠳ ᠪᠠᠰᠠ ᠨᠠᠭᠠᠴᠦ ᠬᠦᠮᠤᠨ ᠤ ᠬᠠᠵᠠᠭᠤ ᠳᠤ ᠲᠠᠯᠤ ᠶᠢᠨ ᠮᠢᠬ᠎ᠠ ᠢᠳᠡᠬᠦ ᠶᠢ ᠴᠡᠭᠡᠷᠯᠡᠳᠡᠭ︔ ᠬᠡᠷᠪᠡ ᠬᠡᠶᠢᠴᠢᠨ ᠪᠤᠶᠤ ᠬᠦᠨᠳᠤᠳᠤ ᠬᠦᠮᠤᠨ ᠤ ᠬᠠᠵᠠᠭᠤ ᠳᠤ ᠲᠠᠯᠤ ᠶᠢᠨ ᠮᠢᠬ᠎ᠠ ᠢᠳᠡᠪᠡᠯ ᠶᠤᠰᠤ ᠠᠯᠳᠠᠨ᠎ᠠ ᠭᠡᠵᠦ ᠬᠡᠯᠡᠳᠡᠭ᠃        ᠭᠠᠯ ᠢ ᠰᠢᠳᠤᠬᠦ ᠲᠠᠯ᠎ᠠ ᠪᠠᠷ ᠬᠢ ᠴᠡᠭᠡᠷ ᠭᠡᠪᠡᠯ᠄ ᠮᠤᠩᠭᠤᠯᠴᠤᠳ ᠭᠠᠯ ᠢ ᠪᠢᠰᠢᠷᠡᠨ ᠰᠢᠳᠤᠵᠦ᠂ ᠭᠠᠯ ᠤᠨ ᠰᠠᠬᠢᠭᠤᠯᠰᠤᠨ ᠪᠤᠯ ᠠᠵᠠ ᠵᠢᠷᠭᠠᠯ ᠪᠠ ᠡᠳ᠋ ᠪᠠᠶᠠᠯᠢᠭ ᠤᠨ ᠦᠭᠯᠢᠭᠡ ᠶᠢᠨ ᠡᠵᠡᠨ᠂ ᠠᠶᠢᠯ ᠭᠡᠷ ᠤᠨ ᠬᠠᠮᠠᠭᠠᠯᠠᠭᠴᠢ ᠮᠦᠨ ᠪᠦᠭᠡᠳ ᠭᠠᠯ ᠪᠤᠯ ᠠᠯᠢᠪᠠ ᠶᠢ ᠠᠷᠢᠭᠤᠳᠬᠠᠬᠤ ᠴᠢᠳᠠᠯ ᠲᠠᠢ ᠭᠡᠵᠦ ᠦᠵᠡᠳᠡᠭ ᠪᠤᠯᠬᠤᠷ ᠭᠠᠯ ᠢᠶᠠᠷ ᠶᠠᠭᠤᠮ᠎ᠠ  ᠶᠢ ᠠᠷᠢᠭᠤᠳᠬᠠᠵᠦ᠂ ᠮᠠᠭᠤ ᠢᠷᠸ᠎ᠠ ᠶᠢ ᠬᠦᠭᠡᠭᠡᠨ᠎ᠡ ᠭᠡᠵᠦ ᠦᠵᠡᠳᠡᠭ᠃ ᠡᠶᠢᠮᠤ ᠠᠴᠠ ᠮᠤᠩᠭᠤᠯ ᠬᠦᠮᠤᠨ᠂ ᠭᠠᠯ ᠭᠤᠯᠤᠮᠳᠠ ᠤᠷᠤᠭᠤ ᠴᠠᠢ ᠤᠰᠤ ᠠᠰᠠᠬᠠᠬᠤ ᠶᠢ ᠴᠡᠭᠡᠷᠯᠡᠨ᠎ᠡ  ᠂ ᠨᠡᠩ ᠢᠯᠠᠩᠭᠤᠶ᠎ᠠ ᠰᠢᠭᠡᠰᠤ ᠭᠤᠭᠤᠵᠢᠭᠤᠯᠵᠦ ᠰᠢᠩᠭᠡᠨ ᠮᠦᠷ ᠦᠵᠡᠬᠦ ᠶᠢ ᠳᠠᠰᠣ ᠴᠡᠭᠡᠷᠯᠡᠨ᠎ᠡ︔ ᠬᠡᠷᠪᠡ ᠲᠡᠭᠡᠵᠦ ᠬᠢᠪᠡᠯ᠂ ᠭᠠᠯ ᠭᠤᠯᠤᠮᠳᠠ ᠨᠢ ᠬᠠᠷᠠᠯᠠᠵᠦ᠂ ᠭᠡᠷ ᠡᠷᠤᠬᠡ ᠨᠢ ᠪᠠᠯᠠᠷᠠᠨ᠎ᠠ ᠭᠡᠳᠡᠭ᠃ ᠲᠡᠪᠡᠯ ᠤᠨ ᠬᠤᠷᠮᠤᠢ ᠪᠠᠨ ᠪᠤᠰᠤᠳ ᠤᠨ ᠭᠠᠯ ᠭᠤᠯᠤᠮᠳᠠ ᠲᠡᠭᠡᠭᠦᠷ ᠭᠠᠷᠭᠠᠬᠤ ᠶᠢ ᠴᠡᠭᠡᠷᠯᠡᠳᠡᠭ︔ ᠲᠡᠭᠡᠪᠡᠯ᠂ ᠭᠠᠯ ᠭᠤᠯᠤᠮᠳᠠ ᠶᠢ ᠨᠢ ᠪᠤᠵᠠᠷᠯᠠᠭᠰᠠᠨ ᠭᠡᠵᠦ ᠦᠵᠡᠳᠡᠭ᠃ ᠭᠠᠯ ᠪᠠ ᠦᠨᠡᠰᠤ ᠤᠷᠤᠭᠤ ᠨᠤᠯᠮᠤᠬᠤ ᠶᠢ ᠶᠡᠭᠡ ᠴᠡᠭᠡᠷᠯᠡᠳᠡᠭ︔ ᠠᠳᠤᠭᠤ ᠮᠠᠯ ᠡᠳ᠋ ᠬᠤᠭᠰᠢᠯ ᠪᠦᠬᠦᠨ ᠢ ᠭᠠᠯ ᠤᠨ ᠪᠤᠷᠬᠠᠨ ᠤ ᠬᠡᠰᠢᠭ ᠭᠡᠵᠦ ᠦᠵᠡᠳᠡᠭ ᠪᠤᠯᠬᠤᠷ᠂ ᠠᠳᠤᠭᠤ ᠮᠠᠯ ᠤᠨ ᠬᠡᠰᠢᠭ ᠪᠤᠶᠠᠨ ᠢ ᠴᠦ ᠭᠠᠯ ᠳᠠᠭᠠᠨ ᠲᠠᠭᠠᠳᠬᠠᠳᠠᠭ ᠵᠠᠩᠰᠢᠯ ᠲᠠᠢ᠃ ᠭᠠᠯ  ᠤᠨ ᠲᠡᠭᠡᠭᠦᠷ ᠬᠢᠳᠤᠭ᠎ᠠ ᠡᠷᠬᠢᠭᠦᠯᠬᠦ᠂ ᠭᠠᠯ ᠢ ᠬᠢᠳᠤᠭ᠎ᠠ ᠪᠠᠷ ᠴᠢᠴᠢᠬᠦ᠂ ᠭᠠᠯ ᠳᠤ ᠲᠠᠪᠤᠰᠤ ᠤᠷᠤᠭᠤᠯᠬᠤ᠂ ᠲᠤᠯᠭ᠎ᠠ ᠵᠤᠤᠬ᠎ᠠ ᠶᠢ ᠴᠤᠬᠢᠵᠦ ᠲᠤᠭᠰᠢᠬᠤ᠂ ᠡᠭᠦᠳᠡ ᠬᠠᠭᠠᠯᠭ᠎ᠠ ᠶᠢ ᠲᠤᠭᠰᠢᠬᠤ᠂ ᠲᠤᠯᠭ᠎ᠠ ᠵᠤᠤᠬᠠᠨ ᠲᠡᠭᠡᠷ᠎ᠡ ᠬᠦᠯ ᠢᠶᠠᠨ ᠲᠠᠯᠪᠢᠬᠤ ᠵᠡᠷᠭᠡ ᠶᠢ ᠶᠠᠬᠡᠪᠡᠷ ᠴᠡᠭᠡᠷᠯᠡᠳᠡᠭ᠃ ᠲᠤᠭᠤᠭᠠᠨ ᠳᠠᠬᠢ ᠮᠢᠬ᠎ᠠ ᠶᠢ ᠬᠢᠳᠤᠭ᠎ᠠ ᠪᠠᠷ ᠬᠠᠳᠬᠤᠵᠦ ᠠᠪᠴᠦ ᠪᠤᠯᠬᠤ ᠦᠬᠡᠢ︔ ᠭᠠᠯ ᠤᠨ ᠲᠡᠷᠭᠡᠳᠡ ᠰᠦᠬᠡ ᠪᠠᠷ ᠲᠦᠯᠡᠭᠡ ᠮᠤᠳᠤ ᠵᠡᠷᠭᠡ ᠶᠠᠭᠤᠮ᠎ᠠ ᠬᠡᠤᠮ᠎ᠠ ᠴᠠᠪᠴᠢᠵᠦ ᠪᠤᠯᠬᠤ ᠦᠬᠡᠢ︔ ᠬᠡᠷᠪᠡ ᠭᠠᠯ ᠤᠨ ᠲᠡᠷᠭᠡᠳᠡ ᠲᠦᠯᠡᠭᠡ ᠮᠤᠳᠤ ᠴᠠᠪᠴᠢᠪᠠᠯ ᠭᠠᠯ ᠤᠨ ᠪᠤᠷᠬᠠᠨ ᠠᠭᠤᠷᠯᠠᠨ᠎ᠠ ᠭᠡᠳᠡᠭ᠃ ᠮᠤᠩᠭᠤᠯ ᠬᠦᠮᠤᠨ ᠬᠢᠳᠤᠭ᠎ᠠ ᠰᠠᠯᠡᠮ᠎ᠡ ᠪᠠᠷ ᠭᠠᠯ ᠰᠢᠯᠡᠭᠡᠬᠦ ᠶᠢ ᠴᠡᠭᠡᠷᠯᠡᠵᠦ᠂ ᠭᠠᠯ ᠬᠦᠳᠡᠯᠭᠡᠳᠡᠭ ᠰᠢᠯᠡᠭᠡᠪᠤᠷ ᠢᠶᠠᠷ ᠮᠠᠯ ᠢ ᠴᠤᠬᠢᠬᠤ ᠪᠤᠶᠤ ᠠᠶᠤᠯᠭᠠᠬᠤ ᠶᠢ ᠴᠡᠭᠡᠷᠯᠡᠳᠡᠭ᠃ ᠰᠢᠯᠡᠭᠡᠪᠤᠷ ᠢ ᠮᠠᠯ ᠳᠤ ᠬᠡᠷᠡᠭᠯᠡᠪᠡᠯ ᠮᠠᠯ ᠤᠨ ᠬᠡᠰᠢᠭ ᠪᠤᠶᠠᠨ  ᠢ ᠬᠦᠭᠡᠭᠡᠨ ᠵᠠᠶᠢᠯᠠᠭᠤᠯᠵᠦ ᠪᠠᠶᠢᠨ᠎ᠠ ᠭᠡᠳᠡᠭ᠃ ᠬᠦᠯ ᠭᠠᠷ ᠤᠨ ᠬᠢᠮᠤᠰᠤ ᠪᠠᠨ ᠭᠠᠯ ᠳᠤ ᠰᠢᠳᠠᠭᠠᠨ ᠲᠦᠯᠡᠬᠦ ᠶᠢ ᠴᠡᠭᠡᠷᠯᠡᠳᠡᠭ︔ ᠭᠠᠯ ᠳᠤ ᠤᠰᠤ ᠬᠢᠬᠦ ᠶᠢ ᠴᠡᠭᠡᠷᠯᠡᠳᠡᠭ︔ ᠡᠨᠡ ᠨᠢ ᠭᠠᠯ ᠤᠨ ᠪᠤᠷᠬᠠᠨ ᠤ ᠲᠤᠯᠤᠭᠠᠢ ᠤᠷᠤᠭᠤ ᠤᠰᠤ ᠴᠢᠳᠬᠤᠭᠰᠠᠨ ᠲᠠᠢ ᠠᠳᠠᠯᠢ ᠭᠡᠵᠦ ᠦᠵᠡᠳᠡᠭ᠃ ᠵᠤᠤᠬ᠎ᠠ ᠲᠤᠯᠭ᠎ᠠ ᠪᠠᠨ ᠢᠰᠬᠦᠯᠵᠦ ᠲᠡᠶᠢᠷᠴᠦ ᠤᠩᠬᠤᠯᠢᠭᠤᠯᠬᠤ ᠶᠢ ᠴᠡᠭᠡᠷᠯᠡᠳᠡᠭ᠃ ᠡᠨᠡ ᠴᠡᠭᠡᠷ ᠢ ᠠᠯᠳᠠᠭᠰᠠᠳ ᠵᠠᠶᠢᠯᠠᠰᠢ ᠦᠬᠡᠢ ᠤᠬᠤᠷ ᠨᠠᠰᠤᠯᠠᠨ᠎ᠠ ᠭᠡᠳᠡᠭ᠃ ᠭᠠᠯ ᠳᠤ ᠦᠰᠦ ᠭᠡᠵᠢᠭᠡ ᠤᠷᠤᠭᠤᠯᠬᠤ ᠶᠢ ᠴᠡᠭᠡᠷᠯᠡᠳᠡᠭ︔ ᠴᠢᠩᠬᠢᠪᠡᠯ ᠲᠡᠭᠷᠢ ᠰᠠᠬᠢᠭᠤᠯᠰᠤᠨ ᠲᠤᠤᠷ᠎ᠠ ᠭᠠᠵᠠᠷ ᠬᠦᠮᠤᠨ ᠦᠬᠦᠭᠡᠳ ᠰᠢᠳᠠᠭᠠᠵᠦ ᠪᠠᠶᠢᠨ᠎ᠠ ᠭᠡᠵᠦ ᠪᠤᠳᠤᠳᠠᠭ ᠭᠡᠨ᠎ᠡ᠃  ᠭᠠᠯ ᠲᠠᠬᠢᠬᠤ ᠦᠶ᠎ᠡ ᠳᠤ ᠵᠢᠭᠡ ᠪᠠᠨ ᠲᠡᠷᠭᠡᠳᠡ ᠪᠠᠨ ᠪᠠᠶᠢᠯᠭᠠᠬᠤ ᠶᠢ ᠴᠡᠭᠡᠷᠯᠡᠳᠡᠭ︔ ᠤᠴᠢᠷ ᠨᠢ ᠭᠠᠯ ᠤᠨ ᠪᠤᠷᠬᠠᠨ ᠵᠢᠭᠡ ᠬᠦᠮᠤᠨ ᠠᠴᠠ ᠵᠠᠶᠢᠯᠠᠨ ᠲᠤᠳᠠᠭᠠᠨ᠎ᠠ ᠭᠡᠳᠡᠭ᠃ ᠦᠩᠭᠡᠷᠡᠭᠰᠡᠨ ᠳᠤ ᠭᠡᠷ ᠤᠨ ᠬᠦᠮᠤᠨ ᠨᠢ ᠬᠡᠷᠪᠡ ᠭᠠᠳᠠᠭᠰᠢ ᠶᠠᠪᠤᠵᠦ᠂ ᠰᠦᠨᠢ ᠤᠷᠤᠢ ᠪᠤᠯᠤᠭᠠᠳ ᠰᠠᠶ᠋ᠢ ᠬᠠᠷᠢᠵᠦ ᠢᠷᠡᠪᠡᠯ᠂ ᠭᠠᠳᠠᠨ᠎ᠠ ᠠᠴᠠ ᠢᠷᠡᠭᠰᠡᠨ ᠬᠦᠮᠤᠨ ᠤ ᠪᠡᠶ᠎ᠡ ᠶᠢ ᠭᠠᠯ ᠢᠶᠠᠷ ᠠᠷᠢᠭᠤᠳᠬᠠᠭᠠᠳ ᠂ ᠭᠡᠷ ᠲᠡᠭᠡᠨ ᠤᠷᠤᠭᠤᠯᠳᠠᠭ ᠴᠡᠭᠡᠷ ᠵᠠᠩᠰᠢᠯ ᠲᠠᠢ ᠪᠠᠶᠢᠭᠰᠠᠨ ᠶᠤᠮ᠃        ᠮᠠᠯ ᠠᠬᠤᠢ ᠳᠤ ᠬᠤᠯᠪᠤᠭᠳᠠᠬᠤ ᠴᠡᠭᠡᠷ ᠬᠤᠷᠢᠭ᠎ᠠ ᠭᠡᠪᠡᠯ᠄ ᠮᠤᠩᠭᠤᠯᠴᠤᠳ ᠭᠡᠷ ᠲᠤ ᠤᠷᠤᠬᠤ ᠳᠠᠭᠠᠨ ᠡᠭᠦᠳᠡᠨ ᠪᠤᠱᠤᠭ᠎ᠠ ᠶᠢ ᠬᠢᠰᠬᠢᠨ  ᠣᠷᠣᠳᠠᠭ ᠦᠬᠡᠢ᠂ ᠲᠡᠭᠡᠪᠡᠯ ᠮᠠᠯ ᠤᠨᠤᠭ᠎ᠠ ᠪᠠᠨ ᠭᠡᠭᠡᠵᠦ ᠠᠯᠳᠠᠨ᠎ᠠ ᠭᠡᠳᠡᠭ᠃ ᠦᠬᠡᠷ᠂ ᠬᠤᠨᠢ᠂ ᠮᠤᠷᠢᠨ ᠡᠳᠤᠷ᠂ ᠪᠤᠰᠤᠳ ᠲᠤ ᠦᠬᠡᠷ ᠬᠤᠨᠢ ᠮᠤᠷᠢ ᠦᠭᠬᠦ ᠶᠢ ᠴᠡᠭᠡᠷᠯᠡᠳᠡᠭ︔ ᠬᠡᠷᠪᠡ ᠦᠭᠬᠦ  ᠳᠤ ᠬᠦᠷᠪᠡᠯ ᠮᠠᠯ ᠬᠤᠷᠤᠭᠳᠠᠨ᠎ᠠ ᠭᠡᠳᠡᠭ᠃ ᠨᠠᠷᠠ ᠰᠠᠷᠠ ᠭᠬᠢᠷᠳᠤᠬᠦ ᠦᠶ᠎ᠡ ᠳᠤ ᠬᠡᠭᠡᠯ ᠲᠠᠢ ᠮᠠᠯ ᠳᠤ ᠤᠯᠠᠭᠠᠨ ᠪᠦᠰ ᠵᠡᠷᠭᠡ ᠤᠯᠠᠭᠠᠨ ᠦᠩᠭᠡᠳᠠᠢ ᠶᠠᠭᠤᠮ᠎ᠠ ᠶᠢ ᠤᠶᠠᠵᠦ ᠦᠭᠬᠦ ᠬᠡᠷᠡᠭᠳᠠᠢ᠃ ᠡᠰᠡ ᠲᠡᠶᠢᠮᠤ ᠪᠤᠯ ᠮᠠᠯ ᠭᠡᠬᠡᠯ ᠤᠷᠬᠢᠨ᠎ᠠ ᠭᠡᠳᠡᠭ᠃ ᠮᠠᠯ ᠤᠨᠤᠭ᠎ᠠ ᠶᠢ ᠰᠢᠯᠡᠭᠡᠪᠤᠷ ᠢᠶᠠᠷ ᠪᠤᠶᠤ ᠭᠠᠯ ᠤᠨ ᠲᠠᠮᠤᠷ ᠢᠶᠠᠷ ᠵᠤᠳᠤᠬᠤ ᠶᠢ ᠴᠡᠭᠡᠷᠯᠡᠳᠡᠭ︔ ᠬᠡᠷᠪᠡ ᠲᠡᠭᠦᠨ ᠢᠶᠠᠷ ᠵᠤᠳᠤᠵᠦ ᠴᠤᠬᠢᠪᠡᠯ ᠮᠠᠯ ᠤᠨᠤᠭ᠎ᠠ ᠭᠤᠮᠤᠳᠠᠨ᠎ᠠ ᠭᠡᠳᠡᠭ᠃ ᠮᠠᠯ ᠬᠤᠳᠠᠯᠳᠤᠬᠤ ᠦᠶ᠎ᠡ ᠳᠤ ᠮᠠᠯ ᠤᠨ ᠬᠤᠷᠤᠭ᠎ᠠ ᠬᠠᠰᠢᠶ᠎ᠠ ᠪᠠᠨ ᠱᠦᠭᠦᠷᠳᠡᠨ ᠠᠷᠢᠯᠭᠠᠬᠤ ᠶᠢ ᠴᠡᠭᠡᠷᠯᠡᠳᠡᠭ︔ ᠲᠡᠭᠡᠵᠦ ᠬᠢᠪᠡᠯ ᠮᠠᠯ ᠤᠨ ᠬᠡᠰᠢᠭ  ᠵᠠᠶᠢᠯᠠᠵᠦ᠂ ᠮᠠᠯ ᠤᠨ ᠬᠤᠳᠠ ᠨᠢᠮᠭᠡᠷᠡᠨ᠎ᠡ ᠭᠡᠳᠡᠭ᠃ ᠤᠩᠭᠤᠯᠠᠵᠦ ︵ᠰᠡᠳᠤᠷᠯᠡᠵᠦ︶ ᠲᠠᠷᠬᠠᠯᠠᠵᠦ ᠲᠠᠯᠪᠢᠭᠰᠠᠨ ᠮᠠᠯ ᠢ ᠠᠯᠠᠵᠦ ᠬᠤᠳᠠᠯᠳᠤᠬᠤ ᠪᠤᠶᠤ ᠪᠤᠰᠤᠳ ᠲᠤ ᠦᠭᠬᠦ ᠶᠢ ᠴᠡᠭᠡᠷᠯᠡᠳᠡᠭ︔ ᠬᠡᠷᠪᠡ ᠲᠡᠶᠢᠮᠤ ᠪᠤᠯ ᠮᠠᠯ ᠰᠦᠷᠦᠭ ᠤᠷᠤᠭᠤᠳᠤᠨ᠎ᠠ ᠭᠡᠳᠡᠭ᠃ ᠰᠤᠬᠠᠢ ᠮᠤᠳᠤ ᠪᠠᠷ ᠬᠡᠭᠡᠯ ᠲᠠᠢ ᠮᠠᠯ ᠢ ᠴᠤᠬᠢᠬᠤ ᠶᠢ ᠴᠡᠭᠡᠷᠯᠡᠳᠡᠭ︔ ᠬᠡᠷᠪᠡ ᠰᠤᠬᠠᠢ ᠮᠤᠳᠤ ᠪᠠᠷ ᠮᠠᠯ ᠢ ᠴᠤᠬᠢᠪᠡᠯ᠂ ᠮᠠᠯ ᠬᠡᠭᠡᠯ ᠬᠠᠶᠠᠨ᠎ᠠ ᠭᠡᠳᠡᠭ᠃ ᠮᠢᠯᠠᠭ᠎ᠠ ᠲᠠᠰᠢᠭᠤᠷ ᠢ ᠲᠦᠰᠢᠵᠦ ᠪᠤᠯᠬᠤ ᠦᠬᠡᠢ᠂ ᠮᠢᠯᠠᠭ᠎ᠠ ᠲᠠᠰᠢᠭᠤᠷ  ᠢᠶᠠᠷ ᠰᠤᠮᠤ ᠶᠢ ᠬᠦᠨᠳᠡᠵᠦ᠂ ᠨᠤᠭᠳᠤ ᠪᠠᠷ ᠮᠤᠷᠢ ᠪᠠᠨ ᠭᠤᠶᠠᠳᠠᠬᠤ ᠶᠢ ᠴᠡᠭᠡᠷᠯᠡᠳᠡᠭ︔ ᠡᠳᠡᠭᠡᠷ ᠬᠤᠷᠢᠭ᠎ᠠ ᠴᠡᠭᠡᠷ ᠢ ᠡᠪᠳᠡᠪᠡᠯ ᠦᠨ ︵ᠶᠤᠸᠠᠨ︶ ᠤᠯᠤᠰ ᠤᠨ ᠦᠶ᠎ᠡ ᠳᠤ ᠪᠤᠯ ᠶᠠᠯ᠎ᠠ ᠨᠢᠭᠦᠯ ᠬᠢᠭᠰᠡᠨ ᠳᠤ ᠲᠣᠭᠠᠴᠢᠭᠳᠠᠨ᠎ᠠ ᠭᠡᠳᠡᠭ᠃  ᠦᠷ᠎ᠡ ᠲᠦᠯ ᠰᠠᠶᠢᠳᠠᠢ᠂ ᠰᠦ ᠰᠠᠶᠢᠳᠠᠢ ᠡᠬᠡ ᠮᠠᠯ ᠢ ᠠᠯᠠᠵᠦ ᠨᠢᠳᠤᠯᠬᠤ ᠶᠢ ᠴᠡᠭᠡᠷᠯᠡᠨ᠎ᠡ᠃ ᠨᠠᠰᠤᠨ ᠲᠤᠷᠰᠢ ᠮᠠᠰᠢ ᠤᠯᠠᠨ ᠦᠷᠡᠵᠢᠨ ᠲᠦᠯᠯᠡᠵᠦ᠂ ᠲᠦᠯ ᠨᠢ ᠡᠷᠡᠭᠦᠯ ᠡᠩᠬᠡ ᠪᠤᠶᠢᠵᠢᠳᠠᠭ᠂ ᠰᠢᠮ᠎ᠡ ᠰᠦ ᠨᠢ ᠡᠯᠪᠡᠭ ᠪᠠᠶᠢᠳᠠᠭ ᠡᠬᠡ ᠮᠠᠯ ᠢ ᠦᠳᠡᠯᠵᠦ ᠲᠤᠷᠤᠶᠢᠳᠠᠭᠰᠠᠨ ᠦᠶ᠎ᠡ ᠳᠤᠨᠢ ᠠᠯᠠᠵᠦ ᠨᠢᠳᠤᠯᠬᠤ ᠶᠢ ᠴᠡᠭᠡᠷᠯᠡᠨ᠎ᠡ  ᠂ ᠨᠡᠩ ᠴᠦ ᠬᠤᠳᠠᠯᠳᠤᠵᠦ ᠵᠠᠷᠤᠬᠤ ᠶᠢ ᠴᠡᠭᠡᠷᠯᠡᠨ᠎ᠡ᠃ ᠲᠠᠯ᠎ᠠ ᠲᠦᠭᠦᠷᠦᠮ᠎ᠡ ᠮᠠᠯ ᠤᠨ ᠬᠡᠰᠢᠭ᠂ ᠲᠠᠯᠠᠢ ᠲᠦᠭᠦᠷᠦᠮ᠎ᠡ ᠰᠦᠨ ᠤ ᠬᠡᠰᠢᠭ ᠢᠶᠠᠨ ᠢᠪᠡᠭᠡᠭᠰᠡᠨ ᠬᠡᠰᠢᠭ ᠶᠡᠬᠡᠳᠤ ᠮᠠᠯ ᠢ ᠦᠳᠡᠯᠵᠦ ᠲᠤᠷᠤᠶᠢᠳᠠᠬᠤ ᠳᠤᠨᠢ ᠠᠯᠠᠵᠦ ᠨᠢᠲᠤᠯᠤᠨ᠂ ᠬᠤᠳᠠᠯᠳᠤᠵᠦ ᠢᠳᠡᠪᠡᠯ ᠲᠡᠭᠷᠢ ᠶᠢᠨ ᠬᠢᠯᠢᠩ ᠲᠦᠷᠦᠵᠦ᠂ ᠮᠠᠯ ᠤᠨ ᠬᠡᠰᠢᠭ ᠪᠠᠭᠤᠷᠠᠨ᠎ᠠ ᠭᠡᠳᠡᠭ᠃        ᠨᠠᠭᠠᠳᠤᠮ ᠲᠤᠭᠯᠠᠭᠠᠮ ᠤᠨ ᠲᠠᠯ᠎ᠠ ᠪᠠᠷ ᠬᠢ ᠴᠡᠭᠡᠷ ᠭᠡᠪᠡᠯ᠄ ᠴᠠᠭᠠᠨ ᠰᠠᠷ᠎ᠠ ᠠᠴᠠ ᠪᠤᠰᠤᠳ ᠴᠠᠭ ᠲᠤ ᠪᠤᠭᠤ ᠶᠢᠨ ᠵᠢᠷᠭᠢᠭᠡ ᠵᠡᠷᠭᠡ ᠨᠠᠭᠠᠳᠤᠮ ᠨᠠᠭᠠᠳᠪᠠᠯ᠂ ᠮᠠᠯ ᠠᠬᠤᠢ ᠤᠷᠤᠭᠤ ᠤᠷᠤᠨ᠎ᠠ ᠭᠡᠳᠡᠭ᠃ ᠰᠤᠯᠠ ᠮᠤᠷᠢ ᠲᠤᠭᠯᠠᠪᠠᠯ᠂ ᠲᠡᠭᠡᠷᠡᠮ ᠢᠷᠡᠨ᠎ᠡ ᠭᠡᠵᠦ ᠬᠡᠯᠡᠳᠡᠭ᠃ ᠬᠡᠤᠬᠡᠳ ᠤᠳ ᠪᠠᠶᠢᠯᠳᠤᠭᠠᠨ ᠲᠤᠯᠤᠯᠳᠤᠭᠠᠨ ᠬᠢᠵᠦ ᠪᠠᠶᠢᠨ᠎ᠠ ᠭᠡᠵᠦ ᠨᠠᠭᠠᠳᠬᠤ ᠶᠢ ᠴᠡᠭᠡᠷᠯᠡᠨ᠎ᠡ︔ ᠬᠡᠤᠬᠡᠳ ᠲᠡᠭᠡᠵᠦ ᠨᠠᠭᠠᠳᠪᠠᠯ ᠲᠠᠶᠢᠨ ᠲᠠᠵᠢᠨ ᠡᠭᠦᠰᠦᠨ᠎ᠡ ᠭᠡᠳᠡᠭ᠃ ᠬᠠᠩᠭᠠᠢ ᠡᠮᠡᠭᠡᠯ ᠤᠨᠤᠵᠦ ᠨᠠᠭᠠᠳᠬᠤ ᠶᠢ ᠴᠡᠭᠡᠷᠯᠡᠨ᠎ᠡ︔ ᠬᠠᠩᠭᠠᠢ ᠡᠮᠡᠭᠡᠯ ᠤᠨᠤᠪᠠᠯ ᠮᠤᠷᠢ ᠤᠨᠤᠭ᠎ᠠ ᠦᠬᠡᠢ ᠪᠤᠯᠤᠨ᠎ᠠ ᠭᠡᠳᠡᠭ᠃ ᠭᠠᠯ ᠢᠶᠠᠷ ᠨᠠᠭᠠᠳᠬᠤ ᠶᠢ ᠴᠡᠭᠡᠷᠯᠡᠨ᠎ᠡ︔ ᠬᠡᠤᠬᠡᠳ ᠭᠠᠯ ᠢᠶᠠᠷ ᠨᠠᠭᠠᠳᠪᠠᠯ᠂ ᠤᠷᠤ ᠲᠡᠪᠢᠰᠭᠡᠷ ᠲᠡᠭᠡᠷ᠎ᠡ ᠪᠠᠨ ᠰᠢᠭᠡᠨ᠎ᠡ ᠭᠡᠳᠡᠭ᠃ ᠪᠠᠷᠢᠯᠳᠤᠬᠤ ᠪᠠᠷ ᠪᠠᠶᠢᠬᠤ ᠪᠦᠬᠡ ᠶᠢᠨ ᠮᠦᠷᠤᠨ ᠲᠡᠭᠡᠷ᠎ᠡ ᠲᠠᠷᠤᠬᠤ ᠶᠢ ᠴᠡᠭᠡᠷᠯᠡᠨ᠎ᠡ︔ ᠲᠡᠭᠡᠪᠡᠯ ᠪᠦᠬᠡ ᠶᠢᠨ ᠬᠡᠶᠢᠮᠤᠷᠢ ᠬᠡᠪᠳᠡᠨ᠎ᠡ ᠭᠡᠳᠡᠭ᠃ ᠵᠤᠳᠤᠭ ᠲᠤᠤᠬᠤᠤ ᠪᠠᠨ ᠪᠤᠰᠤᠳ ᠲᠤ ᠵᠢᠭᠡᠯᠡᠭᠦᠯᠬᠦ ᠶᠢ ᠴᠡᠭᠡᠷᠯᠡᠨ᠎ᠡ︔ ᠪᠤᠰᠤᠳ ᠬᠦᠮᠤᠨ ᠴᠢᠨᠤ ᠵᠤᠳᠤᠭ ᠲᠤᠤᠬᠤᠤ ᠶᠢ ᠡᠮᠤᠰᠤᠨ ᠤᠷᠤᠭᠠᠳ ᠪᠤᠰᠤᠳ ᠲᠤ ᠬᠠᠶᠠᠭᠳᠠᠪᠠᠯ᠂ ᠪᠦᠬᠡ ᠶᠢᠨ ᠬᠡᠶᠢᠮᠤᠷᠢ ᠬᠡᠪᠳᠡᠨ᠎ᠡ ᠭᠡᠳᠡᠭ᠃ ᠤᠷᠤᠢ ᠦᠷᠯᠦᠭᠡ ᠭᠡᠩᠰᠢᠵᠦ ᠲᠠᠭᠤᠯᠠᠬᠤ ᠶᠢ ᠴᠡᠭᠡᠷᠯᠡᠨ᠎ᠡ  ︔ ᠲᠡᠭᠡᠪᠡᠯ ᠭᠤᠨᠢᠭ ᠵᠤᠪᠠᠯᠠᠩ ᠲᠠᠢ ᠤᠴᠢᠷ ᠶᠠᠪᠤᠳᠠᠯ ᠲᠠᠭᠠᠷᠠᠯᠳᠤᠨ᠎ᠠ ᠭᠡᠳᠡᠭ᠃ ᠭᠡᠷ ᠤᠨ ᠲᠤᠳᠤᠷ᠎ᠠ ᠢᠰᠭᠡᠷᠬᠦ ᠶᠢ ᠴᠡᠭᠡᠷᠯᠡᠨ᠎ᠡ︔ ᠢᠰᠭᠡᠷᠪᠡᠯ ᠮᠤᠭᠠᠢ ᠭᠤᠯᠭᠤᠨ ᠤᠷᠤᠵᠦ ᠢᠷᠡᠨ᠎ᠡ ᠭᠡᠳᠡᠭ᠃ ᠨᠤᠬᠠᠢ ᠶᠢᠨ ᠭᠦᠯᠦᠭᠡ᠂ ᠮᠤᠤᠷ ᠤᠨ ᠵᠤᠯᠵᠠᠭ᠎ᠠ ᠶᠢᠨ ᠵᠤ ᠨᠢᠷᠤᠭᠤ ᠶᠢ ᠨᠢ ᠢᠯᠢᠬᠦ ᠶᠢ ᠴᠡᠭᠡᠷᠯᠡᠨ᠎ᠡ︔ ᠬᠡᠷᠪᠡ ᠢᠯᠢᠪᠡᠯ ᠲᠡᠷᠡ ᠨᠢ ᠬᠤᠯᠠᠭᠠᠶᠢᠴᠢ ᠵᠠᠩ ᠲᠠᠢ ᠪᠤᠯᠤᠨ᠎ᠠ ᠭᠡᠳᠡᠭ᠃        ᠠᠩ ᠭᠦᠷᠦᠭᠡ ᠬᠢᠵᠦ᠂ ᠠᠯᠠᠵᠦ ᠨᠢᠲᠤᠯᠬᠤ ᠤᠶᠢᠯᠡ ᠶᠢᠨ ᠴᠡᠭᠡᠷ ᠭᠡᠪᠡᠯ᠄  ᠮᠤᠩᠭᠤᠯ ᠬᠦᠮᠤᠨ ᠬᠤᠨ ᠭᠠᠯᠠᠭᠤ ᠠᠯᠠᠬᠤ ᠶᠢ ᠴᠡᠭᠡᠷᠯᠡᠳᠡᠭ︔ ᠬᠤᠨ ᠭᠠᠯᠠᠭᠤ ᠪᠤᠯ ᠮᠤᠩᠭᠤᠯ ᠤᠨ ᠲᠡᠭᠡᠳᠤᠰ ᠢ ᠠᠪᠤᠷᠠᠭᠰᠠᠨ ᠠᠴᠢᠳᠤ ᠰᠢᠪᠠᠭᠤ ᠭᠡᠳᠡᠭ᠃ ᠱᠠᠭᠠᠵᠠᠭᠠᠢ ᠠᠯᠠᠬᠤ ᠶᠢ ᠴᠡᠭᠡᠷᠯᠡᠳᠡᠭ︔ ᠱᠠᠭᠠᠵᠠᠭᠠᠢ ᠠᠯᠠᠪᠠᠯ ᠰᠢᠪᠠᠬ᠎ᠠ ᠬᠤᠭᠤᠰᠤᠷᠤᠨ᠎ᠠ ᠭᠡᠳᠡᠭ ᠃ ᠬᠡᠷᠢᠶ᠎ᠡ ᠠᠯᠠᠬᠤ ᠶᠢ ᠴᠡᠭᠡᠷᠯᠡᠳᠡᠭ︔ ᠬᠡᠷᠢᠶ᠎ᠡ ᠠᠯᠠᠪᠠᠯ ᠬᠡᠵᠢᠶᠡᠳᠡ ᠬᠤᠭᠤᠰᠤᠷᠠᠨ᠎ᠠ ᠭᠡᠳᠡᠭ᠃ ᠰᠢᠪᠠᠭᠤᠨ ᠤ ᠡᠭᠦᠷ  ᠲᠤ ᠦᠩᠭᠡᠶᠢᠵᠦ᠂ ᠦᠨᠳᠡᠭᠡ ᠶᠢ ᠨᠢ ᠬᠠᠷᠠᠪᠠᠯ ᠨᠢᠭᠤᠷ ᠴᠢᠷᠠᠢ ᠴᠤᠬᠤᠷ ᠠᠯᠠᠭ ᠪᠤᠯᠤᠨ᠎ᠠ ᠭᠡᠳᠡᠭ︔ ᠰᠢᠪᠠᠭᠤᠨ ᠤ ᠦᠨᠳᠡᠭᠡ ᠲᠡᠭᠡᠷ᠎ᠡ ᠬᠦᠮᠤᠨ ᠤ ᠪᠡᠶ᠎ᠡ ᠶᠢᠨ ᠰᠡᠭᠦᠳᠡᠷ ᠢᠶᠠᠨ ᠬᠦᠷᠭᠡᠪᠡᠯ ᠡᠬᠡ ᠨᠢ ᠭᠤᠯᠤᠨ᠎ᠠ ᠭᠡᠵᠦ ᠴᠡᠭᠡᠷᠯᠡᠭᠦᠯᠳᠡᠭ᠃ ᠭᠡᠷ ᠲᠤ ᠠᠮᠢᠳᠤᠷᠠᠵᠦ ᠪᠠᠶᠢᠬᠤ ᠰᠢᠷ᠎ᠠ ᠰᠤᠯᠤᠩᠭ᠎ᠠ ᠶᠢ ᠠᠯᠠᠬᠤ ᠪᠤᠶᠤ ᠠᠯᠠᠬᠤ ᠭᠡᠵᠦ ᠤᠷᠤᠯᠳᠤᠬᠤ ᠶᠢ ᠴᠡᠭᠡᠷᠯᠡᠳᠡᠭ︔ ᠲᠡᠭᠡᠵᠦ ᠤᠷᠤᠯᠳᠤᠪᠠᠯ ᠲᠡᠷᠡ ᠠᠶᠢᠯ ᠡᠷᠤᠬᠡ ᠳᠤ ᠮᠠᠭᠤ ᠢᠷᠸ᠎ᠠ ᠤᠴᠠᠷᠠᠯᠳᠤᠬᠤ ᠪᠤᠶᠤ ᠰᠢᠷ᠎ᠠ ᠰᠤᠯᠤᠩᠭ᠎ᠠ ᠬᠦᠮᠤᠨ  ᠳᠤ ᠤᠷᠤᠰᠢᠨ᠎ᠠ ᠭᠡᠳᠡᠭ᠃ ᠦᠨᠡᠭᠡᠨ ᠤ ᠠᠷᠠᠰᠤ ᠦᠬᠡᠢ ᠨᠢᠴᠦᠬᠦᠨ ᠬᠡᠭᠦᠷ ᠢ ᠲᠤᠶᠠᠴᠢᠯ ᠦᠬᠡᠢ ᠪᠠᠷ ᠬᠠᠶᠠᠬᠤ ᠶᠢ ᠴᠡᠭᠡᠷᠯᠡᠳᠡᠭ︔ ᠦᠨᠡᠭᠡᠨ ᠤ ᠨᠢᠴᠦᠬᠦᠨ ᠬᠡᠭᠦᠷ ᠢ ᠪᠦᠬᠦᠯᠢ ᠪᠠᠷ ᠨᠢ ᠭᠡᠭᠡᠷ᠎ᠡ ᠭᠠᠳᠠᠨ᠎ᠠ ᠬᠠᠶᠠᠪᠠᠯ᠂ ᠪᠤᠭ ᠴᠢᠳᠭᠦᠷ ᠪᠦᠳᠤᠨ᠎ᠡ ᠭᠡᠳᠡᠭ᠃ ᠤᠯᠠᠭᠠᠨ ᠬᠤᠩᠰᠢᠶᠡᠷ ᠲᠠᠢ ᠴᠠᠭᠠᠨ ᠨᠤᠬᠠᠢ ᠲᠡᠵᠢᠭᠡᠬᠦ ᠶᠢ ᠴᠡᠭᠡᠷᠯᠡᠳᠡᠭ︔ ᠡᠶᠢᠮᠤ ᠦᠩᠭᠡ ᠵᠢᠰᠤᠮ ᠤᠨ ᠨᠤᠬᠠᠢ ᠶᠢ ᠲᠡᠵᠢᠭᠡᠪᠡᠯ ᠠᠶᠢᠯ ᠭᠡᠷ ᠲᠤ ᠴᠢᠨᠢ ᠮᠠᠭᠤ ᠢᠷᠸ᠎ᠠ ᠪᠤᠯᠵᠦ᠂ ᠤᠯᠠᠭᠠᠨ ᠬᠤᠩᠰᠢᠶᠠᠷ ᠲᠠᠢ ᠴᠠᠭᠠᠨ ᠨᠤᠬᠠᠢ ᠨᠢ ᠱᠤᠯᠤᠮ ᠤᠷᠤᠰᠢᠨ᠎ᠠ ᠭᠡᠳᠡᠭ᠃ ᠲᠡᠤᠯᠠᠢ ᠶᠢᠨ ᠲᠤᠶᠢᠭ ᠢ ᠢᠳᠡᠬᠦ ᠶᠢ ᠴᠡᠭᠡᠷᠯᠡᠳᠡᠭ︔ ᠢᠳᠡᠭᠰᠡᠨ ᠬᠦᠮᠤᠨ ᠤ ᠨᠢᠭᠤᠷ ᠲᠡᠭᠡᠷ᠎ᠡ ᠲᠡᠤᠯᠠᠢ ᠶᠢᠨ ᠲᠤᠶᠢᠭ ᠭᠠᠷᠤᠨ᠎ᠠ ᠭᠡᠳᠡᠭ᠃ ᠵᠢᠷᠮᠤᠰᠤᠨ ᠡᠬᠡᠨᠡᠷ ᠲᠡᠤᠯᠠᠢ ᠶᠢᠨ ᠮᠢᠬ᠎ᠠ ᠢᠳᠡᠪᠡᠯ ᠤᠷᠤᠭᠤᠯ ᠨᠢ ᠰᠡᠳᠡᠷᠬᠡᠢ ᠬᠡᠤᠬᠡᠳ ᠲᠦᠷᠦᠨ᠎ᠡ ᠭᠡᠵᠦ ᠴᠡᠭᠡᠷᠯᠡᠭᠦᠯᠳᠡᠭ᠃ ᠯᠠᠮ᠎ᠠ ᠭᠠᠯᠠᠭᠤ ᠶᠢ ᠠᠯᠠᠵᠦ ᠬᠤᠷᠤᠭᠠᠬᠤ ᠶᠢ ᠴᠡᠭᠡᠷᠯᠡᠳᠡᠭ︔ ᠡᠷ᠎ᠡ ᠡᠮ᠎ᠡ ᠯᠠᠮ᠎ᠠ ᠭᠠᠯᠠᠭᠤ᠂ ᠬᠡᠵᠢᠶᠡᠳᠡ ᠨᠢᠭᠡ ᠨᠢᠭᠡᠨ ᠠᠴᠠ ᠪᠠᠨ ᠰᠠᠯᠳᠠᠭ ᠦᠬᠡᠢ ᠲᠤᠯᠠ ᠬᠡᠷᠪᠡ ᠨᠢᠭᠡ ᠶᠢ ᠨᠢ ᠠᠯᠠᠪᠠᠯ᠂ ᠨᠦᠭᠦᠭᠡ ᠨᠢᠭᠡ ᠨᠢ ᠴᠦ ᠲᠠᠭᠠᠨ ᠦᠬᠦᠳᠡᠭ ᠭᠡᠨ᠎ᠡ᠂ ᠡᠶᠢᠮᠤ ᠠᠴᠠ ᠬᠠᠷᠬᠢᠰ ᠬᠡᠷᠴᠡᠬᠡᠢ ᠶᠤᠰᠤ ᠪᠤᠰᠤ ᠠᠵᠢᠯᠯᠠᠭ᠎ᠠ ᠭᠡᠵᠦ ᠦᠵᠡᠵᠦ᠂ ᠬᠡᠷᠪᠡ ᠲᠡᠭᠡᠵᠦ ᠤᠶᠢᠯᠡᠳᠤᠪᠡᠯ ᠮᠠᠭᠤ ᠢᠷᠸ᠎ᠠ ᠪᠤᠯᠵᠦ᠂ ᠦᠪᠡᠷ ᠤᠨ ᠦᠶ᠎ᠡ ᠳᠤ ᠪᠤᠶᠤ ᠲᠤᠤᠷ᠎ᠠ ᠦᠶ᠎ᠡ ᠶᠢᠨ ᠬᠢᠨ ᠳᠤᠨᠢ ᠰᠠᠯᠵᠦ ᠪᠤᠳᠠᠷᠠᠬᠤ ᠶᠠᠪᠤᠳᠠᠯ ᠭᠠᠷᠤᠨ᠎ᠠ ᠭᠡᠳᠡᠭ᠃ ᠠᠩ ᠭᠦᠷᠦᠭᠡ ᠬᠢᠬᠦ ᠳᠤ᠂ ᠬᠡᠭᠡᠯ ᠲᠠᠢ ᠠᠷᠢᠶᠠᠳᠠᠨ ᠵᠤᠯᠵᠠᠭ᠎ᠠ ᠲᠠᠭᠠᠭᠤᠯᠤᠭᠰᠠᠨ ᠭᠦᠷᠦᠭᠡᠰᠦ ᠶᠢ ᠠᠩᠨᠠᠳᠠᠭ ᠦᠬᠡᠢ᠃ ᠨᠢᠭᠡ ᠶᠢ ᠴᠦ ᠦᠯᠡᠳᠡᠭᠡᠯ ᠦᠬᠡᠢ ︽ᠬᠦᠢᠰᠤ ᠲᠡᠮᠳᠡᠷᠢᠨ︾ ᠠᠯᠠᠬᠤ ᠶᠢ ᠴᠡᠭᠡᠷᠯᠡᠳᠡᠭ︔ ᠬᠠᠷᠢᠨ ᠰᠤᠪᠠᠢ ᠠᠴᠠ ᠨᠢ ᠲᠡᠭᠦᠵᠦ ᠠᠩᠨᠠᠳᠠᠭ ᠪᠢᠯᠠ᠃ ᠦᠩᠭᠡᠷᠡᠭᠰᠡᠨ ᠳᠤ ᠠᠩ ᠭᠦᠷᠦᠭᠡ ᠬᠢᠬᠦ ᠳᠤ᠂ ᠲᠠᠩ ᠭᠠᠭᠴᠠ ᠪᠠᠷ ᠪᠤᠶᠤ ᠡᠩ ᠤᠨ ᠦᠶ᠎ᠡ ᠳᠤ ᠰᠡᠷᠡᠭᠡ ᠭᠤᠬ᠎ᠠ᠂ ᠪᠢᠯᠠᠭᠤ ᠰᠢᠳᠠᠮ᠂ ᠨᠤᠮᠤ ᠰᠤᠮᠤ ᠬᠡᠷᠡᠭᠯᠡᠬᠦ ᠠᠴᠠ ᠭᠠᠳᠠᠨ᠎ᠠ᠂ ᠪᠠᠰᠠ ᠦᠭᠶᠤᠭᠡ ᠦᠭᠴᠦ ᠤᠷᠬ᠎ᠠ ᠲᠠᠯᠪᠢᠬᠤ ︵ᠬᠢᠯᠭᠠᠰᠤᠨ ᠤᠷᠬ᠎ᠠ᠂ ᠲᠡᠮᠤᠷ ᠤᠳᠠᠰᠤᠨ ᠤᠷᠬ᠎ᠠ ᠵᠡᠷᠭᠡ︶᠂ ᠬᠠᠪᠬ᠎ᠠ ᠲᠠᠯᠪᠢᠬᠤ ︵ᠭᠤᠤᠯᠳᠠᠭᠤ ᠲᠠᠮᠤᠷ ᠬᠠᠪᠬ᠎ᠠ︶᠂ ᠠᠪᠠ ᠶᠢᠨ ᠨᠤᠬᠠᠢ ᠲᠠᠯᠪᠢᠬᠤ᠂ ᠬᠠᠷᠴᠠᠭᠠᠢ ᠪᠦᠷᠭᠦᠳ ᠲᠠᠯᠪᠢᠬᠤ ᠪᠠᠷ ᠠᠩ ᠭᠦᠷᠦᠭᠡ ᠶᠢ ᠠᠯᠠᠨ ᠭᠠᠨᠵᠤᠭᠠᠯᠠᠳᠠᠭ ᠪᠠ ᠬᠦᠷᠢᠶ᠎ᠡ ᠠᠪᠠ ᠳᠤ ᠪᠤᠯ ᠤᠨᠠᠭᠤᠯᠢ ᠮᠠᠯᠳᠠᠬᠤ᠂ ᠲᠤᠤᠷ ᠲᠠᠯᠪᠢᠬᠤ᠂ ᠨᠦᠬᠡ ᠤᠳᠤᠬᠤ ᠵᠡᠷᠭᠡ ᠠᠷᠭ᠎ᠠ ᠶᠢ ᠬᠡᠷᠡᠭᠯᠡᠵᠦ ᠪᠠᠶᠢᠵᠠᠢ᠃        ᠡᠭᠦᠨ ᠠᠴᠠ ᠭᠠᠳᠠᠨ᠎ᠠ ᠪᠠᠰᠠ ᠪᠤᠰᠤᠳ ᠵᠤᠶᠢᠯ ᠤᠨ ᠴᠡᠭᠡᠷ ᠬᠤᠷᠢᠭ᠎ᠠ ᠪᠠᠶᠢᠳᠠᠭ᠃ ᠵᠢᠱᠢᠶᠡᠯᠡᠪᠡᠯ᠄ ᠲᠡᠭᠷᠢ  ᠶᠢ ᠵᠦᠬᠡᠵᠦ ᠬᠠᠷᠢᠶᠠᠬᠤ ᠶᠢ ᠴᠡᠭᠡᠷᠯᠡᠳᠡᠭ︔ ᠮᠤᠩᠭᠤᠯᠴᠤᠳ ᠲᠡᠭᠷᠢ ᠶᠢ ︽ᠲᠡᠭᠷᠢ ᠠᠪᠤ︾ ᠭᠡᠳᠡᠭ ᠲᠤᠯᠠ᠂ ᠬᠡᠷᠪᠡ ᠲᠡᠭᠷᠢ ᠶᠢ ᠵᠦᠬᠡᠪᠡᠯ ᠠᠪᠤ ᠶᠢᠨ ᠢᠶᠠᠨ ᠰᠢᠳᠭᠡᠯ ᠢ ᠤᠯᠬᠤ ᠲᠠᠢ ᠠᠳᠠᠯᠢ ᠪᠠᠷ ᠲᠡᠭᠷᠢ ᠳᠤ ᠨᠢᠷᠭᠡᠭᠳᠡᠨ᠎ᠡ ᠭᠡᠳᠡᠭ᠃ ᠲᠡᠭᠷᠢ ᠶᠢᠨ ᠰᠤᠯᠤᠩᠭ᠎ᠠ ᠶᠢ ᠬᠤᠷᠤᠭᠤ ᠪᠠᠷ ᠢᠶᠠᠨ ᠵᠢᠭᠠᠬᠤ ᠶᠢ ᠴᠡᠭᠡᠷᠯᠡᠳᠡᠭ︔ ᠵᠢᠭᠠᠭᠰᠠᠨ ᠬᠦᠮᠤᠨ ᠤ ᠬᠤᠷᠤᠭᠤᠨ ᠲᠡᠭᠡᠷ᠎ᠡ ᠨᠢ ᠶᠠᠷ᠎ᠠ ᠭᠠᠷᠤᠨ᠎ᠠ ᠭᠡᠳᠡᠭ᠃ ᠬᠠᠷᠠᠩᠭᠤᠢ ᠡᠭᠦᠯᠡ ᠭᠠᠷᠬᠤ ᠦᠶ᠎ᠡ ᠳᠤ ᠪᠤᠷᠤᠭᠠᠨ ᠢᠷᠡᠯ᠎ᠡ ᠭᠡᠵᠦ ᠬᠡᠯᠡᠬᠦ ᠶᠢ ᠴᠡᠭᠡᠷᠯᠡᠳᠡᠭ︔ ᠲᠡᠭᠡᠵᠦ ᠬᠡᠯᠡᠪᠡᠯ ᠲᠤᠭᠰᠢᠨ ᠰᠢᠷᠤᠭᠦᠨ ᠮᠦᠨᠳᠦᠷ ᠪᠤᠷᠤᠭᠠᠨ ᠤᠷᠤᠨ᠎ᠠ ᠭᠡᠳᠡᠭ᠃ ᠨᠠᠷᠠ ᠰᠠᠷᠠ ᠭᠬᠢᠷᠳᠤᠬᠦ ᠦᠶ᠎ᠡ ᠳᠤ ᠬᠤᠳᠳᠤᠭ ᠱᠠᠭᠠᠶᠢᠵᠦ ᠪᠤᠯᠬᠤ ᠦᠬᠡᠢ᠂ ᠲᠡᠭᠡᠬᠦ ᠳᠤ ᠬᠦᠷᠪᠡᠯ ᠠᠶᠤᠮᠠᠷ ᠰᠦᠷ ᠲᠠᠢ ᠶᠠᠭᠤᠮ᠎ᠠ ᠦᠵᠡᠭᠳᠡᠵᠦ᠂ ᠰᠦᠷᠳᠡᠵᠦ ᠦᠬᠦᠨ᠎ᠡ ᠭᠡᠳᠡᠭ᠃ ᠡᠷᠬᠡᠳᠡᠨ ᠲᠤᠳᠠᠭᠤ ᠵᠡᠮᠳᠡᠭ ᠪᠠ ᠡᠷᠬᠡᠳᠡᠨ ᠬᠡᠪ ᠤᠨ ᠪᠤᠰᠤ ᠬᠦᠮᠤᠨ  ᠢ ᠲᠤᠭᠤᠬᠢᠯᠠᠵᠦ ᠡᠯᠡᠭᠯᠡᠬᠦ ᠶᠢ ᠴᠡᠭᠡᠷᠯᠡᠳᠡᠭ︔ ᠴᠢᠩᠬᠢᠪᠡᠯ ᠲᠤᠤᠷ᠎ᠠ ᠦᠶ᠎ᠡ ᠳᠤᠨᠢ ᠵᠡᠮᠳᠡᠭ ᠬᠡᠤᠬᠡᠳ ᠭᠠᠷᠤᠨ᠎ᠠ ᠭᠡᠳᠡᠭ ᠃ ᠬᠡᠤᠬᠡᠨᠴᠤᠳ ᠭᠡᠵᠢᠭᠡ ᠦᠰᠦ ᠪᠠᠨ ᠰᠤᠯᠠ ᠲᠠᠯᠪᠢᠬᠤ ᠶᠢ ᠴᠡᠭᠡᠷᠯᠡᠳᠡᠭ︔ ᠲᠡᠭᠡᠪᠡᠯ ᠡᠴᠢᠭᠡ ᠡᠬᠡ ᠨᠢ ᠦᠬᠦᠭᠡᠳ ᠪᠡᠯᠪᠡᠰᠤᠷᠡᠵᠦ ᠪᠠᠶᠢᠬᠤ ᠲᠠᠢ ᠠᠳᠠᠯᠢ ᠭᠡᠵᠦ ᠦᠵᠡᠳᠡᠭ᠃ ᠬᠠᠷᠢ ᠳᠤ ᠦᠭᠭᠦᠭᠰᠡᠨ ᠦᠬᠢᠨ ᠳᠡᠭᠡᠨ ᠢᠷ ᠮᠦᠷ ᠲᠠᠢ ᠶᠠᠭᠤᠮ᠎ᠠ ᠦᠭᠬᠦ ᠶᠢ ᠴᠡᠭᠡᠷᠯᠡᠳᠡᠭ︔ ᠲᠡᠭᠡᠪᠡᠯ ᠬᠡᠯᠡ ᠠᠮᠠ ᠲᠠᠳᠠᠵᠦ᠂ ᠬᠠᠳᠠᠮ ᠤᠨ ᠭᠠᠵᠠᠷ ᠢᠶᠠᠨ ᠲᠤᠶᠢᠪᠡᠭᠡᠨ᠎ᠡ ᠭᠡᠳᠡᠭ᠃ ᠬᠠᠷᠢ ᠳᠤ ᠦᠭᠭᠦᠭᠰᠡᠨ ᠬᠡᠤᠬᠡᠨ᠂ ᠬᠠᠳᠠᠮ ᠤᠨ ᠭᠠᠵᠠᠷ ᠬᠦᠯ ᠨᠢᠴᠦᠬᠦᠨ ᠶᠠᠪᠤᠬᠤ ᠶᠢ ᠴᠡᠭᠡᠷᠯᠡᠳᠡᠭ︔ ᠲᠡᠭᠡᠪᠡᠯ ᠰᠢᠨᠵᠢ ᠦᠬᠡᠢ᠂ ᠶᠤᠰᠤ ᠦᠬᠡᠢ ᠠᠶᠢᠯ ᠤᠨ ᠬᠡᠤᠬᠡᠳ ᠭᠡᠵᠦ ᠵᠢᠭᠰᠢᠳᠡᠭ᠃ ᠫᠤᠤ ᠶᠢᠨ ᠠᠮᠠ ᠶᠢ ᠴᠡᠨᠡᠭ ᠦᠬᠡᠢ ᠴᠦ ᠭᠡᠰᠡᠨ ᠪᠤᠰᠤᠳ ᠬᠦᠮᠤᠨ ᠤ ᠦᠭᠡᠳᠡ ᠠᠴᠠ ᠬᠠᠨᠳᠤᠭᠤᠯᠬᠤ ᠶᠢ ᠴᠡᠭᠡᠷᠯᠡᠳᠡᠭ︔ ᠫᠤᠤ ᠪᠤᠯ ᠲᠠᠶᠢᠰᠤᠩᠨᠠᠭᠴᠢ ᠡᠳᠡᠭᠡᠳ ᠢ ᠰᠦᠨᠦᠭᠡᠳᠡᠭ ᠪᠠᠭᠠᠵᠢ ᠲᠤᠯᠠ ᠬᠦᠮᠤᠨ ᠢ ᠠᠯᠠᠬᠤ ᠭᠡᠰᠡᠨ ᠰᠠᠨᠠᠭ᠎ᠠ ᠲᠠᠢ ᠭᠡᠵᠦ ᠦᠵᠡᠳᠡᠭ᠃ ᠪᠤᠰᠤᠳ ᠤᠨ ᠡᠮᠤᠰᠤᠭᠡ ᠦᠬᠡᠢ ᠰᠢᠨ᠎ᠡ ᠬᠤᠪᠴᠠᠰᠤ ᠬᠤᠨᠠᠷ ᠢ ᠤᠷᠢᠳᠠᠵᠦ ᠡᠮᠤᠰᠬᠦ ᠶᠢ ᠴᠡᠭᠡᠷᠯᠡᠳᠡᠭ︔ ᠲᠡᠭᠦᠨ ᠢ ᠪᠤᠰᠤᠳ ᠤᠨ ᠨᠠᠰᠤᠨ ᠬᠤᠳᠤᠭ ᠢ ᠪᠤᠯᠢᠶᠠᠭᠰᠠᠨ ᠶᠠᠪᠤᠳᠠᠯ ᠭᠡᠵᠦ ᠦᠵᠡᠳᠡᠭ᠃ ᠦᠬᠦᠭᠰᠡᠨ ᠬᠦᠮᠤᠨ ᠤ ᠬᠠᠵᠠᠭᠤ ᠳᠤ ᠮᠤᠤᠷ ᠨᠤᠬᠠᠢ ᠤᠷᠤᠭᠤᠯᠬᠤ ᠶᠢ ᠴᠡᠭᠡᠷᠯᠡᠳᠡᠭ︔ ᠮᠤᠤᠷ ᠨᠤᠬᠠᠢ ᠤᠷᠤᠪᠠᠯ ᠦᠬᠦᠭᠰᠡᠳ ᠨᠢ ᠬᠦᠶᠤᠵᠦ ᠪᠤᠰᠤᠨ᠎ᠠ ᠭᠡᠳᠡᠭ᠃ ᠰᠦᠨᠢ ᠤᠷᠤᠢ ᠬᠢᠮᠤᠰᠤ ᠠᠪᠬᠤ ᠶᠢ ᠴᠡᠭᠡᠷᠯᠡᠳᠡᠭ︔ ᠰᠦᠨᠢ ᠤᠷᠤᠢ ᠬᠢᠮᠤᠰᠤ ᠠᠪᠤᠪᠠᠯ ᠬᠤᠵᠢᠮ ᠬᠡᠭᠡᠷ᠎ᠡ ᠭᠠᠳᠠᠨ᠎ᠠ ᠲᠦᠭᠡᠷᠢᠨ᠎ᠡ ᠭᠡᠳᠡᠭ᠃ ᠯᠠᠭᠤᠰᠠ ᠠᠷᠴᠢᠯᠠᠬᠤ ᠶᠢ ᠴᠡᠭᠡᠷᠯᠡᠳᠡᠭ︔ ᠯᠠᠭᠤᠰᠠ ᠪᠤᠯ ᠦᠷᠡᠵᠢᠳᠡᠭ ᠦᠬᠡᠢ ᠠᠮᠢᠳᠠᠨ ᠪᠤᠯᠬᠤᠷ᠂ ᠲᠡᠭᠦᠨ ᠢ ᠲᠡᠵᠢᠭᠡᠪᠡᠯ ᠦᠷ᠎ᠡ ᠬᠡᠤᠬᠡᠳ ᠦᠬᠡᠢ ᠪᠤᠯᠤᠨ᠎ᠠ ᠭᠡᠳᠡᠭ᠃ ᠬᠤᠯᠤ ᠲᠠᠷᠢᠬᠤ ᠶᠢ ᠴᠡᠭᠡᠷᠯᠡᠳᠡᠭ︔ ᠬᠤᠯᠤ ᠲᠠᠷᠢᠪᠠᠯ ᠦᠷ᠎ᠡ ᠬᠡᠤᠬᠡᠳ ᠵᠠᠶᠠᠭᠠᠬᠤ ᠦᠬᠡᠢ ᠪᠤᠯᠤᠨ᠎ᠠ ᠭᠡᠳᠡᠭ᠃ ᠴᠤᠯᠪᠤᠭᠤᠷ ᠢ ᠭᠠᠵᠠᠷ ᠴᠢᠷᠴᠦ ᠶᠠᠪᠤᠬᠤ ᠶᠢ ᠴᠡᠭᠡᠷᠯᠡᠳᠡᠭ︔ ᠴᠤᠯᠪᠤᠭᠤᠷ ᠢ ᠭᠠᠵᠠᠷ ᠴᠢᠷᠪᠡᠯ᠂ ᠤᠨᠤᠭ᠎ᠠ ᠭᠤᠮᠤᠳᠠᠨ ᠡᠵᠡᠨ ᠳᠡᠭᠡᠨ ᠵᠠᠨᠤᠯ ᠡᠭᠦᠰᠦᠨ᠎ᠡ ᠭᠡᠳᠡᠭ᠃ ᠴᠠᠭᠠᠨ ᠰᠠᠷ᠎ᠠ ᠳᠤ ᠢᠯᠠᠩᠭᠤᠶ᠎ᠠ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ︽ᠦᠬᠡᠢ︾᠂ ︽ᠬᠤᠭᠤᠰᠤᠨ︾ ᠭᠡᠬᠦ ᠮᠡᠳᠤ ᠶᠢᠨ ᠪᠡᠯᠭᠡ ᠲᠡᠮᠪᠡᠷᠢᠯ ᠦᠬᠡᠢ ᠦᠭᠡ ᠬᠡᠯᠡᠬᠦ ᠶᠢ ᠴᠡᠭᠡᠷᠯᠡᠳᠡᠭ︔ ᠨᠡᠩ ᠴᠦ ᠡᠯᠳᠡᠪ ᠬᠠᠷᠢᠶᠠᠯ ᠵᠦᠬᠡᠯ ᠤᠨ ᠦᠭᠡ ᠶᠢ ᠲᠠᠰᠤ ᠴᠡᠭᠡᠷᠯᠡᠳᠡᠭ᠃ ᠴᠠᠭᠠᠨ ᠰᠠᠷ᠎ᠠ ᠳᠤ ᠨᠡᠩ ᠰᠢᠨ᠎ᠡ ᠶᠢᠨ ᠨᠢᠭᠡᠨ ᠳᠤ ᠬᠦᠮᠤᠨ ᠪᠦᠬᠦᠨ ᠪᠠᠶᠠᠷ ᠬᠦᠷ ᠲᠠᠢ ᠪᠠᠶᠢᠪᠠᠯ᠂ ᠵᠢᠯ ᠲᠤᠷᠰᠢ ᠪᠠᠶᠠᠷ ᠪᠠᠶᠠᠰᠬᠤᠯᠠᠩ ᠲᠠᠢ ᠶᠠᠪᠤᠨ᠎ᠠ ᠭᠡᠳᠡᠭ ᠪᠤᠯᠬᠤᠷ ᠮᠠᠰᠢ ᠬᠢᠴᠢᠶᠡᠳᠡᠭ ᠶᠤᠮ᠃ ᠴᠠᠭᠠᠨ ᠰᠠᠷ᠎ᠠ ᠶᠢᠨ ᠰᠢᠨᠡᠳ ᠢᠶᠠᠷ ᠭᠠᠳᠠᠭᠰᠢ ᠶᠠᠭᠤᠮ᠎ᠠ ᠬᠡᠤᠮ᠎ᠠ ᠵᠢᠭᠡᠯᠡᠵᠦ ᠦᠭᠬᠦ ᠶᠢ ᠴᠡᠭᠡᠷᠯᠡᠳᠡᠭ︔ ᠪᠤᠰᠤᠳ ᠠᠴᠠ ᠴᠦ ᠦᠷᠢ ᠠᠪᠴᠠᠭ᠎ᠠ ᠪᠠᠨ ᠨᠡᠬᠡᠳᠡᠭ ᠦᠬᠡᠢ ᠪᠢᠯᠠ᠃           ᠨᠢᠭᠡᠨ ᠤᠪᠤᠭ ᠠᠶᠢᠮᠠᠭ᠂ ᠨᠢᠭᠡ ᠬᠤᠰᠢᠭᠤ᠂ ᠨᠢᠭᠡ ᠴᠢᠭᠤᠯᠭᠠᠨ ᠲᠠᠶᠠᠭᠠᠷ ᠢᠶᠠᠨ ᠵᠢᠯ ᠪᠦᠷᠢ ᠲᠤᠭᠳᠠᠭᠰᠠᠨ ᠴᠠᠭ ᠲᠤ ᠲᠠᠬᠢᠳᠠᠭ ᠤᠪᠤᠭ᠎ᠠ ᠶᠢ ᠮᠤᠩᠭᠤᠯᠴᠤᠳ ︽ᠠᠯᠳᠠᠨ ᠤᠪᠤᠭ᠎ᠠ︾᠂ ︽ᠰᠦᠯᠳᠡ ᠤᠪᠤᠭ᠎ᠠ︾᠂ ︽ᠪᠤᠭᠳᠠ ᠠᠭᠤᠯᠠ︾᠂ ︽ᠬᠠᠨ ᠬᠠᠶᠢᠷᠬᠠᠨ︾ ᠭᠡᠵᠦ ᠨᠡᠷᠡᠯᠡᠳᠡᠭ᠃ ᠶᠠᠮᠠᠷᠴᠤ ᠬᠦᠮᠤᠨ ᠭᠡᠳ ︽ᠠᠯᠳᠠᠨ ᠤᠪᠤᠭ᠎ᠠ︾ ᠶᠢᠨ ᠨᠢᠭᠡ ᠡᠪᠡᠰᠤ᠂ ᠨᠢᠭᠡ ᠮᠤᠳᠤ ᠶᠢ ᠴᠦ ᠬᠦᠨᠳᠠᠵᠦ ᠪᠤᠯᠳᠠᠭ ᠦᠬᠡᠢ᠃ ᠬᠦᠷᠦᠰᠦ ᠰᠢᠷᠤᠢ ᠶᠢ ᠨᠢ ᠮᠠᠯᠳᠠᠵᠦ ᠨᠦᠬᠡᠯᠡᠬᠦ ᠶᠢ ᠴᠡᠭᠡᠷᠯᠡᠳᠡᠭ︔ ᠬᠡᠨ ᠬᠦᠮᠤᠨ ᠬᠡᠷᠪᠡ ᠡᠳᠡᠭᠡᠷ ᠴᠡᠭᠡᠷ ᠬᠤᠷᠢᠭ᠎ᠠ ᠶᠢ ᠵᠦᠷᠢᠴᠡᠨ᠂ ︽ᠠᠯᠳᠠᠨ ᠤᠪᠤᠭ᠎ᠠ︾ ᠶᠢᠨ ᠤᠷᠤᠰᠢᠭᠰᠠᠨ ᠠᠷᠢᠭᠤᠨ ᠲᠠᠷᠬᠠᠨ ᠤᠷᠤᠨ ᠨᠤᠳᠤᠭ ᠢ ᠡᠪᠳᠡᠬᠦ ᠳᠤ ᠬᠦᠷᠪᠡᠯ᠂ ᠬᠤᠷᠮᠤᠰᠳᠠ ᠲᠡᠭᠷᠢ ᠬᠢᠯᠢᠩᠨᠡᠨ᠂ ᠠᠭᠤᠯᠠ ᠤᠰᠤᠨ ᠤ ᠨᠠᠪᠳᠠᠭ ᠱᠠᠪᠳᠠᠭ ᠠᠭᠤᠷᠯᠠᠨ᠂ ᠭᠠᠢ ᠵᠤᠪᠠᠯᠠᠩ ᠤᠴᠠᠷᠠᠭᠤᠯᠵᠦ ᠮᠡᠳᠡᠨ᠎ᠡ ᠭᠡᠳᠡᠭ ᠶᠤᠮ᠃           ᠡᠳᠡᠭᠡᠷ ᠨᠢ ᠪᠦᠷ ᠦᠩᠭᠡᠷᠡᠭᠰᠡᠨ ᠤ ᠦᠶ᠎ᠡ ᠶᠢᠨ ︽ᠴᠡᠭᠡᠷ ᠬᠤᠷᠢᠭ᠎ᠠ︾ ᠲᠤᠯᠠ᠂ ᠵᠠᠷᠢᠮ ᠲᠠᠯ᠎ᠠ ᠪᠠᠷ ᠹᠸᠤᠳᠠᠯ ᠤᠨ ᠶᠤᠰᠤ ᠰᠤᠷᠳᠠᠬᠤᠨ ᠲᠤᠪᠤᠶᠢᠨ ᠢᠯᠡᠷᠡᠵᠦ᠂ ᠵᠠᠷᠢᠮ ᠲᠠᠯ᠎ᠠ ᠪᠠᠷ ᠱᠠᠰᠢᠨ ᠰᠤᠷᠳᠠᠬᠤᠨ ᠪᠠ ᠮᠤᠩᠬᠠᠭ ᠪᠢᠰᠢᠷᠠᠯ ᠤᠨ ᠬᠡᠯᠪᠡᠷᠢ ᠮᠠᠶ᠋ᠢᠭ ᠤᠷᠤᠰᠢᠵᠦ ᠪᠠᠶᠢᠨ᠎ᠠ᠃ ᠵᠠᠷᠢᠮ ᠨᠢ ᠤᠳᠤ ᠨᠢᠭᠡᠨᠳᠡ ᠨᠡᠶᠢᠭᠡᠮ ᠤᠨ ᠬᠦᠭᠵᠢᠯᠳᠡ ᠠᠴᠠ ᠬᠤᠴᠤᠷᠪᠠ᠃ ᠨᠠᠶᠢᠭᠡᠮ ᠤᠷᠤᠭᠰᠢᠯᠠᠭᠠᠳ ᠤᠳᠤ ᠨᠢᠭᠡᠨᠳᠡ ᠬᠤᠷᠢᠨ ᠨᠢᠭᠡᠳᠤᠭᠡᠷ ᠵᠠᠭᠤᠨ ᠳᠤ ᠠᠯᠬᠤᠨ ᠤᠷᠤᠭᠰᠠᠨ  ᠠᠴᠠ ᠬᠦᠮᠤᠰ ᠤᠨ ᠦᠵᠡᠯ ᠤᠬᠠᠮᠰᠡᠷ ᠲᠡᠭᠡᠭᠰᠢᠯᠡᠵᠦ᠂ ᠪᠤᠯᠪᠠᠰᠤᠨ ᠰᠠᠶᠢᠬᠠᠨ ᠵᠠᠩ ᠵᠠᠩᠰᠢᠯ ᠢ ᠡᠷᠬᠢᠮᠯᠡᠬᠦ ᠪᠤᠯᠤᠭᠰᠠᠨ  ᠠᠴᠠ ᠪᠢᠳᠠ᠂ ᠦᠨᠳᠤᠰᠦᠳᠡᠨ ᠤ ᠢᠷᠠᠭᠤ ᠤᠳᠤᠮᠰᠢᠯ ᠢᠶᠠᠨ ᠵᠠᠯᠭᠠᠮᠵᠢᠯᠠᠵᠦ᠂ ᠬᠠᠮᠠᠭᠠᠯᠠᠵᠦ᠂ ᠪᠠᠳᠠᠷᠠᠭᠤᠯᠵᠦ᠂ ᠴᠠᠭ ᠡᠷᠢᠨ ᠲᠠᠢ ᠵᠡᠷᠭᠡᠴᠡᠨ ᠤᠷᠤᠭᠰᠢᠯᠠᠵᠦ᠂ ᠪᠠᠶᠠᠨ ᠴᠢᠨᠡᠭᠡᠯᠢᠭ᠂ ᠪᠤᠯᠪᠠᠰᠤᠨ ᠰᠠᠶᠢᠬᠠᠨ ᠤᠯᠤᠰ ᠤᠷᠤᠨ ᠢᠶᠠᠨ ᠪᠦᠳᠦᠭᠡᠨ ᠪᠠᠶᠢᠭᠤᠯᠬᠤ ᠪᠠᠷ ᠴᠢᠷᠮᠠᠶᠢᠬᠤ ᠨᠢ ᠵᠦᠢᠳᠠᠢ᠃                                                                                                                           ᠠᠰᠢᠭᠯᠠᠭᠰᠠᠨ ᠨᠤᠮ᠄        ① ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠤᠩᠭᠤᠯ ᠲᠡᠤᠬᠡ︾        ② ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠠᠴᠠ ᠬᠡᠪᠯᠡᠭᠰᠡᠨ ︽ᠮᠤᠩᠭᠤᠯ ᠵᠠᠩ ᠤᠶᠢᠯᠡ ᠶᠢᠨ ᠰᠤᠳᠤᠯᠤᠯ︾        ③ ᠯᠢᠶᠤᠤᠨᠢᠩ ᠤᠨ ᠦᠨᠳᠦᠰᠦᠳᠡᠨ ᠤ ᠬᠡᠪᠯᠠᠯ ᠤᠨ ᠬᠤᠷᠢᠶ᠎ᠠ ᠠᠴᠠ ᠬᠡᠪᠯᠡᠭᠰᠡᠨ ︽ᠮᠤᠩᠭᠤᠯ ᠤᠨ ᠵᠠᠩ ᠠᠭᠠᠯᠢ ᠶᠢᠨ ᠲᠤᠶᠢᠮᠤ︾   ᠵᠣᠬᠢᠶᠠᠭᠴᠢ᠄ ᠪ᠊ · ᠲᠡᠮᠦᠷᠭᠤᠤᠯᠲᠤ   ᠨᠠᠶᠢᠷᠠᠭᠤᠯᠣᠭᠴᠢ᠄  ᠪᠦᠷᠢᠨᠰᠠᠶᠢᠨ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号