ᠠᠷᠤ ᠬᠤᠷᠴᠢᠨ ᠮᠤᠩᠭᠤᠯᠴᠤᠳ ᠤᠨ ᠢᠳᠡᠭᠡᠨ ᠤᠮᠳᠠᠭᠠᠨ ᠤ ᠵᠠᠩ ᠦᠢᠯᠡ ᠶᠢᠨ ᠪᠠᠶᠢᠳᠠᠯ ︵ᠲᠠᠪᠤ︶
ᠨᠡᠶᠢᠲᠡᠯᠡᠭᠰᠡᠨ ᠴᠠᠭ᠄
2016/6/28
     ᠲᠠᠪᠤ᠂ ᠠᠷᠤ ᠬᠤᠷᠴᠢᠨ ᠮᠤᠩᠭᠤᠯᠴᠤᠳ ᠤᠨ ᠴᠠᠭᠠᠨ ᠢᠳᠡᠭᠡ ᠪᠤᠯᠪᠠᠰᠤᠷᠠᠭᠤᠯᠬᠤ ᠲᠤᠬᠠᠢ          ᠲᠦᠭᠦᠬᠡᠢ ᠰᠦ᠄      ᠲᠦᠭᠦᠬᠡᠢ ᠰᠦ ᠪᠤᠯ ᠮᠤᠩᠭᠤᠯᠴᠤᠳ ᠤᠨ ᠬᠢᠵᠤ ᠪᠦᠳᠦᠭᠡᠳᠡᠭ ᠪᠦᠬᠦᠶᠢᠯᠡ ᠴᠠᠭᠠᠨ ᠢᠳᠡᠭᠡ ᠶᠢᠨ ᠪᠤᠷᠤ ᠮᠠᠲ᠋ᠧᠷᠢᠶᠠᠯ ᠪᠤᠯᠬᠤ ᠶᠤᠮ ᠪᠦᠭᠡᠳ ᠮᠠᠯ ᠤᠨ ᠪᠡᠶ᠎ᠡ ᠠᠴᠠ ᠰᠢᠨᠡᠭᠡᠨ ᠰᠠᠭᠠᠵᠤ ᠠᠪᠤᠭᠰᠠᠨ ᠢᠰᠦᠭᠡ ᠦᠭᠡᠢ ᠰᠦ ᠪᠤᠯᠬᠤ ᠶᠤᠮ᠃ ᠲᠦᠭᠦᠬᠡᠢ ᠰᠦ ᠶᠢ ᠴᠠᠢ ᠴᠢᠨᠠᠵᠤ ᠨᠡᠶᠢᠯᠡᠭᠦᠯᠬᠦ ᠠᠴᠠ ᠠᠪᠤᠭᠠᠳ ᠬᠠᠭᠤᠷᠤᠭᠰᠠᠨ ᠪᠤᠳᠠᠭ᠎ᠠ ᠲᠠᠢ ᠬᠤᠭᠤᠯᠠ ᠢᠳᠡᠭᠦ᠂ ᠰᠤᠯᠠ ᠪᠠᠷ ᠤᠤᠭᠤᠬᠤ ᠵᠡᠷᠭᠡ ᠶᠠᠩᠵᠤ ᠪᠦᠷᠢ ᠪᠠᠷ ᠬᠤᠭᠤᠯᠠᠨ ᠳᠤ ᠬᠤᠯᠢᠵᠤ ᠢᠳᠡᠳᠡᠭ  ᠪᠦᠭᠡᠳ ᠰᠠᠴᠤᠯᠢ ᠡᠷᠭᠦᠭᠦ᠂ ᠵᠢᠴᠢ ᠬᠤᠷᠠᠭ᠎ᠠ ᠢᠰᠢᠭᠡ᠂ ᠲᠤᠭᠤᠯ ᠵᠡᠷᠭᠡ ᠶᠢ ᠤᠭᠵᠢᠬᠤ ᠳᠤ ᠬᠦᠷᠲᠡᠯ᠎ᠡ ᠬᠡᠷᠡᠭᠯᠡᠭᠳᠡᠳᠡᠭ ᠰᠢᠮᠡᠳᠤ ᠢᠳᠡᠭᠡ ᠪᠤᠯᠬᠤ ᠶᠤᠮ᠃        ᠡᠭᠡᠳᠡᠭᠰᠡᠨ ᠰᠦ  ᠄      ᠲᠦᠭᠦᠬᠡᠢ ᠰᠦ ᠪᠠᠨ ᠰᠠᠪᠠᠨ ᠳᠤ ᠲᠠᠯᠪᠢᠵᠤ ᠪᠠᠶᠢᠭᠠᠯᠢ ᠶᠢᠨ ᠲᠤᠯᠠᠭᠠᠨ ᠪᠦᠯᠢᠶᠡᠨ ᠳᠤ ᠲᠦᠰᠢᠭᠯᠡᠨ ᠡᠭᠡᠳᠡᠭᠦᠯᠵᠦ ᠦᠷᠦᠮ᠎ᠡ ᠶᠢ ᠨᠢ ᠬᠠᠮᠤᠵᠤ ᠠᠪᠤᠭᠰᠠᠨ ᠤ ᠲᠠᠷᠠᠭ᠎ᠠ ᠦᠯᠡᠳᠡᠭᠰᠡᠨ ᠰᠦ ᠶᠢ ᠡᠭᠡᠳᠡᠭᠰᠡᠨ‌‍ᠰᠦ᠋ ᠭᠡᠨ᠎ᠡ᠃      ᠰᠢᠩᠭᠡ ︵ᠰᠢᠩᠭᠡᠪᠳᠤᠷ ᠬᠡᠮᠡᠬᠦ ᠤᠳᠬ᠎ᠠ ᠲᠠᠢ︶ ᠱᠤᠩ  ᠄      ᠰᠢᠩᠭᠡ ᠱᠤᠩ ᠭᠡᠳᠡᠭ ᠪᠤᠯ ᠦᠷᠦᠮ᠎ᠡ ᠪᠠ ᠡᠭᠡᠳᠡᠭᠰᠡᠨ ᠰᠦ ᠶᠢᠨ ᠵᠠᠪᠰᠠᠷ᠎ᠠ ᠪᠠᠶᠢᠳᠠᠭ ᠰᠦ ᠶᠤᠮ᠂ ᠲᠠᠷᠤᠢ ᠦᠷᠦᠮ᠎ᠡ ᠪᠠᠨ ᠬᠠᠮᠤᠵᠤ ᠠᠪᠤᠭᠰᠠᠨ ᠤ ᠲᠠᠷᠠᠭ᠎ᠠ ᠡᠭᠡᠳᠡᠭᠰᠡᠨ ᠰᠦ ᠶᠢᠨ ᠲᠡᠭᠡᠬᠦᠷᠬᠢ ᠨᠢᠭᠡ ᠲᠠᠪᠬᠤᠷᠭ᠎ᠠ ᠰᠢᠩᠭᠡᠪᠳᠦᠷ ᠰᠦ ᠶᠢ ᠬᠠᠮᠤᠵᠤ ᠠᠪᠤᠪᠠᠯ ᠲᠠᠷᠤᠢ ᠰᠢᠩᠭᠡ ᠱᠤᠩ ᠪᠤᠯᠤᠨ᠎ᠠ᠂ ᠲᠡᠷᠡ ᠨᠢ ᠦᠷᠦᠮ᠎ᠡ ᠪᠠ ᠡᠭᠡᠳᠡᠭᠰᠡᠨ ᠰᠦ ᠠᠴᠠ ᠰᠢᠩᠭᠡᠪᠳᠦᠷ ᠪᠠᠶᠢᠵᠤ ᠦᠷᠦᠮ᠎ᠡ ᠪᠤᠯᠤᠨ ᠡᠭᠡᠳᠡᠭᠰᠡᠨ ᠰᠦ ᠶᠢᠨ ᠬᠤᠯᠢᠮᠠᠭ ᠠᠮᠳᠠ ᠲᠠᠢ᠂ ᠰᠢᠷᠭᠠᠭᠠᠳ ᠲᠤᠰᠤ ᠲᠡᠮᠡᠢ ᠭᠠᠷᠬᠤ ᠦᠭᠡᠢ᠂ ᠠᠰ ᠢᠶᠠᠷ ᠨᠢ ᠬᠤᠷᠤᠳ ᠬᠢᠵᠤ ᠪᠤᠯᠬᠤ ᠦᠭᠡᠢ ᠲᠤᠯᠠ ᠤᠯᠠᠩᠬᠢ ᠳᠤ ᠪᠠᠨ ᠬᠠᠭᠤᠷᠤᠭᠰᠠᠨ ᠪᠤᠳᠠᠭ᠎ᠠ ᠲᠠᠢ ᠬᠤᠭᠤᠯᠠ ᠢᠳᠡᠳᠡᠭ᠃      ᠪᠤᠯᠤᠭᠰᠠᠨ ᠰᠦ᠄      ᠲᠦᠭᠦᠬᠡᠢ ᠰᠦ ᠪᠠᠨ ᠪᠤᠴᠠᠯᠭᠠᠵᠤ ᠪᠤᠯᠭᠤᠭᠰᠠᠨ ᠢ ᠪᠤᠯᠤᠭᠰᠠᠨ ᠰᠦ ᠭᠡᠳᠡᠭ᠃ ᠰᠦ ᠪᠠᠨ ᠪᠤᠴᠠᠯᠭᠠᠭᠰᠠᠨ ᠤ ᠲᠠᠷᠠᠭ᠎ᠠ ᠲᠤᠭᠤᠭ᠎ᠠ ᠲᠠᠢ ᠨᠢ ᠬᠦᠳᠡᠯᠭᠡᠯ ᠦᠭᠡᠢ ᠲᠠᠯᠪᠢᠵᠤ ᠭᠦᠷᠦᠭᠡᠭᠡᠳ ᠲᠠᠭᠡᠭᠡᠭᠦᠷ ᠨᠢ ᠬᠦᠪᠪᠦᠨ ᠴᠠᠷᠴᠠᠭᠰᠡᠨ ᠬᠦᠭᠡᠷᠡᠭᠦᠯᠦᠭᠰᠡᠨ ᠦᠷᠦᠮ᠎ᠡ ᠶᠢ ᠨᠢ ᠠᠪᠤᠭᠰᠠᠨ ᠤ ᠲᠠᠷᠠᠭ᠎ᠠ ᠦᠯᠡᠳᠡᠭᠰᠡᠨ ᠰᠦ ᠶᠢ ᠪᠠᠰᠠ  ᠪᠤᠯᠤᠭᠰᠠᠨ ᠰᠦ ᠭᠡᠳᠡᠭ᠃ ᠪᠤᠯᠤᠭᠰᠠᠨ ᠰᠦ ᠪᠠᠷ ᠪᠢᠰᠢᠯᠠᠭ ᠬᠢᠳᠡᠭ᠃      ᠬᠤᠷᠤᠳ᠄      ᠦᠨᠢᠶᠡᠨ ᠰᠦ ᠪᠠᠨ ᠰᠠᠪᠠᠨ ᠳᠤ ᠲᠠᠯᠪᠢᠵᠤ ᠡᠭᠡᠳᠡᠭᠦᠯᠦᠭᠰᠡᠨ ᠤ ᠬᠤᠶᠢᠨ᠎ᠠ ᠦᠷᠦᠮ᠎ᠡ ᠶᠢ ᠨᠢ ᠬᠠᠮᠤᠵᠤ ᠠᠪᠤᠭᠠᠳ ᠡᠭᠡᠳᠡᠭᠰᠡᠨ ᠰᠦ ᠪᠠᠨ ᠬᠦᠰᠢᠭᠡᠭᠰᠡᠨ ᠤ ᠰᠡᠭᠦᠯᠡᠷ ᠲᠤᠭᠤᠭᠠᠨ ᠳᠤ ᠪᠠᠨ ᠬᠢᠵᠤ ᠬᠠᠯᠠᠭᠠᠨ ᠰᠢᠷᠠᠰᠤ ᠶᠢ ᠨᠢ ᠰᠢᠬᠠᠵᠤ ᠠᠪᠤᠭᠰᠠᠨ ᠤ ᠰᠡᠭᠦᠯᠡᠷ ᠲᠡᠩᠨᠡᠭᠰᠡᠨ ᠭᠠᠯ ᠲᠡᠭᠡᠷ᠎ᠡ ᠪᠠᠨ ᠲᠤᠭᠤᠭᠠᠨ ᠳᠤ ᠪᠠᠨ ᠠᠬᠢᠨ ᠲᠠᠬᠢᠨ ᠨᠤᠬᠤᠯᠵᠤ ᠨᠢᠭᠳᠠᠷᠠᠭᠤᠯᠤᠭᠠᠳ ᠲᠡᠭᠦᠨ ᠢᠶᠠᠨ ᠫᠠᠨᠠ ᠪᠤᠶᠤ ᠬᠡᠪᠡᠨ ᠳᠤ ᠲᠠᠷᠤᠵᠤ ᠴᠢᠩᠭᠠᠷᠠᠭᠤᠯᠤᠭᠰᠠᠨ ᠤ ᠰᠡᠭᠦᠯᠡᠷ ᠬᠡᠪᠡᠨ ᠠᠴᠠ  ᠪᠠᠨ ᠭᠠᠷᠭᠠᠵᠤ ᠠᠪᠤᠭᠠᠳ ᠨᠠᠷᠠᠨ ᠳᠤ ᠡᠭᠡᠷᠡᠭᠡᠨ ᠬᠠᠳᠠᠭᠠᠵᠤ ᠠᠪᠳᠠᠭ᠃ ᠡᠭᠦᠨ ᠳᠤ ᠵᠤᠨ ᠤ ᠬᠤᠷᠤᠳ ᠢ ᠨᠢᠮᠭᠡᠯᠳᠡᠷ ᠬᠢᠵᠤ᠂ ᠨᠠᠮᠤᠷ ᠤᠨ ᠬᠤᠷᠤᠳ ᠢ ᠵᠤᠵᠠᠭᠠᠨ ᠲᠠᠷᠤᠵᠤ ᠠᠪᠳᠠᠭ ᠨᠢ ᠬᠠᠯᠠᠭᠤᠨ ᠴᠠᠭ ᠲᠤ ᠸᠠᠯᠠᠬᠤ ᠠᠴᠠ ᠰᠡᠷᠭᠡᠶᠢᠯᠡᠵᠤ ᠪᠤᠢ ᠶᠢᠨ ᠤᠴᠢᠷ ᠶᠤᠮ᠃ ᠬᠤᠷᠤᠳ ᠨᠢ ᠡᠳᠤᠷ ᠤᠨ ᠭᠤᠷᠪᠠᠨ ᠡᠷᠡᠨ ᠳᠤ ᠲᠤᠳᠠᠭᠳᠠᠵᠤ ᠪᠤᠯᠤᠰᠢ ᠦᠭᠡᠢ ᠢᠳᠡᠭᠡ ᠶᠤᠮ᠂ ᠤᠨᠴᠠᠭᠠᠶᠢᠯᠠᠨ ᠬᠦᠭᠡ ᠴᠠᠢ ᠤᠤᠭᠤᠬᠤ ᠪᠤᠶᠤ ᠬᠠᠭᠤᠷᠤᠭᠰᠠᠨ ᠪᠤᠳᠠᠭ᠎ᠠ ᠢᠳᠡᠭᠦ ᠳᠤ ᠭᠤᠤᠯ ᠪᠤᠯᠬᠤ ᠬᠤᠯᠢᠶ᠎ᠠ ᠶᠤᠮ᠃      ᠡᠭᠡᠵᠡᠭᠡᠢ᠄      ᠬᠤᠷᠤᠳ ᠢᠶᠠᠨ ᠬᠢᠵᠤ ᠪᠠᠷᠠᠭᠰᠠᠨ ᠤ ᠰᠡᠭᠦᠯᠡᠷ ᠰᠢᠷᠠᠰᠤ ᠪᠠᠨ ᠪᠤᠴᠠᠯᠭᠠᠵᠤ ᠤᠭᠤᠳᠠᠨ ᠳᠤ ᠲᠡᠭᠦᠵᠢᠯᠡᠨ ᠰᠢᠩᠭᠡᠨ ᠢ ᠨᠢ ᠱᠦᠭᠦᠷᠡᠭᠦᠯᠦᠨ ᠢᠯᠭᠠᠵᠤ ᠭᠠᠷᠭᠠᠭᠰᠠᠨ ᠤ ᠰᠡᠭᠦᠯᠡᠷ ᠤᠭᠤᠳᠠᠨ ᠳᠤ ᠦᠯᠡᠳᠡᠭᠰᠡᠨ ᠦᠳᠭᠡᠨ ᠢ ᠨᠢ ᠠᠭᠷᠠᠭᠤᠯᠵᠤ ᠪᠠᠶᠢᠭᠠᠳ ᠵᠢᠵᠢᠭ ᠬᠡᠪ ᠲᠤ ᠲᠠᠷᠤᠬᠤ ᠪᠤᠶᠤ ᠭᠠᠷ ᠢᠶᠠᠷ ᠢᠶᠠᠨ ᠵᠢᠵᠢᠭᠯᠡᠨ ᠪᠦᠭᠡᠮᠯᠡᠵᠤ ᠪᠤᠤᠪᠤᠯᠠᠵᠤ ᠬᠠᠳᠠᠭᠠᠵᠤ ᠠᠪᠳᠠᠭ ᠨᠢᠭᠡ ᠵᠦᠢᠯ ᠤᠨ ᠴᠠᠭᠠᠨ ᠢᠳᠡᠭᠡ ᠶᠤᠮ᠂ ᠲᠡᠷᠡ ᠨᠢ ᠠᠮᠲᠠ ᠠᠨᠤ ᠵᠢᠭᠠᠬᠠᠨ ᠢᠰᠭᠦᠯᠡᠩ ᠪᠦᠭᠡᠳ ᠵᠦᠭᠡᠯᠡᠨ ᠲᠤᠰᠤᠯᠢᠭ ᠴᠢᠨᠠᠷ ᠲᠠᠢ ᠪᠠᠶᠢᠳᠠᠭ᠃      ᠠᠭᠠᠷᠤᠤᠯ᠄      ᠠᠭᠠᠷᠤᠤᠯ ᠪᠤᠯ ᠬᠡᠰᠡᠭᠯᠡᠨ ᠬᠠᠳᠠᠭᠠᠰᠠᠨ ᠠᠭᠠᠷᠴᠠ ᠶᠤᠮ᠃ ᠠᠭᠠᠷᠤᠤᠯ ᠢ ᠬᠦᠴᠢᠯᠯᠢᠭ ᠴᠠᠭ᠎ᠠ ᠠᠴᠠ ᠪᠠᠨ ᠱᠦᠭᠦᠵᠤ᠂ ᠱᠦᠭᠦᠮᠡᠭ ᠢ ᠪᠠᠵᠠᠯᠠᠨ ᠬᠠᠳᠠᠭᠠᠬᠤ ᠵᠡᠷᠭᠡ ᠪᠠᠷ ᠪᠦᠳᠦᠭᠡᠭᠰᠡᠨ ᠪᠠᠶᠢᠭ᠎ᠠ ᠶᠤᠮ᠃ ᠡᠭᠡᠵᠡᠭᠡᠢ ᠶᠢ ᠪᠤᠳᠤᠪᠠᠯ ᠢᠰᠭᠦᠯᠡᠩ ᠤᠨ ᠬᠡᠮᠵᠢᠶ᠎ᠡ ᠮᠠᠰᠢ ᠶᠡᠭᠡ ᠮᠦᠷᠳᠡᠭᠡᠨ ᠡᠪᠤᠯ ᠬᠠᠪᠤᠷ ᠤᠨ ᠬᠤᠪᠢ ᠳᠤ ᠭᠠᠳᠠᠭᠰᠢ ᠨᠡᠭᠦᠳᠡᠯᠯᠡᠭᠦ᠂ ᠠᠶᠠᠨ ᠵᠢᠩ ᠳᠤ ᠶᠠᠪᠤᠬᠤ᠂ ᠠᠪᠠ ᠰᠢᠪᠠᠭᠤ ᠬᠢᠬᠦ ᠵᠡᠷᠭᠡ ᠳᠤ ᠤᠰᠤ ᠰᠢᠷᠤᠢ ᠬᠠᠷᠰᠢᠬᠤ ᠠᠴᠠ ᠰᠡᠷᠭᠡᠶᠢᠯᠡᠬᠦ ᠪᠦᠭᠡᠳ ᠪᠦᠬᠦᠶᠢᠯᠡ ᠭᠡᠳᠡᠰᠤᠨ ᠤ ᠡᠪᠡᠳᠴᠢᠨ ᠢ ᠠᠨᠠᠭᠠᠬᠤ ᠪᠠ ᠰᠡᠷᠭᠡᠶᠢᠯᠡᠬᠦ ᠳᠤ ᠮᠠᠰᠢᠳᠠ ᠰᠠᠶᠢᠨ ᠪᠠᠶᠢᠳᠠᠭ᠃      ᠠᠭᠠᠷᠴᠠ᠄      ᠠᠭᠠᠷᠴᠠ ᠪᠤᠯ ᠬᠡᠷᠡᠭ ᠲᠡᠭᠡᠷ᠎ᠡ ᠪᠠᠨ ᠱᠦᠭᠦᠭᠰᠡᠨ ᠴᠠᠭ᠎ᠠ ᠶᠤᠮ᠃ ᠠᠭᠠᠷᠴᠠ ᠬᠤᠷᠤᠳ ᠭᠡᠭᠴᠢ ᠨᠢ ᠢᠰᠭᠦᠯᠡᠩ ᠬᠦᠷᠦᠩᠭᠡ ᠲᠠᠢ ᠴᠠᠭ᠎ᠠ ᠳᠤ ᠪᠠᠨ ᠲᠦᠭᠦᠬᠡᠢ ᠰᠦ ᠪᠠᠨ ᠬᠢᠵᠤ ᠲᠤᠭ᠎ᠠ ᠲᠤᠮᠰᠢ ᠦᠭᠡᠢ ᠪᠦᠯᠢᠬᠦᠢ   ᠳᠤᠷ ᠲᠡᠭᠦᠨ ᠤ ᠲᠡᠭᠡᠭᠦᠷ ᠨᠢ ᠴᠠᠭᠠᠨ ᠲᠤᠰᠤ ︵ᠦᠷᠦᠮ᠎ᠡ︶ ᠨᠢ ᠲᠡᠭᠳᠡᠨ ᠪᠠᠳᠭᠠᠷᠠᠬᠤᠢ ᠳᠤ ᠭᠠᠷ ᠢᠶᠠᠷ ᠢᠶᠠᠨ ᠦᠷᠦᠮ᠎ᠡ  ᠶᠢ ᠲᠤᠰᠬᠠᠢ ᠰᠠᠪᠠ ᠪᠤᠶᠤ ᠱᠦᠭᠦᠯᠡᠭᠰᠡᠨ ᠭᠦᠵᠡᠭᠡᠨ ᠳᠤ ᠠᠪᠴᠤ ᠦᠯᠡᠳᠡᠭᠰᠡᠨ ᠡᠭᠡᠳᠡᠮᠡᠯ ᠢᠶᠠᠨ ᠲᠤᠭᠤᠭᠠᠨ ᠳᠤ ᠬᠢᠵᠤ ᠬᠤᠷᠤᠳ ᠬᠢᠬᠦ ᠶᠠᠩᠵᠤ ᠪᠠᠷ ᠲᠤᠳᠤᠮᠳᠠᠪᠠᠯ ᠬᠦᠴᠦ ᠶᠡᠭᠡᠳᠡᠢ ᠬᠤᠷᠤᠳ ᠭᠠᠷᠤᠨ᠎ᠠ᠂ ᠫᠠᠨᠠ ᠳᠤ ᠲᠠᠷᠤᠭᠰᠠᠨ ᠨᠢ ᠠᠭᠠᠷᠴᠠᠨ ᠬᠤᠷᠤᠳ ᠪᠤᠯᠵᠤ᠂ ᠬᠡᠰᠡᠭᠯᠡᠨ ᠬᠠᠳᠠᠭᠠᠭᠰᠠᠨ ᠨᠢ ᠠᠭᠠᠷᠴᠠ ᠪᠢᠯᠡ᠃      ᠪᠢᠰᠢᠯᠠᠭ᠄      ᠪᠢᠰᠢᠯᠠᠭ ᠢ ᠬᠡᠳᠤᠨ ᠵᠦᠢᠯ ᠢᠶᠠᠷ ᠬᠢᠳᠡᠭ᠃ ᠨᠢᠭᠡ ᠨᠢ ᠬᠠᠪᠤᠷ ᠪᠤᠶᠤ ᠡᠪᠤᠯ ᠤᠨ ᠴᠠᠭ ᠲᠤ ᠰᠠᠢᠢ ᠰᠠᠭᠠᠭᠰᠠᠨ ᠰᠦ ᠪᠠᠨ ᠲᠤᠭᠤᠭᠠᠨ ᠳᠤ ᠬᠢᠵᠤ ᠬᠠᠯᠠᠭᠠᠨ ᠲᠡᠭᠦᠨ ᠤ ᠲᠡᠭᠡᠷ᠎ᠡ ᠰᠢᠨᠠᠭ᠎ᠠ ᠠᠶᠢᠷᠠᠭ ᠬᠢᠵᠤ ᠡᠭᠡᠳᠤᠭᠦᠯᠦᠭᠡᠳ ᠵᠤᠤᠯᠢ ᠪᠤᠶᠤ ᠰᠡᠶᠢᠮᠡᠭᠡᠢ ᠳᠤᠷ ᠱᠦᠭᠦᠨ ᠠᠪᠴᠤ ᠵᠦᠭᠡᠯᠡᠪᠳᠤᠷ ᠲᠠᠷᠤᠵᠤ ᠠᠪᠳᠠᠭ ᠨᠢᠭᠡ ᠵᠦᠢᠯ ᠤᠨ ᠴᠠᠭᠠᠨ ᠢᠳᠡᠭᠡ ᠶᠤᠮ᠃ ᠡᠪᠤᠯ ᠬᠠᠪᠤᠷ ᠤᠨ ᠴᠠᠭ ᠲᠤ ᠦᠷᠦᠮ᠎ᠡ ᠭᠦᠭᠡᠷᠡᠭᠦᠯᠦᠭᠰᠡᠨ ᠤ ᠰᠡᠭᠦᠯᠡᠷ ᠦᠯᠡᠳᠡᠭᠰᠡᠨ ᠪᠤᠯᠤᠭᠰᠠᠨ ᠰᠦ ᠪᠠᠷ ᠨᠢ ᠪᠢᠰᠢᠯᠠᠭ ᠲᠠᠷᠤᠬᠤ ᠴᠦ ᠪᠤᠢ᠃ ᠨᠦᠭᠦᠭᠡ ᠨᠢ ᠬᠤᠨᠢ ᠢᠮᠠᠭᠠᠨ ᠤ ᠰᠦ ᠪᠠᠷ ᠪᠢᠰᠢᠯᠠᠭ ᠭᠢᠳᠡᠭ᠂ ᠲᠡᠷᠡ ᠨᠢ ᠨᠡᠩ ᠴᠦ ᠠᠮᠳᠠ ᠲᠡᠭᠦᠯᠳᠡᠷ ᠪᠠᠶᠢᠳᠠᠭ᠃      ᠴᠦᠷᠮ᠎ᠡ᠄      ᠴᠦᠷᠮ᠎ᠡ ᠪᠤᠯ ᠢᠮᠠᠭᠠᠨ ᠰᠦ ᠶᠢᠨ ᠪᠢᠰᠢᠯᠠᠭ ᠶᠤᠮ᠃ ᠰᠠᠶ᠋ᠢᠬᠠᠨ ᠰᠠᠭᠠᠭᠰᠠᠨ ᠢᠮᠠᠭᠠᠨ ᠰᠦ ᠪᠠᠨ ᠲᠤᠭᠤᠭᠠᠨ  ᠳᠤ ᠪᠠᠨ ᠬᠢᠵᠤ ᠬᠠᠯᠠᠭᠠᠭᠠᠳ ᠵᠤᠬᠢᠬᠤ ᠠᠶᠢᠷᠠᠭ ᠬᠢᠵᠤ ᠡᠭᠡᠳᠡᠮᠡᠭ ᠢ ᠨᠢ ᠵᠤᠤᠯᠢ ᠪᠤᠶᠤ ᠰᠡᠶᠢᠮᠡᠭᠡᠢ ᠳᠤᠷ ᠱᠦᠭᠦᠨ ᠠᠪᠴᠤ ᠬᠡᠰᠡᠭᠯᠡᠨ ᠬᠠᠳᠠᠭᠠᠵᠤ ᠪᠦᠷ ᠪᠤᠯᠬᠤ ᠱᠠᠩᠳᠠᠭᠤᠨ ᠠᠮᠳᠠ ᠲᠠᠢ ᠢᠳᠡᠭᠡ ᠪᠤᠯᠬᠤ ᠶᠤᠮ᠃ ᠴᠦᠷᠮ᠎ᠡ ᠪᠤᠶᠤ ᠪᠢᠰᠢᠯᠠᠭ ᠲᠤ ᠲᠤᠰᠤᠨ ᠤ ᠠᠭᠤᠯᠤᠭᠳᠠᠴᠠ ᠦᠨᠳᠤᠷ ᠪᠠᠶᠢᠳᠠᠭ ᠢᠶᠠᠷ ᠢᠶᠠᠨ ᠠᠮᠳᠠ ᠨᠢ ᠰᠠᠶᠢᠨ ᠪᠠᠶᠢᠳᠠᠭ᠃      ᠪᠠᠵᠢᠮᠠᠭ᠄      ᠪᠠᠵᠢᠮᠠᠭ ᠪᠤᠯ ᠠᠷᠢᠬᠢ ᠨᠡᠷᠡᠵᠤ ᠲᠡᠭᠦᠰᠦᠭᠰᠡᠨ ᠤ ᠬᠤᠶᠢᠨ᠎ᠠ ᠪᠤᠴᠠᠯᠭᠠᠮᠠᠯ ᠠᠴᠠ ᠱᠦᠭᠦᠵᠤ ᠠᠪᠤᠭᠰᠠᠨ ᠱᠦᠭᠦᠮᠡᠯ ᠱᠠᠷᠤᠭ ᠶᠤᠮ᠃ ᠱᠦᠭᠦᠮᠡᠭ ᠢᠶᠠᠨ ᠭᠠᠷ ᠢᠶᠠᠷ ᠢᠶᠠᠨ ᠪᠠᠷᠢᠬᠤ ᠪᠤᠶᠤ ᠲᠤᠰᠬᠠᠢ ᠰᠠᠪᠠᠨ ᠳᠤ ᠬᠡᠰᠡᠭᠯᠡᠨ ᠲᠡᠯᠭᠡᠵᠤ ᠬᠠᠳᠠᠭᠠᠵᠤ ᠠᠪᠳᠠᠭ ᠨᠢᠭᠡᠨ ᠵᠦᠢᠯ ᠤᠨ ᠢᠳᠡᠭᠡ ᠶᠤᠮ᠃ ᠪᠠᠵᠢᠮᠠᠭ ᠨᠢ ᠡᠪᠤᠯ ᠬᠠᠪᠤᠷ ᠤᠨ ᠴᠠᠭ ᠲᠤ ᠢᠳᠡᠭᠦ ᠳᠤ ᠮᠠᠰᠢ ᠲᠤᠬᠢᠷᠠᠮᠵᠢᠲᠠᠢ ᠪᠠᠶᠢᠳᠠᠭ᠃      ᠠᠶᠢᠷᠠᠭ᠄      ᠠᠶᠢᠷᠠᠭ ᠪᠤᠯ ᠬᠤᠷᠤᠳ ᠢᠶᠠᠨ ᠬᠢᠵᠤ ᠪᠠᠷᠠᠭᠰᠠᠨ ᠤ ᠰᠡᠭᠦᠯᠡᠷ ᠰᠢᠷᠠᠰᠤ ᠪᠠᠨ ᠠᠭᠰᠢᠭᠤᠨ ᠢ ᠨᠢ ᠰᠤᠩᠭᠤᠵᠤ ᠭᠠᠩ ᠰᠠᠪᠠᠨ ᠳᠤ ᠬᠠᠳᠠᠭᠠᠯᠠᠨ᠂ ᠵᠤᠬᠢᠬᠤ ᠬᠤᠭᠤᠴᠠᠭ᠎ᠠ ᠦᠩᠭᠡᠷᠡᠪᠡᠯ ᠢᠳᠡ ᠤᠷᠤᠳᠠᠭ᠃ ᠡᠭᠦᠨ ᠳᠤ ᠪᠠᠨ ᠢᠳᠡᠰᠢ ᠨᠡᠮᠡᠭᠦ ᠪᠠ ᠠᠬᠢᠨ ᠳᠠᠭᠢᠨ ᠪᠦᠯᠢᠳᠡᠭ᠃ ᠬᠠᠪᠤᠷ ᠤᠨ ᠴᠠᠭ ᠠᠶᠢᠷᠠᠭ ᠲᠤ ᠪᠠᠨ ᠰᠢᠨ᠎ᠡ ᠰᠠᠭᠠᠮ᠎ᠠ ᠬᠢᠳᠡᠭ᠂ ᠡᠭᠦᠨ ᠢ  ᠪᠠᠨ ᠠᠶᠢᠷᠠᠭ ᠲᠡᠵᠢᠭᠡᠨ᠎ᠡ ᠭᠡᠳᠡᠭ᠂ ᠲᠠᠷᠤᠢ ᠬᠦᠭᠡᠰᠦᠷᠡᠭᠦᠯᠬᠦ ᠶᠢ ᠬᠡᠯᠡᠨ᠎ᠡ᠃ ᠠᠶᠢᠷᠠᠭ ᠤᠨ ᠢᠶᠠᠨ ᠬᠦᠷᠦᠩᠭᠡ ᠶᠢ ᠬᠡᠵᠢᠶᠡᠳᠡ ᠲᠠᠰᠤᠯᠳᠠᠭ ᠦᠭᠡᠢ ᠪᠦᠭᠡᠳ ᠬᠢᠮᠤᠷ ᠪᠤᠴᠠᠯᠭᠠᠨ ᠬᠢᠵᠤ ᠢᠳᠡ ᠬᠦᠴᠦ ᠶᠢ ᠨᠢ ᠨᠡᠮᠡᠵᠤ ᠪᠠᠶᠢᠳᠠᠭ᠃ ᠠᠶᠢᠷᠠᠭ ᠨᠢ ᠮᠦᠨ ᠴᠦ ᠬᠤᠤᠷ ᠲᠠᠶᠢᠯᠬᠤ ᠦᠢᠯᠡᠳᠤᠯ ᠲᠠᠢ ᠶᠤᠮ᠃        ᠲᠠᠷᠠᠭ᠄      ᠲᠠᠷᠠᠭ ᠪᠤᠯ ᠰᠦᠨ ᠳᠤ ᠬᠦᠷᠦᠩᠭᠡ ︵ᠠᠶᠢᠷᠠᠭ︶ ᠬᠤᠯᠢᠵᠤ ᠢᠰᠭᠡᠭᠰᠡᠨ ᠢᠳᠡᠭᠡᠨ ᠶᠤᠮ᠃ ᠲᠡᠭᠦᠨ ᠳᠤ ᠶᠡᠭᠡ ᠬᠦᠷᠦᠩᠭᠡᠨ ᠳᠤ ᠪᠠᠭ᠎ᠠ ᠰᠦ ᠶᠢ ᠬᠦᠢᠳᠡᠨ ᠢᠶᠠᠷ ᠬᠤᠯᠢᠵᠤ ᠤᠳᠠᠭᠠᠨ ᠪᠠᠶᠢᠯᠭᠠᠨ ᠢᠰᠭᠡᠵᠤ ᠬᠦᠭᠡᠰᠤᠷᠡᠭᠦᠯᠬᠦ ᠪᠠ ᠬᠠᠯᠠᠭᠤᠨ ᠪᠦᠯᠢᠶᠡᠨ ᠰᠦᠨ ᠳᠤ ᠪᠠᠭ᠎ᠠ ᠬᠦᠷᠦᠩᠭᠡ ᠬᠢᠵᠤ ᠪᠦᠷᠢᠬᠦ ᠬᠤᠶᠠᠷ ᠵᠦᠢᠯ ᠤᠨ ᠠᠷᠭ᠎ᠠ ᠪᠠᠷ ᠬᠢᠳᠡᠭ ᠪᠠᠶᠢᠪᠠ᠃      ᠴᠠᠭ᠎ᠠ᠄      ᠴᠠᠭ᠎ᠠ ᠪᠤᠯ ᠪᠤᠴᠠᠯᠭᠠᠵᠤ ᠬᠠᠳᠠᠭᠠᠯᠠᠭᠰᠠᠨ ᠠᠶᠢᠷᠠᠭ ᠮᠦᠨ᠃ ᠴᠠᠭ᠎ᠠ ᠨᠢ ᠡᠳᠤᠷ ᠤᠳᠠᠭᠠᠨ ᠳᠤ ᠪᠠᠨ ᠢᠰᠭᠦᠯᠡᠩ ᠬᠦᠴᠦ ᠶᠡᠬᠡᠳᠡ ᠨᠡᠮᠡᠭᠳᠡᠵᠤ ᠡᠪᠤᠯ ᠬᠠᠪᠤᠷ ᠤᠨ ᠤᠯᠠᠷᠢᠯ ᠳᠤ ᠴᠢᠨᠠᠭᠰᠠᠨ ᠬᠤᠭᠤᠯᠠ ᠪᠤᠯᠭᠠᠨ ᠳᠤ ᠬᠢᠳᠡᠭ ᠃ ᠴᠠᠭ᠎ᠠ ᠲᠠᠢ ᠬᠤᠭᠤᠯᠠ ᠨᠢ ᠡᠯᠳᠡᠪ ᠵᠦᠢᠯ ᠤᠨ ᠲᠠᠭᠰᠢᠭᠤᠷ ᠲᠤᠮᠤᠭᠤ ᠶᠢ ᠰᠡᠷᠭᠡᠶᠢᠯᠡᠨ ᠵᠠᠰᠠᠵᠤ ᠲᠠᠮᠢᠷ ᠢ ᠲᠦᠯᠵᠢᠭᠦᠯᠦᠨ ᠬᠡᠢ ᠶᠢ ᠲᠠᠷᠤᠵᠤ ᠦᠯᠴᠢᠷ ᠪᠤᠯᠭᠠᠳᠠᠭ᠃ ᠴᠠᠭ᠎ᠠ ᠨᠢ ᠪᠠᠰᠠ ᠬᠤᠤᠷ ᠲᠠᠶᠢᠯᠬᠤ ᠦᠢᠯᠡᠳᠤᠯ ᠲᠠᠢ ᠪᠠᠶᠢᠳᠠᠭ᠃      ᠦᠷᠦᠮ᠎ᠡ᠄      ᠦᠷᠦᠮ᠎ᠡ ᠪᠤᠯ ᠡᠭᠡᠳᠡᠭᠰᠡᠨ ᠰᠦ ᠶᠢᠨ ᠢᠶᠠᠨ ᠲᠡᠭᠡᠭᠦᠷ ᠭᠠᠷᠴᠤ ᠢᠷᠡᠳᠡᠭ ᠰᠦ ᠶᠢᠨ ᠲᠤᠰᠤ ᠶᠤᠮ᠃ ᠦᠷᠦᠮ᠎ᠡ ᠪᠠᠷ ᠬᠤᠭᠤᠯᠠ ᠬᠤᠳᠬᠤᠵᠤ ᠢᠳᠡᠬᠦ ᠪᠠ ᠤᠯᠠᠨ ᠵᠦᠢᠯ ᠢᠶᠠᠷ ᠬᠤᠭᠤᠯᠠᠨ ᠳᠤ ᠬᠢᠬᠦ᠂ ᠵᠢᠴᠢ ᠰᠦᠬᠦᠷᠡᠬᠦᠯᠵᠤ ᠡᠷᠴᠢᠭᠡᠭᠡᠳ ᠰᠢᠷ᠎ᠠ ᠲᠤᠰᠤ ᠬᠠᠶᠢᠯᠵᠤ ᠠᠪᠳᠠᠭ ᠶᠤᠮ᠃ ᠭᠡᠭᠦ ᠳᠤ ᠪᠠᠨ ᠵᠦᠪ ᠡᠷᠴᠢᠭᠡᠭᠦ ᠶᠢ ᠶᠡᠬᠡᠳᠡ ᠡᠷᠭᠢᠮᠯᠡᠳᠡᠭ᠃      ᠴᠦᠴᠦᠭᠡᠢ᠄      ᠰᠢᠷ᠎ᠠ ᠲᠤᠰᠤ ᠬᠠᠶᠢᠯᠠᠭᠤᠯᠤᠭᠠᠳ ᠭᠠᠷᠭᠠᠭᠰᠠᠨ ᠤ ᠲᠠᠷᠠᠭ᠎ᠠ ᠦᠯᠡᠳᠡᠭᠰᠡᠨ ᠱᠠᠷᠤᠭ ᠢ ᠨᠢ ᠴᠦᠴᠦᠭᠡᠢ ᠭᠡᠳᠡᠭ᠃ ᠲᠡᠷᠡ ᠨᠢ ᠲᠤᠰᠤᠯᠢᠭ ᠪᠠᠶᠢᠳᠠᠭ ᠪᠦᠭᠡᠳ ᠢᠰᠭᠦᠯᠡᠩ ᠰᠢᠬᠢᠷᠯᠢᠭ ᠠᠮᠳᠠ ᠲᠠᠢ ᠪᠠᠶᠢᠳᠠᠭ᠃      ᠲᠡᠪᠡᠢ ︵debii︶᠄      ᠡᠪᠤᠯ ᠬᠠᠪᠤᠷ ᠡᠷᠳᠡ ᠰᠦ ᠡᠭᠡᠳᠤᠭᠦ ᠦᠭᠡᠢ ᠪᠠᠶᠢᠬᠤ ᠦᠶᠡᠰ ᠰᠦ ᠪᠠᠨ ᠦᠷᠦᠮ᠎ᠡ ᠬᠦᠭᠡᠷᠦᠭᠦᠯᠬᠦ ᠮᠡᠳᠤ ᠵᠦᠭᠡᠯᠡᠨ ᠬᠠᠯᠠᠭᠠᠵᠤ ᠪᠤᠴᠠᠯᠬᠤ ᠠᠶᠠᠳᠠᠬᠤ ᠳᠤ ᠰᠠᠮᠤᠷᠠᠯ ᠦᠭᠡᠢ ᠭᠠᠷᠭᠠᠵᠤ ᠲᠠᠯᠪᠢᠭᠠᠳ ᠦᠷᠦᠮᠳᠡᠭᠰᠡᠨ ᠦᠷᠦᠮ᠎ᠡ  ᠶᠢ ᠲᠡᠪᠡᠢ  ᠭᠡᠵᠤ ᠨᠡᠷᠡᠶᠢᠳᠤᠳᠡᠭ  ᠪᠠᠶᠢᠵᠠᠢ᠃      ᠰᠠᠭᠠᠯᠢ ᠶᠢᠨ ᠠᠷᠢᠬᠢ᠄      ᠠᠷᠤ ᠬᠤᠷᠴᠢᠨ ᠳᠤ ᠰᠠᠭᠠᠯᠢ ᠶᠢᠨ ᠠᠷᠢᠬᠢ ᠶᠢ ᠮᠠᠯ ᠤᠨ ᠠᠷᠢᠬᠢ ᠭᠡᠵᠤ ᠨᠡᠷᠡᠯᠡᠳᠡᠭ᠃ ᠠᠷᠢᠬᠢ ᠨᠡᠷᠡᠬᠦ ᠲᠦᠭᠦᠬᠡᠢ ᠮᠠᠲ᠋ᠧᠷᠢᠶᠠᠯ ᠨᠢ ᠲᠤᠩ ᠲᠦᠭᠦᠮ᠂ ᠲᠠᠷᠤᠢ ᠰᠠᠶᠢᠨ ᠴᠢᠨᠠᠷ ᠤᠨ ᠠᠶᠢᠷᠠᠭ ᠴᠠᠭ᠎ᠠ ᠪᠤᠯᠤᠨ᠎ᠠ᠃ ᠡᠩ ᠲᠡᠷᠢᠭᠦᠨ ᠳᠤ  ︽ᠬᠦᠷᠦᠩᠭᠡ︾ ᠭᠡᠵᠤ ᠨᠢᠭᠡ ᠴᠢᠬᠤᠯᠠ ᠵᠦᠢᠯ ᠢᠶᠠᠨ ᠡᠷᠬᠢᠮᠯᠡᠵᠤ ᠪᠠᠶᠢᠳᠠᠭ᠃ ᠡᠬᠢᠯᠡᠵᠤ ᠨᠡᠷᠡᠭᠰᠡᠭᠡᠷ ᠭᠤᠭᠤᠵᠢᠵᠤ ᠭᠠᠷᠬᠤ ᠠᠷᠢᠬᠢ ᠶᠢ ᠰᠤᠪᠰᠤ ᠭᠡᠵᠤ ᠨᠡᠷᠡᠯᠡᠳᠡᠭ᠂ ᠲᠠᠷᠤᠢ ᠰᠤᠯᠠᠬᠠᠨ ᠠᠷᠢᠬᠢ ᠪᠤᠯᠤᠨ᠎ᠠ᠃ ᠰᠤᠪᠰᠤ ᠶᠢ ᠲᠠᠬᠢᠨ ᠬᠠᠷᠢᠭᠤᠯᠪᠠᠯ ᠲᠠᠷᠤᠢ ᠲᠠᠷᠠᠰᠤ ᠪᠤᠯᠵᠤ ᠭᠠᠷᠤᠭᠠᠳ ᠢᠷᠡᠳᠡᠭ᠃ ᠲᠠᠷᠠᠰᠤ ᠪᠠᠨ ᠤᠤᠭᠤᠵᠤ ᠪᠤᠯᠳᠠᠭ᠃ ᠲᠠᠷᠠᠰᠤ ᠶᠢ ᠲᠠᠭᠢᠨ ᠬᠠᠷᠢᠭᠤᠯᠪᠠᠯ ᠲᠠᠷᠤᠢ ᠠᠮᠳᠠᠳᠤ ᠠᠷᠠᠵᠠ ᠭᠡᠭᠴᠢ ᠭᠠᠷᠣᠨ᠎ᠠ᠃ ᠠᠷᠠᠵᠠ ᠶᠢ ᠲᠠᠬᠢᠨ ᠬᠠᠷᠢᠭᠤᠯᠪᠠᠯ ᠬᠤᠷᠠᠵᠠ ᠬᠡᠮᠡᠭᠴᠢ ᠤᠨᠴᠠ ᠦᠨᠦᠷ ᠠᠮᠳᠠ ᠲᠠᠢ ᠠᠩᠭᠢᠯᠤᠮ᠎ᠠ ᠰᠠᠷᠬᠤᠳ ᠭᠠᠷᠤᠨ᠎ᠠ᠃ ᠬᠤᠷᠠᠵᠠ ᠶᠢ ᠬᠠᠷᠢᠭᠤᠯᠪᠠᠯ ᠰᠢᠷᠠᠵᠠ ᠭᠡᠭᠴᠢ ᠲᠡᠰ ᠨᠢ ᠦᠨᠳᠤᠷ ᠪᠠᠶᠢᠳᠠᠭ ᠰᠠᠷᠬᠤᠳ ᠪᠤᠯᠳᠠᠭ᠃ ᠰᠢᠷᠠᠵᠠ ᠶᠢ ᠬᠠᠷᠢᠭᠤᠯᠵᠤ ᠪᠤᠷᠠᠵᠠ ᠭᠡᠭᠴᠢ ᠡᠷᠳᠡᠨᠢᠳᠤ ᠰᠠᠷᠬᠤᠳ ᠭᠠᠷᠴᠤ ᠲᠡᠭᠷᠢ ᠭᠠᠵᠠᠷ ᠤᠪᠤᠭ᠎ᠠ ᠱᠠᠩᠰᠢ ᠳᠤᠷ ᠡᠷᠭᠦᠯᠳᠡ ᠡᠷᠭᠦᠬᠦ ᠳᠤ ᠭᠤᠤᠯ ᠬᠡᠷᠡᠭᠯᠡᠬᠦ ᠪᠠ ᠡᠷᠭᠦᠯᠳᠡ ᠡᠷᠭᠦᠭᠦ ᠳᠤ ᠪᠠᠨ ᠵᠠᠪᠠᠯ ᠰᠠᠴᠤᠯᠢ ᠭᠡᠳᠡᠭ ᠪᠠᠭᠠᠵᠢ ᠪᠠᠷ ᠡᠷᠭᠦᠳᠡᠭ᠃ ︵ᠠᠷᠤ ᠬᠤᠷᠴᠢᠨ ᠳᠤ ᠰᠦ ᠪᠠ ᠰᠠᠷᠬᠤᠳ ᠢ ᠪᠦᠷ ᠰᠠᠴᠤᠯᠢ ᠶᠢ ᠬᠡᠷᠡᠭᠯᠡᠵᠤ ᠡᠷᠭᠦᠵᠤ ᠪᠠᠶᠢᠳᠠᠭ᠂ ᠰᠢᠨᠠᠭ᠎ᠠ ᠪᠠᠷ ᠬᠤᠳᠬᠤᠨ ᠡᠷᠭᠦᠳᠡᠭ ᠦᠭᠡᠢ ᠶᠤᠮ︶ ᠠᠷᠤ ᠬᠤᠷᠴᠢᠨ ᠳᠤ ᠦᠩᠭᠡᠷᠡᠭᠰᠡᠨ ᠳᠤ ᠪᠠᠨ ᠡᠶᠢᠮᠤᠷᠭᠦ ᠬᠡᠳᠤᠨ ᠲᠡᠰ ᠤᠨ ᠠᠷᠢᠬᠢ ᠨᠡᠷᠡᠵᠤ ᠪᠠᠶᠢᠵᠠᠢ᠃      ᠠᠷᠢᠬᠢ ᠨᠡᠷᠡᠬᠦ ᠳᠤ ᠬᠡᠷᠡᠭᠯᠡᠭᠳᠡᠬᠦ ᠪᠠᠭᠠᠵᠢ᠄      ᠵᠡᠯᠡᠪᠴᠢᠨ ᠲᠤᠭᠤᠭ᠎ᠠ᠂ ᠪᠡᠭᠡᠭᠡᠷ ︵ᠪᠦᠷᠬᠦᠭᠦᠷ︶᠂ ᠲᠤᠰᠤᠭᠤᠷ᠂ ᠴᠤᠷᠭᠤ᠂ ᠤᠰᠤᠳᠠᠢ ᠬᠦᠷᠭᠡᠭᠦᠷ ᠲᠤᠭᠤᠭ᠎ᠠ ᠵᠡᠷᠭᠡ ᠤᠷᠤᠬᠤ ᠪᠠ ᠠᠷᠢᠬᠢ ᠪᠠᠨ ᠨᠡᠷᠡᠬᠦ ᠳᠤ ᠪᠠᠨ ᠭᠠᠯ ᠢᠶᠠᠨ ᠲᠡᠩᠨᠡᠭᠦᠯᠬᠦ ᠶᠢ ᠴᠢᠬᠤᠯᠠ ᠠᠩᠬᠠᠷᠤᠯ ᠳᠤ  