ᠠᠷᠤ ᠬᠤᠷᠴᠢᠨ ᠮᠤᠩᠭᠤᠯᠴᠤᠳ ᠤᠨ ᠢᠳᠡᠭᠡᠨ ᠤᠮᠳᠠᠭᠠᠨ ᠤ ᠵᠠᠩ ᠦᠢᠯᠡ ᠶᠢᠨ ᠪᠠᠶᠢᠳᠠᠯ ︵ᠵᠢᠷᠭᠤᠭ᠎ᠠ︶
ᠨᠡᠶᠢᠲᠡᠯᠡᠭᠰᠡᠨ ᠴᠠᠭ᠄
2016/6/29
      ᠵᠢᠷᠭᠤᠭ᠎ᠠ᠂ ᠠᠷᠤ ᠬᠤᠷᠴᠢᠨ ᠮᠤᠩᠭᠤᠯᠴᠤᠳ ᠪᠠᠶᠢᠭᠠᠯᠢ ᠶᠢᠨ ᠵᠡᠷᠯᠢᠭ ᠤᠷᠭᠤᠮᠠᠯ ᠤᠨ ᠦᠷᠡᠰ᠂                  ᠵᠢᠮᠢᠰ᠂ ᠨᠤᠭᠤᠭ᠎ᠠ᠂ ᠲᠤᠰᠤᠯᠢᠭ ᠤᠳ ᠢ ᠠᠰᠢᠭᠯᠠᠵᠤ ᠪᠠᠶᠢᠭᠰᠠᠨ ᠲᠤᠬᠠᠢ      ᠤᠷᠭᠤᠮᠠᠯ ᠤᠨ ᠦᠷ᠎ᠡ᠄      ︵1︶ ᠵᠡᠷᠯᠢᠭ ᠤᠷᠭᠤᠭᠰᠠᠨ ᠡᠯᠢᠶ᠎ᠡ᠂ ᠰᠠᠷᠪᠠᠭ ᠰᠢᠷ᠎ᠠ ᠡᠯᠢᠶ᠎ᠡ ᠪᠠ ᠰᠠᠷᠪᠠᠭ ᠬᠦᠭᠡ ᠡᠷᠢᠶᠡᠨ ᠡᠯᠢᠶ᠎ᠡ ᠶᠢ ᠪᠤᠯᠪᠠᠰᠤᠷᠠᠬᠤ ᠪᠠᠷ ᠨᠢ ᠬᠠᠳᠤᠨ ᠬᠤᠷᠢᠶᠠᠵᠤ ᠬᠦᠨᠡᠰᠤ ᠪᠤᠯᠭᠠᠳᠠᠭ᠃      ︵2︶ ᠵᠡᠷᠯᠢᠭ ᠰᠠᠭᠠᠳᠠ᠂ ᠭᠠᠰᠢᠭᠤᠨ ᠰᠠᠭᠠᠳᠠ᠂ ᠰᠢᠮᠡᠯᠳᠡᠭ ᠤᠨ ᠰᠢᠷ᠎ᠠ ᠰᠠᠭᠠᠳᠠ ᠶᠢ ᠭᠤᠯᠢᠷᠳᠠᠵᠤ ᠢᠳᠡᠳᠡᠭ᠃      ︵3︶ ᠴᠦᠯᠬᠦᠷ ︵ᠴᠦᠷᠬᠦᠯ︶ ᠲᠠᠭᠱᠠ᠂ ᠠᠷᠪᠠᠢ ᠶᠢ ᠭᠤᠯᠢᠷᠳᠠᠵᠤ ᠢᠳᠡᠳᠡᠭ᠃      ︵4︶ ᠬᠤᠶᠠᠷ ᠵᠦᠢᠯ ᠤᠨ ᠳ᠋ᠠᠷ᠎ᠠ ᠪᠤᠳᠠᠭ᠎ᠠ ︵ᠰᠢᠷ᠎ᠠ ᠳ᠋ᠠᠷ᠎ᠠ᠂ ᠬᠠᠷ᠎ᠠ ᠳ᠋ᠠᠷ᠎ᠠ︶ ᠶᠢ ᠬᠠᠭᠤᠷᠤᠨ ᠲᠡᠭᠡᠷᠡᠮᠳᠡᠵᠤ ᠭᠤᠯᠢᠷ ᠲᠠᠷᠤᠵᠤ ᠠᠪᠳᠠᠭ᠃      ᠨᠤᠭᠤᠭᠠᠨ ᠤ ᠵᠦᠢᠯᠡᠰ᠄      ᠵᠡᠷᠯᠢᠭ ᠰᠤᠩᠭᠢᠨ᠎ᠠ᠂ ᠮᠠᠩᠭᠢᠷ᠂ ᠵᠡᠷᠯᠢᠭ ᠭᠤᠭᠤᠳ᠂ ᠲᠡᠮᠡᠭᠡᠨ ᠬᠦᠬᠦ᠂ ᠡᠪᠡᠰᠤᠨ ᠦᠵᠦᠮ᠂ ᠬᠠᠵᠠᠭᠠᠷ ᠭᠤᠭᠤᠳ᠂ ᠬᠦᠩᠭᠦᠷ ᠭᠤᠭᠤᠳ᠂ ᠰᠢᠷ᠎ᠠ ᠴᠡᠴᠡᠭ᠂ ᠬᠦᠷᠲᠡᠢ᠂ ᠵᠤᠮᠼᠠ᠂ ᠬᠠᠯᠠᠭᠠᠢ᠂ ᠬᠦᠮᠡᠯᠢ᠂ ᠲᠠᠭᠠᠨ᠎ᠠ᠂ ᠴᠤᠷ᠎ᠠ ᠨᠤᠭᠤᠭ᠎ᠠ᠂ ᠰᠠᠷᠠᠯᠠᠩ᠂ ᠰᠦᠨ ᠴᠡᠴᠡᠭ᠂ ᠰᠢᠷ᠎ᠠ ᠴᠡᠴᠡᠭ᠂ ᠤᠷᠬᠤᠳᠠᠢ᠂ ᠴᠠᠷᠠᠰᠤᠨ ᠲᠡᠯᠳᠡᠤ᠂ ᠤᠯᠠᠨ ᠵᠦᠢᠯ ᠤᠨ ᠬᠤᠤᠷ ᠦᠭᠡᠢ ᠮᠦᠬᠦ᠂ ᠭᠠᠵᠠᠷ ᠤᠨ ᠬᠦᠷᠦᠰᠤ ᠵᠡᠷᠭᠡ ᠶᠢ ᠵᠠᠭᠤᠰᠢ ᠪᠤᠯᠭᠠᠵᠤ ᠪᠠᠶᠢᠵᠠᠢ᠃ ᠦᠩᠭᠡᠷᠡᠭᠰᠡᠨ  ᠳᠤ ᠪᠠᠨ ᠮᠠᠯᠴᠢᠳ ᠦᠪᠡᠷᠳᠡᠭᠡᠨ ᠨᠤᠭᠤᠭ᠎ᠠ ᠲᠠᠷᠢᠳᠠᠭ ᠦᠭᠡᠢ᠂ ᠬᠡᠭᠡᠷ᠎ᠡ ᠠᠴᠠ ᠲᠡᠭᠦᠳᠡᠭ ᠪᠠᠶᠢᠵᠠᠢ᠃          ᠵᠡᠷᠯᠢᠭ ᠵᠢᠮᠢᠰ ᠤᠨ ᠵᠦᠢᠯ᠄      ᠤᠯᠠᠭᠠᠨ᠎ᠠ᠂ ᠲᠤᠯᠤᠭᠤᠨ᠎ᠠ᠂ ᠠᠵᠢᠷᠭᠠᠨ᠎ᠠ᠂ ᠢᠯᠠᠮ᠎ᠠ᠂ ᠠᠯᠢᠮ᠎ᠠ᠂ ᠦᠷᠡᠯ᠂ ᠮᠤᠶᠢᠯ᠂ ᠴᠢᠪᠠᠭ᠎ᠠ᠂ ᠵᠡᠭᠡᠷᠬᠡᠨ᠎ᠡ  ᠶᠢᠨ ᠤᠯᠠᠭᠠᠨ ᠵᠡᠷᠭᠡ ᠤᠯᠠᠨ ᠵᠦᠢᠯ ᠤᠨ ᠵᠢᠮᠢᠰ ᠢ ᠠᠰᠢᠭᠯᠠᠵᠤ ᠪᠠᠶᠢᠳᠠᠭ᠃      ᠵᠡᠷᠯᠢᠭ ᠲᠤᠰᠤᠯᠢᠭ ᠤᠷᠭᠤᠮᠠᠯ᠄      ︵1︶ ᠵᠡᠷᠯᠢᠭ ᠤᠯᠤᠰᠤ ᠠᠴᠠ ᠲᠤᠰᠤ ᠭᠠᠷᠭᠠᠵᠤ ᠠᠪᠳᠠᠭ᠃      ︵2︶ ᠵᠡᠷᠯᠢᠭ ᠭᠦᠢᠯᠡᠰᠤ ᠶᠢ ᠦᠷ᠎ᠡ ᠶᠢ ᠨᠢ ᠲᠡᠭᠦᠵᠤ ᠠᠪᠤᠭᠠᠳ ᠴᠠᠶᠢᠯᠠᠭᠠᠭᠰᠠᠨ ᠤ ᠪᠠᠨ ᠲᠠᠷᠠᠭ᠎ᠠ ᠬᠠᠭᠤᠷᠤᠨ ᠬᠠᠯᠠᠭᠤᠳᠠᠭᠠᠵᠤ᠂ ᠲᠡᠭᠦᠨ ᠢᠶᠠᠨ ᠭᠠᠵᠠᠷ ᠴᠢᠳᠬᠤᠵᠤ ᠲᠠᠬᠢᠨᠳᠠ ᠢᠩ ᠲᠡᠭᠡᠷᠮ᠎ᠡ ᠪᠠᠷ ᠲᠠᠷᠤᠵᠤ ᠢᠩᠳᠡᠵᠤ ᠠᠪᠤᠭᠠᠳ ᠲᠤᠭᠤᠭᠠᠨ ᠳᠤ ᠪᠠᠨ ᠪᠤᠴᠠᠯᠭᠠᠵᠤ ᠪᠠᠶᠢᠯᠭᠠᠵᠤ ᠲᠠᠯᠪᠢᠨ᠎ᠠ᠃ ᠲᠡᠭᠡᠭᠡᠳ ᠲᠡᠭᠡᠭᠦᠷᠬᠢ ᠦᠷᠦᠮᠯᠢᠭ ᠬᠦᠭᠡᠰᠤ ᠶᠢ ᠨᠢ ᠠᠪᠴᠤ ᠲᠠᠬᠢᠨ ᠰᠢᠷᠭᠠᠭᠠᠵᠤ ᠲᠤᠰᠤ ᠭᠠᠷᠭᠠᠵᠤ ᠠᠪᠳᠠᠭ᠃      ᠭᠦᠢᠯᠡᠰᠤᠨ ᠲᠤᠰᠤ ᠪᠤᠯ ᠮᠠᠰᠢ ᠦᠷᠭᠡᠨ ᠬᠡᠷᠡᠭᠴᠡᠭᠡ ᠲᠠᠢ ᠶᠤᠮ᠃ ᠪᠤᠷᠬᠠᠨ ᠳᠤ ᠵᠤᠯᠠ ᠡᠷᠭᠦᠭᠦ ᠠᠴᠠ ᠠᠪᠤᠭᠠᠳ ᠲᠤᠰᠤ ᠪᠤᠯᠭᠠᠨ ᠢᠳᠡᠳᠡᠭ᠃ ᠲᠡᠷᠡ ᠨᠢ ᠮᠠᠰᠢ ᠤᠯᠠᠨ ᠡᠪᠡᠳᠴᠢᠨ ᠡᠮᠭᠡᠭ ᠢ ᠠᠨᠠᠭᠠᠵᠤ ᠪᠠᠶᠢᠳᠠᠭ ᠶᠤᠮ᠃      ᠭᠦᠢᠯᠡᠰᠤᠨ ᠤᠰᠤ᠄      ᠲᠤᠰᠤ ᠶᠢ ᠨᠢ ᠠᠪᠤᠭᠰᠠᠨ ᠬᠦᠢᠯᠡᠰᠤᠨ ᠤ ᠴᠢᠨᠠᠮᠠᠯ ᠤᠨ ᠤᠰᠤ ᠶᠢ ᠰᠢᠷ᠎ᠠ ᠶᠢ ᠨᠢ ᠤᠷᠤᠭᠤᠯᠤᠯ ᠦᠭᠡᠢ ᠪᠠᠷ ᠠᠪᠴᠤ ᠤᠤᠭᠤᠳᠠᠭ᠃ ᠭᠦᠢᠯᠡᠰᠤᠨ ᠰᠢᠷ᠎ᠠ ᠤᠷᠤᠪᠠᠰᠤ ᠮᠠᠰᠢ ᠶᠡᠭᠡ ᠬᠤᠤᠷ ᠪᠤᠯᠬᠤ ᠲᠤᠯᠠ ᠡᠭᠦᠨ ᠢ ᠤᠨᠴᠠ ᠬᠢᠴᠢᠶᠡᠳᠡᠭ ᠪᠠᠶᠢᠨ᠎ᠠ᠃      ᠲᠤᠯᠤᠭ᠎ᠠ᠂ ᠠᠷᠤ ᠬᠤᠷᠴᠢᠨ ᠮᠤᠩᠭᠤᠯᠴᠤᠳ ᠤᠨ ᠢᠳᠡᠭᠡᠨ ᠤᠮᠳᠠᠭᠠᠨ ᠲᠠᠢ ᠬᠤᠯᠪᠤᠭᠳᠠᠭᠰᠠᠨ ᠪᠤᠰᠤᠳ ᠵᠦᠢᠯ      ︵1︶ ᠠᠵᠢᠯ ᠤᠨ ᠶᠠᠭᠠᠷᠠᠤ ᠦᠶ᠎ᠡ ᠶᠢᠨ ᠮᠤᠩᠭᠤᠯ ᠲᠦᠷᠭᠡᠨ ᠬᠤᠭᠤᠯᠠ ᠶᠢᠨ ᠲᠤᠬᠠᠢ᠄      ᠬᠦᠨᠡᠰᠤ ᠠᠪᠠᠴᠢᠭᠰᠠᠨ ᠦᠭᠡᠢ ᠪᠠᠶᠢᠳᠠᠯ ᠲᠤᠤᠷ᠎ᠠ ᠬᠤᠭᠤᠯᠠ ᠭᠠᠷᠭᠠᠬᠤ᠄      ᠠᠷᠤ ᠬᠤᠷᠴᠢᠨ ᠮᠤᠩᠭᠤᠯᠴᠤᠳ ᠠᠵᠢᠯ ᠮᠠᠰᠢ ᠶᠠᠭᠠᠷᠠᠤ ᠴᠠᠭ ᠲᠤ ᠬᠦᠨᠡᠰᠤ ᠤᠮᠳᠠᠭᠠᠨ ᠤ ᠪᠠᠨ ᠲᠤᠬᠠᠢ ᠮᠠᠰᠢ ᠲᠦᠷᠭᠡᠨ ᠬᠤᠭᠤᠯᠠ ᠪᠠᠵᠠᠭᠠᠳᠠᠭ ᠤᠷ᠎ᠠ ᠲᠠᠢ ᠶᠤᠮ᠃      ᠵᠤᠨ ᠤ ᠡᠷᠢᠨ ᠤ ᠲᠠᠷᠢᠶᠠᠨ ᠭᠦᠭ ᠤᠨ ᠦᠶ᠎ᠡ ᠳᠤ ᠨᠠᠮᠤᠭᠯᠠᠵᠤ ᠬᠠᠶᠠᠭᠰᠠᠨ ᠲᠠᠷᠢᠶ᠎ᠠ ᠪᠠᠨ ᠨᠠᠮᠤᠷ ᠴᠠᠭ ᠮᠠᠰᠢ ᠶᠠᠭᠠᠷᠠᠯᠲᠠᠢ ᠬᠠᠳᠤᠵᠤ ᠬᠤᠷᠢᠶᠠᠵᠤ ᠪᠠᠶᠢᠭᠰᠠᠨ᠃ ᠴᠠᠭ ᠲᠤᠬᠢᠶᠠᠯ ᠢ ᠨᠢ ᠰᠠᠶᠢᠳᠤᠷ ᠠᠰᠢᠭᠯᠠᠬᠤ ᠦᠭᠡᠢ ᠪᠤᠯ ᠪᠤᠳᠠᠭ᠎ᠠ  ᠪᠠᠨ ᠬᠤᠷᠤᠮᠬᠠᠨ ᠬᠡᠶᠢᠰᠭᠡᠵᠤ ᠤᠷᠬᠢᠳᠠᠭ ᠠᠶᠤᠯ ᠲᠠᠢ ᠲᠤᠯᠠ ᠮᠠᠰᠢ ᠶᠠᠭᠠᠷᠠᠤ ᠪᠠᠶᠢᠳᠠᠭ ᠪᠢᠯᠡ  ᠃      ᠬᠦᠮᠦᠰ ᠨᠠᠮᠤᠷᠵᠢᠶ᠎ᠠ ᠠᠴᠠ ᠪᠠᠨ ᠮᠠᠰᠢ ᠶᠠᠭᠠᠷᠠᠯᠳᠠᠢ ᠪᠠᠷ ᠡᠵᠡᠭᠦᠢ ᠬᠡᠭᠡᠷ᠎ᠡ ᠶᠢᠨ ᠤᠷᠭᠤᠭ᠎ᠠ ᠲᠠᠷᠢᠶ᠎ᠡ ᠪᠠᠨ ᠬᠠᠳᠤᠬᠤ ᠪᠠᠷ ᠱᠠᠯᠠᠪᠳᠠᠨ ᠢᠷᠡᠭᠦ ᠳᠤ ᠪᠠᠨ ᠵᠦᠪᠬᠡᠨ ᠬᠠᠳᠤᠭᠤᠷ ᠢᠶᠠᠨ ᠯᠠ ᠠᠪᠤᠭᠠᠳ ᠢᠷᠡᠳᠡᠭ ᠨᠢ ᠤᠯᠠᠨ᠂ ᠵᠠᠷᠢᠮ  ᠳᠤ ᠪᠠᠨ ᠬᠦᠨᠡᠰᠤ ᠬᠤᠭᠤᠯᠠ ᠲᠤᠳᠠᠭᠤ ᠨᠢ ᠴᠦ ᠤᠯᠠᠨ ᠭᠠᠷᠳᠠᠭ᠃      ᠡᠵᠡᠭᠦᠢ ᠲᠠᠷᠢᠶᠠᠨ ᠳᠤ ᠪᠠᠨ ᠬᠤᠭᠤᠯᠠ ᠬᠦᠨᠡᠰᠤ ᠮᠠᠭᠤᠲᠠᠢ ᠢᠷᠡᠭᠰᠡᠨ ᠨᠢᠭᠡ ᠭᠠᠯ ᠬᠦᠮᠦᠰ ᠢᠶᠠᠷ ᠬᠡᠯᠡᠶ᠎ᠡ᠂ ᠲᠠᠷᠢᠶᠠᠨ ᠵᠠᠬ᠎ᠠ ᠳᠤ ᠢᠷᠡᠩᠭᠦᠳᠡ ᠭᠠᠯ ᠤᠨ ᠠᠬ᠎ᠠ ᠨᠢ ᠱᠠᠯᠠᠪᠳᠠᠨ ᠨᠢᠭᠡ ᠰᠦᠢᠪᠢ ᠲᠠᠷᠢᠶᠠᠨ ᠲᠤᠯᠤᠭᠠᠢ  ᠬᠠᠳᠤᠵᠤ ᠠᠪᠤᠭᠠᠳ ᠢᠷᠡᠬᠦ ᠳᠤ ᠲᠡᠰᠯᠡᠭᠴᠢ ᠨᠢ ᠪᠠᠷᠢᠨ ᠪᠢᠷᠠᠭᠤᠨ ᠠᠷᠠᠰᠤᠨ ᠲᠡᠭᠡᠷ᠎ᠡ ᠪᠠᠨ ᠬᠦᠯ ᠢᠶᠠᠷ ᠢᠶᠠᠨ ᠦᠳᠦᠷᠢᠨ ᠦᠩᠭᠦᠵᠤ ᠠᠪᠬᠤ ᠳᠤ ᠲᠠᠰᠢᠯᠭ᠎ᠠ ᠨᠢ ᠭᠠᠵᠠᠷ ᠵᠤᠤᠬ᠎ᠠ ᠮᠠᠯᠳᠠᠨ ᠪᠠᠷᠢᠨ ᠲᠤᠤᠷ᠎ᠠ ᠨᠢ ᠪᠤᠳᠠᠭ᠎ᠠ ᠪᠠᠨ ᠬᠠᠭᠤᠷᠤᠨ᠂ ᠲᠡᠭᠦᠤᠲᠡᠢ ᠨᠢ ᠤᠭᠤᠷ ᠨᠦᠳᠦᠭᠦᠷ ᠢᠶᠠᠨ ᠭᠠᠷᠭᠠᠵᠤ ᠲᠤᠤᠷ᠎ᠠ ᠨᠢ ᠴᠠᠶᠢᠯᠭᠠᠬᠤ ᠳᠤ ᠭᠠᠯ ᠤᠨ ᠲᠡᠭᠦᠤ ᠨᠢ ᠤᠴᠤᠭ  ᠤᠨ ᠭᠤᠷᠪᠠᠨ ᠴᠢᠯᠠᠭᠤ ᠪᠤᠶᠤ ᠲᠠᠤᠯᠠᠢ ᠶᠢᠨ ᠵᠤᠤᠬᠠᠨ ᠳᠤ ᠪᠠᠨ ᠠᠯᠢ ᠬᠡᠳᠦᠶᠢᠨᠡᠢ ᠨᠢᠭᠡ ᠲᠡᠪᠤᠷ᠎ᠡ ᠴᠠᠢ ᠪᠤᠴᠠᠯᠭᠠᠭᠰᠠᠨ ᠪᠠᠶᠢᠵᠤ᠂ ᠡᠶᠢᠨᠬᠦ‍ ᠨᠢᠭᠡ ᠭᠠᠯ ᠤᠨ ᠬᠦᠮᠦᠰ ᠨᠢ ᠶᠠᠮᠠᠷ ᠴᠦ ᠬᠦᠨᠡᠰᠤ ᠬᠤᠭᠤᠯᠠ ᠦᠭᠡᠢ ᠦᠶ᠎ᠡ ᠳᠤ ᠤᠷᠭᠤᠭ᠎ᠠ ᠲᠠᠷᠢᠶᠠᠨ ᠠᠴᠠ ᠲᠤᠤᠷ᠎ᠠ ᠨᠢ ᠴᠠᠢ ᠶᠢᠨ ᠪᠤᠳᠠᠭ᠎ᠠ ᠪᠠᠨ ᠪᠡᠯᠡᠳᠬᠡᠨ ᠠᠪᠴᠢᠬᠠᠳᠠᠭ ᠲᠦᠷᠭᠡᠨ ᠲᠦᠳᠡ ᠠᠮᠢᠳᠤᠷᠠᠯ ᠲᠠᠢ ᠪᠠᠶᠢᠭᠰᠠᠨ ᠢ ᠤᠨᠴᠠ ᠲᠡᠮᠳᠡᠭᠯᠡᠭᠦᠰᠢᠳᠠᠢ ᠪᠠᠶᠢᠨ᠎ᠠ᠃      ︵2︶ ᠲᠤᠭᠤᠭ᠎ᠠ ᠬᠡᠷᠡᠭᠯᠡᠯ ᠦᠭᠡᠢ ᠪᠠᠷ ᠪᠤᠳᠠᠭ᠎ᠠ ᠪᠤᠯᠭᠤᠭᠠᠬᠤ᠄      ᠰᠢᠪᠡᠭᠡ᠂ ᠲᠦᠯᠡᠭᠡ᠂ ᠮᠤᠳᠤ᠂ ᠴᠢᠯᠠᠭᠤᠨ ᠳᠤ ᠶᠠᠪᠤᠳᠠᠭ ᠬᠦᠮᠦᠰ ᠵᠠᠷᠢᠮ ᠳᠤ ᠪᠠᠨ ᠬᠡᠭᠡᠷ᠎ᠡ ᠭᠠᠳᠠᠨ᠎ᠠ ᠲᠤᠭᠤᠭ᠎ᠠ ᠠᠪᠴᠤ ᠶᠠᠪᠤᠭ᠎ᠠ ᠦᠭᠡᠢ ᠦᠶ᠎ᠡ ᠳᠤ ᠨᠢᠭᠡ ᠭᠠᠯ ᠢᠶᠠᠷ ᠢᠶᠠᠨ ᠶᠠᠮᠠᠷ ᠰᠢᠤ ᠠᠷᠭ᠎ᠠ ᠪᠠᠷ ᠬᠤᠭᠤᠯᠠ ᠪᠤᠯᠭᠤᠭᠠᠵᠤ ᠪᠠᠶᠢᠭᠰᠠᠨ ᠪᠤᠢ ᠭᠡᠪᠡᠯ᠂ ᠭᠠᠯ ᠤᠨ ᠠᠬ᠎ᠠ ᠨᠢ ᠬᠠᠩᠭᠠᠢ ᠲᠡᠷᠭᠡᠨ ᠲᠡᠭᠡᠷ᠎ᠡ ᠪᠠᠨ ᠭᠦᠵᠡᠭᠡᠯᠡᠭᠰᠡᠨ ᠤᠰᠤ ︵ᠤᠰᠤ ᠪᠠᠨ ᠰᠠᠪᠠᠯᠠᠭᠰᠠᠨ ᠭᠦᠵᠡᠭᠡᠨ ᠳᠤ ᠪᠠᠨ ᠬᠢᠵᠤ ᠠᠮᠠᠰᠠᠷ ᠢ ᠨᠢ ᠮᠤᠳᠤ ᠱᠠᠭᠠᠵᠤ ᠪᠠᠬᠢᠯᠡᠵᠤ ᠪᠤᠭᠤᠳᠠᠭ︶᠂ ᠵᠢᠴᠢ ᠪᠠᠰᠠ ᠨᠢᠭᠡᠨ ᠲᠠᠷ ᠲᠠᠢ ᠲᠠᠪᠤᠤ ᠰᠢᠭᠤᠳᠠᠢ ︵ᠤᠭᠤᠳᠠ︶ ᠠᠪᠤᠭᠠᠳ ᠲᠡᠯᠮᠤᠷᠢ ᠪᠤᠳᠠᠭ᠎ᠠ ᠪᠠᠨ ᠠᠪᠴᠤ ᠶᠠᠪᠤᠳᠠᠭ᠂ ᠦᠳᠡᠯᠡᠬᠦ ᠪᠤᠯᠬᠤᠯᠠᠷ ᠲᠠᠪᠤᠤ ᠰᠢᠭᠤᠳᠠᠢ ᠳᠤ ᠪᠠᠨ ᠲᠡᠯᠮᠤᠷᠢ ᠪᠠᠨ ᠢᠳᠡᠬᠦ ᠶᠢᠨ ᠬᠢᠷᠢ ᠪᠠᠷ ᠢᠶᠠᠨ ᠬᠢᠵᠤ ᠤᠰᠤ ᠪᠠᠷ ᠰᠠᠶᠢᠲᠤᠷ ᠲᠡᠪᠳᠤᠭᠡᠵᠤ᠂ ᠭᠠᠵᠠᠷ ᠢ ᠬᠦᠢᠭᠡᠨ ᠮᠠᠯᠳᠠᠵᠤ ᠲᠠᠤᠯᠠᠢ ᠬᠡᠪᠳᠡᠭᠰᠡᠨ ᠰᠢᠭ ᠪᠤᠯᠠᠵᠤ ᠲᠠᠯᠪᠢᠭᠠᠳ ᠲᠡᠭᠦᠨ ᠤ ᠪᠠᠨ ᠲᠡᠭᠡᠷ᠎ᠡ ᠨᠢ ᠭᠠᠯ ᠲᠦᠯᠡᠵᠤ ᠲᠠᠯᠪᠢᠨ᠎ᠠ᠃ ᠤᠪᠤᠭ᠎ᠠ ᠲᠠᠢ ᠴᠦᠪᠦᠳᠡᠯ ᠨᠤᠴᠤᠵᠤ ᠪᠠᠷᠠᠭᠰᠠᠨ ᠤ ᠰᠡᠭᠦᠯᠡᠷ ᠦᠨᠦᠬᠢ ᠰᠢᠭᠤᠳᠠᠢ ᠲᠠᠢ ᠪᠤᠳᠠᠭ᠎ᠠ ᠪᠠᠨ ᠭᠠᠷᠭᠠᠬᠤ ᠳᠤ ᠭᠤᠶᠤ ᠰᠠᠶᠢᠬᠠᠨ ᠪᠤᠷᠤᠶᠢᠰᠠᠢ ᠪᠤᠯᠵᠤ ᠰᠢᠯᠵᠠᠷᠠᠭᠠᠳ ᠰᠡᠪᠬᠡᠶᠢᠭᠰᠡᠨ ᠪᠠᠶᠢᠳᠠᠭ᠃ ᠲᠡᠭᠡᠭᠡᠳ ᠨᠢᠭᠡ ᠭᠠᠯ ᠢᠶᠠᠷ ᠢᠶᠠᠨ ᠨᠢᠭᠡ ᠴᠠᠭ ᠤᠨ ᠬᠤᠭᠤᠯᠠ ᠪᠠᠨ ᠢᠳᠡᠴᠢᠬᠡᠳᠡᠭ ᠡᠶᠢᠮᠤ ᠯᠠ ᠰᠤᠨᠢᠨ ᠲᠦᠭᠦᠮᠬᠡᠨ ᠠᠮᠢᠳᠤᠷᠠᠯ ᠤᠨ ᠶᠠᠪᠤᠴᠠ ᠶᠢ ᠦᠨᠦᠳᠦᠷ ᠤᠨ ᠬᠦᠮᠦᠰ ᠰᠤᠨᠤᠰᠪᠠᠯ ᠶᠡᠬᠡᠳᠡ ᠰᠤᠨᠢᠷᠬᠠᠬᠤ ᠪᠠᠶᠢᠬᠤ ᠳ᠋ᠠ᠃      ︵3︶ ᠪᠤᠭᠳᠠ ᠶᠢᠨ ᠪᠤᠷᠤ ᠱᠦᠯᠦ᠄      ᠠᠷᠤ ᠬᠤᠷᠴᠢᠨ ᠳᠤ ᠦᠩᠭᠡᠷᠡᠭᠰᠡᠨ ᠳᠤ ᠪᠠᠨ ᠠᠩ ᠭᠦᠷᠦᠭᠡᠰᠤ ᠡᠯᠪᠡᠭ ᠪᠠᠶᠢᠵᠤ᠂ ᠵᠦᠢ ᠵᠤᠬᠢᠰᠳᠠᠢ ᠪᠠᠷ ᠠᠩᠨᠠᠵᠤ ᠪᠠᠶᠢᠭᠰᠠᠨ ᠪᠠ ᠠᠩ ᠤᠨ ᠮᠢᠬ᠎ᠠ ᠶᠢ ᠴᠦ ᠲᠤᠷᠰᠢ ᠶᠢᠨ ᠤᠯᠠᠭᠠᠨ ᠢᠳᠡᠭᠡ ᠳᠤ ᠲᠤᠭᠠᠴᠢᠵᠤ ᠪᠤᠳᠤᠳᠠᠭ ᠦᠭᠡᠢ ᠪᠠᠶᠢᠵᠠᠢ᠃ ᠠᠩ ᠤᠨ ᠮᠢᠬ᠎ᠠ ᠶᠢ ᠪᠤᠯ ᠡᠨᠡ ᠲᠡᠷᠡᠨ ᠳᠤ ᠪᠠᠨ ᠦᠭᠭᠦᠭᠡᠳ ᠪᠤᠯᠭᠠᠴᠢᠬᠠᠳᠠᠭ ᠵᠠᠩᠰᠢᠯ ᠲᠠᠢ ᠪᠠᠶᠢᠭᠰᠠᠨ᠃ ᠬᠡᠳᠦᠶᠢᠪᠡᠷ ᠪᠠᠶᠢᠩᠭᠤ ᠶᠢᠨ ᠤᠯᠠᠭᠠᠨ ᠢᠳᠡᠭᠡ ᠳᠤ ᠲᠤᠭᠠᠴᠢᠳᠠᠭ ᠦᠭᠡᠢ ᠪᠤᠯᠪᠠᠴᠤ ᠬᠠᠷᠢᠨ ᠪᠤᠭᠳᠠ  ᠶᠢᠨ ᠪᠤᠷᠤ ᠱᠦᠯᠦ ᠭᠡᠵᠤ ᠨᠡᠷᠡᠯᠡᠳᠡᠭ᠂ ᠬᠠᠷᠢᠨ ᠱᠦᠯᠦ ᠶᠢ ᠨᠢ ᠤᠤᠭᠤᠳᠠᠭ ᠦᠭᠡᠢ᠃ ᠪᠤᠭᠤ ᠠᠩᠨᠠᠭᠰᠠᠨ ᠬᠦᠮᠦᠨ ᠪᠤᠭᠤᠨ ᠮᠢᠬ᠎ᠠ ᠪᠠᠨ ᠭᠡᠷ ᠲᠤ ᠪᠠᠨ ᠠᠪᠴᠢᠷᠠᠳᠠᠭ ᠦᠭᠡᠢ᠂ ᠠᠭᠤᠯᠠᠨ ᠳᠠᠬᠢ ᠤᠷᠭᠤᠭ᠎ᠠ ᠰᠢᠪᠡᠭᠡᠨ ᠲᠡᠭᠡᠷ᠎ᠡ ᠡᠯᠭᠦᠭᠡᠳ ᠬᠤᠶᠢᠨᠠᠬᠢ ᠠᠩᠴᠢᠳ ᠢᠳᠡᠬᠦ ᠶᠢ ᠪᠤᠳᠤᠯᠬᠢᠯᠠᠳᠠᠭ ᠪᠠᠶᠢᠭᠰᠠᠨ᠃ ᠤᠭᠤᠨᠤ᠂ ᠰᠢᠷᠠᠭᠴᠢᠨ᠂ ᠭᠤᠷ᠂ ᠵᠦᠷ ᠂ ᠠᠷᠭᠠᠯᠢ᠂ ᠤᠭᠠᠯᠵᠠ᠂ ᠵᠡᠷᠯᠢᠭ ᠭᠠᠭ᠋ᠠᠢ ᠶᠢᠨ ᠮᠢᠬ᠎ᠠ ᠶᠢ ᠪᠤᠯ ᠭᠡᠷ ᠲᠡᠭᠡᠨ ᠠᠪᠴᠢᠷᠠᠳᠠᠭ ᠶᠤᠮ᠃ ᠭᠡᠪᠡᠴᠤ ᠴᠠᠭ  ᠤᠨ ᠬᠤᠭᠤᠯᠠ ᠪᠠᠷ ᠪᠤᠳᠤᠳᠠᠭ ᠦᠭᠡᠢ᠂ ᠬᠤᠳᠠ ᠠᠶᠢᠯ ᠢᠶᠠᠷ ᠢᠶᠠᠨ ᠲᠦᠭᠡᠭᠡᠴᠢᠭᠡᠳᠡᠭ ᠪᠠᠶᠢᠭᠰᠠᠨ᠂ ᠡᠶᠢᠨᠬᠦ ᠠᠩ  ᠤᠨ ᠮᠢᠬ᠎ᠠ ᠪᠠᠨ ︽ᠠᠯᠠᠪᠠᠯ ᠮᠢᠬ᠎ᠠ᠂ ᠠᠯᠳᠠᠪᠠᠯ ᠪᠠᠬ᠎ᠠ︾ ᠭᠡᠵᠤ ᠦᠵᠡᠳᠡᠭ ᠪᠦᠭᠡᠳ ᠠᠭᠤᠯᠠ ᠤᠰᠤᠨ ᠤ ᠡᠵᠡᠳ ᠰᠠᠬᠢᠭᠤᠰᠤ ᠢᠪᠡᠭᠡᠨ ᠱᠠᠩᠨᠠᠭᠰᠠᠨ ᠢᠶᠠᠷ ᠪᠤᠳᠤᠵᠤ ᠪᠤᠭᠳᠠ ᠶᠢᠨ ᠪᠤᠷᠤ ᠱᠦᠯᠦ ᠭᠡᠵᠤ ᠨᠡᠷᠡᠯᠡᠳᠡᠭ ᠪᠠᠶᠢᠵᠠᠢ᠃      ︵4︶ ᠬᠢᠮ᠎ᠡ ᠢᠳᠡᠳᠡᠭ ᠤᠨ ᠤᠴᠢᠷ᠄      ᠠᠷᠤ ᠬᠤᠷᠴᠢᠨ ᠮᠤᠩᠭᠤᠯᠴᠤᠳ ᠨᠢ ᠲᠦᠭᠦᠬᠡᠢ ᠮᠢᠬ᠎ᠠ ᠶᠢ ᠴᠦ ᠢᠳᠡᠴᠢᠬᠡᠳᠡᠭ ᠭᠡᠵᠤ ᠵᠠᠷᠢᠮᠠᠳ ᠨᠢ ᠶᠠᠷᠢᠳᠠᠭ ᠃ ᠶᠠᠭᠤ ᠪᠤᠢ ᠭᠡᠪᠡᠯ᠂ ᠡᠪᠤᠯ ᠤᠨ ᠢᠳᠡᠰᠢᠨ ᠤ ᠬᠤᠨᠢᠨ ᠮᠢᠬ᠎ᠠ ᠪᠠᠨ ᠬᠠᠪᠤᠷ ᠲᠠᠭᠠᠨ ᠪᠤᠷᠴᠠᠯᠠᠨ ᠬᠠᠳᠠᠭᠠᠵᠤ ︵ᠲᠠᠪᠤᠰᠤ ᠬᠢᠨ᠎ᠡ︶᠂ ᠬᠠᠪᠤᠷ ᠤᠨ ᠤᠷᠢᠨ ᠲᠤᠯᠠᠭᠠᠨ ᠳᠤ ᠵᠢᠪᠠᠷ ᠰᠠᠯᠬᠢᠨ ᠳᠤ ᠤᠷᠢ ᠢᠳᠡᠨ᠂ ᠰᠢᠳᠠᠮ᠎ᠠ ᠨᠠᠷᠠᠨ ᠳᠤ  ᠪᠤᠯᠤᠵᠤ ᠰᠤᠷ ᠪᠤᠯᠴᠢᠬᠠᠳᠠᠭ ᠶᠤᠮ᠂ ᠡᠭᠦᠨ ᠢ ᠠᠷᠤ ᠬᠤᠷᠴᠢᠨ ᠳᠤ ᠤᠷᠢᠳᠤ ᠳᠤ ᠪᠠᠨ ᠬᠢᠮ᠎ᠡ ᠭᠡᠳᠡᠭ  ᠪᠠᠶᠢᠪᠠ᠃ ᠡᠨᠡ ᠨᠢ ᠨᠠᠷᠠᠨ ᠤ ᠢᠯᠴᠢ ᠭᠡᠷᠡᠯ ᠳᠤ ᠦᠨᠡᠭᠡᠷ ᠪᠤᠯᠴᠢᠬᠠᠬᠤ ᠮᠠᠶ᠋ᠢᠭ ᠲᠠᠢ ᠪᠠᠶᠢᠳᠠᠭ ᠢ ᠬᠦᠮᠦᠰ ᠢᠳᠡᠳᠡᠭ ᠪᠠᠶᠢᠭᠰᠠᠨ ᠶᠤᠮ᠃ ᠡᠶᠢᠨᠬᠦ ᠲᠦᠭᠦᠬᠡᠢ ᠬᠤᠨᠢᠨ ᠪᠤᠷᠴᠠ ᠢᠳᠡᠬᠦ ᠨᠢ ᠦᠯᠴᠢᠷ ᠪᠠᠶᠢᠳᠠᠭ ᠪᠦᠭᠡᠳ ᠰᠢᠷ᠎ᠠ ᠬᠤᠰᠤᠬᠤ ᠮᠡᠳᠤ ᠶᠢᠨ ᠬᠤᠳᠤᠭᠤᠳᠤᠨ ᠤ ᠠᠷᠬᠠᠭ ᠢ ᠲᠤᠤᠷ᠎ᠠ ᠨᠢ ᠠᠨᠠᠭᠠᠵᠤ ᠪᠠᠶᠢᠳᠠᠭ᠃ ᠭᠠᠭᠴᠠᠬᠦ ᠬᠡᠤᠬᠡᠳ ᠰᠢᠤᠬᠠᠳ ᠲᠤ ᠢᠳᠡᠭᠦᠯᠳᠡᠭ ᠦᠭᠡᠢ᠂ ᠲᠦᠭᠦᠬᠡᠢ ᠮᠢᠬ᠎ᠠ ᠢᠳᠡᠪᠡᠯ ᠬᠡᠤᠬᠡᠳ ᠲᠡᠨᠡᠭ ᠪᠤᠯᠬᠤ ᠪᠠ ᠲᠦᠷᠦᠭᠰᠡᠨ ᠢᠶᠠᠨ ᠰᠠᠨᠠᠬᠤ ᠦᠭᠡᠢ᠂ ᠬᠠᠶᠢᠷᠠᠯᠠᠬᠤ ᠦᠭᠡᠢ ᠬᠦᠮᠦᠨ ᠪᠤᠯᠤᠨ᠎ᠠ ᠬᠡᠰᠡᠨ ᠬᠡᠯᠡᠯᠭᠡ ᠪᠠᠶᠢᠳᠠᠭ᠃ ᠡᠶᠢᠨᠬᠦ ᠮᠤᠩᠭᠤᠯᠴᠤᠳ ᠬᠢᠮ᠎ᠡ ᠭᠡᠳᠡᠭ ᠲᠦᠭᠦᠬᠡᠢ ᠪᠤᠷᠴᠠ ᠶᠢ ᠢᠳᠡᠴᠢᠭᠡᠳᠡᠭ ᠰᠤᠨᠢᠨ ᠭᠠᠶᠢᠬᠠᠮᠰᠢᠭᠳᠠᠢ ᠪᠠᠶᠢᠵᠠᠢ᠃      ︵5︶ ᠮᠤᠩᠭᠤᠯᠴᠤᠳ ᠬᠤᠨᠢᠨ ᠰᠢᠬᠦᠰᠦ ᠵᠡᠷᠭᠡ ᠪᠠᠨ ᠱᠦᠬᠦᠷᠬᠡᠢ ᠴᠢᠨᠠᠵᠤ ᠢᠳᠡᠵᠤ ᠪᠠᠶᠢᠭᠰᠠᠨ ᠤ ᠤᠴᠢᠷ      ᠠᠷᠤ ᠬᠤᠷᠴᠢᠨ ᠮᠤᠩᠭᠤᠯᠴᠤᠳ ᠮᠢᠬ᠎ᠠ ᠶᠢ ᠤᠳᠤ ᠶᠢᠨ ᠰᠢᠭ᠋ ᠨᠤᠯᠳᠤᠷᠠᠳᠠᠯ᠎ᠠ ᠴᠢᠨᠠᠳᠠᠭ ᠦᠭᠡᠢ᠂ ᠨᠡᠩ ᠴᠦ ᠶᠠᠰᠤᠨ ᠠᠴᠠ ᠨᠢ ᠰᠠᠯᠳᠠᠯ᠎ᠠ ᠴᠢᠨᠠᠳᠠᠭ ᠦᠭᠡᠢ᠃ ᠬᠠᠷᠢᠨ ᠬᠤᠨᠢᠨ ᠮᠢᠬ᠎ᠠ ᠪᠠᠨ ᠱᠦᠭᠦᠷᠬᠡᠶᠢᠯᠳᠡᠷ ᠴᠢᠨᠠᠵᠤ ᠢᠳᠡᠳᠡᠭ᠃ ᠱᠦᠭᠦᠷᠬᠡᠢ ᠴᠢᠨᠠᠬᠤ ᠨᠢ ᠠᠮᠳᠠ ᠰᠢᠮᠳᠡ ᠰᠠᠶᠢᠳᠠᠢ᠂ ᠬᠦᠢᠳᠡᠨ ᠲᠠᠭᠠᠭᠠᠬᠤ ᠦᠯᠴᠢᠷ ᠪᠠᠶᠢᠳᠠᠭ ᠤᠯᠠᠨ ᠲᠠᠯ᠎ᠠ ᠶᠢᠨ ᠠᠰᠢᠭᠲᠠᠢ ᠲᠠᠯ᠎ᠠ ᠶᠢ ᠠᠯᠢ ᠡᠷᠳᠡᠨ ᠠᠴᠠ ᠪᠠᠨ ᠮᠡᠳᠡᠵᠤ ᠲᠡᠭᠡᠵᠤ ᠢᠳᠡᠵᠤ ᠵᠠᠩᠰᠢᠴᠢᠬᠠᠭᠰᠠᠨ ᠨᠢ ᠤᠳᠤ ᠪᠤᠯᠳᠠᠯ᠎ᠠ ᠤᠯᠠᠮᠵᠢᠯᠠᠭᠳᠠᠵᠤ ᠪᠠᠶᠢᠨ᠎ᠠ᠃      ᠲᠠᠶᠢᠯᠪᠤᠷᠢ᠄      ᠬᠢᠩᠭᠠᠷ᠎ᠠ᠄ ᠬᠢᠩᠭᠠᠷ᠎ᠠ ᠭᠡᠵᠤ ᠪᠢᠴᠢᠭᠡᠳ ᠰᠢᠩᠭᠠᠷ ᠭᠡᠵᠤ ᠬᠡᠯᠡᠬᠦ᠃  ᠬᠢᠷᠤᠬᠤ ᠭᠡᠵᠤ ᠪᠢᠴᠢᠭᠡᠳ ᠰᠢᠷᠡᠬᠦ ᠭᠡᠵᠤ ᠬᠡᠯᠡᠬᠦ᠃ ᠬᠢᠮ᠎ᠡ ᠭᠡᠵᠤ ᠪᠢᠴᠢᠭᠡᠳ ᠰᠢᠮ᠎ᠡ ᠭᠡᠵᠤ ᠬᠡᠯᠡᠬᠦ᠃   ᠵᠤᠬᠢᠶᠠᠭᠴᠢ᠄ ᠯᠠᠩᠪᠤᠷᠢᠨᠴᠢᠨ   ᠨᠠᠶᠢᠷᠠᠭᠤᠯᠣᠭᠴᠢ᠄ ᠪᠦᠷᠢᠨᠰᠠᠶᠢᠨ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号