ᠲᠠᠪᠤᠨ ᠬᠤᠰᠢᠭᠤ ᠮᠠᠯ ᠤᠨ ᠨᠡᠷ᠎ᠡ ᠲᠠᠭᠤᠳᠠᠯᠭ᠎ᠠ ᠪᠠ ᠨᠠᠰᠤ ᠵᠢᠯ ᠲᠦᠯᠯᠡᠬᠦ ᠬᠤᠭᠤᠴᠠᠭ᠎ᠠ ᠶᠢ ᠲᠠᠨᠢᠨ ᠲᠤᠭᠳᠠᠭᠠᠬᠤ ᠲᠤᠬᠠᠢ ︵ᠨᠢᠭᠡ︶
ᠨᠡᠶᠢᠲᠡᠯᠡᠭᠰᠡᠨ ᠴᠠᠭ᠄
2016/6/23
       ᠲᠠᠪᠤᠨ ᠬᠤᠰᠢᠭᠤ ᠮᠠᠯ ᠪᠤᠯ ᠲᠠᠯ᠎ᠠ ᠨᠤᠳᠤᠭ ᠤᠨ ᠮᠢᠨᠢ ᠴᠢᠮᠡᠭ᠂ ᠮᠤᠩᠭᠤᠯ ᠬᠦᠮᠤᠨ ᠤ ᠮᠤᠯᠤᠷ ᠡᠷᠳᠡᠨᠢ ᠶᠤᠮ᠃  ᠮᠤᠩᠭᠤᠯ ᠬᠦᠮᠤᠨ ᠲᠠᠪᠤᠨ ᠬᠤᠰᠢᠭᠤ ᠮᠠᠯ ᠳᠠᠭᠠᠨ ᠲᠤᠩ ᠶᠡᠭᠡ ᠬᠠᠶᠢᠷ᠎ᠠ ᠲᠠᠢ ᠪᠠᠶᠢᠳᠠᠭ᠃ ᠮᠠᠯᠴᠢᠨ ᠠᠷᠠᠳ ᠮᠠᠯ ᠤᠨ ᠢᠶᠠᠨ ᠪᠠᠶᠠᠷᠯᠠᠬᠤ᠂ ᠭᠤᠮᠤᠳᠠᠬᠤ᠂ ᠭᠤᠳᠤᠷᠠᠬᠤ᠂ ᠶᠠᠳᠠᠷᠠᠬᠤ᠂ ᠵᠤᠪᠠᠭ᠋ᠤ᠂ ᠡᠪᠡᠳᠬᠦ ᠁   ᠶᠢ ᠠᠳᠡᠳᠡᠭ ᠦᠬᠡᠢ ᠪᠦᠭᠡᠳ ᠡᠩ ᠤᠨ ᠦᠶ᠎ᠡ ᠳᠤ ᠴᠦ ᠦᠷᠭᠦᠯᠵᠢ ᠠᠩᠬᠠᠷᠴᠦ ᠪᠠᠶᠢᠳᠠᠭ ᠶᠤᠮ᠃ ᠮᠤᠩᠭᠤᠯᠴᠤᠳ  ᠠᠯᠢ ᠡᠷᠳᠡᠨ ᠠᠴᠠ ᠠᠪᠤᠭᠠᠳ ᠮᠠᠯ ᠰᠦᠷᠦᠭ ᠢᠶᠠᠨ ᠦᠨᠢᠷ ᠦᠰᠭᠡᠬᠦ ᠶᠠᠪᠤᠴᠠ ᠳᠤ ᠪᠠᠨ ᠲᠠᠪᠤᠨ ᠬᠤᠰᠢᠭᠤ ᠮᠠᠯ ᠤᠨ ᠬᠦᠢᠰᠤ ᠪᠠᠷ ᠨᠢ ᠮᠠᠯ ᠰᠦᠷᠦᠭ ᠢᠶᠠᠨ ᠢᠯᠭᠠᠨ ᠨᠡᠷᠡᠯᠡᠳᠡᠭ ᠪᠦᠭᠡᠳ ᠮᠠᠯ ᠤᠨ ᠰᠢᠳᠤ ᠪᠠᠷ ᠮᠠᠯ ᠤᠨ ᠨᠠᠰᠤ ᠵᠢᠯ ᠢ ᠨᠡᠷᠡᠯᠡᠨ ᠲᠤᠳᠤᠯᠠᠳᠠᠭ᠂ ᠡᠳᠡᠭᠡᠷ ᠨᠡᠷᠡᠶᠢᠳᠤᠯ ᠲᠠᠭᠤᠳᠠᠯᠭ᠎ᠠ ᠨᠢ ᠮᠠᠯ ᠤᠨ ᠡᠷ᠎ᠡ ᠡᠮ᠎ᠡ ᠶᠢᠨ ᠢᠯᠭᠠᠯ᠂ ᠨᠠᠰᠤ ᠵᠢᠯ ᠤᠨ ᠢᠯᠭᠠᠯ᠂ ᠡᠬᠡ ᠲᠦᠯ ᠤᠨ ᠢᠯᠭᠠᠯ ᠭᠡᠵᠦ ᠤᠯᠠᠨ ᠲᠠᠯ᠎ᠠ ᠪᠠᠷ ᠲᠤᠳᠤᠷᠬᠠᠢ ᠢᠯᠭᠠᠷᠠᠵᠤ ᠪᠠᠶᠢᠳᠠᠭ᠃                                   ᠨᠢᠭᠡ᠂  ᠲᠠᠪᠤᠨ ᠬᠤᠰᠢᠭᠤ ᠮᠠᠯ ᠤᠨ ᠨᠡᠷᠡᠶᠢᠳᠤᠯ ᠲᠠᠭᠤᠳᠠᠯᠭ᠎ᠠ ᠶᠢᠨ ᠲᠤᠬᠠᠢ        ︵ᠨᠢᠭᠡ︶  ᠠᠳᠤᠭᠤ ᠶᠢᠨ ᠨᠡᠷᠡᠶᠢᠳᠤᠯ        ᠮᠤᠩᠭᠤᠯᠴᠤᠳ᠂ ᠨᠢᠭᠡ ᠨᠠᠰᠤᠳᠠᠢ ᠮᠤᠷᠢ ᠶᠢ ︽ᠤᠨᠠᠭ᠎ᠠ︾ ᠭᠡᠵᠦ ᠬᠤᠶᠠᠷ ᠨᠠᠰᠤᠳᠠᠢ ᠶᠢ ᠨᠢ ︽ᠲᠠᠭ᠎ᠠ︾ ᠭᠡᠳᠡᠭ᠂ ᠵᠠᠷᠢᠮ ᠭᠠᠵᠠᠷ ᠤᠷᠤᠨ ᠳᠤ  ︽ᠰᠠᠷᠪᠠ ᠲᠠᠭ᠎ᠠ︾ ᠭᠡᠳᠡᠭ ᠴᠦ ᠪᠤᠢ︔ ᠭᠤᠷᠪᠠᠨ ᠨᠠᠰᠤᠯᠠᠭᠰᠠᠨ ᠢ ᠨᠢ  ︽ᠰᠢᠳᠤᠯᠠᠩ︾ ᠭᠡᠵᠦ᠂ ᠡᠷ᠎ᠡ ᠬᠦᠢᠰᠤ ᠲᠠᠢ ᠶᠢ ᠨᠢ ︽ᠦᠷᠢᠶ᠎ᠡ︾ ᠭᠡᠵᠦ᠂ ᠡᠮ᠎ᠡ ᠬᠦᠢᠰᠤ ᠲᠠᠢ ᠶᠢ ᠨᠢ ︽ᠪᠠᠶᠢᠳᠠᠰᠤ ︾ ᠭᠡᠳᠡᠭ᠃ ᠲᠦᠷᠪᠡᠨ ᠨᠠᠰᠤᠯᠠᠭᠰᠠᠨ ᠢ ᠨᠢ ︽ᠬᠢᠵᠠᠯᠠᠩ︾ ᠭᠡᠵᠦ᠂ ᠲᠠᠪᠤᠨ ᠨᠠᠰᠤᠯᠠᠭᠰᠠᠨ ᠢ ᠨᠢ ︽ ᠰᠤᠶᠤᠯᠠᠩ︾ ᠭᠡᠳᠡᠭ᠃ ᠲᠠᠪᠤᠨ ᠨᠠᠰᠤᠨ ᠠᠴᠠ ᠲᠡᠭᠡᠭᠰᠢᠬᠢ ᠡᠷ᠎ᠡ ᠬᠦᠢᠰᠤ ᠲᠠᠢ᠂ ᠦᠷᠡᠵᠢᠯ ᠤᠨ ᠡᠷᠬᠡᠳᠡᠨ ᠢ ᠨᠢ ᠲᠠᠰᠤᠯᠠᠭᠰᠠᠨ᠂ ᠦᠭᠡᠷ᠎ᠡ ᠪᠠᠷ ᠬᠡᠯᠡᠪᠡᠯ ᠡᠰᠬᠡᠭᠰᠡᠨ᠂ ᠬᠠᠭᠠᠷᠢᠭᠰᠠᠨ᠂ ᠴᠠᠭᠠᠯᠠᠭᠰᠠᠨ ᠮᠤᠷᠢ ᠶᠢ ᠶᠡᠷᠤᠩᠭᠡᠢ ᠳᠡᠭᠡᠨ  ︽ᠠᠭᠳᠠ ᠮᠤᠷᠢ︾ ᠭᠡᠵᠦ᠂ ᠲᠠᠪᠤᠨ ᠨᠠᠰᠤᠨ ᠠᠴᠠ ᠲᠡᠭᠡᠭᠰᠢᠬᠢ ᠡᠮ᠎ᠡ ᠬᠦᠢᠰᠤ ᠲᠠᠢ ᠮᠤᠷᠢ ᠶᠢ ᠶᠡᠷᠦᠩᠭᠡᠢ ᠳᠤᠨᠢ ︽ᠭᠡᠬᠦᠤ︾ ᠭᠡᠵᠦ  ᠂ ᠲᠠᠪᠤᠨ ᠨᠠᠰᠤᠨ ᠠᠴᠠ ᠲᠡᠭᠡᠭᠰᠢᠬᠢ ᠲᠠᠯ ᠢ ᠨᠢ ᠬᠢᠷᠭᠠᠭᠰᠠᠨ ᠦᠬᠡᠢ᠂  ᠦᠷᠢᠶ᠎ᠡ ︵ᠬᠢᠵᠠᠯᠠᠩ︶ ᠲᠡᠭᠡᠷ᠎ᠡ ᠨᠢ ᠦᠷᠡᠵᠢᠯ ᠤᠨ ᠡᠷᠬᠡᠳᠡᠨ ᠢ ᠨᠢ ᠲᠠᠰᠤᠯᠠᠭᠰᠠᠨ ᠦᠬᠡᠢ ᠮᠤᠷᠢ ᠶᠢ ᠶᠡᠷᠦᠩᠭᠡᠢ ᠳᠤᠨᠢ ︽ᠠᠵᠢᠷᠭ᠎ᠠ︾ ᠭᠡᠳᠡᠭ ᠶᠤᠮ᠃        ︵ᠬᠤᠶᠠᠷ︶  ᠦᠬᠡᠷ ᠤᠨ ᠨᠡᠷᠡᠶᠢᠳᠤᠯ        ᠨᠢᠭᠡ ᠨᠠᠰᠤᠨ ᠤ ᠲᠦᠯ ᠮᠠᠯ ᠢ ︽ᠲᠤᠭᠤᠯ︾ ᠭᠡᠵᠦ᠂ ᠬᠤᠶᠠᠷ ᠨᠠᠰᠤᠯᠠᠭᠰᠠᠨ ᠢ ᠨᠢ  ︽ᠪᠢᠷᠠᠭᠤ︾ ᠭᠡᠳᠡᠭ᠂ ᠪᠠᠰᠠ ᠵᠠᠷᠢᠮ ᠭᠠᠵᠠᠷ ᠤᠷᠤᠨ ᠳᠤ ᠲᠦᠭᠳᠤᠭᠡᠷ ᠪᠤᠶᠤ ᠪᠤᠭᠤᠯᠳᠤᠷᠭ᠎ᠠ ᠭᠡᠳᠡᠭ︔ ᠭᠤᠷᠪᠠ ᠨᠠᠰᠤᠯᠠᠭᠰᠠᠨ ᠢ  ᠨᠢ ︽ᠰᠢᠳᠤᠯᠡᠩ︾ ᠭᠡᠵᠦ᠂ ᠡᠷ᠎ᠡ ᠬᠦᠢᠰᠤ ᠲᠠᠢ ᠶᠢ ᠨᠢ ︽ᠭᠤᠨ᠎ᠠ︾ ᠭᠡᠵᠦ᠂ ᠡᠮ᠎ᠡ ᠬᠦᠢᠰᠤ ᠲᠠᠢ ᠶᠢ ᠨᠢ ︽ᠭᠤᠨᠵᠢ︾ ᠭᠡᠳᠡᠭ᠂ ᠲᠦᠷᠪᠡᠨ ᠨᠠᠰᠤᠯᠠᠭᠰᠠᠨ ᠢ ᠨᠢ ︽ᠬᠢᠵᠠᠯᠠᠩ︾ ᠭᠡᠵᠦ᠂ ᠡᠷ᠎ᠡ ᠬᠦᠢᠰᠤ ᠲᠠᠢ ᠶᠢ ᠨᠢ ︽ᠲᠦᠨ᠎ᠡ ︾ ᠭᠡᠵᠦ᠂ ᠡᠮ᠎ᠡ ᠬᠦᠢᠰᠤ ᠲᠠᠢ ᠶᠢ ᠨᠢ ︽ᠲᠦᠨᠵᠢ︾ ᠭᠡᠳᠡᠭ᠃ ᠲᠠᠪᠤᠨ ᠨᠠᠰᠤᠯᠠᠭᠰᠠᠨ ᠢ ᠨᠢ ︽ᠰᠤᠶᠤᠯᠠᠩ︾ ᠭᠡᠳᠡᠭ᠃ ᠲᠠᠪᠤᠨ ᠨᠠᠰᠤᠨ ᠠᠴᠠ ᠲᠡᠭᠡᠭᠰᠢᠬᠢ ᠦᠷᠡᠵᠢᠯ ᠤᠨ ᠡᠷᠬᠡᠳᠡᠨ ᠢ ᠨᠢ ᠡᠰᠬᠡᠭᠰᠡᠨ᠂ ᠦᠭᠡᠷ᠎ᠡ ᠪᠠᠷ ᠬᠡᠯᠡᠪᠡᠯ ᠦᠷ᠎ᠡ ᠶᠢᠨ ᠰᠤᠪᠠᠭ ᠢ ᠨᠢ ᠲᠠᠰᠤᠯᠠᠭᠰᠠᠨ ᠦᠬᠡᠷ ᠢ ᠪᠤᠯ ︽ᠱᠠᠷ︾ ᠭᠡᠳᠡᠭ᠂ ᠡᠶᠢᠮᠤ ᠱᠠᠷ ᠢ ᠤᠯᠠᠩᠬᠢ ᠳᠠᠭᠠᠨ ᠠᠷᠠᠯᠳᠤ ᠦᠬᠡᠷ ᠲᠡᠷᠭᠡ — ᠬᠠᠰᠠᠭ ᠲᠡᠷᠭᠡᠨ ᠳᠤ ᠬᠦᠯᠤᠳᠡᠭ ᠲᠤᠯᠠ ᠪᠠᠰᠠ ︽ᠠᠷᠠᠯ ᠤᠨ ᠱᠠᠷ  ︾ ᠭᠡᠳᠡᠭ ᠶᠤᠮ ᠃ ᠲᠠᠪᠤᠨ ᠨᠠᠰᠤᠨ ᠠᠴᠠ ᠲᠡᠭᠡᠭᠰᠢ ᠡᠮ᠎ᠡ ᠬᠦᠢᠰᠤ ᠲᠠᠢ ᠶᠢ ᠨᠢ ᠶᠡᠷᠦᠩᠭᠡᠢ ᠳᠡᠭᠡᠨ ︽ᠦᠨᠢᠶ᠎ᠡ︾ ᠭᠡᠵᠦ᠂ ᠲᠠᠪᠤᠨ ᠨᠠᠰᠤᠨ ᠠᠴᠠ ᠲᠡᠭᠡᠭᠰᠢᠬᠢ ᠪᠢᠷᠠᠭᠤ ᠲᠡᠭᠡᠷ᠎ᠡ ᠨᠢ ᠦᠷ᠎ᠡ ᠶᠢᠨ ᠰᠤᠪᠠᠭ ᠢ ᠨᠢ ᠲᠠᠰᠤᠯᠠᠭᠰᠠᠨ ᠦᠬᠡᠢ ᠶᠢ ᠨᠢ ᠶᠡᠷᠦᠩᠬᠡᠢ  ᠳᠡᠭᠡᠨ ᠪᠦᠷ ︽ᠪᠤᠬ᠎ᠠ︾ ᠭᠡᠳᠡᠭ᠃       ︵ᠭᠤᠷᠪᠠ︶   ᠲᠡᠮᠡᠭᠡ ᠶᠢᠨ ᠨᠡᠷᠡᠶᠢᠳᠤᠯ       ᠨᠢᠭᠡ ᠨᠠᠰᠤᠨ ᠤ ᠲᠡᠮᠡᠭᠡ ᠶᠢ  ︽ᠪᠤᠲᠤᠭᠤ︾ ᠭᠡᠵᠦ᠂ ᠬᠤᠶᠡᠷ ᠨᠠᠰᠤᠳᠠᠢ ᠶᠢ ᠨᠢ ︽ᠰᠠᠷᠪᠠᠭᠠᠨ ᠲᠤᠷᠤᠮ ᠪᠤᠶᠤ ᠲᠤᠷᠤᠮ︾ ᠭᠡᠳᠡᠭ᠂ ᠭᠤᠷᠪᠠᠨ ᠨᠠᠰᠤ ᠲᠠᠢ ᠶᠢ ᠨᠢ ︽ᠰᠤᠷᠭ᠎ᠠ︾ ᠭᠡᠵᠦ᠂ ᠡᠷ᠎ᠡ ᠬᠦᠢᠰᠤ ᠲᠠᠢ ᠶᠢ ᠨᠢ ︽ᠭᠤᠨ᠎ᠠ︾ ᠭᠡᠵᠦ᠂ ᠡᠮ᠎ᠡ ᠬᠦᠢᠰᠤ ᠲᠠᠢ ᠶᠢ ᠨᠢ ︽ᠭᠤᠨᠵᠢ︾ ᠭᠡᠳᠡᠭ᠃ ᠲᠦᠷᠪᠡᠨ ᠨᠠᠰᠤᠳᠠᠢ ᠶᠢ ᠨᠢ ︽ᠰᠤᠷᠭ᠎ᠠ  ᠶᠢᠨ ᠠᠬ᠎ᠠ︾ ᠭᠡᠵᠦ᠂ ᠡᠷ᠎ᠡ ᠬᠦᠢᠰᠤ ᠲᠠᠢ ᠶᠢ ᠨᠢ ︽ᠲᠦᠨ᠎ᠡ︾ ᠭᠡᠵᠦ᠂ ᠡᠮ᠎ᠡ ᠬᠦᠢᠰᠤ ᠲᠠᠢ ᠶᠢ ᠨᠢ ︽ᠲᠦᠨᠵᠢ︾ ᠭᠡᠳᠡᠭ᠃ ᠲᠠᠪᠤᠨ ᠨᠠᠰᠤᠯᠠᠭᠰᠠᠨ ᠡᠷ᠎ᠡ ᠬᠦᠢᠰᠤ ᠲᠠᠢ ᠶᠢ ᠨᠢ ︽ᠲᠠᠶᠢᠯᠤᠭ︾ ᠭᠡᠵᠦ᠂ ᠡᠮ᠎ᠡ ᠬᠦᠢᠰᠤ ᠲᠠᠢ ᠶᠢ ᠨᠢ ︽ᠢᠩᠬᠡ︾ ᠭᠡᠳᠡᠭ᠃ ᠲᠠᠪᠤᠨ ᠨᠠᠰᠤᠨ ᠠᠴᠠ ᠲᠡᠭᠡᠭᠰᠢᠬᠢ ᠦᠷ᠎ᠡ ᠶᠢᠨ ᠰᠤᠪᠠᠭ ᠢ ᠨᠢ ᠲᠠᠰᠤᠯᠠᠭᠰᠠᠨ ᠢ ᠨᠢ ︽ᠠᠳᠠ ᠪᠤᠶᠤ ᠠᠳᠠᠨ ᠲᠡᠮᠡᠭᠡ︾ ᠭᠡᠵᠦ᠂ ᠪᠠᠭ᠎ᠠ ᠪᠠᠶᠢᠬᠤ ᠳᠤᠨᠢ ᠦᠷ᠎ᠡ ᠶᠢᠨ ᠰᠤᠪᠠᠭ ᠢ ᠨᠢ ᠲᠠᠰᠤᠯᠠᠭᠰᠠᠨ ᠦᠬᠡᠢ ᠶᠢ  ᠨᠢ ᠶᠡᠷᠦᠩᠭᠡᠢ ᠳᠤᠨᠢ ︽ᠪᠤᠤᠷ᠎ᠠ︾ ᠭᠡᠳᠡᠭ ᠶᠤᠮ᠃        ︵ᠲᠦᠷᠪᠡ︶   ᠬᠤᠨᠢ ᠶᠢᠨ ᠨᠡᠷᠡᠶᠢᠳᠤᠯ        ᠨᠢᠭᠡ ᠨᠠᠰᠤᠨ ᠤ ᠲᠦᠯ ᠢ ︽ᠬᠤᠷᠠᠭ᠎ᠠ︾ ᠭᠡᠵᠦ᠂ ᠬᠤᠶᠠᠷ ᠨᠠᠰᠤᠨ ᠤ ᠬᠢ ᠨᠢ ︽ᠲᠦᠯᠦᠭᠡ ᠰᠢᠳᠤᠯᠡᠩ︾ ᠭᠡᠳᠡᠭ᠃ ᠭᠤᠷᠪᠠᠨ ᠨᠠᠰᠤᠳᠠᠢ ᠶᠢ ᠨᠢ ︽ᠬᠢᠵᠢᠶᠠᠯᠠᠩ︾ ᠭᠡᠵᠦ᠂ ᠡᠮ᠎ᠡ ᠬᠤᠨᠢ ᠶᠢ ᠪᠠᠰᠠ ︽ᠵᠤᠰᠠᠭ︾ ᠭᠡᠳᠡᠭ᠃ ᠲᠦᠷᠪᠡᠨ ᠨᠠᠰᠤᠯᠠᠭᠰᠠᠨ ᠢ ᠨᠢ ︽ᠰᠤᠶᠤᠯᠠᠩ︾ ᠭᠡᠵᠦ᠂ ᠲᠦᠷᠪᠡᠨ ᠨᠠᠰᠤᠨ ᠤ ᠡᠮ᠎ᠡ ᠬᠤᠨᠢ ᠶᠢ ᠪᠠᠰᠠ ︽ᠰᠠᠬᠠᠯᠢ︾ ᠭᠡᠳᠡᠭ︔ ᠲᠠᠪᠤᠨ ᠨᠠᠰᠤᠯᠠᠭᠰᠠᠨ ᠢ ᠨᠢ ᠡᠷ᠎ᠡ ᠬᠦᠢᠰᠤ ᠲᠠᠢ ᠶᠢ ᠨᠢ ︽ᠢᠷᠭᠡ︾ ᠭᠡᠵᠦ᠂ ᠡᠮ᠎ᠡ ᠬᠦᠢᠰᠤ ᠲᠠᠢ ᠶᠢ  ᠨᠢ ︽ᠡᠮ᠎ᠡ ᠬᠤᠨᠢ︾ ᠭᠡᠳᠡᠭ᠃ ᠲᠠᠪᠤᠨ ᠨᠠᠰᠤᠨ ᠠᠴᠠ ᠲᠡᠭᠡᠭᠰᠢᠬᠢ ᠴᠢᠮᠬᠢᠭᠰᠡᠨ ᠢ ᠨᠢ ︽ᠢᠷᠭᠡ︾ ᠪᠤᠶᠤ ︽ᠡᠷ᠎ᠡ ᠬᠤᠨᠢ︾ ᠭᠡᠵᠦ᠂ ᠬᠤᠷᠠᠭ᠎ᠠ ᠲᠡᠭᠡᠷ᠎ᠡ ᠨᠢ ᠴᠢᠮᠬᠢᠭᠰᠡᠨ ᠦᠬᠡᠢ ᠦᠷᠡᠰ ᠮᠠᠯ ᠢᠶᠠᠷ ᠦᠯᠡᠳᠡᠭᠡᠭᠰᠡᠨ ᠢ ᠨᠢ ︽ᠬᠤᠴᠠ︾ ᠭᠡᠵᠦ᠂ ᠲᠠᠪᠤᠨ ᠨᠠᠰᠤᠨ ᠠᠴᠠ ᠲᠠᠭᠡᠭᠰᠢᠬᠢ ᠡᠮ᠎ᠡ ᠬᠦᠢᠰᠤ ᠲᠠᠢ ᠶᠢ ᠨᠢ ᠨᠡᠶᠢᠳᠡᠮ ᠳᠤᠨᠢ ︽ᠡᠮ᠎ᠡ ᠬᠤᠨᠢ︾ ᠭᠡᠵᠦ  ᠨᠡᠷᠡᠯᠡᠵᠤ ᠲᠠᠭᠤᠳᠠᠳᠠᠭ ᠵᠠᠩᠰᠢᠯ ᠲᠠᠢ ᠪᠠᠶᠢᠳᠠᠭ ᠶᠤᠮ᠃        ︵ᠲᠠᠪᠤ︶   ᠢᠮᠠᠭ᠎ᠠ ᠶᠢᠨ ᠨᠡᠷᠡᠶᠢᠳᠤᠯ        ᠨᠢᠭᠡ ᠨᠠᠰᠤᠨ ᠤ ᠲᠦᠯ ᠢ ︽ᠢᠰᠢᠭᠡ ᠪᠤᠶᠤ ᠦᠨᠡᠭᠡ︾ ︵ᠬᠤᠷᠴᠢᠨ ᠳᠤ ᠣᠯᠠᠩᠬᠢ ᠨᠢ ᠦᠨᠡᠭᠡ ᠭᠡᠵᠦ ᠨᠡᠷᠡᠯᠡᠨ ᠲᠠᠭᠤᠳᠠᠳᠠᠭ︶ ᠭᠡᠳᠡᠭ᠂ ᠬᠤᠶᠠᠷ ᠨᠠᠰᠤᠨ ᠤ ᠬᠢ ᠨᠢ ︽ᠪᠤᠷᠯᠤᠩ ᠰᠢᠳᠤᠯᠠᠩ︾ ᠭᠡᠵᠦ᠂ ᠭᠤᠷᠪᠠᠨ ᠨᠠᠰᠤᠯᠠᠭᠰᠠᠨ ᠢ ᠨᠢ ︽ᠬᠢᠵᠠᠯᠠᠩ︾ ᠭᠡᠵᠦ᠂ ᠭᠤᠷᠪᠠᠨ ᠨᠠᠰᠤᠨ ᠤ ᠡᠮ᠎ᠡ ᠢᠮᠠᠭ᠎ᠠ ᠶᠢ ᠪᠠᠰᠠ ︽ᠵᠤᠰᠠᠭ ᠢᠮᠠᠭ᠎ᠠ︾ ᠭᠡᠳᠡᠭ᠃ ᠲᠦᠷᠪᠡ ᠨᠠᠰᠤᠯᠠᠭᠰᠠᠨ ᠢ ᠨᠢ ︽ᠰᠤᠶᠤᠯᠠᠩ︾ ᠭᠡᠵᠦ᠂ ᠪᠠᠰᠠ ᠵᠠᠷᠢᠮ ᠨᠢ ᠡᠮ᠎ᠡ ᠢᠮᠠᠭ᠎ᠠ ᠶᠢ ︽ᠰᠠᠬᠠᠯᠢ ᠢᠮᠠᠭ᠎ᠠ︾ ︵ᠵᠠᠷᠢᠮ ᠨᠤᠮ ᠲᠠᠪᠳᠡᠷ ᠲᠡᠭᠡᠷ᠎ᠡ ᠰᠠᠭᠠᠯᠢ ᠢᠮᠠᠭ᠎ᠠ ᠭᠡᠵᠦ ᠪᠢᠴᠢᠵᠦ ᠪᠤᠢ — ᠪᠢᠴᠢᠭᠴᠢ︶ ᠭᠡᠳᠡᠭ᠃ ᠲᠠᠪᠤᠨ ᠨᠠᠰᠤᠳᠠᠢ ᠶᠢ ᠨᠢ ᠡᠷ᠎ᠡ ᠶᠢ ᠨᠢ ︽ᠰᠡᠷᠭᠡ︾ ᠭᠡᠵᠦ᠂ ᠡᠮ᠎ᠡ ᠶᠢ ᠨᠢ ︽ᠡᠮ᠎ᠡ ᠢᠮᠠᠭ᠎ᠠ︾ ᠭᠡᠳᠡᠭ  ᠃ ᠲᠠᠪᠤᠨ ᠨᠠᠰᠤᠨ ᠠᠴᠠ ᠲᠡᠭᠡᠭᠰᠢᠬᠢ ︽ᠬᠦᠩᠭᠡᠯᠡᠭᠰᠡᠨ ᠡᠷ᠎ᠡ ᠢᠮᠠᠭ᠎ᠠ︾ ᠶᠢ ︽ᠰᠡᠷᠭᠡ︾ ᠭᠡᠵᠦ᠂ ᠬᠦᠩᠭᠡᠯᠡᠭᠰᠡᠨ ᠦᠬᠡᠢ ᠡᠷ᠎ᠡ ᠢᠮᠠᠭ᠎ᠠ ᠶᠢ ᠨᠢ ︽ᠲᠡᠭᠡ ᠪᠤᠶᠤ ᠤᠬᠤᠨ᠎ᠠ︾ ᠭᠡᠳᠡᠭ᠃ ᠲᠡᠪᠤᠨ ᠨᠠᠰᠤᠨ ᠠᠴᠠ  ᠲᠡᠭᠡᠭᠰᠢᠬᠢ ᠨᠠᠰᠤ ᠭᠦᠢᠴᠡᠭᠰᠡᠨ ᠡᠮ᠎ᠡ ᠢᠮᠠᠭ᠎ᠠ ᠶᠢ ᠶᠡᠷᠦᠩᠭᠡᠢ ᠳᠤᠨᠢ ︽ᠡᠮ᠎ᠡ ᠢᠮᠠᠭ᠎ᠠ︾ ᠭᠡᠳᠡᠭ ᠶᠤᠮ᠃        ᠮᠤᠩᠭᠤᠯᠴᠤᠳ᠂ ᠮᠠᠯ ᠤᠨ ᠨᠠᠰᠤ ᠶᠢ ᠶᠡᠷᠤᠳᠡᠭᠡᠨ ᠢᠯᠡᠭᠦᠤ ᠨᠢᠭᠡ ᠨᠠᠰᠤ ᠲᠤᠭᠠᠯᠠᠳᠠᠭ ᠵᠠᠩᠰᠢᠯ ᠲᠠᠢ ᠤᠴᠢᠷ ᠠᠴᠠ ᠡᠬᠡ ᠠᠴᠠ ᠪᠠᠨ ᠲᠦᠷᠦᠮᠡᠭᠴᠡ ︽ᠨᠢᠭᠡ ᠨᠠᠰᠤᠳᠠᠢ︾ ᠭᠡᠳᠡᠭ᠂ ᠰᠢᠨ᠎ᠡ ᠨᠢᠭᠡ ᠵᠢᠯ ᠲᠤᠭᠠᠯᠠᠯ ᠡᠬᠢᠯᠡᠮᠡᠭᠴᠡ ︽ᠬᠤᠶᠠᠷ ᠨᠠᠰᠤᠳᠠᠢ︾ ᠭᠡᠳᠡᠭ᠃ ᠠᠳᠡ ᠲᠡᠮᠳᠡᠭᠯᠡᠵᠦ ᠪᠠᠶᠢᠭ᠎ᠠ ᠰᠠᠷᠪᠠ᠂ ᠪᠤᠭᠤᠯᠳᠤᠷᠭ᠎ᠠ ︵ᠲᠦᠭᠳᠤᠭᠦᠷ︶᠂ ᠰᠢᠷᠪᠠᠭᠠᠨ ᠲᠤᠷᠤᠮ᠂ ᠲᠦᠯᠦᠭᠡ᠂ ᠪᠤᠷᠯᠤᠩ ᠵᠡᠷᠭᠡ ᠪᠤᠯ ᠪᠦᠷ ᠪᠦᠬᠦᠯᠢ ᠨᠠᠰᠤ ᠭᠦᠢᠴᠡᠭᠡ ᠦᠬᠡᠢ ᠲᠦᠯ ᠮᠠᠯ ᠢ ᠬᠡᠯᠡᠭᠰᠡᠨ ᠪᠠᠶᠢᠳᠠᠭ①᠃         ᠵᠡᠭᠦᠯᠳᠡ᠄        ① ︽ᠮᠤᠩᠭᠤᠯ ᠤᠨ ᠵᠠᠩ ᠠᠭᠠᠯᠢ ᠶᠢᠨ ᠲᠤᠶᠢᠮᠤ︾ ᠭᠡᠬᠦ ᠨᠤᠮ ᠤᠨ 255 ᠳ᠋ᠤᠭᠠᠷ ᠨᠢᠭᠤᠷ ᠲᠤ   ᠵᠣᠬᠢᠶᠠᠭᠴᠢ᠄ ᠤ᠂ ᠲᠡᠮᠤᠷᠭᠤᠤᠯᠳᠤ         ᠨᠠᠶᠢᠷᠠᠭᠤᠯᠣᠭᠴᠢ᠄ ᠴ᠊ · ᠰᠠᠷᠠᠭᠤᠯ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号