ᠡᠷᠳᠡᠨ ᠤ ᠠᠷᠣ ᠬᠤᠷᠴᠢᠨ ᠸᠠᠩ ᠤᠨ ᠤᠷᠳᠤᠨ
ᠨᠡᠶᠢᠲᠡᠯᠡᠭᠰᠡᠨ ᠴᠠᠭ᠄
2016/7/12
     ᠲᠡᠤᠬᠡᠨ ᠲᠡᠮᠳᠡᠭᠯᠡᠯ ᠢ ᠦᠨᠳᠦᠰᠦᠯᠡᠪᠡᠯ ᠠᠷᠣ ᠬᠤᠷᠴᠢᠨ ᠸᠠᠩ ᠤᠨ ᠤᠷᠳᠤᠨ ᠨᠡᠯᠢᠶᠡᠳ ᠬᠡᠳᠦᠨ ᠭᠠᠵᠠᠷ ᠰᠠᠭᠤᠷᠢᠰᠢᠭᠰᠠᠨ ᠪᠠᠶᠢᠳᠠᠭ᠃ ᠴᠢᠩᠭᠢᠰ ᠬᠠᠭᠠᠨ ᠤ ᠲᠡᠭᠦᠦ ᠬᠠᠰᠠᠷ᠂ ᠬᠠᠴᠢᠭᠤᠨ᠂ ᠪᠡᠯᠭᠦᠳᠠᠢ᠂ ᠣᠳᠴᠢᠭᠢᠨ ᠲᠦᠷᠪᠡᠭᠦᠯᠡ ᠶᠢᠨ ᠬᠠᠷᠢᠶᠠᠳᠤ ᠠᠶᠢᠮᠠᠭ ᠢ ᠶᠤᠸᠠᠨ ᠣᠯᠣᠰ ᠤᠨ ᠦᠶ᠎ᠡ ᠳᠤ ᠲᠦᠷᠪᠡᠨ ᠣᠩᠨᠢᠭᠤᠳ ᠭᠡᠳᠡᠭ᠃ ᠤᠩᠨᠢᠭᠤᠳ ᠭᠡᠳᠡᠭ ᠪᠣᠯ ᠸᠠᠩ ᠨᠠᠷ ᠭᠡᠰᠡᠨ ᠣᠳᠬ᠎ᠠ ᠲᠠᠢ ᠦᠭᠡ ᠪᠣᠯᠣᠨ᠎ᠠ᠃ ᠴᠢᠩᠭᠢᠰ ᠬᠠᠭᠠᠨ ᠤ ᠲᠦᠷᠪᠡᠨ ᠲᠡᠭᠦᠦ ᠶᠢᠨ ᠬᠠᠷᠢᠶᠠᠳᠤ ᠠᠶᠢᠮᠠᠭ ᠪᠣᠯᠬᠤᠷ ᠲᠦᠷᠪᠡᠨ ᠤᠩᠨᠢᠭᠤᠳ ᠭᠡᠵᠤ ᠨᠡᠷᠡᠯᠡᠳᠡᠭ᠃      ᠲᠦᠷᠪᠡᠨ ᠤᠩᠨᠢᠭᠤᠳ ᠤᠨ ᠲᠣᠳᠣᠷ᠎ᠠ ᠭᠠᠭᠴᠠ ᠬᠦ ᠤᠳᠴᠢᠭᠢᠨ ᠤ ᠬᠠᠷᠢᠶᠠᠳᠤ ᠠᠶᠢᠮᠠᠭ ᠶᠡᠭᠡ ᠬᠢᠩᠭᠠᠨ ᠲᠠᠪᠠᠭᠠᠨ ᠤ ᠡᠮᠦᠨᠡᠭᠦᠷ ᠨᠡᠭᠦᠳᠡᠯᠯᠡᠨ ᠮᠠᠯᠵᠢᠵᠤ᠂ ᠪᠣᠰᠤᠳ ᠭᠤᠷᠪᠠᠨ ᠤᠩᠨᠢᠭᠤᠳ ᠨᠢ ᠶᠡᠭᠡ ᠬᠢᠩᠭᠠᠨ ᠲᠠᠪᠠᠭᠠᠨ ᠤ ᠠᠷᠣ ᠳᠤ ᠨᠡᠭᠦᠳᠡᠯᠯᠡᠨ ᠮᠠᠯᠵᠢᠳᠠᠭ᠃ ᠴᠢᠩ ᠤᠯᠤᠰ ᠤᠨ ᠬᠦᠮᠦᠨ ᠪᠣᠯ ᠬᠠᠰᠠᠷ᠂ ᠬᠠᠴᠢᠭᠤᠳ᠂ ᠪᠡᠯᠭᠦᠳᠠᠢ ᠭᠤᠷᠪᠠᠭᠤᠯᠠ ᠶᠢᠨ ᠬᠠᠷᠢᠶᠠᠳᠤ ᠠᠶᠢᠮᠠᠭ ᠢ ᠶᠡᠷᠦᠩᠬᠡᠶᠢᠯᠡᠨ ᠠᠷᠣ ᠠᠶᠢᠮᠠᠭ ᠭᠡᠳᠡᠭ᠃ ᠶᠡᠭᠡ ᠬᠢᠩᠭᠠᠨ ᠤ ᠠᠷᠣ ᠳᠤ ᠨᠡᠭᠦᠳᠡᠯᠯᠡᠨ ᠮᠠᠯᠵᠢᠳᠠᠭ ᠪᠤᠯᠬᠤᠷ ᠠᠷᠣ ᠠᠶᠢᠮᠠᠭ ᠭᠡᠰᠡᠨ ᠪᠠᠶᠢᠨ᠎ᠠ᠃ ᠠᠷᠣ ᠠᠶᠢᠮᠠᠭ ᠲᠤ ᠣᠳᠴᠢᠭᠢᠨ ᠤ ᠬᠠᠷᠢᠶᠠᠳᠤ ᠠᠶᠢᠮᠠᠭ ᠪᠠᠭᠳᠠᠬᠤ ᠦᠭᠡᠢ᠃ ᠬᠠᠷᠢᠨ ᠢᠰᠦᠳ ᠠᠶᠢᠮᠠᠭ ᠪᠠᠭᠳᠠᠨ᠎ᠠ᠃ ᠢᠰᠦᠳ ᠠᠶᠢᠮᠠᠭ ᠪᠣᠯ ᠲᠦᠮᠡᠳ ᠲᠠᠶᠢᠵᠢ ᠭᠠᠷᠮ᠎ᠠ ᠢᠯᠳᠡᠩ ᠤᠨ ᠬᠠᠷᠢᠶᠠᠳᠤ ᠠᠶᠢᠮᠠᠭ ᠮᠦᠨ᠃ ᠭᠠᠷᠮ᠎ᠠ ᠢᠯᠳᠡᠩ ᠪᠤᠯ ᠬᠡᠷᠦᠯᠦᠨ ᠭᠤᠤᠯ ᠳᠤ ᠨᠡᠭᠦᠳᠡᠯᠯᠡᠨ ᠮᠠᠯᠵᠢᠳᠠᠭ᠃      1630 ᠣᠨ ᠠᠴᠠ ᠡᠮᠦᠨ᠎ᠡ ᠨᠤᠨ ᠬᠤᠷᠴᠢᠨ᠂ ᠴᠠᠬᠠᠷ ᠲᠦᠮᠡᠨ ᠤ ᠠᠤᠬᠠᠨ᠂ ᠨᠠᠢᠮᠠᠨ᠂ ᠤᠷᠤᠭᠤᠳ ᠵᠡᠷᠭᠡ ᠭᠤᠷᠪᠠᠨ ᠠᠶᠢᠮᠠᠭ᠂ ᠦᠪᠦᠷ ᠬᠠᠯᠬ᠎ᠠ ᠶᠢᠨ ᠪᠠᠭᠠᠷᠢᠨ᠂ ᠵᠠᠷᠤᠳ᠂ ᠪᠠᠶᠠᠭᠤᠳ ᠵᠡᠷᠭᠡ ᠭᠤᠷᠪᠠᠨ ᠠᠶᠢᠮᠠᠭ ᠤᠷᠢᠳ ᠬᠤᠵᠢᠳ ᠴᠢᠩ ᠤᠯᠤᠰ ᠢ ᠲᠠᠭᠠᠭᠰᠠᠨ ᠪᠠᠶᠢᠨ᠎ᠠ᠃ ᠲᠡᠷᠡ ᠦᠶ᠎ᠡ ᠳᠤ ᠯᠢᠭᠳᠡᠨ ᠬᠤᠳᠤᠭᠳᠤ ᠬᠠᠭᠠᠨ ᠠᠷᠣ ᠬᠤᠷᠴᠢᠨ  ᠳᠤ ᠪᠠᠶᠢᠭᠤᠯᠤᠭᠰᠠᠨ ᠸᠴᠢᠷᠳᠤ ᠴᠠᠭᠠᠨ ᠬᠤᠳᠠ ᠠᠴᠠ ᠬᠦᠬᠡᠬᠤᠳᠠ ᠳᠤ ᠤᠴᠢᠭᠠᠳ ᠰᠠᠭᠤᠵᠤ ᠪᠠᠶᠢᠪᠠ᠃      ᠡᠨᠡ ᠦᠶ᠎ᠡ ᠳᠤ ᠴᠢᠩ ᠤᠯᠤᠰ ᠤᠨ ᠠᠩᠬᠠᠷᠣᠯ ᠠᠷᠣ ᠠᠶᠢᠮᠠᠭ ᠲᠤ ᠲᠦᠪᠯᠡᠷᠡᠵᠤ ᠢᠷᠡᠪᠡ᠃ ᠨᠢᠭᠡ ᠤᠳᠠᠭ᠎ᠠ ᠯᠢᠭᠳᠡᠨ ᠬᠤᠳᠤᠭᠳᠤ ᠬᠠᠭᠠᠨ ᠠᠷᠣ ᠠᠶᠢᠮᠠᠭ ᠤᠨ ᠨᠣᠶᠠᠳ ᠢ ᠮᠢᠩᠭᠠᠨ ᠠᠭᠳᠠ ᠶᠢᠨ ᠠᠯᠪᠠ ᠬᠦᠷᠭᠡᠵᠤ ᠢᠷ᠎ᠡ ᠬᠡᠮᠡᠨ ᠵᠠᠷᠯᠢᠭᠳᠠᠵᠠᠢ᠃ ᠠᠷᠣ ᠠᠶᠢᠮᠠᠭ ᠤᠨ ᠨᠣᠶᠠᠳ ᠬᠠᠷᠢᠨ ᠲᠠᠪᠤᠨ ᠵᠠᠭᠤᠨ ᠠᠭᠳᠠ ᠶᠢᠨ ᠠᠯᠪᠠ ᠬᠦᠷᠭᠡᠨ ᠢᠷᠡᠵᠠᠢ᠃ ᠴᠢᠩ ᠣᠯᠣᠰ ᠤᠨ ᠬᠤᠸᠠᠩ ᠲᠠᠶᠢᠵᠢ ᠬᠠᠭᠠᠨ ᠠᠩᠬᠠᠳᠤᠭᠠᠷ ᠲᠦᠷᠢ ᠶᠢᠨ ᠴᠠᠭᠠᠨ ᠭᠡᠭᠡᠨ ᠢ ᠠᠷᠣ ᠠᠶᠢᠮᠠᠭ ᠲᠤ ᠡᠯᠴᠢ ᠪᠠᠷ ᠲᠤᠮᠢᠯᠠᠨ ᠤᠴᠢᠭᠤᠯᠵᠤ᠂ ᠠᠷᠣ ᠠᠶᠢᠮᠠᠭ ᠢ ᠢᠳᠬᠠᠨ ᠯᠢᠭᠳᠡᠨ ᠬᠠᠭᠠᠨ ᠤ ᠠᠯᠪᠠ ᠭᠤᠪᠴᠢᠭᠤᠷ ᠢ ᠡᠰᠡᠷᠭᠦᠴᠡᠬᠦ ᠨᠡᠷ᠎ᠡ ᠪᠠᠷ ᠣᠯᠣᠰ ᠲᠦᠷᠦ ᠶᠢᠨ ᠬᠤᠯᠪᠣᠭᠠᠯᠠᠯ ᠢ ᠪᠠᠶᠢᠭᠤᠯᠵᠠᠢ᠃      ᠠᠷᠣ ᠬᠤᠷᠴᠢᠨ ᠪᠤᠯᠤᠨ ᠲᠡᠭᠦᠨ ᠤ ᠰᠠᠯᠪᠤᠷᠢ ᠲᠦᠷᠪᠡᠨ ᠬᠡᠤᠬᠡᠳ᠂ ᠮᠣᠤᠮᠢᠩᠭᠠᠨ᠂ ᠤᠷᠠᠳ ᠠᠶᠢᠮᠠᠭ ᠪᠣᠯ ᠬᠠᠪᠤᠳᠤ ᠬᠠᠰᠠᠷ ᠤᠨ ᠬᠤᠶᠢᠴᠢᠰ ᠤᠨ ᠬᠤᠪᠢᠶᠠᠨ ᠵᠠᠬᠢᠷᠣᠭᠰᠠᠨ ᠠᠶᠢᠮᠠᠭ ᠮᠦᠨ᠃ ᠲᠡᠳᠡ ᠣᠤᠯ ᠨᠢ ᠬᠦᠯᠦᠨ ᠪᠣᠶᠢᠷ  ᠲᠤ ᠨᠡᠭᠦᠳᠡᠯᠯᠡᠨ ᠮᠠᠯᠵᠢᠳᠠᠭ᠃ ᠬᠠᠪᠣᠳᠤ ᠬᠠᠰᠠᠷ ᠤᠨ ᠬᠤᠶᠠᠳᠤᠭᠠᠷ ᠬᠦᠪᠡᠭᠦᠨ ᠶᠢᠰᠦᠩᠭᠡ ᠳ᠋ᠠ ᠸᠠᠩ ᠤᠨ ᠪᠠᠶᠢᠭᠤᠯᠣᠭᠰᠠᠨ ᠬᠤᠳᠠ ᠨᠢ ᠣᠳᠤ ᠶᠢᠨ ᠬᠦᠯᠦᠨ ᠪᠣᠶᠢᠷ ᠬᠤᠳᠠ ᠳᠤ ᠪᠠᠶᠢᠳᠠᠭ᠃ ᠶᠢᠰᠦᠩᠭᠡ ᠳ᠋ᠠ ᠸᠠᠩ ᠪᠣᠯ ᠮᠡᠷᠭᠡᠨ ᠬᠠᠷᠪᠣᠭᠠᠴᠢ ᠶᠤᠮ᠃ ᠴᠢᠩᠭᠢᠰ ᠬᠠᠭᠠᠨ ᠦᠪᠡᠷ ᠤᠨ ᠠᠴᠢ ᠬᠦᠪᠡᠭᠦᠨ ᠶᠢᠰᠦᠩᠭᠡ ᠶᠢᠨ ᠭᠠᠪᠢᠶ᠎ᠠ ᠵᠢᠳᠬᠦᠯ ᠢ ᠲᠡᠮᠳᠡᠭᠯᠡᠭᠰᠡᠨ ᠬᠦᠰᠢᠶ᠎ᠡ ᠨᠢ ᠣᠳᠤ ᠶᠢᠨ ᠤᠷᠤᠰ ᠤᠯᠤᠰ ᠤᠨ ᠪᠠᠶᠢᠭᠠᠯ ᠨᠠᠭᠤᠷ ᠤᠨ ᠵᠡᠭᠦᠨᠳᠠᠢ ᠪᠣᠰᠬᠠᠭᠰᠠᠨ ᠪᠢᠯᠡ᠃ ᠡᠶᠢᠨ ᠬᠦ ᠶᠢᠰᠦᠩᠭᠡ ᠳ᠋ᠠ ᠸᠠᠩ ᠤᠨ ᠬᠤᠳᠠ ᠶᠢ ᠠᠷᠣ ᠬᠤᠷᠴᠢᠨ ᠸᠠᠩ ᠤᠨ ᠠᠩᠬᠠᠳᠤᠭᠠᠷ ᠶᠠᠮᠤᠨ ᠬᠡᠮᠡᠨ ᠬᠡᠯᠡᠵᠤ ᠪᠣᠯᠣᠨ᠎ᠠ᠃      1630 ᠣᠨ ᠤ ᠭᠤᠷᠪᠠᠨ ᠰᠠᠷ᠎ᠠ ᠶᠢᠨ ᠬᠤᠷᠢᠨ ᠳᠤ ᠠᠷᠣ ᠠᠶᠢᠮᠠᠭ ᠤᠨ ᠨᠣᠶᠠᠳ ᠮᠦᠭᠳᠡᠨ ᠳᠤ ᠡᠯᠴᠢ ᠲᠤᠮᠢᠯᠠᠨ ᠣᠴᠢᠭᠤᠯᠵᠤ᠂ ᠴᠢᠩ ᠣᠯᠣᠰ ᠯᠤᠭ᠎ᠠ ᠯᠢᠭᠳᠡᠨ ᠬᠤᠳᠤᠭᠳᠤ ᠬᠠᠭᠠᠨ ᠢ ᠡᠰᠡᠷᠭᠦᠴᠡᠬᠦ ᠤᠯᠤᠰ ᠲᠦᠷᠦ ᠶᠢᠨ ᠬᠤᠯᠪᠣᠭᠠᠯᠠᠯ ᠪᠠᠶᠢᠭᠤᠯᠬᠤ ᠭᠡᠷ᠎ᠡ ᠲᠣᠭᠳᠠᠵᠠᠢ᠃ ᠭᠡᠷ᠎ᠡ ᠪᠢᠴᠢᠭ ᠲᠤ ᠲᠤᠷᠠᠳᠤᠭᠰᠠᠨ ᠠᠷᠣ ᠠᠶᠢᠮᠠᠭ ᠤᠨ ᠲᠠᠶᠢᠵᠢ ᠨᠠᠷ ᠪᠣᠯ ᠠᠷᠣ ᠬᠤᠷᠴᠢᠨ ᠠᠶᠢᠮᠠᠭ ᠤᠨ ᠲᠠᠯᠠᠢ ᠲᠠᠶᠢᠵᠢ᠂ ᠲᠦᠷᠪᠡᠨ ᠬᠡᠤᠬᠡᠳ ᠠᠶᠢᠮᠠᠭ ᠤᠨ ᠰᠡᠩᠭᠡ ᠲᠠᠶᠢᠵᠢ᠂ ᠣᠩᠨᠢᠭᠤᠳ ᠠᠶᠢᠮᠠᠭ ᠤᠨ ᠰᠦᠨ ᠲᠦᠭᠦᠷᠡᠩ ᠵᠢᠨᠦᠩ ᠨᠠᠷ ᠪᠣᠯᠣᠨ᠎ᠠ᠃      ᠲᠠᠯᠠᠢ ᠲᠠᠶᠢᠵᠢ ᠪᠣᠯ ᠬᠠᠪᠣᠳᠤ ᠬᠠᠰᠠᠷ ᠤᠨ ᠬᠤᠶᠢᠴᠢᠰ ᠪᠣᠯᠣᠨ᠎ᠠ᠃ ᠮᠢᠩ ᠤᠯᠤᠰ ᠤᠨ ᠲᠠᠩᠰᠠᠨ ᠳᠤ ᠲᠠᠯᠠᠢ ᠲᠠᠶᠢᠵᠢ ᠶᠢᠨ ᠦᠶ᠎ᠡ ᠵᠠᠯᠭᠠᠮᠵᠢ ᠨᠢ ᠰᠢᠭᠦᠰᠢᠳᠠᠢ ᠪᠠᠭᠠᠳᠤᠷ ᠠᠴᠠ ᠡᠬᠢᠯᠡᠨ ᠲᠡᠮᠳᠡᠭᠯᠡᠭᠰᠡᠨ ᠪᠠᠶᠢᠳᠠᠭ᠃ ᠵᠧᠩ ᠲᠦᠩ  ᠤᠨ ᠲᠦᠷᠪᠡᠳᠦᠭᠡᠷ ᠣᠨ ︵1439︶ ᠤ ᠴᠠᠭᠠᠨ ᠰᠠᠷ᠎ᠠ ᠶᠢᠨ ᠬᠤᠷᠢᠨ ᠲᠦᠷᠪᠡᠨ ᠤ ᠬᠠᠷᠠᠭᠴᠢᠨ ᠲᠠᠤᠯᠠᠢ ᠡᠳᠦᠷ᠂ ᠣᠮᠠᠷᠠᠳᠤ ᠶᠤᠸᠠᠨ ᠣᠯᠣᠰ ᠤᠨ ᠡᠯᠴᠢ ᠪᠡᠭᠡᠵᠢᠩ ᠬᠤᠳᠠ ᠠᠴᠠ ᠣᠯᠣᠰ ᠲᠤ ᠪᠠᠨ ᠪᠣᠴᠠᠬᠤ ᠳᠤ ᠮᠢᠩ ᠣᠯᠣᠰ ᠤᠨ ᠬᠠᠭᠠᠨ ᠠᠴᠠ ᠤᠮᠠᠷᠠᠳᠤ ᠶᠤᠸᠠᠨ ᠣᠯᠣᠰ ᠤᠨ ᠬᠠᠭᠠᠨ ᠬᠠᠳᠤᠨ᠂ ᠲᠠᠶᠢᠽᠢ᠂ ᠲᠦᠷᠦ ᠪᠠᠷᠢᠭᠴᠢ ᠲᠠᠪᠣᠨ ᠲᠦᠰᠢᠮᠡᠯ  ᠳᠤ ᠲᠤᠰ ᠲᠤᠰ ᠨᠢᠭᠡ ᠬᠤᠪᠢ ᠪᠡᠯᠡᠭ ᠬᠦᠷᠭᠡᠪᠡ᠃ ᠲᠡᠷᠡ ᠦᠶ᠎ᠡ ᠶᠢᠨ ᠲᠠᠪᠣᠨ ᠲᠦᠰᠢᠮᠡᠯ ᠨᠢ ᠶᠡᠭᠡ ᠴᠧᠩᠰᠢᠶᠠᠩ ᠪᠠᠪᠣᠳᠠᠢ᠂ ᠪᠠᠷᠠᠭᠤᠨ ᠭᠠᠷᠤᠨ ᠴᠧᠩᠰᠢᠶᠠᠩ ᠲᠣᠭᠤᠨ᠂ ᠵᠡᠭᠦᠨ ᠭᠠᠷᠣᠨ ᠴᠧᠩᠰᠢᠶᠠᠩ ᠡᠩᠬᠡ᠂ ᠰᠢᠭᠦᠰᠢᠳᠠᠢ ᠸᠠᠩ᠂ ᠬᠤᠸᠠᠢ ᠸᠠᠩ ᠡᠰᠡᠨ ᠪᠣᠯᠣᠨ᠎ᠠ᠃ ᠪᠠᠷᠠᠭᠤᠨ ᠭᠠᠷᠣᠨ ᠴᠧᠩᠰᠢᠶᠠᠩ ᠲᠣᠭᠤᠨ ᠪᠣᠯ ᠬᠤᠸᠠᠢ ᠸᠠᠩ ᠡᠰᠡᠨ ᠤ ᠡᠴᠢᠭᠡ᠂ ᠴᠢᠩ ᠣᠯᠣᠰ ᠤᠨ ᠦᠶ᠎ᠡ ᠶᠢᠨ ᠵᠡᠭᠦᠨ ᠭᠠᠷ ᠬᠠᠭᠠᠨᠳᠦ ᠣᠯᠣᠰ ᠤᠨ ᠭᠠᠯᠳᠠᠨ ᠪᠣᠱᠣᠭᠳᠤ ᠬᠠᠭᠠᠨ ᠤ ᠡᠪᠦᠭᠡ ᠲᠡᠭᠡᠳᠦᠰ ᠮᠦᠨ᠃      ᠯᠢᠭᠳᠡᠨ ᠬᠤᠳᠤᠭᠳᠤ ᠬᠠᠭᠠᠨ ᠠᠷᠣ ᠠᠶᠢᠮᠠᠭ ᠤᠨ ᠴᠢᠩ ᠣᠯᠣᠰ ᠢ ᠲᠠᠭᠠᠭᠰᠠᠨ ᠢ ᠰᠣᠨᠣᠰᠴᠤ᠂ 1630 ᠣᠨ ᠤ ᠨᠠᠢᠮᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠳᠤ ᠬᠦᠬᠡᠬᠤᠳᠠ ᠠᠴᠠ ᠸᠴᠢᠷᠳᠤ ᠴᠠᠭᠠᠨ ᠬᠤᠳᠠ ᠳᠤ ᠪᠠᠨ ᠪᠣᠴᠠᠵᠣ᠂ ᠠᠷᠪᠠᠨ ᠨᠠᠢᠮᠠᠨ ᠳᠤ ᠸᠴᠢᠷᠳᠤ ᠴᠠᠭᠠᠨ ᠬᠤᠳᠠ ᠠᠴᠠ ᠪᠠᠨ ᠣᠮᠠᠷᠠᠰᠢ ᠴᠡᠷᠢᠭ ᠮᠤᠷᠳᠠᠪᠠ᠃ ᠠᠷᠣ ᠬᠤᠷᠴᠢᠨ᠂ ᠲᠦᠷᠪᠡᠨ ᠬᠡᠤᠬᠡᠳ᠂ ᠤᠩᠨᠢᠭᠤᠳ᠂ ᠤᠩᠨᠢᠭᠤᠳ ᠤᠨ ᠰᠠᠯᠪᠣᠷᠢ ᠬᠠᠷ᠎ᠠ ᠴᠡᠷᠢᠭ ᠠᠶᠢᠮᠠᠭ ᠯᠢᠭᠳᠡᠨ ᠬᠤᠳᠤᠭᠳᠤ ᠬᠠᠭᠠᠨ ᠤ ᠴᠡᠷᠢᠭ ᠤᠨ ᠴᠢᠮᠡᠭᠡ ᠶᠢ ᠰᠤᠨᠤᠰᠴᠤ᠂ ᠣᠤᠯ ᠤᠨ ᠨᠤᠳᠤᠭ ᠠᠴᠠ ᠪᠠᠨ ᠨᠤᠨ ᠬᠤᠷᠴᠢᠨ ᠳᠤ ᠨᠡᠭᠦᠳᠡᠯᠯᠡᠨ ᠤᠴᠢᠵᠠᠢ᠃ ᠯᠢᠭᠳᠡᠨ ᠬᠤᠳᠤᠭᠳᠤ ᠬᠠᠭᠠᠨ ᠰᠠᠭᠠᠯᠢ ᠶᠢᠨ ᠬᠡᠭᠡᠷ᠎ᠡ ᠳᠤ ᠪᠡᠯᠭᠦᠳᠠᠢ ᠶᠢᠨ ᠬᠤᠶᠢᠴᠢᠰ ᠤᠨ ᠬᠠᠷᠢᠶᠠᠳᠤ ᠠᠶᠢᠮᠠᠭ ᠲᠠᠢ᠂ ᠬᠡᠷᠦᠯᠦᠨ ᠭᠤᠤᠯ ᠳᠤ ᠭᠠᠷᠮ᠎ᠠ ᠢᠯᠳᠡᠩ ᠤᠨ ᠢᠰᠦᠳ ᠠᠶᠢᠮᠠᠭ ᠲᠠᠢ ᠲᠣᠰ ᠲᠣᠰ ᠲᠤᠯᠤᠯᠳᠤᠭᠠᠨ ᠬᠢᠪᠡ᠃ ᠰᠠᠭᠠᠯᠢ ᠶᠢᠨ ᠬᠡᠭᠡᠷ᠎ᠡ ᠪᠣᠯ ᠴᠢᠩᠭᠢᠰ ᠬᠠᠭᠠᠨ ᠤ 1206 ᠤᠨ ᠳᠤ ᠬᠠᠭᠠᠨ ᠰᠢᠷᠡᠭᠡᠨ ᠳᠤ ᠰᠠᠭᠤᠵᠣ ᠶᠡᠭᠡ ᠮᠣᠩᠭᠤᠯ ᠬᠠᠭᠠᠨᠳᠤ ᠤᠯᠤᠰ ᠪᠠᠶᠢᠭᠤᠯᠤᠭᠳᠠᠭᠰᠠᠨ ᠢ ᠲᠤᠩᠬᠠᠭᠯᠠᠭᠰᠠᠨ ᠭᠠᠵᠠᠷ ᠮᠦᠨ᠃ ᠪᠡᠯᠭᠦᠳᠠᠢ  ᠶᠢᠨ ᠬᠤᠪᠢᠶᠠᠨ ᠣᠯᠣᠭᠰᠠᠨ ᠨᠣᠳᠤᠭ ᠪᠣᠯᠣᠨ᠎ᠠ᠃ ᠢᠰᠦᠳ ᠠᠶᠢᠮᠠᠭ ᠤᠨ ᠬᠢᠨ ᠲᠠᠶᠢᠨ ᠳᠤ ᠢᠯᠠᠭᠳᠠᠵᠤ᠂ ᠴᠠᠭᠠᠨ ᠭᠡᠭᠡᠨ ᠲᠡᠳᠡᠨ ᠢ ᠲᠠᠭᠠᠭᠤᠯᠣᠨ ᠰᠢᠷᠠᠮᠦ᠋ᠷᠡᠨ ᠳᠤ ᠨᠡᠭᠦᠳᠡᠯᠯᠡᠨ ᠢᠷᠡᠵᠤ᠂ 1630 ᠣᠨ ᠤ ᠠᠷᠪᠠᠨ ᠨᠢᠭᠡᠨ ᠰᠠᠷ᠎ᠠ  ᠳᠤ ᠢᠰᠦᠳ ᠠᠶᠢᠮᠠᠭ ᠤᠨ ᠲᠠᠪᠢ ᠶᠢᠰᠦᠨ ᠲᠠᠶᠢᠵᠢ ᠶᠢ ᠲᠠᠭᠠᠭᠤᠯᠣᠨ ᠮᠦᠭᠳᠡᠨ ᠬᠤᠳᠠ ᠳᠤ ᠤᠴᠢᠪᠠ᠃      1631 ᠣᠨ ᠤ ᠲᠦᠷᠪᠡᠨ ᠰᠠᠷ᠎ᠠ ᠶᠢᠨ ᠰᠢᠨ᠎ᠡ ᠶᠢᠨ ᠬᠤᠶᠠᠷ ᠤᠨ ᠡᠳᠦᠷ᠂ ᠲᠠᠯᠠᠢ ᠲᠠᠶᠢᠵᠢ ᠤᠯᠠᠨ ᠲᠠᠶᠢᠵᠢ ᠨᠠᠷ ᠢ ᠲᠠᠭᠠᠭᠤᠯᠣᠨ ᠮᠦᠭᠳᠡᠨ ᠬᠤᠳᠠ ᠳᠤ ᠤᠴᠢᠵᠠᠢ᠃ ᠡᠨᠡ ᠣᠳᠠᠭ᠎ᠠ ᠴᠢᠩ ᠤᠯᠤᠰ ᠠᠴᠠ ᠠᠷᠣ ᠠᠶᠢᠮᠠᠭ ᠲᠤ ᠰᠢᠨ᠎ᠡ ᠨᠣᠳᠤᠭ ᠪᠡᠯᠴᠢᠭᠡᠷ ᠬᠤᠪᠢᠶᠠᠨ ᠦᠭᠪᠡ᠃ ᠣᠩᠨᠢᠭᠤᠳ ᠠᠶᠢᠮᠠᠭ ᠤᠳᠤ ᠶᠢᠨ ᠣᠩᠨᠢᠭᠤᠳ ᠬᠤᠰᠢᠭᠤᠨ ᠤ ᠨᠣᠳᠤᠭ ᠢ ᠬᠤᠪᠢᠶᠠᠨ ᠤᠯᠵᠤ᠂ ᠬᠠᠷ᠎ᠠ ᠴᠡᠷᠢᠭ ᠠᠶᠢᠮᠠᠭ ᠤᠩᠨᠢᠭᠤᠳ ᠠᠶᠢᠮᠠᠭ ᠢ ᠲᠠᠭᠠᠯᠳᠤᠨ ᠮᠠᠯᠵᠢᠪᠠ᠃ ᠲᠡᠳᠡ ᠪᠤᠯ ᠤᠩᠨᠢᠭᠤᠳ ᠪᠠᠷᠠᠭᠤᠨ ᠭᠠᠷᠣᠨ ᠬᠤᠰᠢᠭᠤᠨ ᠤ ᠮᠤᠩᠭᠤᠯᠴᠤᠳ ᠪᠣᠯᠣᠨ᠎ᠠ᠃ ᠲᠠᠯᠠᠢ ᠲᠠᠶᠢᠵᠢ ᠶᠢᠨ ᠬᠤᠰᠢᠭᠤ  ᠶᠢ ᠠᠷᠣ ᠬᠤᠷᠴᠢᠨ ᠬᠤᠶᠢᠳᠤ ᠬᠤᠰᠢᠭᠤ ᠭᠡᠳᠡᠭ᠃  ᠬᠠᠨᠰᠦ᠋ᠮ᠎ᠡ ᠰᠤᠮᠤ ᠶᠢᠨ ᠳ᠋ᠦᠩᠬᠡᠷ ᠤᠨ ᠮᠠᠩᠬ᠎ᠠ ᠶᠢ ᠬᠤᠪᠢᠶᠠᠨ ᠣᠯᠵᠠᠢ᠃ ᠮᠣᠵᠠᠩ ᠬᠤᠸᠠᠩ ᠲᠠᠶᠢᠵᠢ ᠪᠣᠯ ᠲᠠᠯᠠᠢ ᠲᠠᠶᠢᠵᠢ ᠶᠢᠨ ᠦᠷ᠎ᠡ ᠶᠢᠨ ᠭᠠᠭᠴᠠ ᠬᠦᠪᠡᠭᠦᠨ ᠮᠦᠨ᠃ ᠮᠤᠵᠠᠩ ᠬᠤᠸᠠᠩ ᠲᠠᠶᠢᠵᠢ ᠶᠢᠨ ᠬᠤᠰᠢᠭᠤ ᠶᠢ ᠠᠷᠣ ᠬᠤᠷᠴᠢᠨ ᠡᠮᠦᠨᠡᠳᠦ ᠬᠤᠰᠢᠭᠤ ᠭᠡᠳᠡᠭ᠃ ᠠᠯᠳᠠ ᠶᠢᠨ ᠮᠠᠩᠬ᠎ᠠ  ᠶᠢ ᠬᠤᠪᠢᠶᠠᠨ ᠤᠯᠵᠠᠢ᠃ ᠲᠦᠷᠪᠡᠨ ᠬᠡᠤᠬᠡᠳ ᠠᠶᠢᠮᠠᠭ ᠣᠳᠤ ᠶᠢᠨ ᠵᠠᠷᠣᠳ ᠬᠤᠰᠢᠭᠤᠨ ᠤ ᠣᠭᠠᠯᠵᠠ ᠠᠭᠤᠯᠠ  ᠶᠢᠨ ᠭᠠᠵᠠᠷ ᠢ ᠬᠤᠪᠢᠶᠠᠨ ᠤᠯᠵᠠᠢ᠃ ᠲᠡᠷᠡ ᠦᠶ᠎ᠡ ᠳᠤ ᠸᠠᠭᠠᠷ ᠲᠤᠭᠤᠰᠬ᠎ᠠ ᠶᠢᠨ ᠭᠡᠷ ᠭᠡᠵᠤ ᠪᠠᠶᠢᠬᠤ ᠦᠭᠡᠢ᠂ ᠮᠤᠩᠭᠤᠯ ᠭᠡᠷ ᠢᠶᠠᠷ ᠰᠠᠭᠤᠳᠠᠭ᠃ ᠲᠡᠭᠡᠷ᠎ᠡ ᠲᠣᠷᠠᠳᠤᠭᠰᠠᠨ ᠳ᠋ᠦᠩᠬᠡᠷ ᠤᠨ ᠮᠠᠩᠬ᠎ᠠ ᠪᠣᠯᠣᠨ ᠠᠯᠳᠠ ᠶᠢᠨ ᠮᠠᠩᠬ᠎ᠠ ᠪᠤᠯ ᠲᠡᠤᠬᠡᠨ ᠳᠠᠬᠢ ᠠᠷᠣ ᠬᠤᠷᠴᠢᠨ ᠸᠠᠩ ᠤᠨ ᠤᠷᠳᠤᠨ ᠪᠠᠶᠢᠭᠰᠠᠨ ᠭᠠᠵᠠᠷ ᠮᠦᠨ᠃      ᠠᠷᠣ ᠬᠤᠷᠴᠢᠨ ᠲᠠᠶᠢᠵᠢ ᠨᠠᠷ ᠮᠦᠭᠳᠡᠨ ᠬᠤᠳᠠ ᠠᠴᠠ ᠪᠣᠴᠠᠭᠰᠠᠨ ᠤ ᠰᠡᠭᠦᠯᠡᠷ ᠯᠢᠭᠳᠡᠨ ᠬᠤᠳᠣᠭᠳᠤ ᠬᠠᠭᠠᠨ  ᠤ ᠲᠠᠭᠠᠷᠢᠯᠳᠠ ᠳᠤ ᠤᠴᠠᠷᠠᠪᠠ᠃ ᠰᠡᠷᠡᠩ ᠲᠠᠶᠢᠵᠢ ᠪᠣᠯ ᠲᠠᠯᠠᠢ ᠲᠠᠶᠢᠵᠢ ᠶᠢᠨ ᠠᠪᠠᠭ᠎ᠠ᠂ ᠴᠤᠯᠠ ᠨᠢ ᠬᠠᠪᠢ ᠪᠠᠭᠠᠳᠤᠷ᠂ ᠠᠶᠢᠮᠠᠭ ᠤᠨ ᠣᠯᠠᠨ ᠲᠡᠭᠦᠨ ᠢ ᠰᠡᠷᠡᠩ ᠠᠪᠠᠭ᠎ᠠ ᠬᠡᠮᠡᠨ ᠬᠦᠨᠳᠦᠳᠬᠡᠨ ᠲᠠᠭᠤᠳᠠᠳᠠᠭ᠃ ᠰᠡᠷᠡᠩ ᠠᠪᠠᠭ᠎ᠠ ᠪᠤᠯ ᠠᠷᠣ ᠬᠤᠷᠴᠢᠨ ᠬᠤᠰᠢᠭᠤᠨ ᠤ ᠠᠷᠣ ᠲᠣᠰᠠᠯᠠᠭᠴᠢ ᠶᠢᠨ ᠲᠡᠭᠡᠳᠦᠰ ᠪᠣᠯᠣᠨ᠎ᠠ᠃ ᠯᠢᠭᠳᠡᠨ ᠬᠤᠳᠤᠭᠳᠤ ᠬᠠᠭᠠᠨ ᠰᠡᠷᠡᠩ ᠠᠪᠠᠭ᠎ᠠ ᠶᠢᠨ ᠠᠳᠣᠭᠤ ᠮᠠᠯ ᠢ ᠲᠠᠭᠤᠵᠣ ᠠᠪᠠᠴᠢᠪᠠ᠃ ᠬᠤᠸᠠᠩ ᠲᠠᠶᠢᠵᠢ ᠡᠨᠡ ᠬᠦ ᠴᠢᠮᠡᠭᠡ ᠶᠢ ᠠᠯᠢ ᠡᠷᠳᠡ ᠰᠤᠨᠣᠰᠤᠭᠰᠠᠨ ᠪᠣᠯᠬᠤᠷ ᠶᠡᠭᠡ ᠴᠡᠷᠢᠭ ᠲᠠᠭᠠᠭᠤᠯᠣᠨ ᠰᠢᠷᠠᠮᠦ᠋ᠷᠡᠨ ᠤ ᠠᠷᠣ ᠳᠤ ᠬᠦᠷᠴᠦ ᠢᠷᠡᠵᠠᠢ᠃ ᠯᠢᠭᠳᠡᠨ ᠬᠠᠭᠠᠨ ᠪᠠᠶᠢᠯᠳᠤᠭᠰᠠᠨ ᠦᠭᠡᠢ ᠪᠠᠷ ᠶᠡᠭᠡ ᠬᠢᠩᠭᠠᠨ ᠤ ᠠᠷᠣ ᠳᠤ ᠤᠬᠤᠷᠢᠨ ᠶᠠᠪᠣᠵᠠᠢ᠃      ᠴᠢᠩ ᠤᠯᠤᠰ ᠠᠴᠠ ᠡᠨᠡ ᠣᠳᠠᠭᠠᠨ ᠤ ᠰᠤᠷᠭᠠᠮᠵᠢ ᠪᠠᠨ ᠳ᠋ᠦᠩᠨᠡᠵᠤ᠂ ᠠᠷᠣ ᠠᠶᠢᠮᠠᠭ ᠲᠤ ᠠᠤᠬᠠᠨ᠂ ᠨᠠᠢᠮᠠᠨ᠂ ᠪᠠᠭᠠᠷᠢᠨ᠂ ᠵᠠᠷᠤᠳ ᠲᠠᠢ ᠴᠤᠭ ᠢᠶᠠᠷ ᠪᠠᠰᠠ ᠨᠢᠭᠡ ᠣᠳᠠᠭ᠎ᠠ ᠨᠣᠳᠤᠭ ᠪᠡᠯᠴᠢᠭᠡᠷ ᠬᠤᠪᠢᠶᠠᠨ ᠦᠭᠪᠡ᠃ ᠡᠨᠡ ᠣᠳᠠᠭ᠎ᠠ ᠶᠢᠨ ᠬᠤᠪᠢᠶᠠᠨ ᠣᠯᠣᠭᠰᠠᠨ ᠨᠣᠳᠤᠭ ᠪᠡᠯᠴᠢᠭᠡᠷ ᠨᠢ ᠪᠦᠷ ᠰᠢᠷᠠᠮᠦ᠋ᠷᠡᠨ ᠤ ᠡᠮᠦᠨᠡᠭᠦᠷ ᠪᠠᠶᠢᠳᠠᠭ᠃ ᠠᠷᠣ ᠬᠤᠷᠴᠢᠨ ᠪᠣᠯᠣᠨ ᠲᠦᠷᠪᠡᠨ ᠬᠡᠤᠬᠡᠳ ᠬᠤᠶᠠᠷ ᠠᠶᠢᠮᠠᠭ ᠨᠢᠭᠡ ᠨᠣᠳᠤᠭ ᠢ ᠬᠤᠪᠢᠶᠠᠨ ᠣᠯᠵᠠᠢ᠃ ᠬᠤᠪᠢᠶᠠᠨ ᠣᠯᠣᠭᠰᠠᠨ ᠨᠣᠳᠤᠭ ᠤᠨ ᠪᠠᠷᠠᠭᠤᠨ ᠬᠢᠵᠠᠭᠠᠷ ᠨᠢ ᠬᠤᠸᠠᠳᠧᠩ᠂ ᠬᠤᠸᠠᠳᠧᠩ ᠪᠣᠯ ᠣᠳᠤ ᠶᠢᠨ ᠬᠤᠷᠴᠢᠨ ᠵᠡᠭᠦᠨ ᠭᠠᠷᠣᠨ ᠬᠤᠶᠢᠳᠤ ᠬᠤᠰᠢᠭᠤᠨ ᠤ ᠬᠤᠸᠠᠳᠧᠩ ᠰᠣᠮᠣ ᠮᠦᠨ᠃ ᠵᠡᠭᠦᠨ ᠬᠢᠵᠠᠭᠠᠷ ᠨᠢ ᠪᠢᠯᠡᠭᠦᠳᠦ ᠪᠠᠷ ᠵᠠᠷᠣᠳ ᠲᠠᠢ ᠵᠠᠬ᠎ᠠ ᠨᠡᠶᠢᠯᠡᠵᠤ ᠪᠤᠢ᠃      1634 ᠣᠨ ᠤ ᠠᠷᠪᠠᠨ ᠰᠠᠷ᠎ᠠ ᠳᠤ ᠴᠢᠩ ᠣᠯᠣᠰ ᠤᠨ ᠬᠤᠶᠠᠷ ᠲᠦᠰᠢᠮᠡᠯ ᠮᠤᠩᠭᠤᠯ ᠤᠨ ᠡᠯ᠎ᠡ ᠠᠶᠢᠮᠠᠭ  ᠤᠨ ᠨᠣᠶᠠᠳ ᠢ ᠣᠳᠤ ᠶᠢᠨ ᠬᠤᠷᠴᠢᠨ ᠵᠡᠭᠦᠨ ᠭᠠᠷᠣᠨ ᠬᠤᠶᠢᠳᠤ ᠬᠤᠰᠢᠭᠤᠨ ᠳᠤ ᠴᠤᠭᠯᠠᠭᠤᠯᠵᠣ᠂ ᠬᠤᠵᠢᠮ ᠨᠢ 1639 ᠣᠨ ᠳᠤ ᠪᠠᠶᠢᠭᠤᠯᠣᠭᠳᠠᠭᠰᠠᠨ ᠵᠣᠤ ᠤᠳᠠ ᠴᠢᠭᠤᠯᠭᠠᠨ ᠤ ᠮᠤᠩᠭᠤᠯᠴᠤᠳ ᠪᠣᠯᠣᠨ ᠮᠠᠨᠵᠤ ᠨᠠᠢᠮᠠᠨ ᠬᠤᠰᠢᠭᠤᠨ ᠤ ᠲᠤᠳᠤᠷᠠᠬᠢ ᠮᠤᠩᠭᠤᠯᠴᠤᠳ ᠲᠤ ᠨᠣᠳᠤᠭ ᠪᠡᠯᠴᠢᠭᠡᠷ ᠬᠤᠪᠢᠶᠠᠨ ᠦᠭᠪᠡ᠃ ᠴᠢᠩ ᠣᠯᠣᠰ ᠤᠨ ᠡᠬᠢᠨ ᠳᠤ ᠲᠠᠭᠠᠷ᠎ᠠ ᠣᠴᠢᠭᠰᠠᠨ ᠮᠣᠩᠭᠤᠯᠴᠤᠳ ᠢ ᠮᠠᠨᠵᠤ ᠨᠠᠢᠮᠠᠨ ᠬᠤᠰᠢᠭᠤᠨ ᠳᠤ ᠬᠤᠪᠢᠶᠠᠨ ᠦᠭᠴᠠᠢ᠃ ᠮᠠᠨᠵᠣ ᠨᠠᠢᠮᠠᠨ ᠬᠤᠰᠢᠭᠤᠨ ᠤ ᠮᠤᠩᠭᠤᠯᠴᠤᠳ ᠨᠢ ᠡᠶᠢᠮᠣ ᠮᠤᠩᠭᠤᠯᠴᠤᠳ ᠪᠢᠯᠡ᠃ ᠡᠨᠡ ᠣᠳᠠᠭᠠᠨ ᠤ ᠴᠢᠭᠤᠯᠭᠠᠨ ᠢ ᠲᠡᠤᠬᠡᠨ ᠳᠤ ᠱᠤᠩᠬᠤᠷ ᠤᠨ ᠴᠢᠭᠤᠯᠭᠠᠨ ᠭᠡᠳᠡᠭ᠃ ᠡᠨᠡ ᠤᠳᠠᠭᠠᠨ ᠤ ᠬᠤᠪᠢᠶᠠᠨ ᠦᠭᠭᠦᠭᠰᠡᠨ ᠨᠣᠳᠤᠭ ᠪᠡᠯᠴᠢᠭᠡᠷ  ᠤᠨ ᠪᠠᠷᠠᠭᠤᠨ ᠡᠮᠦᠨ᠎ᠡ ᠬᠢᠵᠠᠭᠠᠷ ᠨᠢ ᠭᠤᠤᠷᠰᠤ᠂ ᠪᠠᠷᠠᠭᠤᠨ ᠬᠢᠵᠠᠭᠠᠷ ᠨᠢ ᠨᠠᠷᠠᠰᠣᠳᠠᠢ᠂ ᠪᠠᠷᠠᠭᠤᠨ ᠬᠤᠶᠢᠳᠦ ᠬᠢᠵᠠᠭᠠᠷ ᠨᠢ ᠬᠠᠯᠵᠠᠨ ᠪᠣᠯᠣᠨ᠎ᠠ᠃ ᠬᠤᠶᠢᠳᠤ ᠬᠢᠵᠠᠭᠠᠷ ᠨᠢ ᠪᠠᠷᠠᠭᠤᠨ ᠠᠴᠠ ᠵᠡᠭᠦᠨᠰᠢ ᠬᠤᠷᠠᠬᠤ᠂ ᠬᠡᠷᠢᠶ᠎ᠡ ᠬᠠᠳᠠ᠂ ᠪᠠᠭ᠎ᠠ ᠠᠷᠣ ᠬᠤᠱᠣᠤ᠂ ᠵᠢᠭᠠᠰᠤᠳᠠᠢ᠂ ᠲᠣᠮᠳᠠᠳᠤ ᠲᠡᠩᠬᠡᠯᠢᠭ᠂ ᠲᠠᠯ᠎ᠠ ᠪᠣᠯᠠᠭ᠂ ᠨᠤᠵᠤᠭᠤᠷ ᠪᠣᠯᠣᠨ᠎ᠠ᠃ ᠡᠨᠡ ᠬᠦ ᠲᠣᠯᠣᠭᠠᠨ ᠭᠠᠵᠠᠷ ᠨᠢ ᠪᠠᠷᠠᠭᠤᠨ ᠠᠴᠠ ᠵᠡᠭᠦᠨᠰᠢ ᠣᠩᠨᠢᠭᠤᠳ᠂ ᠪᠠᠭᠠᠷᠢᠨ᠂ ᠨᠠᠢᠮᠠᠨ᠂ ᠠᠤᠬᠠᠨ᠂ ᠲᠦᠷᠪᠡᠨ ᠬᠡᠤᠬᠡᠳ᠂ ᠠᠷᠣ ᠬᠤᠷᠴᠢᠨ᠂ ᠵᠠᠷᠤᠳ ᠵᠡᠷᠭᠡ ᠲᠤᠯᠤᠭᠠᠨ ᠠᠶᠢᠮᠠᠭ ᠬᠤᠪᠢᠳᠠᠨ ᠤᠯᠤᠭᠰᠠᠨ ᠨᠤᠳᠤᠭ ᠶᠤᠮ᠃ ᠬᠤᠪᠢᠶᠠᠨ ᠣᠯᠣᠭᠰᠠᠨ ᠨᠤᠳᠤᠭ ᠤᠨ ᠵᠡᠭᠦᠨ ᠬᠤᠶᠢᠳᠤ ᠬᠢᠵᠠᠭᠠᠷ ᠨᠢ ᠨᠠᠩᠵᠢᠶᠠᠳᠠᠢ᠂ ᠵᠡᠭᠦᠨ ᠬᠢᠵᠠᠭᠠᠷ ᠨᠢ ᠤᠯᠠᠭᠠᠨ ᠲᠠᠬ᠎ᠠ ᠬᠦᠷᠢᠶᠡᠳᠦ᠂ ᠵᠡᠭᠦᠨ ᠡᠮᠦᠨ᠎ᠡ ᠬᠢᠵᠠᠭᠠᠷ ᠨᠢ ᠬᠠᠷ᠎ᠠ ᠪᠠᠭ ᠪᠣᠯᠣᠨ᠎ᠠ᠃ ᠡᠮᠦᠨ᠎ᠡ ᠬᠢᠵᠠᠭᠠᠷ ᠨᠢ ᠵᠡᠭᠦᠨ ᠠᠴᠠ ᠪᠠᠷᠠᠭᠤᠨᠰᠢ ᠲᠣᠪᠣᠳᠤ ᠣᠯᠣᠮ᠂ ᠬᠦᠳᠦᠯ᠂ ᠦᠨᠡᠭᠡᠳᠦ ᠮᠠᠩᠬ᠎ᠠ᠂ ᠪᠣᠮᠳᠤ᠂ ᠬᠤᠯᠤᠰᠤᠳᠠᠢ᠂ ᠭᠤᠷᠪᠠᠨ ᠬᠡᠭᠦᠷ᠂ ᠬᠦᠬᠦᠨ᠂ ᠰᠢᠷ᠎ᠠ ᠬᠤᠰᠢᠭᠤ᠂ ᠭᠠᠭ᠋ᠠᠶᠢᠳᠤ᠂ ᠮᠣᠭᠠᠢ ᠠᠳᠠᠭ᠂ ᠮᠣᠨᠴᠤᠭ᠂ ᠰᠢᠷ᠎ᠠ ᠬᠤᠨᠳᠤ ᠪᠣᠯᠣ᠂ ᠣᠯᠠᠭᠠᠨ ᠬᠠᠳᠠ ᠵᠡᠷᠭᠡ ᠠᠷᠪᠠᠨ ᠭᠤᠷᠪᠠᠨ ᠭᠠᠵᠠᠷ ᠪᠣᠯᠣᠨ᠎ᠠ᠃ ᠲᠡᠤᠬᠡᠴᠢᠳ ᠱᠤᠩᠬᠤᠷ ᠤᠨ ᠴᠢᠭᠤᠯᠭᠠᠨ ᠲᠡᠭᠡᠷ᠎ᠡ ᠬᠤᠪᠢᠶᠠᠨ ᠣᠯᠣᠭᠰᠠᠨ ᠨᠤᠳᠤᠭ ᠨᠢ ᠵᠣᠤ ᠣᠳᠠ ᠴᠢᠭᠤᠯᠭᠠᠨ ᠳᠤ ᠬᠠᠷᠢᠶᠠᠯᠠᠭᠳᠠᠬᠤ ᠮᠤᠩᠭᠤᠯ ᠬᠤᠰᠢᠭᠤᠨ ᠤ ᠤᠳᠤ ᠶᠢᠨ ᠨᠣᠳᠤᠭ ᠬᠡᠮᠡᠨ ᠦᠵᠡᠵᠤ ᠪᠤᠢ᠃      ᠱᠤᠩᠬᠤᠷ ᠤᠨ ᠴᠢᠭᠤᠯᠭᠠᠨ ᠲᠡᠭᠡᠷ᠎ᠡ ᠲᠠᠯᠠᠢ ᠲᠠᠶᠢᠵᠢ᠂ ᠠᠷᠣ ᠬᠤᠷᠴᠢᠨ ᠬᠠᠨ ᠴᠡᠭᠡᠨ᠂ ᠰᠡᠷᠡᠩ ᠠᠪᠠᠭ᠎ᠠ ᠭᠤᠷᠪᠠᠭᠤᠯᠠ ᠨᠢᠭᠡ ᠨᠣᠳᠤᠭ ᠢ ᠬᠤᠪᠢᠶᠠᠨ ᠣᠯᠵᠤ᠂ ᠲᠠᠯ᠎ᠠ ᠪᠣᠯᠠᠭ ᠪᠣᠯ ᠬᠤᠪᠢᠶᠠᠨ ᠣᠯᠣᠭᠰᠠᠨ ᠨᠤᠳᠤᠭ ᠤᠨ ᠬᠤᠶᠢᠳᠤ ᠬᠢᠵᠠᠭᠠᠷ ᠪᠣᠯᠣᠨ᠎ᠠ᠃ ᠵᠠᠷᠤᠳ ᠪᠣᠯᠣᠨ ᠤᠷᠠᠳ ᠠᠶᠢᠮᠠᠭ ᠨᠢᠭᠡ ᠨᠣᠳᠤᠭ ᠢ ᠬᠤᠪᠢᠶᠠᠨ ᠤᠯᠵᠠᠢ᠃ ᠴᠢᠩ ᠣᠯᠣᠰ ᠤᠨ ᠲᠡᠮᠳᠡᠭᠯᠡᠯ ᠳᠤ ᠠᠷᠣ ᠬᠤᠷᠴᠢᠨ ᠪᠣᠯᠣᠨ ᠲᠡᠭᠦᠨ ᠤ ᠰᠠᠯᠪᠣᠷᠢ ᠠᠶᠢᠮᠠᠭ ᠢ ᠰᠢᠷ᠎ᠠ ᠬᠠᠨ ᠤ ᠬᠠᠷᠢᠶᠠᠳᠤ ᠠᠶᠢᠮᠠᠭ᠂ ᠣᠩᠨᠢᠭᠤᠳ ᠪᠣᠯᠣᠨ ᠬᠠᠷ᠎ᠠ ᠴᠡᠷᠢᠭ ᠬᠤᠶᠠᠷ ᠠᠶᠢᠮᠠᠭ ᠢ ᠲᠦᠯᠦᠨ ᠬᠠᠨ ᠤ ᠬᠠᠷᠢᠶᠠᠳᠤ ᠠᠶᠢᠮᠠᠭ᠂ ᠠᠪᠠᠭ᠎ᠠ ᠠᠶᠢᠮᠠᠭ ᠢ ᠲᠦᠮᠡᠨ ᠵᠠᠰᠠᠭᠳᠤ ᠬᠠᠭᠠᠨ ᠤ ᠬᠠᠷᠢᠶᠠᠳᠤ ᠠᠶᠢᠮᠠᠭ ᠭᠡᠳᠡᠭ᠃ ᠠᠷᠣ ᠬᠤᠷᠴᠢᠨ ᠬᠠᠨ ᠴᠡᠭᠡᠨ ᠪᠣᠯ ᠨᠡᠷ᠎ᠡ ᠲᠡᠭᠡᠷ᠎ᠡ ᠪᠠᠨ ᠬᠠᠪᠣᠳᠤ ᠬᠠᠰᠠᠷ ᠤᠨ ᠰᠠᠭᠤᠷᠢᠨ ᠢ ᠵᠠᠯᠭᠠᠮᠵᠢᠯᠠᠭᠴᠢ᠂ ᠦᠪᠡᠷ ᠢ ᠪᠠᠨ ᠰᠢᠷ᠎ᠠ ᠬᠠᠨ ᠡᠷᠭᠦᠮᠵᠢᠯᠡᠭᠰᠡᠨ ᠬᠦᠮᠦᠨ ᠮᠦᠨ᠃ ᠠᠷᠣ ᠬᠤᠷᠴᠢᠨ ᠬᠠᠨ ᠴᠡᠭᠡᠨ ᠤ ᠬᠦᠪᠡᠭᠦᠨ ᠰᠡᠩᠭᠡ ᠪᠣᠯ ᠮᠣᠤᠮᠢᠩᠭᠠᠨ ᠬᠤᠰᠢᠭᠤᠨ ᠤ ᠠᠩᠬᠠᠳᠠᠭᠴᠢ ᠵᠠᠰᠠᠭ ᠪᠤᠯᠤᠨ᠎ᠠ᠃ ᠸᠴᠢᠷᠳᠤ ᠴᠠᠭᠠᠨ ᠬᠤᠳᠠ ᠶᠢᠨ ᠪᠣᠬ᠎ᠠ ᠬᠠᠳᠠᠨ ᠳᠤ ᠨᠢᠭᠡ ᠮᠣᠩᠭᠤᠯ ᠦᠰᠦᠭ ᠤᠨ ᠬᠠᠳᠠᠨ ᠪᠢᠴᠢᠭ᠂ ᠭᠤᠷᠪᠠᠨ ᠬᠢᠳᠠᠳ ᠦᠰᠦᠭ ᠤᠨ ᠬᠠᠳᠠᠨ ᠪᠢᠴᠢᠭ ᠪᠠᠶᠢᠳᠠᠭ᠃ ᠮᠤᠩᠭᠤᠯ ᠦᠰᠦᠭ ᠤᠨ ᠬᠠᠳᠠᠨ ᠪᠢᠴᠢᠭ ᠤᠨ ᠠᠭᠤᠯᠭ᠎ᠠ ᠨᠢ ᠲᠤᠳᠤ ᠲᠠᠨᠢᠭᠳᠠᠬᠤ ᠦᠭᠡᠢ ᠪᠣᠯᠵᠠᠢ᠃ ᠬᠠᠭᠤᠴᠢ ᠰᠤᠳᠤᠯᠤᠭᠴᠢᠳ ᠬᠠᠳᠠᠨ ᠪᠢᠴᠢᠭ ᠲᠠᠬᠢ ᠬᠦᠮᠦᠨ ᠤ ᠨᠡᠷ᠎ᠡ ᠶᠢ ᠬᠠᠭᠤᠯᠣᠨ ᠠᠪᠴᠠᠢ᠃ ᠲᠡᠳᠡᠭᠡᠷ ᠬᠦᠮᠦᠨ ᠤ ᠨᠡᠷ᠎ᠡ ᠲᠤᠳᠤᠷᠠᠬᠢ ᠨᠢᠭᠡᠳᠦᠭᠡᠷ ᠬᠦᠮᠦᠨ ᠨᠢ ᠠᠷᠣ ᠬᠤᠷᠴᠢᠨ ᠬᠠᠨ ᠴᠡᠭᠡᠨ ᠮᠦᠨ᠃ ᠲᠡᠤᠬᠡᠴᠢᠳ ᠲᠣᠰ ᠬᠠᠳᠠᠨ ᠪᠢᠴᠢᠭ ᠪᠣᠯ ᠮᠤᠩᠭᠤᠯ ᠤᠨ ᠡᠯ᠎ᠡ ᠠᠶᠢᠮᠠᠭ ᠤᠨ ᠲᠦᠷᠦᠭᠦᠴᠦᠳ ᠯᠢᠭᠳᠡᠨ ᠬᠤᠳᠤᠭᠳᠤ ᠬᠠᠭᠠᠨ ᠲᠠᠢ ᠪᠠᠷᠯᠬᠠᠳᠠᠬᠤ ᠪᠠᠷ ᠢᠷᠡᠭᠰᠡᠨ ᠲᠤᠷᠠᠰᠬᠠᠯ ᠤᠨ ᠪᠢᠴᠢᠭ ᠬᠡᠮᠡᠨ ᠦᠵᠡᠳᠡᠭ᠃ ᠯᠢᠭᠳᠡᠨ ᠬᠤᠳᠤᠭᠳᠤ ᠬᠠᠭᠠᠨ ᠤ ᠸᠴᠢᠷᠳᠤ ᠴᠠᠭᠠᠨ ᠬᠤᠳᠠ  ᠶᠢ ᠪᠠᠶᠢᠭᠤᠯᠤᠭᠰᠠᠨ ᠢ ᠭᠡᠷᠡᠴᠢᠯᠡᠬᠦ ᠬᠤᠪᠤᠷ ᠴᠤᠬᠠᠭ ᠬᠠᠳᠠᠨ ᠪᠢᠴᠢᠭ ᠪᠣᠯᠣᠨ᠎ᠠ᠃      ᠲᠡᠭᠡᠳᠦ ᠡᠷᠳᠡᠮᠳᠤ ᠶᠢᠨ ᠲᠡᠷᠢᠭᠦᠨ ᠤᠨ ︵1636︶ ᠤ ᠵᠢᠷᠭᠤᠭᠠᠨ ᠰᠠᠷ᠎ᠠ ᠶᠢᠨ ᠰᠢᠨ᠎ᠡ ᠶᠢᠨ ᠨᠢᠭᠡᠨ ᠤ ᠬᠦᠬᠡ ᠨᠣᠬᠠᠢ ᠡᠳᠦᠷ᠂ ᠬᠤᠸᠠᠩ ᠲᠠᠶᠢᠵᠢ ᠬᠠᠭᠠᠨ ᠤ ᠵᠠᠷᠯᠢᠭ ᠢᠶᠠᠷ ᠲᠠᠯᠠᠢ ᠲᠠᠶᠢᠵᠢ ᠪᠣᠯᠣᠨ ᠮᠤᠵᠠᠩ ᠬᠤᠸᠠᠩ ᠲᠠᠶᠢᠵᠢ ᠡᠴᠢᠭᠡ ᠬᠦᠪᠡᠭᠦᠨ ᠬᠤᠶᠠᠭᠤᠯᠠ ᠶᠢᠨ ᠬᠤᠪᠢᠶᠠᠨ ᠵᠠᠬᠢᠷᠣᠭᠰᠠᠨ ᠬᠤᠶᠠᠷ ᠬᠤᠰᠢᠭᠤ ᠶᠢ ᠨᠡᠶᠢᠯᠡᠭᠦᠯᠦᠨ ᠨᠢᠭᠡ ᠬᠤᠰᠢᠭᠤ ᠪᠣᠯᠭᠠᠵᠣ᠂ ᠮᠤᠵᠠᠩ ᠬᠤᠸᠠᠩ ᠲᠠᠶᠢᠵᠢ ᠬᠤᠰᠢᠭᠤᠨ ᠤ ᠡᠷᠬᠡ ᠶᠢ ᠮᠡᠳᠡᠭᠰᠡᠨ ᠪᠠᠶᠢᠨ᠎ᠠ᠃ ᠡᠶᠢᠮᠤ ᠠᠴᠠ 1636 ᠤᠨ ᠤ ᠵᠢᠷᠭᠤᠭᠠᠨ ᠰᠠᠷ᠎ᠠ ᠶᠢᠨ ᠰᠢᠨ᠎ᠡ ᠶᠢᠨ ᠨᠢᠭᠡᠨ ᠪᠣᠯ ᠠᠷᠣ ᠬᠤᠷᠴᠢᠨ ᠬᠤᠰᠢᠭᠤ ᠪᠠᠶᠢᠭᠤᠯᠣᠭᠳᠠᠭᠰᠠᠨ ᠡᠳᠦᠷ ᠮᠦᠨ᠃      ᠡᠩᠬᠡ ᠠᠮᠣᠭᠤᠯᠠᠩ ᠬᠠᠭᠠᠨ ᠤ ᠵᠠᠷᠯᠢᠭ ᠢᠶᠠᠷ 1686 ᠤᠨ ᠠᠴᠠ ᠡᠬᠢᠯᠡᠨ ︽ᠲᠠᠶᠢᠴᠢᠩ ᠣᠯᠣᠰ ᠤᠨ ᠬᠠᠮᠳᠣᠳᠬᠠᠭᠰᠠᠨ ᠪᠢᠴᠢᠭ︾ ᠢ ᠪᠢᠴᠢᠵᠠᠢ᠃ ᠲᠡᠷᠡ ᠦᠶ᠎ᠡ ᠳᠤ ᠴᠣᠢ ᠵᠢᠶᠦ᠋ᠨ ᠸᠠᠩ ᠪᠣᠯ ᠵᠠᠰᠠᠭ ᠨᠣᠶᠠᠨ ᠮᠦᠨ᠃ ᠲᠤᠰ ᠪᠢᠴᠢᠭ ᠲᠤ ᠠᠷᠣ ᠬᠤᠷᠴᠢᠨ ᠵᠠᠰᠠᠭ ᠢ ᠬᠤᠨᠳᠤ ᠠᠭᠤᠯᠠ ᠶᠢᠨ ᠵᠡᠭᠦᠨᠳᠠᠢ ᠰᠠᠭᠤᠵᠣ ᠪᠠᠶᠢᠨ᠎ᠠ ᠭᠡᠵᠤ ᠲᠡᠮᠳᠡᠭᠯᠡᠵᠠᠢ᠃ ᠬᠤᠨᠳᠤ ᠠᠭᠤᠯᠠ ᠶᠢᠨ ᠵᠡᠭᠦᠨᠳᠠᠢ ᠭᠡᠳᠡᠭ ᠨᠢ ᠰᠠᠶᠢᠬᠠᠨ ᠲᠠᠯ᠎ᠠ ᠶᠢᠨ ᠶᠠᠮᠤᠨ ᠠᠶᠢᠯ ᠢ ᠵᠢᠭᠠᠵᠣ ᠪᠣᠢ᠃ ᠲᠡᠨᠳᠡ ᠰᠠᠭᠤᠵᠤ ᠪᠠᠶᠢᠭᠰᠠᠨ ᠵᠠᠰᠠᠭ ᠨᠣᠶᠠᠨ ᠨᠢ ᠴᠤᠢ ᠵᠢᠶᠦ᠋ᠨ ᠸᠠᠩ ᠪᠣᠯᠣᠨ ᠮᠣᠨᠢᠩ ᠪᠡᠶᠢᠯᠡ ᠡᠴᠢᠭᠡ ᠬᠦᠪᠡᠭᠦᠨ ᠬᠤᠶᠠᠭᠤᠯᠠ ᠪᠣᠯᠣᠨ᠎ᠠ᠃      ᠠᠷᠣ ᠬᠤᠷᠴᠢᠨᠴᠤᠳ ᠤᠨ ᠲᠣᠮᠳᠠ ᠳᠠᠭᠳᠠᠨᠸᠠᠩᠴᠤᠭ ᠪᠡᠶᠢᠯᠡ ᠠᠴᠠ ᠡᠮᠦᠨᠡᠬᠢ ᠵᠠᠰᠠᠭ ᠨᠤᠶᠠᠳ ᠢ ᠲᠤᠬᠤᠮᠳᠠᠢ ᠳᠤ ᠰᠠᠭᠤᠵᠣ ᠪᠠᠶᠢᠯ᠎ᠠ ᠭᠡᠰᠡᠨ ᠶᠠᠷᠢᠶ᠎ᠠ ᠬᠡᠯᠡᠯᠭᠡ ᠪᠤᠢ᠃ ᠵᠠᠩ ᠮᠣ᠋ ᠶᠢᠨ ᠪᠢᠴᠢᠭᠰᠡᠨ ︽ᠮᠤᠩᠭᠤᠯ ᠤᠨ ᠬᠤᠰᠢᠭᠤ ᠨᠤᠳᠤᠭ ᠤᠨ ᠲᠡᠮᠳᠡᠭᠯᠡᠯ︾ ᠳᠤ ᠬᠤᠰᠢᠭᠤ ᠵᠠᠰᠠᠭ ᠨᠣᠶᠠᠳ ᠢ ᠬᠤᠨᠳᠤ ᠠᠭᠤᠯᠠ ᠶᠢᠨ ᠵᠡᠭᠦᠨᠳᠠᠢ ᠲᠤᠬᠤᠮᠳᠠᠢ ᠳᠤ ᠰᠠᠭᠤᠳᠠᠭ ᠭᠡᠵᠤ ᠲᠡᠮᠳᠡᠭᠯᠡᠵᠠᠢ᠃ ᠡᠨᠡ ᠨᠢ ᠲᠠᠷᠣᠢ ᠵᠠᠰᠠᠭ ᠨᠤᠶᠠᠳ ᠤᠷᠢᠳ ᠬᠤᠵᠢᠳ ᠬᠤᠨᠳᠤ ᠠᠭᠤᠯᠠ ᠶᠢᠨ ᠵᠡᠭᠦᠨᠳᠠᠢ ᠶᠠᠮᠤᠨ ᠠᠶᠢᠯ ᠪᠣᠯᠣᠨ ᠲᠤᠬᠤᠮᠳᠠᠢ ᠳᠤ ᠰᠠᠭᠤᠵᠣ ᠪᠠᠶᠢᠯ᠎ᠠ ᠭᠡᠵᠣ ᠤᠶᠢᠯᠠᠭᠠᠪᠠᠯ ᠵᠤᠬᠢᠨ᠎ᠠ᠃ ᠮᠣᠵᠠᠩ᠂ ᠵᠤᠯᠵᠠᠭ᠎ᠠ᠂ ᠰᠡᠷᠡᠩ᠂ ᠸᠠᠩᠴᠤᠭ ᠲᠦᠷᠪᠡᠨ ᠵᠠᠰᠠᠭ ᠨᠣᠶᠠᠨ ᠪᠣᠯ ᠲᠣᠬᠤᠮᠳᠠᠢ ᠳᠤ ᠰᠠᠭᠤᠵᠤ ᠪᠠᠶᠢᠭᠰᠠᠨ ᠢ ᠮᠡᠳᠡᠵᠤ ᠪᠣᠯᠣᠨ᠎ᠠ᠃      ᠳᠠᠨᠳᠠᠨᠸᠠᠩᠴᠤᠭ ᠪᠡᠶᠢᠯᠡ ᠪᠤᠯ ᠸᠠᠩᠵᠢᠯ ᠪᠡᠶᠢᠯᠡ ᠶᠢᠨ ᠬᠦᠪᠡᠭᠦᠨ᠃ ᠠᠷᠣ ᠬᠤᠷᠴᠢᠨ ᠬᠤᠰᠢᠭᠤ ᠶᠢ ᠨᠣᠶᠠᠷᠬᠠᠭᠴᠢᠳ ᠤᠨ ᠲᠤᠳᠤᠷ᠎ᠠ ᠨᠤᠶᠠᠨ ᠰᠠᠭᠤᠭᠰᠠᠨ ᠤᠨ ᠵᠢᠯ ᠨᠢ ᠬᠠᠮᠤᠭ ᠤᠨ ᠤᠷᠳᠤ ᠨᠤᠶᠠᠨ ᠪᠢᠯᠡ᠃ ᠦᠪᠦᠷ ᠮᠤᠩᠭᠤᠯ ᠤᠨ ᠲᠦᠴᠢ ᠶᠢᠰᠦᠨ ᠬᠤᠰᠢᠭᠤᠨ ᠤ ᠲᠣᠳᠤᠷ᠎ᠠ ᠬᠤᠶᠠᠳᠣᠭᠠᠷ ᠲᠤ ᠵᠢᠭᠰᠠᠭᠠᠭᠳᠠᠵᠤ᠂ ᠵᠢᠷᠠᠨ ᠵᠢᠯ ︵1727 ~ 1786︶ ᠵᠠᠰᠠᠭ ᠰᠠᠭᠤᠭᠰᠠᠨ ᠪᠠᠶᠢᠨ᠎ᠠ᠃ ᠬᠤᠰᠢᠭᠤᠨ ᠤ ᠤᠯᠠᠨ ᠪᠡᠶᠢᠯᠡ ᠳᠠᠨᠳᠠᠨᠸᠠᠩᠴᠤᠭ ᠢ ︽ᠪᠣᠭᠤᠷᠣᠯ ᠲᠡᠭᠷᠢ︾ ᠬᠡᠮᠡᠨ ᠬᠦᠨᠳᠦᠳᠬᠡᠨ ᠲᠠᠭᠤᠳᠠᠳᠠᠭ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠴ᠊ · ᠰᠠᠷᠠᠭᠤᠯ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号