ᠠᠷᠤ ᠬᠤᠷᠴᠢᠨ ᠮᠤᠩᠭᠤᠯᠴᠤᠳ ᠤᠨ ᠢᠳᠡᠭᠡᠨ ᠤᠮᠳᠠᠭᠠᠨ ᠤ ᠵᠠᠩ ᠦᠢᠯᠡ ᠶᠢᠨ ᠪᠠᠶᠢᠳᠠᠯ ︵ᠳᠦᠷᠪᠡ︶
ᠨᠡᠶᠢᠲᠡᠯᠡᠭᠰᠡᠨ ᠴᠠᠭ᠄
2016/6/10
     ᠲᠦᠷᠪᠡ᠂ ᠠᠷᠤ ᠬᠤᠷᠴᠢᠨ ᠮᠤᠩᠭᠤᠯᠴᠤᠳ ᠤᠨ ᠤᠯᠠᠭᠠᠨ                ᠢᠳᠡᠭᠡ ᠶᠢ ᠲᠦᠬᠦᠭᠡᠷᠴᠤ ᠡᠳ᠋ᠰᠢᠭᠦᠯᠬᠦ ᠲᠤᠬᠠᠢ      ᠲᠤᠰ ᠬᠤᠰᠢᠭᠤᠨ ᠤ ᠨᠤᠲᠤᠭ ᠤᠨ ᠮᠤᠩᠭᠤᠯᠴᠤᠳ ᠲᠠᠪᠤᠨ ᠬᠤᠰᠢᠭᠤ ᠮᠠᠯ ᠤᠨ ᠲᠤᠳᠤᠷ᠎ᠠ ᠠᠴᠠ ᠮᠤᠷᠢ ᠶᠢ ᠭᠠᠷᠭᠠᠪᠠᠯ ᠪᠤᠰᠤᠳ ᠲᠦᠷᠪᠡᠨ ᠬᠤᠰᠢᠭᠤ ᠮᠠᠯ ᠤᠨ ᠮᠢᠬ᠎ᠠ ᠶᠢ ᠪᠦᠷ  ᠲᠦᠭᠦᠭᠡᠷᠭᠦ ᠪᠤᠶᠤ ᠪᠠᠵᠠᠭᠠᠵᠤ ᠡᠳ᠋ᠰᠢᠭᠦᠯᠦᠨ ᠤᠯᠠᠭᠠᠨ ᠢᠳᠡᠭᠡ ᠪᠤᠯᠭᠠᠨ ᠬᠡᠷᠡᠭᠯᠡᠳᠡᠭ᠃ ᠭᠡᠬᠦ ᠳᠤ ᠪᠠᠨ ᠬᠤᠨᠢ ᠦᠭᠡᠷ ᠤᠨ ᠮᠢᠬ᠎ᠠ ᠪᠠᠷ ᠭᠤᠤᠯᠯᠠᠵᠤ ᠪᠠᠶᠢᠳᠠᠭ᠃ ᠮᠤᠷᠢᠨ ᠤ ᠮᠢᠬ᠎ᠠ ᠶᠢ ᠤᠭᠳᠤ ᠢᠳᠡᠳᠡᠭ ᠦᠭᠡᠢ ᠤᠨᠴᠠ ᠴᠡᠭᠡᠷ ᠲᠠᠢ ᠪᠠᠶᠢᠳᠠᠭ᠃      ᠡᠪᠤᠯ ᠤᠨ ᠡᠷᠢᠨ ᠳᠤ ︽ᠪᠠᠭ᠎ᠠ ᠴᠠᠰᠤ︾ ᠪᠤᠯᠤᠭᠰᠠᠭᠠᠷ ᠡᠪᠤᠯ ᠤᠨ ᠢᠳᠡᠰᠢ ᠪᠠᠨ ᠪᠠᠵᠠᠭᠠᠳᠠᠭ᠃ ᠭᠡᠬᠦ ᠳᠤ  ᠪᠠᠨ ᠤᠯᠠᠭᠠᠨ ᠢᠳᠡᠭᠡ ᠶᠢ ᠪᠦᠳᠦᠭᠦᠯᠢᠭ ᠢᠶᠠᠷ ︽ᠮᠢᠬ᠎ᠠ︾ ᠭᠡᠵᠤ ᠶᠠᠷᠢᠳᠠᠭ ᠦᠭᠡᠢ᠂ ᠬᠠᠷᠢᠨ ᠪᠤᠳᠠ ᠲᠦᠬᠦᠭᠡᠷᠬᠦ᠂ ᠬᠤᠨᠢ ᠲᠦᠭᠦᠭᠡᠷᠬᠦ ᠭᠡᠬᠦ ᠪᠤᠶᠤ ᠪᠠᠵᠠᠭᠠᠬᠤ ᠭᠡᠵᠤ ᠪᠤᠳᠠ ᠮᠠᠯ ᠢ ᠪᠤᠯ ᠠᠷᠠᠯᠵᠢᠶ᠎ᠠ ᠭᠠᠷᠭᠠᠵᠤ ᠪᠠᠶᠢᠨ᠎ᠠ ᠭᠡᠵᠤ ᠬᠡᠯᠡᠳᠡᠭ ᠪᠦᠭᠡᠳ ᠵᠠᠷᠤᠵᠤ ᠲᠦᠬᠦᠭᠡᠷᠬᠦ ᠳᠤ ᠪᠠᠨ ᠬᠤᠨᠢ ᠪᠤᠶᠤ ᠦᠭᠡᠷ ᠢᠶᠠᠨ ᠲᠤᠯᠤᠭᠠᠢ ᠶᠢ ᠨᠢ ᠬᠤᠶᠢᠰᠢ ︵ᠤᠮᠠᠷ᠎ᠠ ᠵᠦᠭ︶ ᠬᠠᠨᠳᠤᠭᠤᠯᠵᠤ ᠦᠷᠦᠴᠢᠯᠡᠵᠤ ᠠᠯᠠᠳᠠᠭ᠃      ᠪᠤᠳᠠ ᠪᠠ ᠬᠤᠨᠢ ᠶᠢ ᠪᠤᠯ ᠦᠶᠡᠬᠦ ᠦᠯᠡᠳᠡᠭᠡᠵᠤ ᠲᠤᠰᠬᠠᠢ ᠭᠠᠷᠭᠠᠳᠠᠭ᠃ ᠬᠤᠨᠢᠨ ᠤ ᠬᠢ ᠶᠢ ᠪᠤᠯ ᠡᠪᠴᠢᠭᠦᠤ ᠲᠡᠭᠡᠷ᠎ᠡ ᠨᠢ ᠵᠢᠭᠠᠬᠠᠨ ᠦᠯᠡᠳᠡᠭᠡᠵᠤ᠂ ᠦᠭᠡᠷ ᠢ ᠪᠤᠯ ᠭᠤᠤᠯ ᠢᠶᠠᠷ ᠨᠢ ᠠᠯᠠᠭ᠎ᠠ ᠲᠠᠷᠤᠮ᠎ᠠ ᠦᠶᠡᠭᠦ ᠭᠠᠷᠭᠠᠳᠠᠭ᠃ ᠦᠶᠡᠭᠦ ᠦᠯᠡᠳᠡᠭᠡᠭᠦ ᠶᠤᠰᠤ ᠠᠨᠤ ᠮᠠᠯ ᠦᠨᠢᠷ ᠦᠰᠭᠦ ᠶᠢᠨ ᠪᠡᠯᠭᠡ ᠭᠡᠵᠤ ᠪᠡᠯᠭᠡᠰᠢᠶᠡᠳᠡᠭ᠃      ᠡᠪᠤᠯ ᠤᠨ ᠢᠳᠡᠰᠢᠨ ᠤ ᠮᠢᠬ᠎ᠠ ᠶᠢ ᠰᠠᠶᠢᠬᠠᠨ ᠬᠠᠳᠠᠭᠠᠯᠠᠬᠤ ᠤᠯᠠᠨ ᠵᠦᠢᠯ ᠤᠨ ᠠᠷᠭ᠎ᠠ ᠲᠡᠮ ᠪᠠᠶᠢᠳᠠᠭ᠃ ᠭᠡᠬᠦ ᠳᠤ ᠪᠠᠨ ᠬᠤᠨᠢ ᠦᠭᠡᠷ ᠢᠶᠠᠨ ᠲᠤᠶᠠᠴᠢᠬᠤ ᠠᠴᠠ ᠪᠢᠰᠢ ᠮᠢᠬ᠎ᠠ ᠶᠢ ᠨᠢ ᠱᠤᠯᠤᠳᠠᠭ ᠦᠭᠡᠢ᠃ ᠡᠰᠡᠭᠦᠯ᠎ᠡ ᠬᠤᠨᠢᠨ ᠬᠠᠪᠰᠤᠷᠤᠭ᠎ᠠ ᠪᠤᠶᠤ ᠦᠭᠡᠷ ᠢ ᠪᠤᠯ ᠠᠷᠠᠰᠤᠨ ᠳᠤ ᠨᠢ ᠪᠠᠭᠯᠠᠵᠤ ᠲᠦᠩᠭᠦᠯᠵᠡᠭ ᠢᠶᠠᠷ ᠨᠢ ᠬᠠᠳᠠᠭᠠᠯᠠᠬᠤ᠂ ᠭᠦᠵᠡᠭᠡᠨ ᠳᠤ ᠨᠢ ᠬᠢᠵᠤ ᠬᠠᠳᠠᠭᠠᠯᠠᠬᠤ᠂ ᠭᠠᠩ ᠰᠠᠪᠠ ᠪᠠ ᠠᠷᠠᠯ ᠤᠨ ᠰᠠᠭᠰᠤ ︵ᠠᠷᠤ ᠬᠤᠷᠴᠢᠨ ᠳᠤ ᠬᠤᠸᠠᠩ ᠭᠡᠵᠤ ᠬᠡᠯᠡᠳᠡᠭ︶᠂ ᠵᠠᠩ ᠠᠪᠳᠠᠷ᠎ᠠ ᠳᠤ ᠬᠢᠵᠤ ᠬᠠᠳᠠᠭᠠᠯᠠᠬᠤ ᠴᠦ ᠪᠤᠢ᠃ ᠪᠠᠭ᠎ᠠ ᠰᠠᠭ᠎ᠠ ᠶᠢ ᠨᠢ ᠪᠤᠯ ᠲᠦᠩᠭᠦᠷᠢᠭ  ᠲᠤ ᠬᠠᠳᠠᠭᠠᠯᠠᠵᠤ ᠪᠠᠶᠢᠬᠤ ᠴᠦ ᠪᠤᠢ᠃ ᠵᠤᠨ ᠨᠠᠮᠤᠷ ᠤᠨ ᠱᠦᠯᠦᠨ ᠤ ᠮᠢᠬ᠎ᠠ ᠶᠢ ᠪᠤᠯ ᠤᠯᠠᠩᠭᠢ ᠳᠤ ᠪᠠᠨ ᠪᠤᠷᠴᠠᠯᠠᠵᠤ ᠬᠠᠳᠠᠭᠠᠵᠤ ᠪᠠᠶᠢᠳᠠᠭ ᠶᠤᠮ᠃ ᠬᠤᠷᠰᠢᠭᠰᠠᠨ ᠮᠢᠬ᠎ᠠ ᠪᠤᠯ ᠬᠢᠩᠭᠠᠷ᠎ᠠ ᠪᠠᠷ ᠬᠠᠭᠠᠯᠵᠤ ᠬᠠᠳᠠᠭᠠᠵᠤ ᠠᠪᠳᠠᠭ      ᠵᠤᠮ᠎ᠠ ᠬᠤᠨᠢ ᠪᠠ ᠰᠢᠭᠦᠰᠦ ᠶᠢᠨ ᠲᠤᠬᠠᠢ      1.  ᠵᠤᠮ᠎ᠠ ᠬᠤᠨᠢ      ᠵᠤᠮ᠎ᠠ ᠬᠤᠨᠢ ᠭᠡᠭᠴᠢ ᠡᠷᠭᠢᠮ ᠬᠡᠶᠢᠴᠢᠨ ᠵᠤᠴᠢᠨ ᠢᠶᠠᠨ ᠲᠠᠶᠢᠯᠬᠤ ︵ᠵᠤᠴᠢᠯᠠᠬᠤ︶ ᠲᠡᠭᠡᠳᠤ ᠵᠡᠷᠭᠡ ᠶᠢᠨ ᠢᠳᠡᠭᠡ ᠶᠤᠮ᠃ ᠬᠤᠨᠢ ᠪᠠᠨ ᠪᠠᠵᠠᠭᠠᠭᠰᠠᠨ ᠤ ᠪᠠᠨ ᠲᠠᠷᠠᠭ᠎ᠠ ᠠᠷᠠᠰᠤ ᠶᠢ ᠨᠢ ᠵᠤᠮᠯᠠᠵᠤ᠂ ᠭᠡᠳᠡᠰᠤ ᠲᠤᠳᠤᠷ ᠢ ᠨᠢ ᠭᠠᠷᠭᠠᠭᠠᠳ ᠪᠦᠬᠦᠯᠢ ᠪᠠᠷ ᠨᠢ ᠡᠷᠭᠢᠭᠦᠯᠭᠡ ᠲᠡᠭᠡᠷ᠎ᠡ ᠡᠭᠡᠭᠡᠵᠤ ᠰᠢᠷᠠᠵᠤ ᠪᠤᠯᠭᠤᠭᠠᠬᠤ ᠲᠤᠯᠠ ᠠᠮᠳᠠ ᠨᠢ ᠮᠠᠰᠢ ᠰᠡᠪᠡᠭᠦᠨ ᠪᠠᠶᠢᠳᠠᠭ ᠨᠢᠭᠡᠨ ᠵᠦᠢᠯ ᠤᠨ ᠢᠳᠡᠭᠡ ᠶᠤᠮ᠃ ᠵᠤᠮ᠎ᠠ ᠬᠤᠨᠢ ᠪᠠᠨ ᠰᠢᠷᠠᠬᠤ ᠳᠤ ᠪᠠᠨ ᠬᠤᠷᠬᠤᠯᠠᠬᠤ ᠭᠠᠯ  ᠤᠨ ᠢᠶᠠᠨ ᠢᠯᠴᠢᠨ ᠤ ᠢᠳᠡ ᠶᠢ ᠵᠦᠭᠡᠭ ᠲᠤᠭᠢᠷᠠᠭᠤᠯᠬᠤ ᠶᠢᠨ ᠬᠠᠮᠳᠤ ᠲᠠᠪᠤᠰᠤ᠂ ᠵᠡᠷᠯᠢᠭ ᠭᠤᠭᠤᠳ ᠲᠠᠭᠠᠨ᠎ᠠ᠂ ᠵᠡᠷᠯᠢᠭ ᠰᠤᠩᠭᠢᠨ᠎ᠠ ᠪᠠ ᠭᠦᠩᠭᠦᠷ ᠭᠤᠭᠤᠳ ᠵᠡᠷᠭᠡ ᠪᠠᠨ ᠲᠤᠬᠢᠶᠠᠵᠤ ᠠᠮᠳᠠ ᠤᠷᠤᠭᠤᠯᠬᠤ ᠪᠠ ᠤᠳᠤ ᠴᠠᠭ ᠲᠤ ᠲᠠᠪᠤᠨ ᠬᠠᠯᠠᠭᠤᠨ ᠪᠤᠯᠬᠤ ᠠᠯᠢᠰᠢᠮ᠂ ᠶᠠᠷᠮ᠎ᠠ᠂ ᠰᠢᠩᠼᠠ᠂ ᠰᠡᠳᠡᠷᠡᠭ᠂ ᠭᠠ ᠵᠡᠷᠭᠡ ᠪᠠᠷ ᠠᠮᠳᠠ ᠭᠢᠵᠤ ᠪᠤᠢ᠃      2.  ᠪᠦᠬᠦᠯᠢ ᠰᠢᠭᠦᠰᠤ ᠲᠠᠯᠪᠢᠬᠤ ᠶᠢᠨ ᠬᠡᠳᠤᠨ ᠵᠦᠢᠯ ᠢ ᠬᠤᠷᠢᠶᠠᠩᠭᠤᠶᠢᠯᠠᠨ ᠲᠤᠪᠴᠢᠯᠠᠶ᠎ᠠ᠃      ᠶᠡᠭᠡ ᠰᠢᠭᠦᠰᠦ ᠲᠠᠯᠪᠢᠬᠤ ᠶᠤᠰᠤᠨ᠄      ︵1︶ ᠡᠪᠴᠢᠭᠦᠤ ᠶᠢ ᠲᠡᠭᠡᠭᠰᠢ ᠬᠠᠨᠳᠤᠭᠤᠯᠤᠨ ᠲᠠᠯᠪᠢᠨ᠎ᠠ᠃      ᠡᠭᠦᠨ ᠢ ᠲᠠᠪᠠᠭ ᠪᠤᠶᠤ ᠴᠠᠷ᠎ᠠ᠂ ᠭᠦᠯᠳᠤ ᠴᠠᠷ᠎ᠠ ᠳᠤ ᠲᠠᠯᠪᠢᠨ᠎ᠠ᠃      ︵2︶ ᠬᠤᠶᠠᠷ ᠪᠤᠯᠭᠤᠭᠰᠠᠨ ᠰᠡᠮᠡᠵᠡ ᠶᠢ ᠲᠠᠯᠪᠢᠨ᠎ᠠ᠃      ︵3︶ ᠤᠬᠢᠶᠠᠵᠤ ᠴᠡᠪᠡᠷᠯᠡᠵᠤ ᠴᠢᠨᠠᠭᠰᠠᠨ ᠭᠦᠵᠡᠭᠡ ᠶᠢ ᠲᠠᠯᠪᠢᠨ᠎ᠠ᠃      ︵4︶ ᠤᠬᠢᠶᠠᠵᠤ ᠴᠡᠪᠡᠷᠯᠡᠵᠤ ᠴᠢᠨᠠᠭᠰᠠᠨ ᠰᠠᠷᠬᠢᠨᠠᠭ ᠢ ᠲᠠᠯᠪᠢᠨ᠎ᠠ  ᠃      ︵5︶ ᠬᠤᠳᠤᠭᠤᠳᠤ ᠴᠢᠳᠬᠤᠭᠰᠠᠨ ᠤᠯᠤᠭᠠᠢ ᠶᠢ ᠲᠠᠯᠪᠢᠨ᠎ᠠ᠃      ︵6︶ ᠴᠢᠳᠬᠤᠭᠰᠠᠨ ᠭᠡᠳᠡᠰᠤ ᠲᠠᠯᠪᠢᠨ᠎ᠠ᠃      ︵7︶ ᠬᠤᠤᠰ ︵ᠬᠤᠳᠤ︶ ᠭᠡᠳᠡᠰᠤ ᠲᠠᠯᠪᠢᠨ᠎ᠠ᠃      ︵8︶ ᠬᠤᠶᠠᠷ ᠬᠠ ᠶᠢ ᠲᠡᠭᠦᠨ ᠤ ᠲᠡᠭᠡᠭᠦᠷ ᠡᠮᠤᠨᠡᠰᠢ ᠬᠦᠮᠦᠷᠢᠵᠤ ᠲᠠᠯᠪᠢᠨ᠎ᠠ᠃      ︵9︶ ᠠᠭᠤᠰᠬᠢ᠂ ᠵᠢᠷᠦᠭᠡ᠂ ᠲᠤᠯᠳᠤ᠂ ᠦᠩᠭᠡᠯᠵᠢᠭ ᠵᠡᠷᠭᠡ ᠶᠢ ᠲᠠᠯᠪᠢᠨ᠎ᠠ᠃      ︵10︶ ᠬᠤᠶᠠᠷ ᠭᠤᠶ᠎ᠠ ᠶᠢ ᠠᠷᠤᠨᠰᠢ ᠬᠦᠮᠦᠷᠢᠨ ᠲᠠᠯᠪᠢᠨ᠎ᠠ  ᠃      ︵11︶ ᠰᠡᠭᠡᠷ ᠢ ᠲᠡᠭᠦᠨ ᠤ ᠪᠠᠷᠠᠭᠤᠨ ᠲᠠᠯ᠎ᠠ ᠳᠤ ᠨᠢ ᠲᠠᠯᠪᠢᠨ᠎ᠠ ︵ᠦᠨᠳᠤᠷ   ᠨᠢ  ᠡᠮᠤᠨᠡᠰᠢ  ᠬᠠᠨᠳᠤᠨ᠎ᠠ ︶᠃      ︵12︶ ᠬᠦᠵᠦᠭᠦᠤ ᠶᠢ ᠲᠡᠭᠦᠨ ᠤ ᠵᠡᠭᠦᠨ᠎ᠡ ᠨᠢ ᠲᠠᠯᠪᠢᠨ᠎ᠠ ᠠᠮᠠᠨ ᠬᠦᠵᠦᠭᠦᠤ ᠡᠮᠤᠨᠡᠰᠢ ᠬᠠᠨᠳᠤᠨ᠎ᠠ︶᠃      ︵13︶ ᠡᠯᠢᠭᠡ ᠶᠢ ᠬᠦᠵᠦᠬᠦᠨ ᠤ ᠪᠠᠷᠠᠭᠤᠨ ᠳᠤ ᠲᠠᠯᠪᠢᠨ᠎ᠠ᠃      ︵14︶ ᠲᠠᠯᠤ ᠶᠢ ᠭᠦᠵᠦᠬᠦᠨ ᠤ ᠵᠡᠭᠦᠨ ᠳᠤ ᠲᠠᠯᠪᠢᠨ᠎ᠠ᠃      ︵15︶ ᠬᠤᠶᠠᠷ ᠪᠦᠭᠡᠷ᠎ᠡ ᠨᠢ ᠰᠡᠭᠦᠵᠢᠨ ᠤ ᠡᠮᠤᠨ᠎ᠡ ᠲᠠᠭᠠᠷᠠᠨ᠎ᠠ᠃      ︵16︶ ᠭᠤᠤᠯ ᠮᠢᠬ᠎ᠠ ᠬᠦᠵᠦᠭᠦᠨ ᠤ ᠲᠡᠭᠡᠷ᠎ᠡ ᠨᠢ ᠲᠠᠭᠠᠷᠠᠨ᠎ᠠ᠃      ︵17︶ ᠰᠡᠭᠡᠷ ᠨᠢ ᠬᠤᠶᠠᠷ ᠬᠠ ᠶᠢᠨ ᠲᠤᠮᠳᠠ ᠪᠠᠷᠠᠭᠤᠨ ᠳᠤ ᠨᠢ ᠲᠠᠭᠠᠷᠠᠨ᠎ᠠ᠃      ︵18︶ ᠭᠦᠵᠦᠬᠦᠤ ᠨᠢ ᠬᠤᠶᠠᠷ ᠬᠠ ᠶᠢᠨ ᠲᠤᠮᠳᠠ ᠵᠡᠭᠦᠨ ᠳᠤ ᠨᠢ ᠲᠠᠭᠠᠷᠠᠨ᠎ᠠ᠃      ︵19︶ ᠪᠤᠯᠭᠤᠭᠰᠠᠨ ᠤᠭᠤᠴᠠ ᠶᠢ ᠲᠡᠭᠡᠷ᠎ᠡ ᠨᠢ ᠬᠦᠮᠦᠷᠢᠨ ᠲᠠᠯᠪᠢᠨ᠎ᠠ᠃      ︵20︶ ᠡᠷᠡᠤ ᠪᠠ ᠬᠡᠯᠡ ᠲᠡᠭᠡᠭᠰᠢ ᠬᠠᠨᠳᠤᠵᠤ ᠲᠠᠭᠠᠷᠠᠨ᠎ᠠ᠃      ︵21︶ ᠬᠠᠮᠤᠭ ᠲᠡᠭᠡᠷ᠎ᠡ ᠨᠢ ᠲᠤᠯᠤᠭᠠᠢ ᠶᠢ ᠨᠢ ᠲᠤᠯᠤᠭᠠᠢ ᠶᠢᠨ ᠪᠠᠶᠢᠷᠢᠰᠢᠯ ᠶᠤᠰᠤᠭᠠᠷ ᠨᠢ ᠲᠠᠯᠪᠢᠨ᠎ᠠ᠃      ᠶᠢᠰᠤᠨ ᠴᠠᠭᠠᠨ ᠤ ᠶᠤᠰᠤᠨ᠄      ︵1︶ ᠡᠪᠴᠢᠭᠦᠤ ᠲᠡᠭᠡᠭᠰᠢ ᠬᠠᠨᠳᠤᠨ᠎ᠠ᠃      ︵2︶ ᠬᠠ ᠶᠢ ᠡᠮᠤᠨᠡᠰᠢ ᠬᠦᠮᠦᠷᠢᠨ᠎ᠡ᠃      ︵3︶ ᠬᠤᠶᠠᠷ ᠭᠤᠶ᠎ᠠ ᠶᠢ ᠠᠷᠤᠨᠰᠢ ᠪᠠᠨ ᠵᠢᠬᠢᠯᠭᠡᠵᠤ ᠲᠠᠯᠪᠢᠨ᠎ᠠ᠃      ︵4︶ ᠬᠠ ᠶᠢᠨ ᠲᠤᠮᠳᠠ ᠨᠢ ᠰᠡᠭᠡᠷ ᠢ ᠪᠠᠷᠠᠭᠤᠨ ᠨᠢ ᠲᠠᠯᠪᠢᠨ᠎ᠠ᠃      ︵5︶ ᠬᠦᠵᠦᠬᠦᠤ ᠶᠢ ᠵᠡᠭᠦᠨ ᠨᠢ ᠠᠮᠠᠨ ᠭᠦᠵᠦᠬᠦᠯᠡᠵᠤ ᠲᠠᠯᠪᠢᠨ᠎ᠠ᠃      ︵6︶ ᠲᠡᠭᠦᠨ ᠤ ᠲᠡᠭᠡᠷ᠎ᠡ ᠤᠭᠤᠴᠠ ᠶᠢ ᠬᠦᠮᠦᠷᠢᠵᠤ ᠲᠠᠯᠪᠢᠨ᠎ᠠ᠃      ︵7︶ ᠲᠤᠯᠤᠭᠠᠢ ᠶᠢ ᠲᠡᠭᠡᠷ᠎ᠡ ᠨᠢ ᠵᠦᠪ ᠲᠠᠯᠪᠢᠨ᠎ᠠ᠃      ᠲᠤᠯᠤᠭ᠎ᠠ ᠶᠢᠨ ᠰᠢᠭᠦᠰᠦᠨ ᠤ ᠶᠤᠰᠤᠨ᠄      ︵1︶ ᠬᠤᠶᠠᠷ ᠬᠠ ᠶᠢ ᠨᠢ ᠡᠮᠤᠨᠡᠰᠢ ᠵᠢᠭᠢᠯᠭᠡᠵᠤ ᠲᠠᠯᠪᠢᠨ᠎ᠠ᠃      ︵2︶ ᠬᠤᠶᠠᠷ ᠭᠤᠶ᠎ᠠ ᠶᠢ ᠨᠢ ᠬᠤᠶᠢᠰᠢ ᠪᠠᠨ ᠵᠢᠬᠢᠯᠭᠡᠵᠤ ᠲᠠᠯᠪᠢᠨ᠎ᠠ᠃      ︵3︶ ᠬᠠ ᠶᠢᠨ ᠲᠤᠮᠳᠠ ᠰᠡᠭᠡᠷ ᠲᠠᠯᠪᠢᠨ᠎ᠠ᠃      ︵4︶ ᠰᠡᠭᠡᠷ ᠤᠨ ᠲᠡᠭᠡᠳᠡᠢ ᠤᠭᠤᠴᠠ ᠶᠢ ᠬᠦᠮᠦᠷᠢᠨ᠎ᠡ᠃      ︵5︶ ᠲᠡᠭᠦᠨ ᠤ ᠲᠡᠭᠡᠷ᠎ᠡ ᠡᠷᠡᠤ ᠦᠭᠡᠢ ᠲᠤᠯᠤᠭᠠᠢ ᠶᠢ ᠲᠠᠯᠪᠢᠨ᠎ᠠ᠃      ᠲᠠᠪᠤ ᠶᠢᠨ ᠰᠢᠭᠦᠰᠦᠨ ᠤ ᠶᠤᠰᠤᠨ᠄      ︵1︶ ᠬᠤᠶᠠᠷ ᠬᠠ ᠶᠢ ᠡᠮᠤᠨᠡᠰᠢ ᠵᠢᠭᠢᠯᠭᠡᠨ᠎ᠡ᠃      ︵2︶ ᠬᠤᠶᠠᠷ ᠭᠤᠶ᠎ᠠ ᠶᠢ ᠬᠤᠶᠢᠰᠢ ᠵᠢᠭᠢᠯᠭᠡᠨ᠎ᠡ᠃      ︵3︶ ᠲᠡᠭᠦᠨ ᠤ ᠲᠡᠭᠡᠷ᠎ᠡ ᠲᠠᠷᠤᠮ ︵ᠰᠡᠭᠦᠯ ᠦᠭᠡᠢ ᠤᠭᠤᠴᠠ︶ ᠲᠠᠯᠪᠢᠨ᠎ᠠ᠃      ᠭᠤᠷᠪᠠ ᠶᠢᠨ ᠰᠢᠭᠦᠰᠤᠨ ᠶᠤᠰᠤᠨ᠄      ︵1︶ ᠰᠡᠭᠡᠷ᠂ ᠪᠠᠷᠠᠭᠤᠨ ᠱᠠᠭᠠᠨᠳᠤ ᠲᠠᠯᠪᠢᠨ᠎ᠠ᠃      ︵2︶ ᠰᠦᠪᠦᠷᠭᠡᠰᠤᠨ ᠤ ᠭᠤᠷᠪᠠᠨ ᠬᠠᠪᠢᠷᠭ᠎ᠠ ᠲᠠᠯᠪᠢᠨ᠎ᠠ᠃      ︵3︶ ᠲᠠᠷᠤᠮ ︵ᠰᠡᠭᠦᠯ ᠦᠭᠡᠢ ᠤᠭᠤᠴᠠ︶ ᠢ ᠬᠦᠮᠦᠷᠢᠵᠤ ᠲᠠᠯᠪᠢᠨ᠎ᠡ᠃      ᠠᠷᠤ ᠬᠤᠷᠴᠢᠨ ᠮᠤᠩᠭᠤᠯᠴᠤᠳ ᠡᠷᠳᠡ ᠦᠶ᠎ᠡ ᠳᠤ ᠪᠠᠨ ᠲᠡᠭᠡᠷᠡᠬᠢ ᠮᠡᠳᠤ ᠪᠠᠷ ᠲᠠᠪᠤᠨ ᠵᠦᠢᠯ ᠤᠨ ᠰᠢᠭᠦᠰᠤ ᠲᠠᠯᠪᠢᠵᠤ ᠪᠠᠶᠢᠵᠠᠢ᠃ ᠭᠡᠬᠦ ᠳᠤ ᠪᠠᠨ ᠰᠢᠭᠦᠰᠤ ᠲᠠᠯᠪᠢᠬᠤ ᠪᠤᠯᠭᠠᠨ ᠪᠡᠯᠭᠡ ᠲᠡᠮᠪᠡᠷᠢᠯ ᠲᠠᠢ ᠦᠭᠡ ᠬᠡᠯᠡᠵᠤ᠂ ᠭᠡᠷ ᠤᠨ ᠡᠵᠡᠨ ᠪᠠ ᠵᠤᠴᠢᠳ ᠨᠢ ᠦᠪᠡᠷ ᠦᠪᠡᠷ ᠤᠨ ᠢᠶᠠᠨ ᠰᠡᠳᠬᠢᠯ ᠢᠶᠠᠨ ᠢᠯᠡᠳᠭᠡᠳᠡᠭ ᠪᠠᠶᠢᠵᠠᠢ᠃ ᠬᠤᠷᠢᠮ ᠲᠤᠢ ᠠᠴᠠ ᠪᠤᠰᠤᠳ ᠲᠤᠷ ᠦᠩᠭᠡᠷᠡᠤ ᠶᠡᠭᠡ ᠢᠷᠤᠭᠡᠳ ᠲᠠᠯᠪᠢᠳᠠᠭ ᠦᠭᠡᠢ ᠵᠠᠩᠰᠢᠯ ᠲᠠᠢ᠂ ᠶᠠᠭᠤ ᠪᠤᠯᠤᠭᠰᠠᠨ ᠴᠦ ᠲᠦᠭᠦᠮᠴᠢᠯᠡᠵᠤ ᠯᠠ ᠪᠠᠶᠢᠵᠠᠢ᠃      3.   ᠵᠠᠶᠢᠳᠠᠰᠤ᠂ ᠪᠤᠷᠳᠤᠭᠰᠠᠨ ᠬᠤᠳᠤᠭᠤᠳᠤ᠂ ᠪᠤᠷᠳᠤᠭᠰᠠᠨ ᠤᠯᠤᠭᠠᠢ ᠶᠢᠨ ᠱᠦᠯᠦ᠂ ᠪᠤᠷᠳᠤᠭᠰᠠᠨ ᠲᠤᠯᠢᠳᠤ ᠶᠢᠨ ᠲᠤᠬᠠᠢ᠄      ᠵᠠᠶᠢᠳᠠᠰᠤ᠄      ᠡᠪᠤᠯ ᠠᠷᠠᠯᠵᠢᠶ᠎ᠠ ︵ᠢᠳᠡᠰᠢ︶ ᠭᠠᠷᠭᠠᠭᠰᠠᠨ ᠤ ᠦᠶ᠎ᠡ ᠳᠤ ᠴᠢᠰᠤ ᠶᠢ ᠨᠢ ᠰᠠᠭᠠᠳᠠ ᠶᠢᠨ ᠭᠤᠯᠢᠷ ᠲᠠᠢ ᠨᠠᠶᠢᠷᠠᠭᠤᠯᠵᠤ ᠴᠢᠳᠬᠤᠭᠠᠳ ᠭᠤᠭᠴᠤᠭ᠎ᠠ ᠭᠤᠭᠴᠤᠭ᠎ᠠ ᠪᠠᠷ ᠬᠤᠪᠢᠶᠠᠷᠢᠯᠠᠨ ᠮᠠᠯ ᠤᠨ ᠰᠠᠷᠭᠢᠨᠠᠭ ᠪᠤᠶᠤ ᠬᠦᠵᠡᠭᠡ ᠵᠡᠷᠭᠡ ᠳᠤ ᠨᠢ ᠬᠢᠵᠤ ᠬᠦᠯᠳᠡᠭᠡᠭᠡᠳ ᠡᠪᠤᠯ ᠬᠠᠪᠤᠷ ᠲᠤ ᠪᠠᠨ ᠢᠳᠡᠳᠡᠭ ᠶᠤᠮ᠃ ᠵᠠᠶᠢᠳᠠᠰᠤ ᠨᠢ ᠮᠤᠩᠭᠤᠯᠴᠤᠳ ᠤᠨ ᠪᠠᠰᠠ ᠨᠢᠭᠡ ᠵᠦᠢᠯ ᠤᠨ ᠤᠯᠠᠭᠠᠨ ᠢᠳᠡᠭᠡᠨ ᠤ ᠲᠤᠳᠤᠮᠳᠠᠯ ᠪᠤᠯᠬᠤ ᠶᠤᠮ᠃ ᠪᠤᠷᠳᠤᠭᠰᠠᠨ ᠬᠤᠳᠤᠭᠤᠳᠤ᠄ ᠬᠤᠳᠤᠭᠤᠳᠤ ᠶᠢ ᠪᠤᠷᠳᠤᠬᠤ ᠭᠡᠳᠡᠭ ᠨᠢ ᠮᠠᠯ ᠤᠨ ᠲᠤᠳᠤᠷ᠎ᠠ ᠭᠤᠤᠯ  ᠂ ᠰᠡᠭᠡᠷ ᠤᠨ ᠵᠦᠭᠡᠯᠡᠨ ᠮᠢᠬ᠎ᠠ ᠪᠠ ᠡᠯᠢᠭᠡ ᠵᠡᠷᠭᠡ ᠶᠢ ᠲᠠᠭᠠᠨ᠎ᠠ᠂ ᠵᠡᠷᠯᠢᠭ ᠰᠤᠩᠭᠢᠨ᠎ᠠ᠂ ᠰᠤᠷᠢᠰᠤ ᠵᠡᠷᠭᠡ   ᠲᠠᠢ ᠬᠤᠯᠢᠵᠤ᠂ ᠡᠳᠡᠭᠡᠷ ᠢᠶᠠᠨ ᠬᠢᠩᠭᠠᠷ᠎ᠠ ︵ᠪᠤᠤᠳᠤᠤ︶ ᠪᠠᠷ ᠨᠢᠭᠳᠠ ᠬᠢᠷᠦᠵᠤ ︵ᠬᠢᠷᠤᠬᠤ ᠶᠢ ᠰᠢᠶᠠᠨᠼᠢ ᠳᠦᠸᠧᠬᠦ ᠭᠡᠵᠤ ᠬᠢᠳᠠᠳ  ᠢᠶᠠᠷ ᠬᠡᠯᠡᠭᠡᠳ ᠵᠠᠩᠰᠢᠵᠤ ᠪᠤᠢ︶ ᠰᠤᠷᠰᠤ ︵ᠬᠢᠳᠠᠳ ᠢᠶᠠᠷ ᠰᠢᠶᠠᠨᠼᠢ︶ ᠪᠤᠯᠭᠠᠭᠠᠳ ᠬᠤᠳᠤᠭᠤᠳᠤᠨ ᠳᠤ ᠨᠢ ᠴᠢᠬᠢᠵᠤ᠂ ᠲᠡᠭᠦᠨ ᠤ ᠠᠮᠠᠰᠠᠷ ᠢ ᠪᠤᠷᠭᠠᠰᠤᠨ ᠰᠡᠯᠪᠢᠭᠦᠷ ︵ᠱᠤᠷᠤ︶ ᠢᠶᠠᠷ ᠰᠦᠯᠵᠢᠨ ᠰᠡᠯᠪᠢᠵᠤ ᠦᠯᠦᠨ ᠭᠡᠳᠡᠰᠤ  ᠪᠠᠷ ᠨᠢ ᠤᠷᠢᠶᠠᠨ ᠤᠶᠠᠵᠤ ᠭᠦᠨᠵᠢᠵᠤ ᠲᠠᠯᠪᠢᠨ᠎ᠠ᠃ ᠲᠡᠭᠡᠭᠡᠳ ᠴᠢᠨᠠᠵᠤ ᠪᠤᠯᠭᠤᠭᠠᠭᠰᠠ ᠢ ᠪᠤᠷᠳᠤᠭᠰᠠᠨ ᠬᠤᠳᠤᠭᠤᠳᠤ ᠭᠡᠳᠡᠭ᠃ ᠨᠤᠭᠤᠯᠤᠭᠤᠷ ᠢ ᠨᠢ ᠨᠤᠭᠤᠨ ᠦᠷ᠎ᠡ ᠳᠤ ᠢᠳᠡᠭᠦᠯᠵᠤ᠂ ᠪᠠᠰᠬᠠᠨ ᠦᠷ᠎ᠡ ᠳᠤ ᠦᠭᠴᠤ ᠢᠳᠡᠭᠦᠯᠳᠡᠭ ᠦᠭᠡᠢ ᠵᠠᠩᠰᠢᠯ ᠲᠠᠢ ᠪᠠᠶᠢᠵᠤᠬᠤᠢ᠃      ᠪᠤᠷᠳᠤᠭᠰᠠᠨ ᠤᠯᠤᠭᠠᠢ ᠱᠦᠯᠦ᠄      ᠬᠤᠨᠢ ᠢᠮᠠᠭᠠᠨ ᠤ ᠤᠯᠤᠭᠠᠢ ᠶᠢ ᠬᠤᠳᠤᠭᠤᠳᠤ ᠪᠤᠷᠳᠤᠬᠤ ᠲᠠᠢ ᠠᠳᠠᠯᠢ ᠪᠠᠷ ᠭᠤᠤᠯ ᠤᠨ ᠵᠦᠭᠡᠯᠡᠨ ᠮᠢᠬ᠎ᠠ ᠪᠠ ᠲᠠᠭᠠᠨ᠎ᠠ ᠬᠦᠮᠡᠯᠢ ᠰᠤᠩᠭᠢᠨ᠎ᠠ ᠲᠠᠢ ᠰᠠᠶᠢᠳᠤᠷ ᠬᠢᠷᠤᠨ ᠰᠤᠷᠰᠤ ᠪᠤᠯᠭᠠᠭᠠᠳ ᠤᠯᠤᠭᠠᠢ ᠪᠠᠨ ᠪᠤᠷᠳᠤᠨ ᠴᠢᠭᠢᠭᠡᠳ ᠠᠮᠠᠰᠠᠷ ᠢ ᠨᠢ ᠪᠠᠬᠢᠯᠡᠨ ᠤᠶᠠᠵᠤ ᠴᠢᠨᠠᠵᠤ ᠪᠤᠯᠭᠠᠭᠠᠳ ᠮᠢᠬ᠎ᠠ ᠴᠢᠨᠠᠭᠰᠠᠨ ᠱᠦᠯᠦᠨ   ᠳᠤᠷ ᠬᠢᠵᠤ ᠲᠤᠳᠤᠮᠳᠠᠭᠰᠠᠨ ᠢ ᠤᠯᠤᠭᠠᠢ ᠱᠦᠯᠦ ᠭᠡᠨ᠎ᠡ᠃      ᠤᠯᠤᠭᠠᠢ ᠱᠦᠯᠦ ᠶᠢ ᠭᠡᠤᠭᠡᠳ ᠲᠤ ᠢᠳᠡᠭᠦᠯᠳᠡᠭ ᠦᠭᠡᠢ᠂ ᠤᠴᠢᠷ ᠨᠢ ᠤᠯᠤᠭᠠᠢ ᠠᠳᠠᠯᠢ ᠪᠢᠳᠡᠭᠦᠷᠡᠵᠤ ᠤᠬᠠᠪᠤᠷᠢ ᠦᠭᠡᠢ ᠪᠤᠯᠬᠤ ᠶᠤᠮ ᠭᠡᠨ᠎ᠡ᠃ ᠲᠤᠰ ᠬᠤᠰᠢᠭᠤᠨ ᠤ ᠪᠠᠶᠠᠳ᠂ ᠲᠠᠲ᠋ᠠᠷ᠂ ᠪᠤᠷᠪᠢᠴᠢᠨ ᠠᠶᠢᠮᠠᠭ ᠤᠨ ᠬᠢᠨ ᠤᠯᠤᠭᠠᠢ ᠪᠠ ᠲᠡᠯᠢᠭᠦᠤ ᠢᠳᠡᠳᠡᠭ ᠦᠭᠡᠢ ᠵᠠᠩᠰᠢᠯ ᠲᠠᠢ ᠶᠤᠮ᠃ ᠪᠤᠰᠤᠳ  ᠠᠶᠢᠮᠠᠭ   ᠤᠨ   ᠬᠢᠨ ᠬᠠᠮᠢᠶᠠᠷᠳᠠᠭ ᠦᠭᠡᠢ᠃      ᠪᠤᠷᠳᠤᠭᠰᠠᠨ ᠲᠤᠯᠢᠳᠤ᠄      ᠪᠤᠷᠳᠤᠭᠰᠠᠨ ᠲᠤᠯᠢᠳᠤ ᠭᠡᠳᠡᠭ ᠨᠢ ᠦᠩᠭᠦᠯᠴᠡᠭ ᠢ ᠪᠢᠳᠡᠭᠦᠬᠡᠨ ᠠᠪᠤᠭᠠᠳ ᠲᠡᠭᠦᠨ ᠤ ᠲᠤᠳᠤᠷ᠎ᠠ ᠨᠢ ᠰᠡᠮᠡᠵᠡᠨ ᠦᠭᠡᠬᠦ᠂ ᠬᠠᠪᠢᠷᠭᠠᠨ ᠤ ᠦᠩᠭᠡ ᠵᠡᠷᠭᠡ ᠠᠴᠠ ᠴᠢᠬᠢᠨ ᠲᠦᠭᠦᠭᠡᠷᠴᠤ ᠤᠶᠤᠭᠠᠳ ᠴᠢᠨᠠᠵᠤ ᠪᠤᠯᠭᠤᠭᠠᠨ ᠬᠠᠭᠤᠷᠤᠭᠰᠠᠨ ᠪᠤᠳᠠᠭᠠᠨ ᠳᠤ ᠪᠠᠨ ᠬᠢᠵᠤ ᠴᠠᠢ ᠶᠢᠨ ᠬᠤᠯᠢᠶ᠎ᠠ ᠪᠤᠯᠭᠠᠳᠠᠭ ᠢᠳᠡᠭᠡ ᠪᠤᠯᠬᠤ ᠶᠤᠮ᠃      ᠪᠤᠷᠳᠤᠭᠰᠠᠨ ᠲᠡᠯᠢᠭᠦᠤ᠄      ᠳᠡᠯᠢᠭᠦᠦ ᠶᠢ ᠴᠦ ᠮᠦᠨ ᠪᠤᠷᠳᠤᠵᠤ ᠢᠳᠡᠬᠦ ᠬᠦᠮᠦᠰ ᠪᠠᠶᠢᠳᠠᠭ᠃ ᠲᠡᠷᠡ ᠨᠢ ᠲᠡᠯᠢᠭᠦᠤ ᠪᠠᠨ ᠲᠤᠮᠳᠠᠭᠤᠷ ᠨᠢ ᠵᠦᠰᠦᠵᠤ ᠬᠠᠭᠠᠯᠤᠭᠠᠳ ᠵᠠᠪᠰᠠᠷ ᠲᠤ ᠨᠢ ᠭᠤᠭᠤᠳ᠂ ᠰᠤᠩᠭᠢᠨ᠎ᠠ᠂ ᠲᠠᠭᠠᠨ᠎ᠠ᠂ ᠵᠢᠴᠢ ᠲᠤᠳᠤᠷ᠎ᠠ ᠦᠭᠡᠬᠦ᠂ ᠵᠦᠭᠡᠯᠡᠨ ᠮᠢᠬ᠎ᠠ ᠵᠡᠷᠭᠡ ᠶᠢ ᠵᠢᠭᠠᠬᠠᠨ ᠬᠤᠯᠢᠵᠤ ᠴᠢᠬᠢᠭᠡᠳ ᠤᠶᠤᠨ᠎ᠠ᠂ ᠲᠡᠭᠦᠨ ᠢ ᠪᠠᠨ ᠶᠠᠰᠤᠨ ᠤ ᠱᠦᠯᠦᠨ ᠳᠤ ᠴᠢᠨᠠᠵᠤ ᠪᠤᠯᠭᠤᠭᠠᠳ ᠢᠳᠡᠳᠡᠭ᠃ ᠠᠷᠤ ᠬᠤᠷᠴᠢᠨ ᠳᠤ ᠡᠪᠴᠢᠭᠦᠴᠢᠨ ᠠᠶᠢᠮᠠᠭ ᠵᠡᠷᠭᠡ ᠵᠠᠷᠢᠮ ᠠᠶᠢᠮᠠᠭ ᠤᠨ ᠬᠢᠨ ᠲᠡᠯᠢᠭᠦᠤ ᠶᠢ ᠢᠳᠡᠳᠡᠭ ᠦᠭᠡᠢ ᠵᠠᠩᠰᠢᠯ ᠲᠠᠢ᠃   ᠵᠤᠬᠢᠶᠠᠭᠴᠢ᠄ ᠯᠠᠩᠪᠤᠷᠢᠨᠴᠢᠨ   ᠨᠠᠶᠢᠷᠠᠭᠤᠯᠣᠭᠴᠢ᠄ ᠪᠦᠷᠢᠨᠰᠠᠶᠢᠨ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号