ᠪᠠᠨ ᠠᠪᠳᠠᠭ᠃      ᠴᠡᠭᠡ᠄      ᠴᠡᠭᠡ ᠨᠢ ᠤᠮᠳᠠᠭᠠᠨ ᠤ ᠲᠡᠭᠡᠳᠤ᠂ ᠴᠡᠭᠡ ᠤᠤᠭᠤᠪᠠᠯ ᠴᠡᠭᠡᠵᠢ ᠤᠩᠭᠤᠶᠢᠵᠤ᠂ ᠡᠯᠳᠡᠪ ᠠᠷᠬᠠᠭ ᠤᠳ ᠠᠷᠢᠯᠵᠤ᠂ ᠪᠡᠶ᠎ᠡ ᠶᠢᠨ ᠡᠷᠡᠭᠦᠯ ᠡᠩᠭᠡ ᠶᠢ ᠬᠠᠮᠠᠭᠠᠯᠠᠨ᠎ᠠ᠃      ᠴᠡᠭᠡ ᠪᠠᠨ ᠪᠤᠯᠪᠠᠰᠤᠷᠠᠭᠤᠯᠬᠤ ᠳᠤ ᠪᠠᠨ ᠭᠡᠭᠦᠤ ᠶᠢᠨ ᠰᠦ ᠶᠢᠨ ᠰᠠᠭᠠᠮ᠎ᠠ ᠪᠠᠨ ᠰᠠᠪᠠᠨ ᠳᠤ ᠪᠠᠨ ︵ᠤᠷᠢᠳᠠᠪᠡᠷ ᠬᠦᠷᠦᠩᠭᠡ ᠪᠠᠨ ᠬᠢᠨ᠎ᠡ︶ ᠰᠠᠪᠠᠯᠠᠵᠤ ᠤᠨᠴᠠ ᠴᠡᠪᠡᠷ ᠪᠠᠶᠢᠯᠭᠠᠨ᠎ᠠ᠃ ᠪᠠᠶᠢᠨ ᠪᠠᠶᠢᠨ ᠪᠦᠯᠢᠵᠤ  ᠨᠢᠭᠳᠠᠰᠢᠭᠤᠯᠵᠤ ᠪᠠᠶᠢᠳᠠᠭ ᠪᠠ ᠵᠠᠩᠭᠢᠷᠤᠭᠰᠠᠨ ᠨᠡᠳᠭᠡᠯ ᠢ ᠱᠦᠭᠦᠵᠤ ᠬᠠᠶᠠᠬᠤ ᠪᠠ ᠵᠠᠷᠢᠮ ᠤᠳ ᠢ ᠨᠢ ᠦᠩᠭᠡᠷᠡᠭᠰᠡᠨ  ᠳᠤ ᠱᠦᠭᠦᠯᠡᠭᠰᠡᠨ ᠭᠦᠵᠡᠭᠡᠨ ︵ᠬᠤᠨᠢᠨ︶ ᠳᠤ ᠪᠠᠨ ᠰᠠᠪᠠᠯᠠᠵᠤ ᠮᠤᠷᠢᠨ ᠳᠤ ᠠᠴᠢᠨ ᠲᠤᠪᠳᠤᠯᠵᠤ ᠪᠦᠯᠢᠬᠦ ᠶᠢ ᠤᠷᠤᠯᠠᠭᠤᠯᠳᠠᠭ ᠪᠠᠶᠢᠭᠰᠠᠨ ᠶᠤᠮ᠃      ᠴᠡᠭᠡ ᠪᠠᠨ ᠰᠠᠶᠢᠳᠤᠷ ᠪᠦᠯᠢᠵᠤ ᠵᠦᠪ ᠢᠶᠠᠷ ᠢᠰᠭᠡᠬᠦ ᠬᠡᠷᠡᠭᠲᠡᠢ᠃ ᠪᠤᠷᠤᠭᠤ ᠢᠰᠭᠡᠭᠰᠡᠨ ᠴᠡᠭᠡ ᠶᠢ ᠤᠤᠭᠤᠪᠠᠯ ᠭᠡᠳᠡᠰᠤ ᠮᠤᠰᠭᠢᠳᠠᠭ ᠤᠴᠢᠷ ᠲᠠᠢ ᠲᠤᠯᠠ ᠵᠠᠪᠠᠯ ᠵᠦᠪ ᠢᠰᠭᠡᠬᠦ ᠴᠢᠬᠤᠯᠠ ᠲᠠᠢ ᠶᠤᠮ᠃      ᠰᠠᠶᠢᠬᠠᠨ ᠪᠠᠶᠢᠭ᠎ᠠ ᠴᠡᠭᠡ ᠶᠢ ᠪᠤᠵᠠᠷ ᠪᠤᠷᠲᠠᠭ ᠡᠳᠡᠭᠡᠳ ᠭᠠᠷ ᠬᠦᠷᠬᠦ ᠪᠤᠶᠤ ᠡᠳ᠋ᠯᠡᠵᠤ ᠬᠠᠷᠰᠢᠪᠠᠰᠤ ᠴᠡᠭᠡ ᠲᠤᠤᠷ᠎ᠠ ᠪᠠᠨ ᠪᠤᠵᠠᠷᠳᠤᠵᠤ ᠡᠪᠳᠡᠷᠡᠳᠡᠭ ᠲᠤᠯᠠ ᠮᠤᠩᠭᠤᠯᠴᠤᠳ ᠴᠡᠭᠡ ᠪᠤᠯᠪᠠᠰᠤᠷᠠᠭᠤᠯᠬᠤ ᠳᠤ ᠪᠠᠨ ᠴᠡᠪᠡᠷ ᠴᠡᠭᠡᠷ ᠢ ᠤᠨᠴᠠ ᠡᠷᠬᠢᠮᠯᠡᠵᠤ ᠼᠠᠨᠳᠠᠨ᠂ ᠠᠷᠴᠠ᠂ ᠠᠭᠠᠷᠤᠤ᠂ ᠭᠦᠭᠦᠯ ᠤᠨ ᠤᠳᠤᠯᠭ᠎ᠠ ᠪᠠᠷ ᠭᠠᠩ ᠰᠠᠪᠠ ᠪᠠᠨ ᠢᠮᠠᠭᠳᠠ ᠠᠷᠢᠭᠤᠯᠵᠤ ᠪᠠᠶᠢᠳᠠᠭ ᠶᠤᠮ᠃ ᠴᠡᠭᠡ ᠨᠡᠷᠡᠬᠦ ᠠᠶᠢᠯ ︽ᠭᠡᠭᠦᠨ ᠤ ᠰᠠᠩ︾ ᠢ ᠵᠠᠯᠭᠠᠭ᠎ᠠ ᠲᠠᠯᠪᠢᠳᠠᠭ ᠤᠴᠢᠷ ᠲᠠᠢ᠃   ᠵᠤᠬᠢᠶᠠᠭᠴᠢ᠄ ᠯᠠᠩᠪᠤᠷᠢᠨᠴᠢᠨ   ᠨᠠᠶᠢᠷᠠᠭᠤᠯᠤᠭᠴᠢ᠄ ᠪᠦᠷᠢᠨᠰᠠᠶᠢᠨ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号