ᠲᠠᠪᠤᠨ ᠬᠤᠰᠢᠭᠤ ᠮᠠᠯ ᠤᠨ ᠨᠡᠷ᠎ᠡ ᠲᠠᠭᠤᠳᠠᠯᠭ᠎ᠠ ᠪᠠ ᠨᠠᠰᠤ ᠵᠢᠯ ᠲᠦᠯᠯᠡᠬᠦ ᠬᠤᠭᠤᠴᠠᠭ᠎ᠠ ᠶᠢ ᠲᠠᠨᠢᠨ ᠲᠤᠭᠳᠠᠭᠠᠬᠤ ᠲᠤᠬᠠᠢ ︵ᠬᠤᠶᠠᠷ︶
ᠨᠡᠶᠢᠲᠡᠯᠡᠭᠰᠡᠨ ᠴᠠᠭ᠄
2016/6/24
       ᠬᠤᠶᠠᠷ᠂ ᠮᠠᠯ ᠤᠨ ᠨᠠᠰᠤ ᠶᠢ ᠰᠢᠨᠵᠢᠬᠦ ᠲᠤᠬᠠᠢ        ᠮᠤᠩᠭᠤᠯᠴᠤᠳ᠂ ᠲᠡᠤᠬᠡ ᠶᠢᠨ ᠤᠷᠳᠤ ᠤᠳᠠᠭᠠᠨ ᠮᠠᠯ ᠠᠵᠦ ᠠᠬᠤᠢ ᠡᠷᠬᠢᠯᠡᠬᠦ ᠠᠵᠢᠯ ᠤᠶᠢᠯᠡᠳᠪᠤᠷᠢᠯᠡᠯ  ᠤᠨ ᠲᠤᠮᠳᠠ᠂ ᠮᠠᠯ ᠤᠨ ᠨᠠᠰᠤ ᠵᠢᠯ ᠢ ᠲᠤᠭᠠᠯᠠᠵᠦ ᠮᠡᠳᠡᠬᠦ ᠠᠷᠭ᠎ᠠ ᠮᠡᠷᠭᠡᠵᠢᠯ ᠢ ᠤᠶᠢᠯᠠᠭᠠᠨ ᠡᠵᠡᠮᠰᠢᠵᠦ᠂ ᠶᠠᠮᠠᠷ ᠲᠦᠷᠦᠯ ᠤᠨ ᠮᠠᠯ ᠬᠡᠳᠤᠢ ᠨᠠᠰᠤᠯᠠᠬᠤ᠂ ᠲᠡᠭᠦᠨ ᠤ ᠲᠦᠯᠯᠡᠬᠦ ᠨᠠᠰᠤ᠂ ᠡᠳ᠋ᠯᠡᠯ ᠬᠡᠷᠡᠭᠯᠡᠭᠡᠨ ᠤ ᠨᠠᠰᠤ᠂ ᠰᠠᠭᠠᠯᠢ ᠶᠢᠨ ᠨᠠᠰᠤ ᠵᠡᠷᠭᠡ ᠵᠢᠮ᠎ᠡ ᠶᠤᠰᠤ ᠶᠢ ᠨᠠᠷᠢᠨ ᠠᠵᠢᠭᠯᠠᠵᠦ ᠡᠵᠡᠮᠰᠢᠭᠰᠡᠨ ᠪᠠᠶᠢᠳᠠᠭ᠃ ᠮᠠᠯ ᠢ ᠭᠠᠳᠠᠷ ᠲᠠᠯ᠎ᠠ ᠠᠴᠠ ᠨᠢ ᠦᠵᠡᠭᠡᠳ ᠨᠠᠰᠤ ᠶᠢ ᠨᠢ ᠢᠯᠭᠠᠬᠤ ᠳᠤ ᠬᠦᠴᠢᠷᠳᠠᠢ ᠲᠤᠯᠠ ᠰᠢᠳᠤ ᠶᠢ ᠨᠢ ᠰᠢᠨᠵᠢᠨ ᠦᠵᠡᠵᠦ ᠪᠠᠶᠢᠮᠠᠨ ᠨᠠᠰᠤ ᠵᠢᠯ ᠢ  ᠨᠢ ᠵᠦᠪ ᠤᠨᠤᠪᠴᠢᠳᠠᠢ ᠲᠤᠭᠳᠠᠭᠠᠵᠦ ᠴᠢᠳᠠᠳᠠᠭ ᠪᠢᠯᠠ᠃        ︵ᠨᠢᠭᠡ︶   ᠮᠠᠯ ᠤᠨ ᠨᠠᠰᠤᠨ ᠤ ᠬᠡᠮᠵᠢᠶ᠎ᠡ        ᠲᠠᠪᠤᠨ ᠬᠤᠰᠢᠭᠤ ᠮᠠᠯ ᠴᠤᠬᠤᠮ ᠬᠡᠳᠤᠢ ᠨᠠᠰᠤᠯᠠᠳᠠᠭ ᠪᠤᠢ ᠭᠡᠳᠡᠭ ᠢ ᠮᠠᠯᠴᠢᠳ᠂ ᠤᠷᠳᠤ ᠬᠤᠭᠤᠴᠠᠭᠠᠨ  ᠤ ᠮᠠᠯᠵᠢᠬᠤ ᠤᠶᠢᠯᠡᠳᠪᠤᠷᠢᠯᠡᠯ ᠤᠨ ᠠᠵᠢᠭᠯᠠᠯᠳᠠ ᠲᠤᠷᠰᠢᠯᠭ᠎ᠠ ᠪᠠᠷ ᠲᠠᠮᠵᠢᠵᠦ ᠤᠶᠢᠯᠠᠭᠠᠨ ᠮᠡᠳᠡᠵᠦ ᠠᠪᠤᠭᠰᠠᠨ ᠶᠤᠮ ᠃ ᠨᠤᠳᠤᠭ ᠤᠨ ᠬᠠᠰᠢᠷ ᠮᠠᠯᠴᠢᠳ ᠤᠨ ᠬᠠᠭᠤᠴᠢᠯᠠᠬᠤ ᠪᠠᠷ ᠲᠠᠪᠤᠨ ᠬᠤᠰᠢᠭᠤ ᠮᠠᠯ ᠤᠨ ᠲᠤᠳᠤᠷ᠎ᠠ ᠬᠠᠮᠤᠭ ᠤᠨ ᠤᠷᠳᠤ ᠨᠠᠰᠤᠯᠠᠳᠠᠭ ᠨᠢ ᠲᠡᠮᠡᠭᠡ᠂ ᠬᠠᠮᠤᠭ ᠤᠨ ᠤᠬᠤᠷ ᠨᠠᠰᠤᠳᠠᠢ ᠨᠢ ᠬᠤᠨᠢ ᠭᠡᠵᠦ ᠬᠡᠯᠡᠵᠦ ᠶᠠᠷᠢᠳᠠᠭ ᠪᠢᠯᠠ᠃ ᠪᠤᠭ ᠮᠠᠯ ᠤᠨ ᠲᠤᠳᠤᠷ᠎ᠠ ᠬᠤᠨᠢ ᠶᠢ ᠢᠮᠠᠭᠠᠨ ᠳᠤ ᠪᠠᠰᠠ ᠠᠷᠠᠢ ᠬᠦᠷᠬᠦ ᠦᠬᠡᠢ ᠭᠡᠵᠦ ᠬᠡᠯᠡᠯᠴᠠᠳᠡᠭ᠃ ᠨᠠᠰᠤᠳᠠᠶᠢᠴᠤᠳ ᠤᠨ ᠬᠠᠭᠤᠴᠢᠯᠠᠬᠤ ᠪᠠᠷ ᠪᠤᠭ ᠮᠠᠯ ᠬᠡᠳᠤᠢ ᠤᠷᠳᠤ ᠨᠠᠰᠤᠯᠠᠯ᠎ᠠ ᠭᠡᠳ ᠠᠷᠪᠠᠨ ᠲᠠᠪᠤ ᠠᠴᠠ ᠲᠡᠮᠡᠢ ᠬᠡᠳᠤᠷᠡᠬᠦ ᠦᠬᠡᠢ᠂ ᠦᠬᠡᠷ ᠪᠠᠷᠤᠭ ᠬᠤᠷᠢ ᠰᠢᠬᠠᠮ ᠨᠠᠰᠤᠯᠠᠨ᠎ᠠ ᠭᠡᠳᠡᠭ᠃ ᠭᠡᠪᠡᠴᠦ ᠦᠬᠡᠷ᠂ ᠬᠤᠨᠢ᠂ ᠢᠮᠠᠭ᠎ᠠ ᠶᠢ ᠬᠦᠮᠤᠰ ᠲᠡᠶᠢᠮᠤ ᠶᠡᠭᠡ ᠤᠷᠳᠤ ᠨᠠᠰᠤᠯᠠᠭᠤᠯᠳᠠᠭ ᠦᠬᠡᠢ᠃ ᠪᠤᠭ ᠮᠠᠯ ᠢ ᠠᠷᠪᠠ ᠤᠶᠢᠷᠠᠳᠬᠤ ᠪᠤᠶᠤ ᠪᠠᠷᠤᠭ ᠰᠢᠳᠤᠯᠡᠩ ᠬᠢᠵᠠᠯᠠᠩ ᠲᠡᠭᠡᠷ᠎ᠡ ᠨᠢ ᠵᠠᠷᠤᠳᠠᠭ ᠪᠦᠭᠡᠳ ᠦᠬᠡᠷ ᠢ ᠠᠷᠪᠠ ᠪᠠᠭ᠎ᠠ ᠬᠡᠳᠤᠷᠡᠭᠰᠡᠭᠡᠷ ᠰᠢᠢᠳᠪᠦᠷᠢᠯᠡᠴᠢᠬᠡᠳᠡᠭ ᠪᠤᠯᠬᠤᠷ ᠬᠤᠨᠢ ᠦᠬᠡᠷ ᠢ ᠨᠠᠰᠤᠨ ᠳᠤᠨᠢ ᠲᠤᠯᠳᠠᠯ᠎ᠠ ᠪᠠᠶᠢᠯᠭᠠᠬᠤ ᠨᠢ ᠬᠤᠪᠤᠷ ᠪᠠᠶᠢᠳᠠᠭ ᠶᠤᠮ ᠭᠡᠵᠦ ᠬᠡᠯᠡᠯᠴᠡᠳᠡᠭ᠃ ᠤᠩᠭᠤᠯᠠᠵᠦ ᠰᠡᠳᠤᠷᠯᠡᠭᠰᠡᠨ ᠮᠠᠯ ᠢ ᠴᠦ ᠭᠡᠳ ᠰᠤᠯᠢᠵᠦ ᠰᠢᠢᠳᠪᠤᠷᠢᠯᠡᠭᠡᠳ ᠪᠠᠶᠢᠳᠠᠭ᠃ ᠬᠠᠷᠢᠨ ᠠᠳᠤᠭᠤ ᠲᠡᠮᠡᠭᠡ  ᠶᠢ ᠪᠤᠯ ᠬᠤᠳᠠᠯᠳᠤᠬᠤ ᠠᠴᠠ ᠪᠢᠰᠢ᠂ ᠠᠯᠠᠵᠦ ᠰᠢᠢᠳᠪᠤᠷᠢᠯᠡᠳᠡᠭ ᠦᠬᠡᠢ ᠪᠤᠯᠬᠤᠷ ᠵᠢᠰᠢᠵᠦ ᠦᠬᠦᠭᠦᠯᠬᠦ ᠶᠠᠪᠤᠳᠠᠯ ᠤᠯᠠᠨᠳᠠ ᠭᠠᠷᠳᠠᠭ ᠭᠡᠳᠡᠭ᠃ ᠤᠯᠠᠩᠬᠢ ᠳᠠᠭᠠᠨ ᠠᠳᠤᠭᠤ ᠭᠤᠴᠢᠨ ᠨᠠᠰᠤ ᠭᠠᠷᠴᠦ᠂ ᠲᠡᠮᠡᠭᠡ ᠲᠦᠴᠢ ᠬᠦᠷᠳᠡᠭ ᠭᠡᠵᠦ ᠬᠡᠯᠡᠳᠡᠭ᠃ ᠠᠳᠤᠭᠤ ᠲᠡᠮᠡᠭᠡ ᠶᠡᠷᠤᠩᠬᠡᠢ ᠳᠡᠭᠡᠨ ᠬᠤᠷᠢᠨ ᠲᠠᠪᠤ ᠬᠦᠷᠳᠡᠯ᠎ᠡ ᠨᠠᠰᠤᠯᠠᠬᠤ ᠨᠢ ᠡᠩ ᠤᠨ ᠦᠵᠡᠭᠳᠡᠯ᠂ ᠭᠤᠴᠢ ᠭᠠᠷᠤᠭᠰᠠᠨ ᠵᠢᠱᠢᠶ᠎ᠡ ᠴᠦ ᠮᠤᠩ ᠦᠬᠡᠢ ᠭᠡᠳᠡᠭ᠃ ᠮᠤᠩᠭᠤᠯ ᠬᠦᠮᠤᠨ ᠮᠤᠷᠢᠨ ᠳᠠᠭᠠᠨ ᠬᠠᠶᠢᠷᠠᠳᠠᠢ ᠪᠠᠶᠢᠳᠠᠭ ᠪᠤᠯᠬᠤᠷ᠂ ᠮᠤᠷᠢ ᠪᠠᠨ ᠨᠠᠰᠤᠨ ᠳᠤᠨᠢ ᠲᠤᠯᠭᠠᠵᠦ ᠵᠢᠰᠢᠭᠡᠵᠦ ᠦᠬᠦᠭᠦᠯᠬᠦ ᠨᠢ ᠤᠯᠠᠨ ᠪᠠᠶᠢᠳᠠᠭ  ᠃ ᠴᠠᠭᠠᠨ ᠰᠠᠷᠠᠯ ᠮᠤᠷᠢᠨ ᠤ ᠨᠠᠰᠤ ᠨᠢ ᠨᠡᠩ ᠤᠷᠳᠤ ᠰᠢᠭ᠋ ᠪᠠᠶᠢᠳᠠᠭ ᠭᠡᠵᠦ ᠬᠠᠰᠢᠷ ᠮᠠᠯᠴᠢᠳ ᠬᠡᠯᠡᠳᠡᠭ ᠶᠤᠮ᠃ ᠰᠠᠶᠢᠨ ᠮᠤᠷᠢ ᠦᠬᠦᠬᠦ ᠳᠡᠭᠡᠨ ᠭᠤᠷᠪᠠ ᠶᠢᠰᠤ ᠶᠢᠨ ᠬᠦᠢᠳᠡᠨ ᠰᠢᠭᠤᠷᠭᠠᠨ ᠳᠤ ᠴᠦ ᠭᠡᠰᠡᠨ ᠰᠠᠯᠬᠢ ᠰᠢᠭᠤᠷᠭᠠᠨ ᠢ ᠰᠦᠷᠴᠦ᠂ ᠭᠠᠵᠠᠷ ᠤᠨ ᠦᠨᠳᠤᠷ ᠲᠡᠭᠡᠷ᠎ᠡ ᠤᠴᠢᠵᠦ᠂ ᠵᠤᠭᠰᠤᠭ᠎ᠠ ᠪᠠᠷ ᠢᠶᠠᠨ ᠦᠬᠦᠳᠡᠭ ᠭᠡᠵᠦ ᠶᠠᠷᠢᠵᠠᠭᠠᠳᠠᠭ ᠰᠠᠨ᠃ ᠪᠤᠭᠤᠷᠤᠯ ᠨᠠᠰᠤᠳᠠᠳ ᠰᠠᠶᠢᠨ ᠮᠤᠷᠢᠨ ᠤ ᠵᠤᠭᠰᠤᠭ᠎ᠠ ᠪᠠᠷ ᠢᠶᠠᠨ ᠦᠬᠦᠭᠰᠡᠨ ᠵᠢᠱᠢᠶ᠎ᠡ ᠶᠢ ᠡᠳᠤᠢ ᠲᠡᠳᠤᠢ ᠲᠤᠮᠤᠭ ᠪᠤᠯᠭᠠᠨ ᠶᠠᠷᠢᠳᠠᠭ ᠪᠠᠶᠢᠭᠰᠠᠨ ᠶᠤᠮ᠃ ᠮᠤᠩᠭᠤᠯ ᠬᠦᠮᠤᠨ ᠬᠠᠶᠢᠷᠠᠳᠠᠢ ᠰᠠᠶᠢᠨ ᠮᠤᠷᠢ ᠪᠠᠨ ᠦᠬᠦᠬᠦ ᠦᠶ᠎ᠡ ᠳᠤ ᠲᠡᠭᠦᠨ ᠤ ᠰᠡᠭᠦᠯ ᠠᠴᠠ ᠨᠢ ᠰᠤᠩᠭᠤᠨ ᠠᠪᠴᠦ᠂ ᠬᠦᠯᠦᠭ ᠤᠨ ᠬᠡᠰᠢᠭ ᠪᠤᠯᠭᠠᠵᠦ ᠬᠠᠳᠠᠭᠠᠯᠠᠳᠠᠭ ᠵᠠᠩᠰᠢᠯ ᠲᠠᠢ ᠪᠠᠶᠢᠵᠠᠢ᠃        ︵ᠬᠤᠶᠠᠷ︶   ᠮᠠᠯ ᠤᠨ ᠲᠦᠯᠯᠡᠬᠦ ᠨᠠᠰᠤ        ᠮᠠᠯ ᠤᠨ ᠠᠩᠬᠠᠨ ᠤ ᠲᠦᠯᠯᠡᠬᠦ ᠨᠠᠰᠤ ᠨᠢ ᠠᠳᠠᠯᠢ ᠦᠬᠡᠢ ᠪᠠᠶᠢᠳᠠᠭ᠃ ᠬᠤᠨᠢ ᠢᠮᠠᠭ᠎ᠠ ᠭᠤᠷᠪᠠᠨ ᠨᠠᠰᠤᠳᠠᠢ ᠂ ᠠᠳᠤᠭᠤ ᠦᠬᠡᠷ ᠲᠦᠷᠪᠠᠨ ᠨᠠᠰᠤᠳᠠᠢ ᠠᠴᠠ ᠪᠠᠨ᠂ ᠲᠡᠮᠡᠭᠡ ᠲᠠᠪᠤ ᠪᠤᠶᠤ ᠵᠢᠷᠭᠤᠭᠠᠨ ᠨᠠᠰᠤᠳᠠᠢ ᠵᠢᠯ ᠠᠴᠠ ᠪᠠᠨ ᠡᠬᠢᠯᠡᠵᠦ ᠲᠦᠯᠯᠡᠳᠡᠭ ᠭᠡᠳᠡᠭ᠃ ᠡᠭᠦᠨ ᠠᠴᠠ ᠡᠮᠤᠨ᠎ᠡ ᠬᠤᠶᠢᠨ᠎ᠠ ᠬᠡᠭᠡᠯ ᠲᠤᠭᠳᠠᠬᠤ ᠶᠢ ᠵᠦᠢ ᠵᠤᠬᠢᠰᠳᠠᠢ ᠴᠠᠭ ᠢᠶᠠᠷ ᠪᠤᠳᠤᠳᠠᠭ ᠦᠬᠡᠢ ᠪᠢᠯᠠ᠃ ᠡᠷᠳᠡ ᠬᠡᠭᠡᠯᠳᠤᠪᠡᠯ ᠡᠬᠡ ᠮᠠᠯ ᠤᠨ ᠪᠡᠶ᠎ᠡ ᠦᠰᠴᠦ ᠭᠦᠢᠴᠡᠭᠡ ᠦᠬᠡᠢ ᠴᠠᠭ ᠪᠤᠯᠬᠤᠷ ᠡᠬᠡ ᠲᠦᠯ ᠳᠡᠭᠡᠨ ᠪᠦᠷ ᠠᠰᠢᠭ ᠦᠬᠡᠢ ᠭᠡᠳᠡᠭ᠃ ᠤᠷᠤᠢ ᠲᠦᠯᠯᠡᠪᠡᠯ ᠡᠬᠡ ᠮᠠᠯ ᠰᠤᠪᠠᠶᠢᠷᠠᠵᠦ ᠲᠦᠯ ᠤᠨ ᠭᠠᠷᠤᠵᠠ ᠪᠤᠯᠳᠠᠭ ᠭᠡᠵᠦ ᠦᠵᠡᠨ᠎ᠡ᠃ ᠬᠤᠨᠢ ᠢᠮᠠᠭ᠎ᠠ ᠵᠢᠯ ᠪᠤᠯᠤᠭᠠᠳ ᠰᠢᠳᠤ ᠪᠠᠨ ᠰᠤᠯᠢᠳᠠᠭ᠃ ᠮᠦᠨ ᠲᠡᠷᠡ ᠰᠢᠳᠤᠯᠡᠬᠦ ᠵᠢᠯ  ᠳᠡᠭᠡᠨ ᠬᠡᠭᠡᠯ ᠲᠤᠭᠳᠠᠵᠦ᠂ ᠬᠢᠵᠠᠯᠠᠩ ᠳᠠᠭᠠᠨ ︵ᠬᠤᠶᠠᠷ ᠵᠢᠯ ᠲᠡᠭᠡᠷ᠎ᠡ ᠪᠠᠨ︶ ᠬᠤᠷᠠᠭᠠᠯᠠᠵᠦ ᠢᠰᠢᠭᠡᠯᠡᠳᠡᠭ᠃ ᠠᠳᠤᠭᠤ ᠦᠬᠡᠷ ᠰᠢᠳᠤ ᠪᠠᠨ ᠭᠤᠷᠪᠠᠨ ᠨᠠᠰᠤᠨ ︵ᠤᠨᠠᠭ᠎ᠠ᠂ ᠲᠠᠭ᠎ᠠ᠂ ᠰᠢᠳᠤᠯᠡᠩ︶ ᠠᠴᠠ ᠪᠠᠨ ᠰᠤᠯᠢᠳᠠᠭ ᠪᠤᠯᠬᠤᠷ ᠂ ᠮᠦᠨ ᠡᠨᠡ ᠵᠢᠯ ᠠᠴᠠ ᠪᠠᠨ ᠬᠡᠭᠡᠯ ᠲᠤᠭᠳᠠᠵᠦ᠂ ᠬᠢᠵᠠᠯᠠᠩ ᠳᠠᠭᠠᠨ ᠤᠨᠠᠭᠠᠯᠠᠵᠦ ᠲᠤᠭᠤᠯᠯᠠᠳᠠᠭ᠃ ᠲᠡᠮᠡᠭᠡ ᠲᠡᠪᠤᠨ ᠨᠠᠰᠤ ︵ᠪᠤᠳᠤᠭᠤ᠂ ᠲᠤᠷᠤᠮ᠂ ᠭᠤᠷᠪᠠᠳᠠ᠂ ᠲᠦᠷᠪᠡᠳᠡ᠂ ᠲᠠᠪᠤᠳᠠ︶ ᠬᠦᠷᠦᠭᠡᠳ ᠰᠠᠶ᠋ᠢ ᠨᠢᠯᠬ᠎ᠠ ᠶᠢᠨ ᠰᠢᠳᠤ ᠪᠠᠨ ᠡᠬᠢᠯᠡᠵᠦ ᠰᠤᠯᠢᠳᠠᠭ ᠪᠤᠯᠬᠤᠷ ᠮᠦᠨ ᠲᠡᠷᠡ ᠵᠢᠯ ᠳᠡᠭᠡᠨ ᠬᠡᠭᠡᠯ ᠲᠤᠭᠳᠠᠵᠦ᠂ ᠵᠢᠯ ᠤᠨ ᠤᠢ ᠦᠩᠭᠡᠷᠡᠭᠡᠳ ︵ᠲᠡᠮᠡᠭᠡ ᠠᠷᠪᠠᠨ ᠲᠦᠷᠪᠡᠨ ᠰᠠᠷ᠎ᠠ ᠲᠠᠢ ᠠᠮᠢᠳᠠᠨ ᠪᠤᠯᠬᠤᠷ︶ ᠰᠠᠶ᠋ᠢ ᠪᠣᠲᠤᠭᠤᠯᠠᠨ᠎ᠠ᠃ ᠬᠤᠨᠢ ᠢᠮᠠᠭ᠎ᠠ ᠨᠠᠭᠠᠳᠤ ᠵᠠᠬ᠎ᠠ ᠳᠠᠭᠠᠨ ᠨᠠᠢᠮᠠᠨ ᠨᠠᠰᠤ ᠬᠦᠷᠳᠡᠯ᠎ᠡ ᠲᠦᠯᠯᠡᠵᠦ᠂ ᠦᠨᠢᠶ᠎ᠡ ᠠᠷᠪᠠᠨ ᠬᠤᠶᠠᠷ ᠨᠠᠰᠤ ᠬᠦᠷᠳᠡᠯ᠎ᠡ ᠲᠤᠭᠤᠯᠯᠠᠨ᠎ᠠ᠃ ᠭᠡᠭᠦᠤ ᠬᠠᠷᠢᠨ ᠬᠤᠷᠢᠨ ᠨᠠᠰᠤ ᠬᠦᠷᠳᠡᠯ᠎ᠡ ᠤᠨᠠᠭᠠᠯᠠᠳᠠᠭ ᠭᠡᠳᠡᠭ᠃ ᠭᠡᠪᠡᠴᠦ ᠮᠠᠯ ᠤᠨ ᠶᠠᠰᠤ ᠴᠢᠨᠠᠷ ᠢᠯᠭᠠᠭ᠎ᠠ᠂ ᠠᠷᠠᠴᠢᠯᠠᠵᠦ ᠡᠳ᠋ᠯᠡᠵᠦ ᠬᠠᠮᠠᠭᠠᠯᠠᠵᠦ ᠲᠤᠳᠤᠮᠳᠠᠭᠰᠠᠨ ᠨᠢ ᠠᠳᠠᠯᠢ ᠦᠬᠡᠢ ᠠᠴᠠ ᠪᠤᠯᠤᠭᠠᠳ᠂ ᠮᠠᠯ ᠤᠨ ᠲᠦᠯᠯᠡᠬᠦ ᠨᠠᠰᠤ ᠨᠢ ᠴᠦ ᠠᠳᠠᠯᠢ ᠦᠬᠡᠢ ᠪᠠᠶᠢᠳᠠᠭ ᠭᠡᠵᠦ ᠬᠠᠰᠢᠷ ᠮᠠᠯᠴᠢᠳ ᠬᠡᠯᠡᠳᠡᠭ ᠶᠤᠮ᠃ ᠮᠠᠯ ᠤᠨ ᠨᠠᠰᠤᠨ ᠤ ᠤᠷᠳᠤ ᠤᠬᠤᠷ ᠨᠢ ᠮᠠᠯ ᠢ ᠠᠷᠠᠴᠢᠯᠠᠵᠦ ᠬᠠᠮᠠᠭᠠᠯᠠᠬᠤ ᠲᠠᠢ ᠴᠦ ᠰᠢᠭᠤᠳ ᠬᠤᠯᠪᠤᠭ᠎ᠠ ᠲᠠᠢ ᠭᠡᠳᠡᠭ ᠪᠢᠯᠠ᠃        ︵ᠭᠤᠷᠪᠠ︶   ᠮᠠᠯ ᠤᠨ ᠰᠢᠳᠤ ᠰᠤᠶᠤᠭ᠎ᠠ ᠠᠷᠠᠭ᠎ᠠ ᠶᠢ ᠰᠢᠨᠵᠢᠬᠦ        ᠮᠤᠩᠭᠤᠯᠴᠤᠳ ᠮᠠᠯ ᠢᠶᠠᠨ ᠲᠤᠭᠠᠯᠠᠬᠤ ᠳᠤ ᠵᠢᠰᠤᠯᠡᠨ ᠪᠦᠷᠢᠳᠭᠡᠵᠦ᠂ ᠨᠠᠰᠤ ᠶᠢ ᠨᠢ ᠰᠢᠳᠤ ᠶᠢ ᠨᠢ ᠲᠠᠳᠠᠵᠦ ᠦᠵᠡᠳᠡᠭ ᠵᠠᠩᠰᠢᠯ ᠲᠠᠢ᠃ ᠮᠠᠯ ᠤᠨ ᠰᠢᠳᠤ ᠶᠢ ᠡᠭᠦᠳᠡᠨ ᠰᠢᠳᠤ᠂ ᠰᠤᠶᠤᠭ᠎ᠠ᠂ ᠠᠷᠠᠭ᠎ᠠ ᠭᠡᠵᠦ ᠢᠯᠭᠠᠨ᠎ᠠ᠃ ᠠᠷᠠᠭ᠎ᠠ ᠰᠢᠳᠤ ᠪᠤᠯ ᠮᠠᠯ ᠪᠦᠬᠦᠨ ᠳᠤ ᠪᠤᠢ᠃ ᠰᠤᠶᠤᠭ᠎ᠠ ᠰᠢᠳᠤ ᠬᠠᠷᠢᠨ ᠠᠯᠢ ᠴᠦ ᠮᠠᠯ ᠳᠤ ᠪᠦᠷ ᠪᠠᠶᠢᠳᠠᠭ ᠪᠢᠰᠢ ︔ ᠵᠦᠪᠬᠡᠨ ᠮᠤᠷᠢ᠂ ᠲᠡᠮᠡᠭᠡᠨ ᠳᠤ ᠯᠡ ᠪᠠᠶᠢᠳᠠᠭ ᠠᠵᠢ᠃ ᠲᠠᠪᠤᠨ ᠬᠤᠰᠢᠭᠤ ᠮᠠᠯ ᠳᠤ ᠡᠭᠦᠳᠡᠨ ᠰᠢᠳᠤ ᠪᠦᠷ ᠪᠠᠶᠢᠬᠤ ᠪᠤᠯᠪᠠᠴᠦ ᠪᠠᠰᠠ ᠲᠡᠭᠡᠷ᠎ᠡ ᠲᠤᠤᠷ᠎ᠠ ᠶᠢᠨ ᠢᠯᠭᠠᠯ ᠲᠠᠢ ᠪᠠᠶᠢᠳᠠᠭ᠃ ᠮᠠᠯ ᠤᠨ ᠲᠤᠳᠤᠷ᠎ᠠ ᠭᠠᠭᠴᠠᠬᠦ ᠠᠳᠤᠭᠤᠨ  ᠤ ᠡᠬᠦᠳᠡᠨ ᠰᠢᠳᠤ ᠯᠡ ᠲᠡᠭᠡᠷ᠎ᠡ ᠲᠤᠤᠷ᠎ᠠ ᠪᠠᠨ ᠪᠦᠷ ᠪᠠᠶᠢᠳᠠᠭ ᠪᠢᠯᠠ᠃ ᠲᠡᠭᠦᠨ ᠠᠴᠠ ᠪᠤᠰᠤᠳ ᠮᠠᠯ ᠵᠦᠪᠬᠡᠨ ᠡᠷᠡᠤ ᠲᠠᠯ᠎ᠠ ᠳᠠᠭᠠᠨ ᠰᠢᠳᠤ ᠲᠠᠢ ᠠᠴᠠ ᠪᠢᠰᠢ ᠲᠠᠩᠨᠠᠢ ᠲᠠᠯ᠎ᠠ ᠳᠠᠭᠠᠨ ᠪᠠᠶᠢᠳᠠᠭ ᠦᠬᠡᠢ᠂ ᠡᠨᠡ ᠨᠢ ᠮᠠᠯ ᠤᠨ ᠲᠦᠷᠦᠯᠬᠢ ᠴᠢᠨᠠᠷ᠂ ᠪᠠᠶᠢᠭᠠᠯᠢ ᠪᠦᠳᠤᠴᠡ ᠠᠴᠠ ᠪᠤᠯᠤᠭᠰᠠᠨ ᠶᠤᠮ᠃ ᠮᠠᠯ ᠤᠨ ᠰᠢᠳᠤ ᠶᠢ ᠦᠵᠡᠵᠦ᠂ ᠨᠠᠰᠤ ᠶᠢ ᠨᠢ ᠬᠡᠯᠡᠨ᠎ᠡ ᠭᠡᠳᠡᠭ ᠪᠤᠯ ᠭᠤᠤᠯᠳᠠᠭᠤ ᠡᠭᠦᠳᠡᠨ ᠰᠢᠳᠤ ᠶᠢ ᠨᠢ ᠦᠵᠡᠵᠦ᠂ ᠡᠭᠦᠳᠡᠨ ᠰᠢᠳᠤ ᠶᠢᠨ ᠬᠢᠨᠢ ᠲᠤᠷᠭᠠᠨ ᠢᠷ ᠤᠨ ᠬᠤᠪᠢᠷᠠᠯᠳᠠ ᠶᠢ ᠨᠢ ᠰᠢᠨᠵᠢᠬᠦ ᠶᠢ ᠬᠡᠯᠡᠳᠡᠭ ᠪᠢᠯᠠ᠃ ᠠᠳᠠᠯᠢ ᠪᠤᠰᠤ ᠲᠦᠷᠦᠯ ᠤᠨ ᠮᠠᠯ ᠤᠨ ᠰᠢᠳᠤ ᠪᠠ ᠰᠢᠳᠤᠨ ᠤ ᠢᠷ ᠤᠨ ᠬᠤᠪᠢᠷᠠᠯᠳᠠ ᠶᠢᠨ ᠪᠠᠶᠢᠳᠠᠯ ᠠᠳᠠᠯᠢ ᠦᠬᠡᠢ ᠪᠤᠯᠬᠤᠷ ᠰᠢᠳᠤ ᠶᠢ ᠰᠢᠨᠵᠢᠬᠦ ᠠᠷᠭ᠎ᠠ ᠮᠠᠶ᠋ᠢᠭ ᠨᠢ ᠴᠦ ᠮᠠᠯ ᠮᠠᠯ  ᠤᠨ ᠬᠢ ᠨᠢ ᠪᠦᠷ ᠦᠭᠡᠷ᠎ᠡ ᠦᠭᠡᠷ᠎ᠡ ᠶᠢᠨ ᠬᠡᠯᠪᠡᠷᠢ ᠮᠠᠶ᠋ᠢᠭ ᠪᠠᠶᠢᠳᠠᠭ᠃        1.  ᠠᠳᠤᠭᠤᠨ ᠤ ᠰᠢᠳᠤ᠂ ᠰᠤᠶᠤᠭ᠎ᠠ᠂ ᠠᠷᠠᠭ᠎ᠠ ᠶᠢ ᠦᠵᠡᠬᠦ        ᠠᠳᠤᠭᠤ ᠭᠡᠳᠡᠭ ᠠᠮᠢᠳᠠᠨ ᠤᠨᠠᠭ᠎ᠠ ᠲᠠᠭ᠎ᠠ ᠶᠢᠨ ᠨᠠᠰᠤᠨ ᠳᠠᠭᠠᠨ ᠰᠦᠨ ᠰᠢᠳᠤ ᠪᠠᠷ ᠢᠶᠠᠨ ᠪᠠᠶᠢᠳᠠᠭ᠃ ᠭᠤᠷᠪᠠᠨ ᠨᠠᠰᠤ ᠪᠤᠯᠬᠤ ᠳᠤᠨᠢ ᠭᠤᠤᠯ ᠤᠨ ᠬᠤᠶᠠᠷ ᠰᠢᠳᠤ ︵ᠡᠭᠦᠳᠡᠨ ᠰᠢᠳᠤ ᠶᠢ ᠬᠡᠯᠡᠵᠦ ᠪᠤᠢ︶ ᠨᠢ ᠤᠷᠭᠤᠨ ᠭᠠᠷᠴᠦ᠂ ᠨᠢᠯᠬ᠎ᠠ ᠶᠢᠨ ᠬᠤᠶᠠᠷ ᠰᠢᠳᠤ ᠨᠢ ᠤᠶᠢᠴᠢᠵᠦ ᠰᠤᠯᠢᠭᠳᠠᠨ᠎ᠠ᠃ ᠢᠩᠬᠢᠭᠡᠳ ᠲᠡᠭᠡᠷ᠎ᠡ ᠲᠤᠤᠷ᠎ᠠ ᠬᠤᠤᠰ ᠲᠦᠷᠪᠡᠨ ᠰᠢᠳᠤ ᠲᠠᠢ ᠪᠤᠯᠤᠨ᠎ᠠ᠃ ᠠᠳᠤᠭᠤᠨ ᠤ ᠡᠨᠡ ᠨᠠᠰᠤ ᠶᠢ ᠰᠢᠳᠤᠯᠡᠩ ᠪᠤᠶᠤ ᠰᠢᠳᠤᠯᠡᠬᠦ ᠭᠡᠵᠦ ᠬᠡᠯᠡᠨ᠎ᠡ᠃ ᠰᠢᠳᠤᠯᠡᠩ ᠭᠡᠳᠡᠭ ᠦᠭᠡ ᠶᠢᠨ ᠢᠵᠠᠭᠤᠷ ᠨᠢ ᠠᠮᠢᠳᠠᠨ ᠤ ︽ᠰᠢᠳᠤ︾ ᠭᠡᠰᠡᠨ ᠦᠭᠡ ᠶᠤᠮ᠃ ᠰᠢᠳᠤ ᠨᠢ ᠤᠷᠭᠤᠬᠤ ᠨᠠᠰᠤ ᠭᠡᠰᠡᠨ ᠤᠳᠬ᠎ᠠ ᠲᠠᠢ᠃ ᠲᠦᠷᠪᠡᠨ ᠨᠠᠰᠤᠨ ᠳᠤᠨᠢ ᠭᠤᠤᠯ ᠤᠨ ᠬᠤᠶᠠᠷ ᠰᠢᠳᠤᠨ ᠤ ᠵᠠᠬ᠎ᠠ ᠶᠢᠨ ᠬᠤᠶᠠᠷ ᠰᠢᠳᠤ ᠤᠷᠭᠤᠵᠦ᠂ ᠤᠤᠯ ᠤᠨ ᠤᠨᠠᠭᠠᠨ ᠰᠢᠳᠤ ᠨᠢ ᠤᠨᠠᠵᠦ ᠰᠢᠨ᠎ᠡ ᠪᠠᠷ ᠰᠤᠯᠢᠭᠳᠠᠨ᠎ᠠ᠃ ᠢᠩᠬᠢᠭᠡᠳ ᠲᠡᠭᠡᠷ᠎ᠡ ᠲᠤᠤᠷ᠎ᠠ ᠪᠠᠨ ᠬᠤᠤᠰ ᠲᠦᠷᠪᠡᠨ ᠰᠢᠳᠤ ᠲᠠᠢ ᠪᠤᠯᠳᠠᠭ᠃ ᠠᠳᠤᠭᠤᠨ ᠤ ᠡᠨᠡᠬᠦ ᠲᠦᠷᠪᠡᠨ ᠨᠠᠰᠤ ᠶᠢ ᠬᠢᠵᠠᠯᠠᠩ ᠭᠡᠵᠦ ᠨᠡᠷᠡᠯᠡᠳᠡᠭ᠃ ᠲᠠᠪᠤᠨ ᠨᠠᠰᠤᠨ ᠳᠤᠨᠢ ᠭᠠᠳᠠᠷ ᠵᠠᠬ᠎ᠠ ᠶᠢᠨ ᠬᠤᠶᠠᠷ ᠰᠢᠳᠤ ᠨᠢ ᠭᠠᠷᠴᠦ᠂ ᠲᠡᠭᠡᠷ᠎ᠡ ᠲᠤᠤᠷ᠎ᠠ ᠪᠠᠨ ᠵᠢᠷᠭᠤᠭᠠᠨ ᠬᠤᠤᠰ᠂ ᠨᠡᠶᠢᠳᠡ ᠠᠷᠪᠠᠨ ᠬᠤᠶᠠᠷ ᠰᠢᠨ᠎ᠠ ᠰᠢᠳᠤ ᠤᠷᠭᠤᠵᠦ᠂ ᠤᠤᠯ ᠤᠨ ᠤᠨᠠᠭᠠᠨ ᠰᠢᠳᠤ ᠨᠢ ᠪᠦᠬᠦᠨ ᠢᠶᠠᠷ ᠢᠶᠠᠨ ᠰᠤᠯᠢᠭᠳᠠᠳᠠᠭ᠃ ᠠᠳᠤᠭᠤᠨ ᠤ ᠰᠢᠳᠤ ᠨᠢ ︵ᠡᠭᠦᠳᠡᠨ ᠰᠢᠳᠤ︶ ᠢᠩᠬᠢᠵᠦ ᠭᠦᠢᠴᠡᠳ ᠵᠢᠭᠰᠠᠵᠦ ᠪᠦᠷᠢᠳᠤᠨ᠎ᠡ᠃ ᠲᠠᠪᠤᠨ ᠨᠠᠰᠤᠨ ᠤ ᠮᠤᠷᠢ ᠶᠢ ᠰᠤᠶᠤᠯᠠᠩ ᠭᠡᠵᠦ ᠨᠡᠷᠡᠯᠡᠳᠡᠭ᠃ ᠡᠨᠡ ᠦᠭᠡ  ᠶᠢᠨ ᠢᠵᠠᠭᠤᠷ ᠨᠢ ︽ᠰᠤᠶᠤᠭ᠎ᠠ︾ ᠭᠡᠰᠡᠨ ᠦᠭᠡ᠂ ᠢᠩᠬᠢᠵᠦ ᠨᠡᠷᠡᠯᠡᠳᠡᠭ ᠤᠨ ᠤᠴᠢᠷ ᠨᠢ ᠲᠠᠪᠤᠨ ᠨᠠᠰᠤᠨ ᠳᠤᠨᠢ ᠮᠤᠷᠢᠨ ᠤ ᠰᠤᠶᠤᠭ᠎ᠠ ᠰᠢᠳᠤ ᠤᠷᠭᠤᠳᠠᠭ ᠠᠴᠠ ᠪᠤᠯᠤᠭᠰᠠᠨ ᠶᠤᠮ᠃ ᠮᠤᠷᠢᠨ ᠤ ᠰᠤᠶᠤᠭᠠᠯᠠᠬᠤ ᠨᠠᠰᠤᠨ ᠳᠤᠨᠢ ᠲᠤᠤᠷᠠᠳᠤ ᠬᠤᠶᠠᠷ ᠰᠤᠶᠤᠭ᠎ᠠ ᠨᠢ ᠭᠠᠷᠤᠨ᠎ᠠ᠃ ᠰᠤᠶᠤᠭ᠎ᠠ ᠰᠢᠳᠤ ᠡᠷ᠎ᠡ ᠮᠤᠷᠢᠨ ᠳᠤ ᠪᠠᠶᠢᠳᠠᠭ ᠠᠴᠠ ᠪᠢᠰᠢ᠂ ᠬᠡᠭᠦᠤ ᠮᠤᠷᠢᠨ ᠳᠤ ᠪᠠᠶᠢᠳᠠᠭ ᠦᠬᠡᠢ ᠤᠴᠢᠷ ᠲᠠᠢ᠂ ᠤᠨᠴᠠᠭᠠᠢ ᠵᠠᠷᠢᠮ ᠭᠡᠭᠦᠤ ᠪᠠᠰᠠ ᠰᠤᠶᠤᠭ᠎ᠠ ᠲᠠᠢ ︵ᠪᠠᠭᠠᠬᠠᠨ ᠰᠤᠶᠤᠭ᠎ᠠ ᠭᠠᠷᠳᠠᠭ︶ ᠪᠠᠶᠢᠳᠠᠭ ᠭᠡᠨ᠎ᠡ᠃ ᠡᠶᠢᠮᠤ ᠦᠵᠡᠭᠳᠠᠯ ᠬᠤᠪᠤᠷᠬᠠᠨ ᠪᠠᠶᠢᠳᠠᠭ᠂ ᠰᠤᠶᠤᠭ᠎ᠠ ᠲᠠᠢ ᠬᠡᠭᠦᠤ ᠤᠨᠤᠵᠦ ᠡᠳ᠋ᠯᠡᠬᠦ ᠳᠤ ᠪᠢᠷᠠᠯᠢᠭ ᠪᠤᠯᠪᠠᠴᠦ ᠲᠦᠯ ᠮᠠᠭᠤᠳᠠᠢ ᠭᠡᠵᠦ ᠬᠡᠯᠡᠳᠡᠭ᠃ ᠵᠢᠷᠭᠤᠭᠠᠨ ᠨᠠᠰᠤᠨ ᠳᠤᠨᠢ ᠲᠡᠭᠡᠷ᠎ᠡ ᠬᠤᠶᠠᠷ ᠰᠤᠶᠤᠭ᠎ᠠ ᠨᠢ ︵ᠰᠤᠶᠤᠭ᠎ᠠ ᠨᠢ ᠡᠭᠦᠳᠡᠨ ᠰᠢᠳᠤᠨ ᠤ ᠬᠤᠶᠠᠷ ᠵᠠᠬ᠎ᠠ ᠳᠤ ᠬᠤᠷᠤᠭᠤ ᠬᠢᠷᠢ ᠵᠠᠢ ᠲᠠᠢ ᠤᠷᠭᠤᠳᠠᠭ︶ ᠭᠠᠷᠳᠠᠭ᠃ ᠮᠤᠷᠢᠨ ᠤ ᠡᠨᠡ ᠨᠠᠰᠤ ᠶᠢ ᠬᠦᠬᠡ ᠰᠤᠶᠤᠯᠠᠩ ᠭᠡᠬᠦ ᠪᠤᠶᠤ ︽ᠭᠦᠢᠴᠡᠬᠦ︾ ᠭᠡᠵᠦ ᠨᠡᠷᠡᠯᠡᠳᠡᠭ᠃ ᠮᠤᠷᠢᠨ ᠤ ᠨᠠᠰᠤ ᠬᠦᠬᠡ ᠰᠤᠶᠤᠯᠠᠩ ᠪᠤᠯᠬᠤ ᠳᠤ ᠠᠷᠪᠠᠨ ᠵᠢᠷᠭᠤᠭᠠᠨ ᠰᠢᠳᠤ ᠨᠢ ᠭᠦᠢᠴᠡᠳ ᠪᠦᠷᠢᠳᠳᠡᠭ ᠪᠦᠭᠡᠳ ᠨᠠᠰᠤᠨ ᠳᠤ ᠬᠦᠷᠦᠭᠰᠡᠨ ᠭᠡᠵᠦ ᠦᠵᠡᠳᠡᠭ᠃ ᠮᠤᠷᠢ ᠶᠢ ᠵᠢᠷᠭᠤᠭᠠᠨ ᠨᠠᠰᠤᠳᠠᠢ ᠵᠢᠯ ᠳᠤᠨᠢ ᠰᠤᠶᠤᠭ᠎ᠠ ᠰᠤᠩᠭᠠᠬᠤ ᠵᠢᠯ ᠬᠡᠮᠡᠨ ᠨᠡᠷᠡᠯᠡᠵᠦ᠂ ᠮᠤᠩᠭᠤᠯᠴᠤᠳ ᠮᠤᠷᠢ ᠪᠠᠨ ᠡᠷᠬᠢᠮᠯᠡᠨ ᠬᠠᠶᠢᠷᠠᠯᠠᠵᠦ᠂ ᠬᠠᠯᠠ ᠦᠵᠡᠭᠦᠯᠬᠦ ᠦᠬᠡᠢ ᠬᠠᠮᠠᠭᠠᠯᠠᠵᠦ ᠪᠠᠶᠢᠳᠠᠭ ᠤᠴᠢᠷ ᠲᠠᠢ᠃ ᠰᠤᠶᠤᠭ᠎ᠠ ᠰᠤᠩᠭᠠᠬᠤ ᠵᠢᠯ ᠢ ᠡᠷ᠎ᠡ ᠮᠤᠷᠢᠨ ᠤ ᠡᠮᠵᠡᠭ ᠵᠢᠯ ᠭᠡᠵᠦ ᠬᠡᠯᠡᠳᠡᠭ᠃ ᠮᠤᠷᠢᠨ ᠤ ᠨᠢᠭᠡ ᠨᠠᠰᠤᠨ ᠳᠤ ᠬᠠᠮᠤᠭ ᠤᠨ ᠡᠩᠬᠦᠷᠡᠶᠢᠯᠡᠬᠦ ᠴᠠᠭ ᠢ ᠰᠢᠳᠤᠯᠡᠩ ᠰᠤᠶᠤᠯᠠᠩ ᠨᠠᠰᠤ ᠭᠡᠳᠡᠭ᠃ ᠶᠠᠭ ᠡᠨᠡ ᠬᠤᠶᠠᠷ ᠨᠠᠰᠤᠨ ᠳᠤᠨᠢ ᠡᠮᠵᠡᠭ ᠭᠡᠮ ᠤᠯᠬᠤ ᠨᠢ ᠬᠢᠯᠪᠡᠷ ᠭᠡᠳᠡᠭ ᠶᠤᠮ᠃ ᠲᠡᠶᠢᠮᠤ ᠠᠴᠠ ︽ᠲᠠᠭ᠎ᠠ ᠳᠤᠨᠢ ᠲᠠᠪᠳᠠᠨ᠂ ᠰᠢᠳᠤᠯᠡᠩ ᠳᠤᠨᠢ ᠰᠢᠳᠤ︾᠂ ︽ᠬᠢᠵᠠᠯᠠᠩ ᠳᠤᠨᠢ ᠬᠢᠬ᠎ᠠ᠂ ᠰᠤᠶᠤᠯᠠᠩ ᠳᠤᠨᠢ ᠰᠤᠢ︾ ᠭᠡᠳᠡᠭ ᠦᠭᠡ ᠲᠠᠢ ᠪᠢᠯᠠ᠃ ᠰᠢᠳᠤᠯᠡᠩ ᠳᠤᠨᠢ ᠰᠢᠳᠤᠳᠡᠭ ᠤᠴᠢᠷ ᠨᠢ ᠬᠢᠵᠠᠯᠠᠩ ᠳᠤᠨᠢ ᠴᠠᠭᠠᠯᠠᠳᠠᠭ ᠲᠠᠢ ᠬᠤᠯᠪᠤᠭ᠎ᠠ ᠲᠠᠢ᠃ ᠮᠤᠷᠢᠨ ᠤ ᠨᠠᠰᠤ ᠶᠢ ᠵᠢᠷᠭᠤᠭᠠᠨ ᠨᠠᠰᠤ ᠬᠦᠷᠳᠡᠯ᠎ᠡ ᠰᠢᠳᠤᠨ ᠤ ᠤᠷᠭᠤᠬᠤ ᠪᠠᠶᠢᠳᠠᠯ ᠢᠶᠠᠷ ᠦᠵᠡᠵᠦ ᠲᠤᠭᠳᠠᠭᠠᠳᠠᠭ︔ ᠲᠤᠯᠤᠭᠠᠨ ᠨᠠᠰᠤᠨ ᠠᠴᠠ ᠨᠢ ᠡᠬᠢᠯᠡᠵᠦ ᠡᠭᠦᠳᠡᠨ ᠰᠢᠳᠤᠨ ᠤ ᠬᠢᠨᠢ ᠢᠷ ᠤᠨ ᠪᠠᠶᠢᠳᠠᠯ ᠢ ᠰᠢᠨᠵᠢᠵᠦ ᠨᠠᠰᠤ ᠶᠢ ᠨᠢ ᠲᠤᠭᠳᠠᠭᠠᠨ᠎ᠠ ᠭᠡᠵᠦ ᠢᠯᠭᠠᠨ ᠬᠤᠪᠢᠶᠠᠵᠦ ᠬᠡᠯᠡᠳᠡᠭ᠃        ᠠᠳᠤᠭᠤᠨ ᠤ ᠡᠭᠦᠳᠡᠨ ᠰᠢᠳᠤᠨ ᠤ ᠢᠷ ᠨᠢ ᠦᠬᠡᠷ᠂ ᠬᠤᠨᠢᠨ ᠤ ᠰᠢᠳᠤ ᠶᠢ ᠪᠤᠳᠤᠪᠠᠯ ᠦᠷᠭᠡᠨ ᠪᠠᠶᠢᠳᠠᠭ ᠃ ᠵᠢᠷᠭᠤᠭᠠᠨ ᠨᠠᠰᠤᠨ ᠳᠤᠨᠢ ᠭᠤᠤᠯ ᠤᠨ ᠲᠦᠷᠪᠡᠨ ᠰᠢᠳᠤᠨ ᠤ ᠬᠢᠨᠢ ᠤᠩᠭᠤᠴᠠ ︵ᠡᠭᠦᠨ ᠢ ᠰᠢᠳᠤᠨ ᠤ ᠬᠤᠸᠠᠷ᠂ ᠰᠢᠳᠤᠨ ᠤ ᠬᠦᠬᠡᠴᠦ ᠭᠡᠵᠦ ᠪᠠᠰᠠ ᠬᠡᠯᠡᠳᠡᠭ︶ ᠨᠢ ᠭᠦᠨ ᠪᠦᠭᠡᠳ ᠪᠢᠳᠡᠭᠦᠤ᠂ ᠵᠠᠬ᠎ᠠ ᠶᠢᠨ ᠬᠤᠶᠠᠷ ᠰᠢᠳᠤᠨ ᠤ ᠬᠢᠨᠢ ᠤᠩᠭᠤᠴᠠ ᠲᠤᠳᠤᠭᠰᠢ ᠪᠠᠨ ᠰᠡᠳᠡᠷᠬᠡᠢ ᠪᠠᠶᠢᠳᠠᠭ᠃ ᠲᠤᠯᠤᠭᠠᠨ ᠨᠠᠰᠤ ᠲᠠᠢ ᠪᠤᠯᠬᠤ ᠳᠤᠨᠢ ᠡᠨᠡ ᠰᠡᠳᠡᠷᠬᠡᠢ ᠨᠢ ᠪᠦᠳᠤᠵᠦ ᠪᠢᠳᠡᠭᠦᠷᠡᠨ᠎ᠡ᠃ ᠭᠡᠪᠡᠴᠦ ᠤᠩᠭᠤᠴᠠ ᠪᠢᠳᠡᠭᠦᠷᠡᠬᠦ ᠴᠠᠭ ᠨᠢ ᠮᠠᠯ ᠤᠨ ᠶᠠᠰᠤ ᠴᠢᠨᠠᠷ᠂ ᠬᠦᠭᠰᠢᠨ ᠵᠠᠯᠠᠭᠤ ᠭᠡᠭᠦᠤ ᠶᠢᠨ ᠤᠨᠠᠭ᠎ᠠ᠂ ᠢᠳᠡᠬᠦ ᠡᠪᠡᠰᠤᠨ ᠤ ᠬᠠᠳᠠᠭᠤ ᠵᠦᠭᠡᠯᠡᠨ ᠯᠦᠭᠡ ᠬᠤᠯᠪᠤᠭᠠᠳᠠᠢ ᠪᠠᠶᠢᠳᠠᠭ ᠭᠡᠵᠦ ᠦᠵᠡᠳᠡᠭ᠃ ᠢᠩᠬᠢᠭᠡᠳ ᠲᠤᠯᠤᠭᠠᠨ ᠨᠠᠰᠤᠨ ᠳᠤᠨᠢ ᠵᠢᠷᠭᠤᠭᠠᠨ ᠬᠤᠤᠰ ᠰᠢᠳᠤ ᠨᠢ ᠠᠳᠠᠯᠢᠬᠠᠨ ᠰᠠᠶᠢᠬᠠᠨ ᠲᠡᠭᠰᠢᠷᠡᠵᠦ᠂ ᠭᠦᠨ ᠤᠩᠭᠤᠴᠠ ᠲᠠᠢ ᠪᠤᠯᠳᠠᠭ᠃ ᠤᠩᠭᠤᠴᠠ ᠭᠡᠳᠡᠭ ᠨᠢ ᠡᠭᠦᠳᠡᠨ ᠰᠢᠳᠤᠨ ᠤ ᠲᠤᠷᠭᠠᠨ ᠢᠷ ᠤᠨ ᠤᠩᠭᠤᠴᠠ ᠮᠠᠶ᠋ᠢᠭ  ᠤᠨ ᠲᠠᠪᠬᠤᠷ ᠲᠠᠪᠬᠤᠷ ᠲᠦᠷᠪᠡᠯᠵᠢᠨ ᠬᠡᠯᠪᠡᠷᠢᠳᠠᠢ ᠬᠦᠬᠡᠴᠦ ︵ᠬᠦᠬᠡᠴᠦ ᠬᠡᠮᠡᠨ ᠬᠠᠷᠠᠯᠠᠵᠦ ᠬᠦᠬᠡᠴᠦᠷᠡᠭᠰᠡᠨ ᠬᠡᠰᠡᠭ  ᠢ ᠬᠡᠯᠡᠨ᠎ᠡ︶ ᠪᠦᠬᠦᠢ ᠵᠢᠷᠤᠭᠠᠰᠤ ᠪᠠᠶᠢᠳᠠᠭ ᠢ ᠬᠡᠯᠡᠳᠡᠭ᠃ ᠡᠭᠦᠨ ᠢ ᠬᠦᠬᠡᠴᠦ᠂ ᠤᠩᠭᠤᠴᠠ᠂ ᠬᠤᠸᠠᠷ ᠬᠡᠮᠡᠨ ᠠᠳᠠᠯᠢ ᠦᠬᠡᠢ ᠨᠡᠷᠡᠯᠡᠨ᠎ᠡ᠃ ᠤᠩᠭᠤᠴᠠᠨ ᠤ ᠵᠢᠷᠤᠭᠠᠰᠤ ᠬᠦᠬᠡᠴᠦ ᠪᠤᠶᠤ ᠴᠦᠬᠡᠴᠦ ᠶᠢ ᠪᠠᠰᠠ ᠭᠠᠳᠠᠷ ᠵᠢᠷᠤᠭ᠎ᠠ ᠲᠤᠳᠤᠷ᠎ᠠ ᠵᠢᠷᠤᠭ᠎ᠠ᠂ ᠭᠤᠤᠯ ᠤᠨ ᠵᠢᠷᠤᠭ᠎ᠠ ᠪᠤᠶᠤ ᠭᠤᠤᠯ ᠤᠨ ᠴᠦᠬᠡᠴᠦ ︵ᠬᠦᠬᠡᠴᠦ︶ ᠭᠡᠵᠦ ᠨᠠᠷᠢᠨ ᠢᠯᠭᠠᠳᠠᠭ᠂ ᠨᠠᠢᠮᠠᠨ ᠨᠠᠰᠤ ᠪᠤᠯᠤᠭᠠᠳ ᠢᠷᠡᠬᠦ ᠶᠢᠨ ᠦᠶ᠎ᠡ ᠳᠤ ᠭᠤᠤᠯ ᠢᠶᠠᠨ ᠴᠤᠬᠢᠨ᠎ᠠ ᠭᠡᠵᠦ ᠪᠠᠰᠠ ᠶᠠᠷᠢᠳᠠᠭ᠃ ᠡᠨᠡ ᠨᠢ ᠠᠳᠤᠭᠤᠨ ᠤ ︵ᠬᠡᠭᠦᠤ ᠪᠤᠶᠤ ᠡᠷ᠎ᠡ ᠮᠤᠷᠢ ᠪᠦᠷ ᠠᠳᠠᠯᠢ︶ ᠲᠤᠤᠷᠠᠳᠤ ᠲᠠᠯ᠎ᠠ ᠶᠢᠨ ᠰᠢᠳᠤᠨ ᠤ ᠭᠤᠤᠯ ᠤᠨ ᠬᠤᠶᠠᠷ ᠰᠢᠳᠤᠨ ᠤ ᠤᠩᠭᠤᠴᠠ ᠡᠯᠡᠭᠳᠡᠵᠦ ᠦᠭᠡᠷ᠎ᠡ ᠵᠡᠷᠭᠡᠴᠡᠭᠡ ᠲᠦᠷᠪᠡᠨ ᠰᠢᠳᠤᠨ ᠤ ᠤᠩᠭᠤᠴᠠᠨ ᠠᠴᠠ ᠪᠠᠨ ᠠᠷᠠᠢ ᠪᠠᠭᠠᠰᠴᠦ ᠨᠠᠷᠢᠰᠴᠦ ᠢᠷᠡᠬᠦ ᠶᠢ ᠬᠡᠯᠡᠨ᠎ᠡ᠃ ᠭᠡᠪᠡᠴᠦ ᠤᠩᠭᠤᠴᠠᠨ ᠤ ᠬᠢᠨᠢ ᠨᠠᠷᠢᠰᠴᠦ ᠡᠯᠡᠭᠳᠡᠬᠦ ᠨᠢ ᠮᠤᠷᠢ ᠮᠤᠷᠢ  ᠪᠠᠰᠠ ᠠᠳᠠᠯᠢ ᠦᠬᠡᠢ ᠪᠠᠶᠢᠳᠠᠭ᠃ ᠶᠠᠰᠤ ᠰᠠᠶᠢᠳᠠᠢ ᠰᠠᠶᠢᠨ ᠮᠤᠷᠢᠨ ᠤ ᠤᠩᠭᠤᠴᠠᠨ ᠤ ᠭᠠᠳᠠᠷ ᠵᠢᠷᠤᠭ᠎ᠠ ᠨᠢ ᠡᠯᠡᠭᠳᠡᠭᠡᠳ ᠲᠤᠳᠤᠷ᠎ᠠ ᠵᠢᠷᠤᠭ᠎ᠠ ᠨᠢ ᠬᠡᠪ ᠢᠶᠠᠷ ᠢᠶᠠᠨ ᠪᠠᠶᠢᠳᠠᠭ ᠭᠡᠳᠡᠭ᠃ ᠬᠠᠷᠢᠨ ᠬᠦᠭᠰᠢᠨ ᠬᠡᠭᠦᠤ ᠶᠢᠨ ᠤᠨᠠᠭ᠎ᠠ ᠪᠤᠶᠤ ᠲᠡᠷᠡᠰᠤᠨ ᠲᠦᠩᠬᠡ ᠶᠡᠭᠡ ᠵᠤᠯᠭᠠᠭᠰᠠᠨ ᠮᠤᠷᠢᠨ ᠤ ᠰᠢᠳᠤᠨ ᠤ ᠭᠠᠳᠠᠷ ᠵᠢᠷᠤᠭ᠎ᠠ ᠨᠢ ᠡᠯᠡᠭᠳᠡᠵᠦ ᠠᠷᠢᠯᠳᠠᠭ  ᠢᠶᠠᠷ ᠪᠠᠷᠠᠬᠤ ᠦᠬᠡᠢ᠂ ᠲᠤᠳᠤᠷ᠎ᠠ ᠵᠢᠷᠤᠭ᠎ᠠ ᠨᠢ ᠴᠦ ᠠᠷᠢᠯᠵᠦ᠂ ᠵᠦᠪᠬᠡᠨ ᠭᠤᠤᠯ ᠤᠨ ᠬᠦᠬᠡᠴᠦ ᠨᠢ ᠯᠡ ᠦᠯᠡᠳᠡᠭᠰᠡᠨ ᠪᠠᠶᠢᠳᠠᠭ᠃ ᠵᠠᠷᠢᠮ ᠤᠨᠴᠠᠭᠠᠢ ᠵᠠᠷᠢᠮ ᠮᠤᠷᠢᠨ ᠤ ᠰᠢᠳᠤ ᠨᠢ ᠬᠡᠵᠢᠶᠡᠳᠡ ᠨᠠᠢᠮᠠᠨ ᠨᠠᠰᠤ ᠪᠠᠷ ᠢᠶᠠᠨ ᠪᠠᠶᠢᠳᠠᠭ᠂ ᠡᠶᠢᠮᠤ ᠮᠤᠷᠢ ᠲᠤᠩ ᠬᠤᠪᠤᠷ ᠭᠡᠳᠡᠭ᠂ ᠡᠶᠢᠮᠤ ᠮᠤᠷᠢ ᠶᠢ ︽ᠮᠦᠩᠬᠡ ᠨᠠᠢᠮᠠᠨ ᠨᠠᠰᠤᠳᠤ︾ ᠮᠤᠷᠢ ᠭᠡᠳᠡᠭ ᠭᠡᠨ᠎ᠡ᠃ ᠮᠤᠷᠢᠨ ᠤ ᠰᠢᠳᠤᠨ ᠤ ᠬᠤᠪᠢᠷᠠᠯᠳᠠ ᠶᠢᠨ ᠨᠠᠷᠢᠨ ᠵᠢᠮ᠎ᠡ ᠶᠤᠰᠤ ᠶᠢ ᠭᠦᠢᠴᠡᠳ ᠡᠵᠡᠮᠰᠢᠵᠦ ᠴᠢᠳᠠᠭ᠎ᠠ ᠦᠬᠡᠢ ᠬᠦᠮᠤᠨ ᠪᠤᠯ ᠡᠶᠢᠮᠤ ᠮᠤᠷᠢ ᠶᠢ ᠠᠷᠪᠠ ᠬᠡᠳᠦᠷᠡᠭᠰᠡᠨ ᠪᠠᠶᠢᠬᠤ ᠳᠤ ᠮᠦᠨ ᠨᠠᠢᠮᠠᠨ ᠨᠠᠰᠤᠳᠠᠢ ᠬᠡᠮᠡᠨ ᠠᠳᠡᠭᠦᠷᠡᠳᠡᠭ ᠭᠡᠵᠦ ᠬᠡᠯᠡᠳᠡᠭ᠃ ᠮᠤᠷᠢ ᠶᠢᠰᠤᠨ ᠨᠠᠰᠤ ᠪᠤᠯᠬᠤ ᠶᠢᠨ ᠦᠶ᠎ᠡ ᠪᠠᠷ ᠲᠤᠤᠷ᠎ᠠ ᠲᠦᠷᠪᠡᠨ ᠵᠠᠬ᠎ᠠ ᠶᠢᠨ ᠲᠤᠳᠤᠷ᠎ᠠ ᠲᠠᠯ᠎ᠠ ᠶᠢᠨ ᠬᠤᠶᠠᠷ ᠵᠠᠬ᠎ᠠ ᠨᠢ ᠮᠠᠭᠤᠳᠠᠵᠦ ᠡᠬᠢᠯᠡᠨ᠎ᠡ᠃ ᠮᠦᠨ ᠴᠦ ᠭᠤᠤᠯ ᠤᠨ ᠬᠤᠶᠠᠷ ᠰᠢᠳᠤᠨ ᠤ ᠡᠯᠡᠭᠳᠡᠭᠰᠡᠨ ᠯᠦᠭᠡ ᠠᠳᠠᠯᠢ ᠪᠠᠷ ᠰᠢᠳᠤᠨ ᠤ ᠤᠩᠭᠤᠴᠠ ᠶᠢᠨ ᠬᠢᠨᠢ ᠭᠠᠳᠠᠷ᠂ ᠲᠤᠳᠤᠷ᠎ᠠ ᠵᠢᠷᠤᠭ᠎ᠠ ᠨᠢ ᠠᠷᠢᠯᠵᠦ᠂ ᠵᠦᠪᠬᠡᠨ ᠭᠤᠤᠯ ᠵᠢᠷᠤᠭ᠎ᠠ ᠨᠢ ᠯᠡ ᠬᠦᠬᠡᠴᠦ ᠲᠠᠢ ᠪᠠᠨ ᠦᠯᠡᠳᠡᠬᠦ ᠲᠡᠳᠤᠢ ᠪᠤᠯᠤᠨ᠎ᠡ ᠭᠡᠵᠦ ᠬᠡᠯᠡᠳᠡᠭ᠃ ᠡᠨᠡ ᠦᠶ᠎ᠡ  ᠳᠤ ᠭᠤᠤᠯ ᠤᠨ ᠬᠤᠶᠠᠷ ᠰᠢᠳᠤᠨ ᠤ ᠭᠤᠤᠯ ᠤᠨ ᠬᠦᠬᠡᠴᠦ ᠨᠢ ᠴᠦ ᠪᠠᠷᠤᠭ ᠦᠬᠡᠢ ᠪᠤᠯᠵᠦ᠂ ᠭᠤᠤᠯ ᠵᠢᠷᠤᠭ᠎ᠠ ᠨᠢ ᠴᠦ ᠲᠡᠭᠰᠢᠷᠡᠵᠦ ᠢᠷᠡᠳᠡᠭ ᠭᠡᠳᠡᠭ᠃ ᠮᠤᠷᠢᠨ ᠤ ᠨᠠᠰᠤ ᠠᠷᠪᠠ ᠬᠦᠷᠬᠦ ᠦᠶ᠎ᠡ ᠳᠤ ᠲᠤᠤᠷ᠎ᠠ ᠰᠢᠳᠤᠨ ᠤ ᠬᠠᠮᠤᠭ ᠵᠠᠬ᠎ᠠ ᠶᠢᠨ ᠬᠤᠶᠠᠷ ᠰᠢᠳᠤ ᠨᠢ ᠡᠯᠡᠭᠳᠡᠨ᠎ᠡ᠃ ᠶᠠᠰᠤ ᠰᠠᠶᠢᠳᠠᠢ ᠤᠨᠴᠠ ᠵᠠᠷᠢᠮ ᠮᠤᠷᠢᠨ ᠤ ᠵᠠᠬ᠎ᠠ ᠶᠢᠨ ᠰᠢᠳᠤᠨ ᠤ ᠤᠩᠭᠤᠴᠠ ᠬᠡᠪ ᠢᠶᠠᠷ ᠦᠯᠡᠳᠡᠬᠦ ᠪᠤᠯᠪᠠᠴᠦ ᠶᠡᠷᠤ ᠶᠢᠨ ᠪᠠᠶᠢᠳᠠᠯ ᠳᠤ ᠮᠤᠷᠢᠨ ᠤ ᠤᠩᠭᠤᠴᠠᠨ ᠤ ᠵᠢᠷᠤᠭ᠎ᠠ ᠨᠢ ᠲᠡᠭᠰᠢᠷᠡᠵᠦ ᠠᠷᠢᠯᠤᠨ᠎ᠠ᠃        ᠠᠷᠪᠠᠨ ᠨᠠᠰᠤᠳᠠᠢ ᠮᠤᠷᠢᠨ ᠤ ᠲᠡᠭᠡᠳᠤ ᠰᠢᠳᠤᠨ ᠤ ᠤᠩᠭᠤᠴᠠ ᠨᠢ ᠤᠤᠯ ᠬᠡᠪ ᠢᠶᠠᠷ ᠢᠶᠠᠨ ᠪᠠᠶᠢᠳᠠᠭ᠃ ᠡᠶᠢᠮᠤ ᠰᠢᠳᠤᠨ ᠤ ᠮᠤᠷᠢ ᠶᠢ  ︽ᠲᠡᠭᠡᠳᠤ ᠪᠦᠷᠢᠨ︾ ᠭᠡᠳᠡᠭ᠃ ᠲᠤᠤᠷ᠎ᠠ ᠰᠢᠳᠤᠨ ᠤ ᠤᠩᠭᠤᠴᠠ ᠨᠢ ᠪᠠᠷᠤᠭ ᠨᠡᠶᠢᠳᠠᠮ ᠨᠠᠷᠢᠰᠴᠦ ᠠᠷᠢᠯᠤᠭᠠᠳ ᠢᠷᠡᠬᠦ ᠶᠢᠨ ᠦᠶ᠎ᠡ ᠪᠠᠷ ᠪᠤᠶᠤ ᠪᠠᠷᠤᠭ ᠠᠷᠪᠠᠨ ᠨᠢᠭᠡᠨ ᠨᠠᠰᠤᠨ ᠤ ᠦᠶ᠎ᠡ ᠪᠠᠷ ᠲᠡᠭᠡᠳᠤ ᠰᠢᠳᠤᠨ ᠤ ᠭᠤᠤᠯ ᠢᠶᠠᠨ ᠲᠡᠯᠡᠰᠤᠨ᠎ᠡ ᠭᠡᠳᠡᠭ᠃ ᠠᠷᠪᠠᠨ ᠨᠢᠭᠡᠨ ᠨᠠᠰᠤᠨ ᠳᠤᠨᠢ ᠲᠡᠭᠡᠳᠤ ᠰᠢᠳᠤᠨ ᠤ ᠭᠤᠤᠯ ᠤᠨ ᠬᠤᠶᠠᠷ ᠰᠢᠳᠤ ᠨᠢ ᠡᠯᠡᠭᠳᠡᠵᠦ᠂ ᠤᠩᠭᠤᠴᠠᠨ ᠤ ᠵᠢᠷᠤᠭ᠎ᠠ ᠨᠢ ᠨᠠᠷᠢᠰᠴᠦ ᠢᠷᠡᠬᠦ ᠦᠶ᠎ᠡ ᠶᠢ ︽ᠨᠠᠷᠢᠨ ᠪᠦᠷᠢᠨ︾ ᠭᠡᠵᠦ ᠬᠡᠯᠡᠳᠡᠭ᠃ ᠲᠡᠭᠡᠷ᠎ᠡ ᠰᠢᠳᠤᠨ ᠤ ᠢᠷ ᠨᠢ ᠮᠦᠨ ᠲᠤᠤᠷ᠎ᠠ ᠰᠢᠳᠤᠨ ᠤ ᠢᠷ ᠤᠨ ᠡᠯᠡᠭᠳᠡᠭᠰᠡᠨ ᠲᠠᠢ ᠠᠳᠠᠯᠢ ᠪᠠᠷ ᠭᠤᠤᠯ ᠤᠨ ᠬᠤᠶᠠᠷ ᠰᠢᠳᠤᠨ ᠠᠴᠠ ᠪᠠᠨ ᠬᠤᠶᠠᠷ ᠵᠠᠬ᠎ᠠ ᠤᠷᠤᠭᠤ ᠪᠠᠨ ᠮᠠᠭᠤᠳᠠᠨ᠎ᠠ᠃ ᠢᠩᠬᠢᠭᠡᠳ ᠶᠡᠭᠡ ᠲᠦᠯᠦᠪ ᠠᠷᠪᠠᠨ ᠭᠤᠷᠪᠠ ᠬᠦᠷᠬᠦ ᠶᠢᠨ ᠦᠶ᠎ᠡ ᠳᠤ ᠲᠡᠭᠡᠷ᠎ᠡ ᠰᠢᠳᠤᠨ ᠤ ᠬᠢᠨᠢ ᠤᠩᠭᠤᠴᠠ ᠨᠢ ᠪᠦᠬᠦᠨ ᠢᠶᠠᠷ  ᠢᠶᠠᠨ ᠡᠯᠡᠭᠳᠡᠵᠦ ᠲᠡᠭᠰᠢᠷᠡᠨ᠎ᠡ᠃ ᠪᠠᠷᠤᠭ ᠠᠷᠪᠠᠨ ᠲᠦᠷᠪᠡᠨ ᠨᠠᠰᠤ ᠬᠦᠷᠬᠦ ᠦᠶ᠎ᠡ ᠪᠠᠷ ᠲᠡᠭᠡᠳᠤ ᠲᠤᠤᠷᠠᠳᠤ ᠪᠦᠬᠦ ᠰᠢᠳᠤᠨ ᠤ ᠬᠢᠨᠢ ᠤᠩᠭᠤᠴᠠ ᠨᠢ ᠪᠦᠷ ᠡᠯᠡᠭᠳᠡᠵᠦ᠂ ᠭᠠᠳᠠᠷ᠂ ᠲᠤᠳᠤᠷ᠎ᠠ ᠵᠢᠷᠤᠭ᠎ᠠ ᠨᠢ ᠠᠷᠢᠯᠵᠦ᠂ ᠵᠦᠪᠬᠡᠨ ᠭᠤᠤᠯ  ᠤᠨ ᠬᠦᠬᠡᠴᠦ ᠨᠢ ᠦᠯᠡᠳᠡᠵᠦ ᠬᠤᠴᠤᠷᠤᠨ᠎ᠠ ᠭᠡᠳᠡᠭ᠃ ᠮᠤᠷᠢᠨ ᠤ ᠡᠨᠡ ᠦᠶ᠎ᠡ ᠶᠢᠨ ᠰᠢᠳᠤ ᠶᠢ ︽ᠮᠤᠭᠠᠢ ᠨᠢᠳᠤ︾ ᠭᠡᠵᠦ ᠨᠡᠷᠡᠯᠡᠳᠡᠭ ᠭᠡᠨ᠎ᠡ᠃ ᠮᠤᠭᠠᠢ ᠨᠢᠳᠤ ᠨᠢ ᠪᠠᠷᠠᠭᠳᠠᠪᠠᠯ ᠶᠠᠰᠤᠨ ᠰᠢᠳᠤ ᠪᠤᠯᠤᠨ᠎ᠠ᠃ ᠮᠤᠷᠢᠨ ᠤ ᠶᠠᠰᠤᠨ ᠰᠢᠳᠤ  ᠶᠢ ᠪᠠᠰᠠ ᠲᠤᠯᠢ ᠪᠠᠷ ᠢᠶᠠᠨ ᠪᠠᠶᠢᠬᠤ ᠪᠠ ᠡᠰᠡᠬᠦ ᠭᠡᠵᠦ ᠢᠯᠭᠠᠨ᠎ᠠ᠃ ᠲᠡᠭᠡᠷ᠎ᠡ ᠲᠤᠤᠷ᠎ᠠ ᠰᠢᠳᠤᠨ ᠤ ᠬᠢᠨᠢ ᠬᠦᠬᠡᠴᠦ  ᠨᠢ ᠠᠷᠢᠯᠵᠦ ᠲᠡᠭᠰᠢᠷᠡᠭᠡᠳ ᠭᠦᠯᠢᠢᠭᠰᠡᠨ ᠪᠤᠯᠪᠠᠴᠦ ᠭᠤᠤᠯ ᠤᠨ ᠬᠢᠨᠢ ᠬᠦᠬᠡᠴᠦ ᠨᠢ ᠠᠷᠡᠢ ᠠᠷᠢᠯᠤᠭᠠᠳᠤᠢ ᠰᠢᠳᠤᠨ ᠤ ᠬᠢᠨᠢ ᠭᠠᠳᠠᠨ᠎ᠠ ᠢᠷᠮᠡᠭ ᠨᠢ ᠰᠠᠷᠪᠠᠭᠠᠢ ᠬᠡᠪ ᠢᠶᠠᠷ ᠢᠶᠠᠨ ᠪᠠᠶᠢᠳᠠᠭ᠃ ᠡᠭᠦᠨ ᠢ ᠶᠠᠰᠤᠨ ᠰᠢᠳᠤ ᠨᠢ ᠲᠤᠯᠢ ᠪᠠᠷ ᠢᠶᠠᠨ ᠪᠠᠶᠢᠨ᠎ᠠ ᠭᠡᠳᠡᠭ᠃ ᠮᠤᠷᠢᠨ ᠤ ᠵᠠᠯᠠᠭᠤ ᠬᠦᠭᠰᠢᠨ ᠢ ᠦᠵᠡᠬᠦ ᠳᠤ ᠪᠠᠰᠠ ᠰᠢᠳᠤᠨ ᠤ ᠦᠩᠭᠡ ᠪᠠᠷ ᠨᠢ ᠠᠵᠢᠭᠯᠠᠵᠦ ᠪᠤᠯᠳᠠᠭ᠃ ᠮᠤᠷᠢᠨ ᠤ ᠰᠢᠳᠤ ᠶᠢ ᠲᠠᠳᠠᠵᠦ ᠦᠵᠡᠬᠦ ᠳᠤ ᠵᠠᠯᠠᠭᠤ ᠮᠤᠷᠢᠨ ᠤ ᠰᠢᠳᠤᠨ ᠤ ᠭᠠᠳᠠᠷ ᠲᠠᠯ᠎ᠠ ᠨᠢ ᠰᠢᠷᠠᠩᠭᠤᠢ ᠦᠩᠭᠡ ᠲᠠᠢ ᠪᠠᠶᠢᠳᠠᠭ ᠭᠡᠵᠦ ᠬᠡᠯᠡᠳᠡᠭ᠃ ᠮᠤᠷᠢ ᠬᠦᠭᠰᠢᠷᠡᠬᠦ ᠨᠠᠰᠤᠨ ᠳᠠᠭᠠᠨ ᠤᠷᠤᠵᠦ ᠤᠩᠭᠤᠴᠠ ᠨᠢ ᠡᠯᠡᠭᠳᠡᠭᠡᠳ᠂ ᠶᠠᠰᠤᠨ ᠰᠢᠳᠤᠨ ᠤ ᠦᠶ᠎ᠡ ᠪᠤᠯᠬᠤ ᠳᠤ ᠰᠢᠳᠤᠨ ᠤ ᠭᠠᠳᠠᠷ ᠦᠩᠭᠡᠨ ᠤ ᠰᠢᠷ᠎ᠠ ᠬᠦᠬᠡᠴᠦ ᠨᠢ ᠠᠷᠢᠯᠵᠦ᠂ ᠰᠢᠳᠤᠨ ᠤ ᠦᠩᠭᠡ ᠨᠢ ᠭᠦᠯᠢᠭᠡᠷ ᠴᠠᠭᠠᠨ ᠪᠤᠯᠤᠭᠰᠠᠨ ᠪᠠᠶᠢᠳᠠᠭ᠃ ᠮᠤᠷᠢᠨ ᠤ ᠨᠠᠰᠤ ᠠᠷᠪᠠᠨ ᠵᠢᠷᠭᠤᠭ᠎ᠠ ᠬᠦᠷᠬᠦ ᠦᠶ᠎ᠡ ᠪᠠᠷ ᠰᠠᠷᠪᠠᠭᠠᠢ ᠰᠢᠳᠤ ᠨᠢ ᠬᠤᠮᠤᠶᠢᠵᠦ ᠢᠷᠡᠳᠡᠭ᠃ ᠠᠷᠪᠠᠨ ᠵᠢᠷᠭᠤᠭ᠎ᠠ ᠪᠤᠶᠤ ᠠᠷᠪᠠᠨ ᠲᠤᠯᠤᠭᠠᠨ ᠨᠠᠰᠤ ᠬᠦᠷᠬᠦ ᠳᠤ ᠰᠢᠳᠤ ᠨᠢ ᠲᠠᠯᠪᠢᠭᠳᠠᠨ᠎ᠠ ᠭᠡᠵᠦ ᠬᠡᠯᠡᠳᠡᠭ᠃ ᠡᠨᠡ ᠨᠢ ᠶᠠᠰᠤᠨ ᠰᠢᠳᠤᠨ ᠤ ᠬᠤᠮᠤᠭᠠᠷ ᠨᠢ ᠦᠬᠡᠢ ᠪᠤᠯᠵᠦ ᠪᠠᠶᠢᠭ᠎ᠠ ᠶᠢ ᠵᠢᠭᠠᠵᠦ ᠪᠠᠶᠢᠭ᠎ᠠ ᠶᠤᠮ᠃ ᠮᠠᠨ ᠤ ᠮᠤᠩᠭᠤᠯ ᠬᠦᠮᠤᠨ ᠮᠤᠷᠢᠨ ᠤ ᠰᠢᠳᠤᠨ ᠤ ᠢᠷ ᠤᠨ ᠬᠤᠪᠢᠷᠠᠯᠳᠠ ᠶᠢᠨ ᠪᠠᠶᠢᠳᠠᠯ ᠢ ᠠᠷᠪᠠᠨ ᠵᠢᠷᠭᠤᠭ᠎ᠠ ᠲᠤᠯᠤᠭ᠎ᠠ ᠬᠦᠷᠳᠡᠯ᠎ᠡ ᠵᠢᠯ ᠲᠠᠷᠠᠭᠠᠯᠠᠨ ᠲᠤᠳᠤᠷᠬᠠᠢ ᠲᠤᠭᠠᠯᠠᠵᠦ ᠴᠢᠳᠠᠳᠠᠭ ᠪᠠᠶᠢᠵᠠᠢ᠃ ᠶᠡᠷᠦᠩᠬᠡᠢ ᠵᠢᠮ᠎ᠡ ᠶᠤᠰᠤ ᠨᠢ ᠲᠡᠶᠢᠮᠤ ᠪᠤᠯᠪᠠᠴᠦ ᠮᠤᠷᠢᠨ ᠤ ᠲᠦᠷᠦᠯᠬᠢ ᠶᠠᠰᠤᠨ ᠤ ᠴᠢᠨᠠᠷ᠂ ᠬᠦᠭᠰᠢᠨ ᠵᠠᠯᠠᠭᠤ ᠬᠡᠭᠦᠤ ᠶᠢᠨ ᠤᠨᠠᠭ᠎ᠠ᠂ ᠬᠡᠭᠦᠤ ᠪᠠ ᠡᠷ᠎ᠡ ᠮᠤᠷᠢ ᠶᠢᠨ ᠢᠯᠭᠠᠭ᠎ᠠ᠂ ᠤᠨᠤᠵᠦ ᠡᠳ᠋ᠯᠡᠬᠦ ᠶᠢᠨ ᠬᠠᠯᠠ  ᠲᠠᠢ ᠭᠠᠮᠳᠠᠢ ᠶᠢᠨ ᠵᠦᠷᠢᠶ᠎ᠡ᠂ ᠢᠳᠡᠬᠦ ᠡᠪᠡᠰᠤᠨ ᠤ ᠬᠠᠳᠠᠭᠤ ᠵᠦᠭᠡᠯᠡᠨ ᠤ ᠢᠯᠭᠠᠯ᠂ ᠲᠡᠭᠦᠨ ᠤ ᠵᠢᠰᠤ᠂ ᠡᠪᠡᠳᠴᠢᠨ ᠭᠡᠮ ᠵᠡᠷᠭᠡ ᠡᠯᠳᠡᠪ ᠰᠢᠯᠳᠠᠭᠠᠨ ᠠᠴᠠ ᠪᠤᠯᠵᠦ᠂ ᠮᠤᠷᠢ ᠪᠦᠷᠢ ᠶᠢᠨ ᠰᠢᠳᠤᠨ ᠤ ᠡᠯᠡᠭᠳᠡᠯ ᠤᠨ ᠬᠤᠪᠢᠷᠠᠯᠳᠠ ᠶᠢᠨ ᠪᠠᠶᠢᠳᠠᠯ ᠵᠤᠬᠢᠬᠤ ᠬᠡᠮᠵᠢᠶᠡᠨ ᠤ ᠵᠦᠷᠢᠶ᠎ᠡ ᠲᠠᠢ ᠪᠠᠶᠢᠳᠠᠭ ᠪᠢᠯᠠ᠃ ᠲᠡᠶᠢᠮᠤ ᠪᠤᠯᠬᠤᠷ ᠮᠤᠷᠢᠨ ᠤ ᠨᠠᠰᠤ ᠰᠢᠳᠤ ᠶᠢ ᠰᠢᠨᠵᠢᠬᠦ ᠬᠦᠮᠤᠨ᠂ ᠮᠤᠷᠢᠨ ᠤ ᠰᠢᠳᠤ ᠶᠢ ᠦᠵᠡᠬᠦ ᠶᠢᠨ ᠲᠠᠭᠠᠤ ᠳᠤᠨᠢ ᠮᠤᠷᠢᠨ ᠤ ᠪᠤᠰᠤᠳ ᠲᠠᠯ᠎ᠠ ᠶᠢ ᠴᠦ ᠨᠠᠷᠢᠯᠢᠭ ᠤᠶᠠᠯᠳᠤᠭᠤᠯᠤᠨ ᠬᠤᠯᠪᠤᠵᠦ ᠦᠵᠡᠵᠦ ᠰᠢᠨᠵᠢᠳᠡᠭ ᠤᠴᠢᠷ ᠲᠠᠢ ᠪᠠᠶᠢᠳᠠᠭ᠃        ᠮᠤᠷᠢᠨ ᠤ ᠰᠢᠳᠤ ᠶᠢ ᠤᠨᠴᠠᠭᠠᠢ ᠰᠠᠶᠢᠨ ᠮᠡᠳᠡᠳᠡᠭ ᠬᠦᠮᠤᠨ᠂ ᠮᠤᠷᠢᠨ ᠤ ᠨᠠᠰᠤ ᠶᠢ ᠭᠤᠴᠢ ᠬᠦᠷᠳᠡᠯ᠎ᠡ ᠨᠢ ᠵᠢᠯ ᠲᠠᠷᠠᠭᠠᠯᠠᠨ ᠲᠤᠪ ᠲᠤᠳᠤᠷᠬᠠᠢ ᠲᠤᠭᠠᠯᠠᠵᠦ ᠴᠢᠳᠡᠳᠠᠭ ᠭᠡᠳᠡᠭ ᠪᠢᠯᠠ᠃ ᠮᠤᠷᠢᠨ ᠤ ᠶᠠᠰᠤᠨ ᠰᠢᠳᠤ ᠨᠢ ᠲᠡᠭᠰᠢᠷᠡᠭᠡᠳ ᠭᠦᠯᠢᠭᠡᠷ ᠪᠤᠯᠴᠢᠬᠠᠭᠰᠠᠨ ᠪᠤᠯᠪᠠᠴᠦ ᠨᠠᠷᠢᠨ ᠠᠵᠢᠭᠯᠠᠪᠠᠯ ᠤᠤᠯ ᠤᠨ ᠤᠩᠭᠤᠴᠠᠨ ᠤ ᠬᠢᠨᠢ ᠤᠷᠤ ᠮᠦᠷ ᠪᠤᠯᠤᠭᠰᠠᠨ ᠨᠠᠷᠢᠨ ᠰᠢᠷ᠎ᠠ ᠵᠢᠷᠤᠭ᠎ᠠ ᠨᠤᠭᠤᠳ ᠨᠢ ᠢᠯᠡᠬᠡᠨ ᠢᠶᠠᠷ ᠢᠶᠠᠨ ᠪᠠᠶᠢᠳᠠᠭ ᠭᠡᠳᠡᠭ᠃ ᠮᠤᠷᠢᠨ ᠤ ᠰᠢᠳᠤ ᠶᠢ ᠰᠠᠶᠢᠨ ᠰᠢᠨᠵᠢᠳᠡᠭ ᠠᠵᠢᠭᠴᠢ ᠭᠢᠷᠬᠠᠢ ᠬᠦᠮᠤᠨ ᠲᠡᠷᠡ ᠰᠢᠷ᠎ᠠ ᠵᠢᠷᠤᠭᠠᠰᠤ ᠶᠢᠨ ᠬᠢᠨᠢ ᠬᠤᠪᠢᠷᠠᠯᠳᠠ ᠶᠢᠨ ᠪᠠᠶᠢᠳᠠᠯ ᠢ ᠰᠢᠨᠵᠢᠵᠦ᠂ ᠭᠤᠴᠢᠨ ᠨᠠᠰᠤ ᠬᠦᠷᠳᠡᠯ᠎ᠡ ᠨᠢ ᠨᠠᠷᠢᠨ ᠲᠤᠭᠠᠯᠠᠵᠦ ᠴᠢᠳᠠᠳᠠᠭ ᠭᠡᠳᠡᠭ ᠪᠢᠯᠠ᠃        2.  ᠬᠤᠨᠢ ᠢᠮᠠᠭ᠎ᠠ᠂ ᠦᠬᠡᠷ ᠤᠨ ᠰᠢᠳᠤ ᠶᠢ ᠦᠵᠡᠬᠦ        ᠬᠤᠨᠢ ᠢᠮᠠᠭ᠎ᠠ ᠦᠬᠡᠷ ᠤᠨ ᠰᠢᠳᠤ ᠶᠢ ᠦᠵᠡᠬᠦ ᠭᠡᠳᠡᠭ ᠨᠢ ᠡᠷᠡᠤ ᠲᠠᠯ᠎ᠠ ᠶᠢᠨ ᠡᠭᠦᠳᠡᠨ ᠰᠢᠳᠤ ᠶᠢ ᠦᠵᠡᠬᠦ  ᠶᠢ ᠬᠡᠯᠡᠨ᠎ᠡ᠃ ᠬᠤᠨᠢ ᠢᠮᠠᠭ᠎ᠠ ᠶᠢᠨ ᠰᠢᠳᠤ ᠨᠢ ᠨᠢᠭᠡ ᠨᠠᠰᠤᠨ ᠳᠠᠭᠠᠨ ᠨᠢᠯᠬ᠎ᠠ ᠶᠢᠨ ᠰᠦᠨ ᠰᠢᠳᠤ ᠪᠠᠷ ᠢᠶᠠᠨ ᠪᠠᠶᠢᠳᠠᠭ ᠭᠡᠳᠡᠭ᠃ ᠬᠤᠨᠢ ᠢᠮᠠᠭ᠎ᠠ ᠬᠤᠶᠠᠷ ᠨᠠᠰᠤᠨ ᠲᠡᠭᠡᠷ᠎ᠡ ᠪᠠᠨ ᠭᠤᠤᠯ ᠤᠨ ᠬᠤᠶᠠᠷ ᠰᠢᠳᠤ ᠪᠠᠨ ᠰᠤᠯᠢᠵᠦ᠂ ᠭᠤᠷᠪᠠᠨ ᠨᠠᠰᠤᠳᠠᠢ ᠳᠠᠭᠠᠨ ᠲᠤᠮᠳᠠ ᠬᠤᠶᠠᠷ ᠰᠢᠳᠤ ᠪᠠᠨ ᠰᠤᠯᠢᠨ᠎ᠠ᠃ ᠲᠦᠷᠪᠡᠨ ᠨᠠᠰᠤᠨ ᠳᠠᠭᠠᠨ ᠵᠠᠬ᠎ᠠ ᠶᠢᠨ ᠬᠤᠶᠠᠷ ᠰᠢᠳᠤ ᠪᠠᠨ ᠰᠤᠯᠢᠭᠠᠳ᠂ ᠵᠢᠷᠭᠤᠭᠠᠨ ᠰᠢᠳᠤ ᠨᠢ ᠪᠦᠷᠢᠳᠴᠦ ᠵᠢᠭᠰᠠᠨ᠎ᠠ᠃ ᠦᠬᠡᠷ ᠭᠤᠷᠪᠠᠨ ᠨᠠᠰᠤᠨ ᠠᠴᠠ  ᠪᠠᠨ ᠡᠬᠢᠯᠡᠵᠦ ᠰᠢᠳᠤ ᠪᠠᠨ ᠰᠤᠯᠢᠨ᠎ᠠ᠃ ᠮᠦᠨ ᠬᠤᠨᠢ ᠢᠮᠠᠭ᠎ᠠ ᠲᠠᠢ ᠠᠳᠠᠯᠢ ᠭᠤᠤᠯ ᠤᠨ ᠬᠤᠶᠠᠷ ᠰᠢᠳᠤ ᠠᠴᠠ ᠪᠠᠨ ᠡᠬᠢᠯᠡᠨ ᠭᠤᠷᠪᠠᠨ ᠵᠢᠯ ᠤᠨ ᠲᠤᠳᠤᠷ᠎ᠠ ᠵᠢᠯ ᠲᠠᠷᠠᠭᠠᠯᠠᠨ ᠰᠤᠯᠢᠭᠳᠠᠵᠦ᠂ ᠰᠤᠶᠤᠯᠠᠩ ︵ᠲᠠᠪᠤᠨ ᠨᠠᠰᠤᠳᠠᠢ ᠳᠤᠨᠢ︶  ᠳᠤ ᠪᠠᠨ ᠵᠢᠷᠭᠤᠭᠠᠨ ᠰᠢᠳᠤ ᠨᠢ ᠵᠢᠭᠰᠠᠵᠦ ᠪᠦᠷᠢᠳᠤᠨ᠎ᠡ᠃        ᠬᠤᠨᠢ ᠢᠮᠠᠭ᠎ᠠ ᠦᠬᠡᠷ ᠤᠨ ᠰᠢᠳᠤᠨ ᠤ ᠢᠷ ᠤᠨ ᠬᠡᠯᠪᠡᠷᠢ ᠨᠢ ᠠᠳᠤᠭᠤᠨ ᠤ ᠬᠢ ᠲᠠᠢ ᠠᠳᠠᠯᠢ ᠲᠡᠶᠢᠮᠤ ᠦᠷᠭᠡᠨ ᠪᠢᠰᠢ᠂ ᠬᠠᠷᠢᠨ ᠨᠢᠮᠭᠡᠨ ᠢᠷ ᠲᠠᠢ ᠪᠠᠶᠢᠳᠠᠭ ᠪᠤᠯᠬᠤᠷ ᠬᠤᠨᠢ ᠦᠬᠡᠷ ᠤᠨ ᠨᠠᠰᠤ ᠰᠢᠳᠤ ᠭᠦᠢᠴᠡᠭᠰᠡᠨ ᠠᠴᠠ ᠬᠤᠶᠢᠨᠠᠬᠢ ᠨᠠᠰᠤ ᠶᠢ ᠲᠤᠭᠠᠯᠠᠬᠤ ᠳᠠᠭᠠᠨ ᠰᠢᠳᠤᠨ ᠤ ᠬᠢᠨᠢ ᠵᠠᠢ ᠪᠤᠯᠤᠨ ᠢᠷ ᠤᠨ ᠬᠢᠨᠢ ᠮᠤᠬᠤᠵᠦ ᠡᠯᠡᠭᠳᠡᠭᠰᠡᠨ ᠪᠠᠶᠢᠳᠠᠯ ᠢᠶᠠᠷ ᠦᠵᠡᠳᠡᠭ ᠭᠡᠳᠡᠭ᠃ ᠬᠤᠨᠢ ᠢᠮᠠᠭ᠎ᠠ ᠦᠬᠡᠷ ᠤᠨ ᠨᠠᠰᠤ ᠰᠢᠳᠤ ᠭᠦᠢᠴᠡᠵᠦ ᠢᠷᠭᠡ᠂ ᠰᠡᠷᠡᠭᠡ᠂ ᠱᠠᠷ ᠭᠤᠷᠪᠠ᠂ ᠲᠦᠷᠪᠡᠨ ᠵᠢᠯ ᠪᠤᠯᠪᠠᠯ ᠰᠢᠳᠤ ᠨᠢ ᠰᠡᠶᠢᠵᠦ ᠡᠬᠢᠯᠡᠨ᠎ᠡ᠃ ︽ᠰᠢᠳᠤ ᠰᠡᠶᠢᠨ᠎ᠡ︾ ᠭᠡᠳᠡᠭ ᠨᠢ ᠦᠬᠡᠷ ᠬᠤᠨᠢᠨ ᠤ ᠰᠢᠳᠤ ᠭᠤᠤᠯ ᠤᠨ ᠰᠢᠳᠤᠨ ᠠᠴᠠ ᠪᠠᠨ ᠡᠬᠢᠯᠡᠨ ᠰᠢᠳᠤᠨ ᠤ ᠵᠠᠪᠰᠠᠷ ᠢᠶᠠᠷ ᠵᠠᠢ ᠭᠠᠷᠬᠤ ᠶᠢ ᠬᠡᠯᠡᠳᠡᠭ᠃ ᠰᠢᠳᠤ ᠨᠢ ᠡᠯᠡᠭᠳᠡᠬᠦ ᠳᠡᠭᠡᠨ ᠰᠢᠳᠤ ᠰᠢᠳᠤᠨ ᠤ ᠪᠠᠨ ᠵᠠᠪᠰᠠᠷ ᠠᠴᠠ ᠡᠬᠢᠯᠡᠵᠦ ᠡᠯᠡᠭᠳᠡᠳᠡᠭ ᠠᠵᠢ᠃ ᠬᠤᠨᠢ ᠦᠬᠡᠷ  ᠤᠨ ᠰᠢᠳᠤ ᠢᠩᠬᠢᠵᠦ ᠰᠡᠶᠢᠵᠦ ᠡᠯᠡᠭᠳᠡᠬᠦ ᠶᠢᠨ ᠲᠠᠭᠠᠤ ᠪᠠᠰᠠ ᠲᠤᠷᠭᠠᠨ ᠢᠷ ᠠᠴᠠ ᠪᠠᠨ ᠡᠬᠢᠯᠡᠵᠦ ᠡᠯᠡᠭᠳᠡᠭᠰᠡᠭᠡᠷ ᠪᠠᠶᠢᠵᠦ ᠠᠷᠪᠠ ᠤᠶᠢᠷᠠᠳᠤᠬᠤ ᠳᠤ ᠰᠢᠳᠤ ᠨᠢ ᠲᠠᠭᠠᠷᠢᠭᠳᠠᠵᠦ ᠵᠢᠵᠢᠭᠷᠡᠬᠦ ᠪᠤᠶᠤ ᠡᠮᠳᠡᠷᠡᠨ᠎ᠡ᠃ ᠠᠷᠪᠠ ᠭᠠᠷᠪᠠᠯ ᠰᠢᠳᠤ  ᠨᠢ ᠪᠦᠷ ᠡᠯᠡᠭᠳᠡᠭᠡᠳ ᠴᠠᠭᠠᠨ ᠪᠤᠳᠠᠭ᠎ᠠ ᠰᠢᠭ᠋ ᠵᠢᠵᠢᠭ ᠶᠠᠭᠤᠮ᠎ᠠ ᠪᠤᠯᠴᠢᠳᠠᠭ᠃ ᠦᠬᠡᠷ ᠪᠠᠰᠠ ᠠᠷᠪᠠᠨ ᠲᠠᠪᠤ ᠦᠩᠭᠡᠷᠡᠪᠡᠯ ᠰᠡᠶᠢᠵᠦ᠂ ᠡᠯᠡᠭᠳᠡᠵᠦ ᠡᠮᠳᠡᠷᠡᠭᠡᠳ ᠡᠪᠡᠰᠤ ᠵᠠᠵᠢᠯᠠᠵᠦ ᠲᠠᠭᠠᠬᠤ ᠪᠠᠨ ᠪᠤᠯᠢᠳᠠᠭ ᠭᠡᠳᠡᠭ ᠶᠤᠮ᠃         3.   ᠲᠡᠮᠡᠭᠡᠨ ᠤ ᠰᠢᠳᠤ᠂ ᠰᠤᠶᠤᠭ᠎ᠠ᠂ ᠠᠷᠠᠭ᠎ᠠ ᠶᠢ ᠦᠵᠡᠬᠦ         ᠲᠡᠮᠡᠭᠡᠨ ᠤ ᠰᠢᠳᠤ ᠦᠵᠡᠬᠦ ᠭᠡᠳᠡᠭ ᠨᠢ ᠮᠦᠨ ᠴᠦ ᠡᠷᠡᠤ ᠲᠠᠯ᠎ᠠ ᠶᠢᠨ ᠡᠭᠦᠳᠡᠨ ᠰᠢᠳᠤ ᠶᠢ ᠨᠢ ᠦᠵᠡᠬᠦ  ᠶᠢ ᠬᠡᠯᠡᠨ᠎ᠡ᠃ ᠲᠡᠮᠡᠭᠡ ᠪᠤᠰᠤᠳ ᠮᠠᠯ ᠲᠠᠢ ᠠᠳᠠᠯᠢ ᠦᠬᠡᠢ᠂ ᠲᠦᠷᠪᠡᠨ ᠨᠠᠰᠤ ᠬᠦᠷᠳᠡᠯ᠎ᠡ ᠪᠠᠨ ᠨᠢᠯᠬ᠎ᠠ ᠶᠢᠨ ᠰᠢᠳᠤ  ᠪᠠᠷ ᠢᠶᠠᠨ ᠪᠠᠶᠢᠳᠠᠭ᠃ ᠪᠤᠳᠤᠭᠤ᠂ ᠲᠤᠷᠤᠮ᠂ ᠭᠤᠷᠪᠠᠳᠠ᠂ ᠲᠦᠷᠪᠡᠳᠡ᠂ ᠦᠩᠭᠡᠷᠡᠭᠡᠳ ᠲᠠᠪᠤᠳᠠ ᠪᠤᠯᠬᠤ ᠦᠶ᠎ᠡ  ᠳᠤ ᠰᠠᠶ᠋ᠢ ᠭᠤᠤᠯ ᠤᠨ ᠪᠤᠳᠤᠭᠤᠨ ᠬᠤᠶᠠᠷ ᠬᠠᠪᠠᠯᠭ᠎ᠠ ᠨᠢ ᠤᠶᠢᠴᠢᠵᠦ᠂ ᠰᠢᠨ᠎ᠡ ᠦᠷᠭᠡᠨ ᠬᠤᠶᠠᠷ ᠬᠠᠪᠠᠯᠭ᠎ᠠ ᠤᠷᠭᠤᠵᠦ ᠭᠠᠷᠤᠨ᠎ᠠ᠃ ᠵᠢᠷᠭᠤᠭᠠᠨ ᠨᠠᠰᠤᠨ ᠳᠤᠨᠢ ᠲᠤᠮᠳᠠ ᠬᠤᠶᠠᠷ ᠬᠠᠪᠠᠯᠭ᠎ᠠ ᠨᠢ ᠰᠤᠯᠢᠭᠳᠡᠵᠦ᠂ ᠲᠤᠯᠤᠭᠠᠨ ᠨᠠᠰᠤ ᠪᠤᠯᠬᠤ ᠳᠤᠨᠢ ᠵᠠᠬ᠎ᠠ ᠶᠢᠨ ᠬᠤᠶᠠᠷ ᠬᠠᠪᠠᠯᠭ᠎ᠠ ᠨᠢ ᠰᠤᠯᠢᠭᠳᠠᠨ᠎ᠠ᠃ ᠢᠩᠬᠢᠭᠡᠳ ᠲᠤᠯᠤᠭᠠᠨ ᠨᠠᠰᠤᠨ ᠲᠡᠭᠡᠷ᠎ᠡ  ᠨᠢ ᠵᠢᠷᠭᠤᠭᠠᠨ ᠰᠢᠳᠤ ᠨᠢ ᠪᠦᠷᠢᠳᠤᠨ᠎ᠡ᠃ ᠡᠭᠦᠨ ᠢ ᠵᠢᠷᠭᠤᠭᠠᠨ ᠬᠠᠪᠠᠯᠭ᠎ᠠ ᠨᠢ ᠵᠢᠭᠰᠠᠵᠠᠢ ᠭᠡᠳᠡᠭ᠃ ᠨᠠᠢᠮᠠ᠂ ᠶᠢᠰᠤᠨ ᠨᠠᠰᠤᠨ ᠳᠤᠨᠢ ᠲᠡᠭᠡᠷ᠎ᠡ ᠲᠤᠤᠷ᠎ᠠ ᠲᠦᠷᠪᠡᠨ ᠰᠤᠶᠤᠭ᠎ᠠ ᠨᠢ ᠤᠷᠭᠤᠵᠦ ᠪᠦᠷᠢᠳᠤᠨ᠎ᠡ᠃ ᠲᠡᠮᠡᠭᠡ ᠲᠤᠯᠤᠭᠠᠨ ᠨᠠᠰᠤᠨ ᠠᠴᠠ ᠶᠢᠰᠤᠨ ᠨᠠᠰᠤ ᠪᠤᠯᠬᠤ ᠳᠤ ᠨᠠᠰᠤ ᠰᠢᠳᠤ ᠨᠢ ᠪᠦᠷᠢᠳᠴᠦ ᠢᠷᠡᠨ᠎ᠡ᠃ ᠡᠭᠦᠨ ᠠᠴᠠ ᠬᠤᠶᠢᠰᠢ ᠲᠡᠮᠡᠭᠡᠨ  ᠤ ᠨᠠᠰᠤ ᠵᠢᠯ ᠢ ᠲᠤᠭᠠᠯᠠᠬᠤ ᠳᠤ ᠰᠢᠳᠤᠨ ᠤ ᠬᠢᠨᠢ ᠢᠷ ᠤᠨ ᠬᠤᠪᠢᠷᠠᠯᠳᠠ ᠶᠢᠨ ᠪᠠᠶᠢᠳᠠᠯ ᠢ ᠦᠵᠡᠵᠦ ᠲᠤᠭᠳᠠᠭᠠᠳᠠᠭ ᠃ ᠲᠡᠮᠡᠭᠡᠨ ᠤ ᠰᠢᠳᠤᠨ ᠤ ᠢᠷ ᠨᠢ ᠦᠬᠡᠷ ᠬᠤᠨᠢᠨ ᠤ ᠰᠢᠳᠤ ᠶᠢ ᠪᠤᠳᠤᠪᠠᠯ ᠦᠷᠭᠡᠨ ᠶᠤᠮ᠃ ᠬᠤᠷᠴᠠ ᠢᠷ ᠤᠨ ᠬᠢᠨᠢ ᠬᠡᠯᠪᠡᠷᠢ᠂ ᠮᠤᠷᠢᠨ ᠤ ᠰᠢᠳᠤ ᠲᠠᠢ ᠪᠠᠰᠠ ᠠᠳᠠᠯᠢ ᠦᠬᠡᠢ᠃ ᠲᠡᠮᠡᠭᠡᠨ ᠤ ᠰᠢᠳᠤ ᠪᠤᠯ ᠭᠤᠷᠪᠠᠨ ᠲᠡᠪᠰᠠᠭ ︵ᠲᠡᠭᠳᠡᠷ︶ ᠲᠠᠢ ᠰᠢᠳᠤ ᠶᠤᠮ᠃ ᠡᠭᠦᠨ ᠢ ᠰᠢᠳᠤᠨ ᠤ ︽ᠦᠷᠭᠡᠰᠤ︾ ᠭᠡᠳᠡᠭ᠃ ᠡᠨᠡᠬᠦ ᠭᠤᠷᠪᠠᠨ ᠲᠠᠪᠰᠠᠭ ︵ᠲᠡᠭᠳᠡᠷ︶ ᠲᠠᠢ ᠦᠷᠭᠡᠰᠤ ᠪᠠᠨ ᠨᠢᠭᠡ ᠨᠢᠭᠡ ᠪᠠᠷ ᠲᠠᠷᠤᠳᠠᠭ᠃ ᠲᠠᠷᠤᠢ ᠰᠢᠳᠤᠨ ᠤ ᠦᠷᠭᠡᠰᠤ ᠨᠢ ᠲᠡᠭᠳᠡᠷ ᠲᠡᠭᠳᠡᠷ  ᠢᠶᠠᠷ ᠡᠯᠡᠭᠳᠡᠵᠦ ᠪᠠᠷᠠᠬᠤ ᠶᠢ ᠬᠡᠯᠡᠨ᠎ᠡ᠃        ᠲᠡᠮᠡᠭᠡ ᠶᠢᠨ ᠰᠢᠳᠤᠨ ᠤ ᠨᠢᠭᠡᠳᠤᠭᠡᠷ ᠲᠠᠷᠤᠭ᠎ᠠ ︵ᠲᠡᠭᠳᠡᠷ ᠪᠤᠶᠤ ᠦᠷᠭᠡᠰᠤ︶ ᠶᠢ ᠲᠠᠷᠤᠬᠤ ᠦᠶ᠎ᠡ ᠳᠤ ᠲᠤᠷᠭᠠᠨ ᠢᠷ ᠨᠢ ᠡᠯᠡᠭᠳᠡᠵᠦ᠂ ᠬᠤᠶᠠᠳᠤᠭᠠᠷ ᠲᠠᠷᠤᠭ᠎ᠠ ᠶᠢ ᠲᠠᠷᠤᠬᠤ ᠳᠤ ᠰᠢᠳᠤ ᠨᠢ ᠪᠠᠷᠤᠭ ᠲᠡᠭᠰᠢᠷᠡᠵᠦ᠂ ᠭᠤᠷᠪᠠᠳᠤᠭᠠᠷ ᠲᠠᠷᠤᠭ᠎ᠠ ᠶᠢ ᠲᠠᠷᠤᠬᠤ ᠳᠤ ᠰᠢᠳᠤᠨ ᠤ ᠦᠷᠭᠡᠰᠤ ᠨᠢ ᠭᠦᠢᠴᠡᠳ ᠲᠡᠭᠰᠢᠷᠡᠵᠦ ᠭᠦᠯᠢᠭᠡᠷ ᠪᠤᠯᠤᠭᠠᠳ᠂ ᠵᠠᠬ᠎ᠠ ᠶᠢᠨ ᠰᠢᠳᠤ ᠠᠴᠠ ᠨᠢ ᠡᠬᠢᠯᠡᠨ ᠰᠡᠳᠡᠷᠡᠨ᠎ᠡ᠃ ᠲᠡᠮᠡᠭᠡ ᠡᠩ ᠤᠨ ᠪᠠᠶᠢᠳᠠᠯ ᠳᠤ ᠲᠤᠯᠤᠭᠠᠨ ᠨᠠᠰᠤᠨ ᠠᠴᠠ ᠡᠬᠢᠯᠡᠵᠦ᠂ ᠪᠠᠷᠤᠭ ᠠᠷᠪᠠᠨ ᠬᠤᠶᠠᠷ ᠪᠤᠶᠤ ᠡᠰᠡᠬᠦᠯ᠎ᠡ ᠠᠷᠪᠠᠨ ᠲᠠᠪᠤᠨ ᠨᠠᠰᠤᠨ ᠤ ᠤᠷᠴᠢᠮ ᠢᠶᠠᠷ ᠨᠢᠭᠡᠳᠡᠬᠢ ᠲᠠᠷᠤᠭ᠎ᠠ ︵ᠦᠷᠭᠡᠰᠤ︶ ᠪᠠᠨ ᠲᠠᠷᠤᠳᠠᠭ᠃ ᠬᠤᠷᠢᠨ ᠨᠠᠰᠤ ᠬᠦᠷᠬᠦ ᠳᠤ ᠬᠤᠶᠠᠷ ᠭᠤᠷᠪᠠᠳᠡᠬᠢ ᠲᠠᠷᠤᠭ᠎ᠠ ᠪᠠᠨ ᠲᠠᠷᠤᠵᠦ᠂ ᠦᠷᠭᠡᠰᠤ ︵ᠲᠠᠪᠰᠠᠭ︶ ᠨᠢ ᠠᠷᠢᠯᠵᠦ᠂ ᠰᠢᠳᠤᠨ ᠤ ᠢᠷ ᠨᠢ ᠲᠡᠭᠰᠢᠷᠡᠵᠦ ᠭᠦᠯᠢᠭᠡᠷ ᠪᠤᠯᠳᠠᠭ᠃ ᠡᠭᠦᠨ  ᠢ ︽ᠶᠠᠰᠤᠨ ᠳ᠋ᠦᠰᠢ︾ ᠭᠡᠳᠡᠭ᠃ ᠬᠤᠷᠢ ᠶᠢ ᠨᠡᠯᠢᠶᠡᠳ ᠬᠡᠳᠤᠷᠡᠭᠡᠳ ᠢᠷᠡᠬᠦᠯᠡᠷ ᠶᠠᠰᠤᠨ ᠳ᠋ᠦᠰᠢ ᠨᠢ ᠵᠠᠬ᠎ᠠ ᠠᠴᠠ  ᠪᠠᠨ ᠡᠬᠢᠯᠡᠵᠦ ᠰᠡᠳᠡᠷᠡᠵᠦ ᠢᠳᠡᠭᠳᠡᠨ᠎ᠡ᠃ ᠭᠤᠴᠢ ᠬᠦᠷᠬᠦ ᠳᠤ ᠶᠠᠰᠤᠨ ᠳ᠋ᠦᠰᠢ ᠨᠢ ᠡᠯᠡᠭᠳᠡᠵᠦ ᠭᠦᠢᠴᠡᠭᠡᠳ ᠵᠦᠪᠬᠡᠨ ᠶᠤᠵᠤᠭᠤᠷ ᠲᠡᠳᠤᠢ ᠯᠡ ᠪᠤᠯᠤᠭᠰᠠᠨ ᠪᠠᠶᠢᠳᠠᠭ᠂ ᠡᠭᠦᠨ ᠢ ︽ᠮᠢᠬᠠᠨ ᠳ᠋ᠦᠰᠢ︾ ᠭᠡᠳᠡᠭ᠃ ᠡᠶᠢᠮᠤ ᠪᠤᠯᠴᠢᠬᠠᠭᠰᠠᠨ ᠪᠠᠶᠢᠬᠤ ᠳᠤ ᠲᠡᠮᠡᠭᠡ ᠮᠦᠨ ᠴᠦ ᠤᠤᠯ ᠤᠨ ᠵᠠᠩᠰᠢᠯ ᠢᠶᠠᠷ ᠬᠠᠳᠠᠭᠤ ᠡᠪᠡᠰᠤ ᠶᠢ ᠬᠠᠶᠢᠬᠤᠷᠬᠤ ᠴᠦ ᠦᠬᠡᠢ ᠲᠠᠴᠢᠬᠢᠨᠠᠳᠠᠯ᠎ᠠ ᠵᠠᠵᠢᠯᠤᠨ ᠢᠳᠡᠭᠰᠡᠭᠡᠷ ᠪᠠᠶᠢᠳᠠᠭ ᠭᠡᠳᠡᠭ ᠪᠢᠯᠠ ②᠃        ᠲᠠᠪᠤᠨ ᠬᠤᠰᠢᠭᠤ ᠮᠠᠯ ᠤᠨ ᠲᠤᠬᠠᠢ ᠶᠡᠷᠤ ᠶᠢᠨ ᠮᠡᠳᠡᠯᠭᠡ ᠤᠯᠠᠨ ᠵᠤᠶᠢᠯ ᠪᠠᠶᠢᠳᠠᠭ᠃ ᠮᠠᠯ ᠠᠬᠤᠢ ᠠᠷᠠᠴᠢᠯᠠᠨ ᠲᠤᠳᠤᠮᠳᠠᠬᠤ ᠶᠤᠰᠤᠨ᠂ ᠬᠦᠯᠦᠭ ᠤᠨᠤᠭ᠎ᠠ ᠰᠤᠷᠭᠠᠬᠤ ᠶᠤᠰᠤᠨ︔ ᠮᠠᠯ ᠬᠦᠩᠭᠡᠯᠡᠬᠦ ᠶᠤᠰᠤᠨ᠂ ᠮᠠᠯ ᠢ ᠲᠠᠮᠠᠭᠠᠯᠠᠬᠤ ᠶᠤᠰᠤᠨ᠂ ᠮᠠᠯ ᠤᠨ ᠠᠰᠢᠭ ᠰᠢᠮ᠎ᠡ ᠶᠢ ᠬᠡᠷᠡᠭᠯᠡᠵᠦ ᠡᠳ᠋ᠯᠡᠬᠦ ᠵᠠᠩᠰᠢᠯ ︵ᠮᠠᠯ ᠤᠨ ᠮᠢᠬ᠎ᠠ ᠶᠢ ᠡᠳ᠋ᠯᠡᠬᠦ  ᠂ ᠮᠠᠯ ᠤᠨ ᠶᠠᠰᠤ ᠶᠢ ᠡᠳ᠋ᠯᠡᠬᠦ᠂ ᠮᠠᠯ ᠤᠨ ᠠᠷᠭᠠᠯ᠂ ᠬᠤᠮᠤᠤᠯ᠂ ᠬᠤᠷᠭᠤᠤᠯ ᠶᠢ ᠡᠳ᠋ᠯᠡᠬᠦ  ᠂ ᠮᠠᠯ ᠤᠨ ᠠᠷᠠᠰᠤ ᠨᠤᠤᠰᠤ  ᠶᠢ ᠡᠳ᠋ᠯᠡᠬᠦ︶ ᠵᠡᠷᠭᠡ ᠤᠯᠠᠨ ᠲᠠᠯ᠎ᠠ ᠶᠢᠨ ᠠᠭᠤᠯᠭ᠎ᠠ ᠪᠠᠭᠳᠠᠳᠠᠭ ᠶᠤᠮ᠃ ᠲᠤᠰ ᠦᠭᠦᠯᠡᠯ ᠳᠤ ᠵᠦᠪᠬᠡᠨ ᠲᠠᠪᠤᠨ ᠬᠤᠰᠢᠭᠤ ᠮᠠᠯ ᠤᠨ ᠨᠡᠷ᠎ᠡ ᠲᠠᠭᠤᠳᠠᠯᠭ᠎ᠠ᠂ ᠮᠠᠯ ᠤᠨ ᠨᠠᠰᠤ ᠵᠢᠯ ᠢ ᠦᠵᠡᠬᠦ᠂ ᠤᠨᠴᠠᠭᠠᠶᠢᠯᠠᠨ ᠮᠤᠩᠭᠤᠯᠴᠤᠳ ᠤᠨ ᠮᠠᠯ ᠤᠨ ᠰᠢᠳᠤ ᠪᠠᠷ ᠰᠢᠨᠵᠢᠨ ᠦᠵᠡᠬᠦ ᠶᠤᠰᠤ ᠪᠠ ᠵᠠᠩᠰᠢᠯ᠂ ᠲᠦᠯᠯᠡᠬᠦ ᠬᠤᠭᠤᠴᠠᠭ᠎ᠠ᠂ ᠮᠠᠯ ᠤᠨ ᠶᠡᠭᠡ ᠲᠦᠯᠦᠪ ᠨᠠᠰᠤᠨ ᠤ ᠬᠡᠮᠵᠢᠶ᠎ᠡ ᠵᠡᠷᠭᠡ ᠢ ᠲᠡᠮᠳᠡᠭᠯᠡᠨ ᠪᠢᠴᠢᠭᠰᠡᠨ ᠪᠢᠯᠠ᠃ ᠠᠳᠡᠭᠦᠤ ᠪᠤᠷᠤᠭᠤ ᠪᠠᠶᠢᠬᠤ ᠨᠢ ᠲᠠᠮᠵᠢᠭ ᠦᠬᠡᠢ᠂ ᠡᠷᠳᠡᠮᠳᠡᠨ ᠮᠡᠷᠭᠡᠳ ᠤᠨ ᠵᠡᠯᠡᠷᠡᠭᠤᠯᠤᠨ ᠭᠡᠭᠡᠷᠡᠭᠦᠯᠬᠦ ᠶᠢ ᠬᠦᠰᠡᠶ᠎ᠡ︕                                                         ᠵᠡᠭᠦᠯᠲᠡ᠄        ②  ︽ᠮᠤᠩᠭᠤᠯ ᠵᠠᠩ ᠤᠶᠢᠯᠡ ᠶᠢᠨ ᠰᠤᠳᠤᠯᠤᠯ︾ ᠭᠡᠬᠦ ᠨᠤᠮ ᠤᠨ367 ᠳ᠋ᠤᠭᠠᠷ ᠨᠢᠭᠤᠷ ᠲᠤ        ③  ᠨᠤᠳᠤᠭ ᠤᠨ ᠨᠠᠰᠤᠳᠠᠨ ᠪᠤᠭᠤᠷᠤᠯᠴᠤᠳ ᠠᠴᠠ ᠤᠶᠢᠯᠠᠭᠠᠨ ᠰᠤᠨᠤᠰᠤᠭᠰᠠᠨ ᠢᠶᠠᠨ ᠬᠤᠯᠪᠤᠭᠳᠠᠭᠤᠯᠤᠨ ᠪᠢᠴᠢᠪᠡ᠃   ᠵᠤᠬᠢᠶᠠᠭᠴᠢ᠄ ᠪ᠊ · ᠲᠡᠮᠦᠷᠭᠤᠤᠯᠲᠣ   ᠨᠠᠶᠢᠷᠠᠭᠤᠯᠣᠭᠴᠢ᠄ ᠴ᠊ · ᠰᠠᠷᠠᠭᠤᠯ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号