ᠠᠩ ᠭᠦᠷᠦᠭᠡ ᠬᠢᠬᠦ ᠪᠤᠯ ᠠᠷᠤ ᠬᠤᠷᠴᠢᠨ ᠮᠤᠩᠭᠤᠯᠴᠤᠳ ᠤᠨ ᠠᠯᠢ ᠡᠷᠳᠡᠨ ᠠᠴᠠ ᠤᠯᠠᠮᠵᠢᠯᠠᠵᠦ ᠢᠷᠡᠭᠰᠡᠨ | ᠵᠠᠩ ᠵᠠᠩᠰᠢᠯ ᠪᠤᠯᠬᠤ ᠶᠤᠮ᠃ ᠡᠨᠡ ᠨᠢ ᠡᠷᠳᠡ ᠦᠶ᠎ᠡ ᠳᠡᠭᠡᠨ ᠨᠢᠭᠡ ᠵᠤᠶᠢᠯ ᠤᠨ ᠪᠡᠶ᠎ᠡ ᠲᠠᠮᠢᠷ᠂ ᠴᠡᠷᠢᠭ ᠤᠨ | ᠰᠤᠷᠭᠠᠭᠤᠯᠢᠯᠡᠯ᠂ ᠵᠤᠭ᠎ᠠ ᠴᠡᠩᠬᠡᠯ ᠢ ᠪᠠᠭᠳᠠᠭᠠᠭᠰᠠᠨ ᠰᠤᠶᠤᠯ ᠤᠨ ᠠᠮᠢᠳᠤᠷᠠᠯ ᠤᠨ ᠠᠭᠤᠯᠭ᠎ᠠ ᠪᠤᠯᠵᠦ ᠪᠠᠶᠢᠭᠰᠠᠨ | ᠠᠵᠢ᠃ ᠡᠶᠢᠮᠤ ᠠᠴᠠ ᠠᠷᠤ ᠬᠤᠷᠴᠢᠨ ᠮᠤᠩᠭᠤᠯᠴᠤᠳ ᠬᠡᠤᠬᠡᠳ ᠪᠠᠭᠠᠴᠤᠳ ᠢᠶᠠᠨ ᠬᠠᠷᠬᠠᠨ ᠪᠠᠭ᠎ᠠ ᠠᠴᠠ ᠨᠢ ᠠᠪᠠ | ᠠᠩ ᠳᠤ ᠲᠠᠭᠠᠭᠤᠯᠤᠨ ᠰᠤᠷᠭᠠᠵᠦ᠂ ᠠᠩ ᠭᠦᠷᠦᠭᠡ ᠶᠢᠨ ᠬᠠᠯᠠ ᠪᠡᠷᠬᠡ ᠶᠢ ᠮᠡᠳᠡᠭᠦᠯᠵᠦ᠂ ᠭᠦᠴᠢᠷ ᠢ ᠲᠡᠪᠴᠢᠬᠦ | ᠰᠦᠰᠤ ᠵᠤᠷᠢᠭ ᠢ ᠨᠢ ᠪᠤᠯᠪᠠᠰᠤᠷᠠᠭᠤᠯᠵᠦ᠂ ᠠᠩ ᠭᠦᠷᠦᠭᠡ ᠶᠢᠨ ᠠᠵᠢᠯᠯᠠᠭ᠎ᠠ ᠪᠠᠷ ᠬᠦᠴᠦ ᠴᠢᠳᠠᠯ᠂ ᠡᠷᠡᠯᠬᠡᠭ | ᠰᠦᠰᠤ᠂ ᠮᠡᠷᠭᠡᠨ ᠤᠬᠠᠭᠠᠨ᠂ ᠴᠡᠴᠡᠨ ᠬᠠᠷᠪᠤᠯᠭ᠎ᠠ᠂ ᠤᠨᠤᠴᠢᠳᠠᠢ ᠰᠢᠳᠡᠯᠭᠡ ︵ᠴᠤᠬᠢᠭ᠎ᠠ︶ ᠵᠡᠷᠭᠡ ᠡᠷᠳᠡᠮ | ᠴᠢᠳᠠᠪᠤᠷᠢ ᠪᠠᠨ ᠰᠢᠯᠭᠠᠯᠴᠠᠨ ᠮᠦᠷᠤᠶᠢᠴᠡᠬᠦ ᠤᠯᠠᠨ ᠲᠦᠮᠡᠨᠴᠢ ᠴᠢᠨᠠᠷᠳᠠᠢ ᠤᠶᠢᠯᠡᠳᠪᠤᠷᠢᠯᠡᠯ ᠲᠡᠮᠡᠴᠡᠯ ᠤᠨ ᠠᠵᠢᠯᠯᠠᠭ᠎ᠠ | ᠪᠤᠯᠭᠠᠨ ᠶᠠᠪᠤᠭᠳᠠᠭᠤᠯᠵᠦ᠂ ︽ᠠᠩ ᠤᠨ ᠭᠠᠨᠵᠤᠭ᠎ᠠ︾ — ᠬᠦᠳᠡᠯᠮᠤᠷᠢ ᠶᠢᠨ ᠪᠦᠳᠤᠭᠡᠯ ᠤᠨ ᠵᠢᠷᠭᠠᠯ ᠴᠡᠩᠬᠡᠯ ᠢ | ᠡᠳ᠋ᠯᠡᠭᠦᠯᠳᠡᠭ ᠨᠢᠭᠡᠨ ᠵᠤᠶᠢᠯ ᠤᠨ ᠤᠳᠬ᠎ᠠ ᠠᠭᠤᠯᠭ᠎ᠠ ᠲᠠᠢ ᠠᠵᠢᠯᠯᠠᠭ᠎ᠠ ᠪᠤᠯᠭᠠᠵᠦ ᠪᠠᠶᠢᠭᠰᠠᠨ ᠶᠤᠮ᠃ ᠠᠷᠤ | ᠬᠤᠷᠴᠢᠨ ᠤ ᠡᠮᠤᠨ᠎ᠡ ᠵᠠᠬ᠎ᠠ ᠳᠤ ᠠᠩ ᠠᠮᠢᠳᠠᠨ ᠤ ᠨᠡᠷᠡᠶᠢᠳᠤᠯ ᠢᠶᠠᠷ ︽ᠲᠡᠤᠯᠡᠢ ᠭᠤᠷᠭᠤᠤᠯ ᠤᠨ ᠠᠪᠠ︾᠂ ︽ | ᠦᠨᠡᠭᠡ ᠴᠢᠨ᠋ᠸ᠎ᠠ ᠶᠢᠨ ᠠᠪᠠ︾᠂ ︽ᠵᠡᠭᠡᠷ᠎ᠡ ᠭᠤᠷ᠎ᠠ ᠶᠢᠨ ᠠᠪᠠ︾ ᠭᠡᠵᠦ ᠠᠳᠠᠯᠢ ᠪᠤᠰᠤ ᠪᠠᠷ ᠶᠠᠪᠤᠭᠳᠠᠭᠤᠯᠵᠦ | ᠪᠠᠶᠢᠭᠰᠠᠨ ᠪᠦᠭᠡᠳ ᠬᠦᠷᠢᠶ᠎ᠡ ᠬᠡᠪᠴᠢᠶ᠎ᠡ ᠪᠠᠷ ᠨᠢ ᠪᠠᠰᠠ ᠪᠠᠭ᠎ᠠ ᠬᠡᠪᠴᠢᠶᠡᠨ ᠤ ᠠᠪᠠ᠂ ᠶᠡᠭᠡ ᠬᠡᠪᠴᠢᠶᠡᠨ ᠤ ᠠᠪᠠ᠂ | ᠲᠠᠷᠤᠢ ︽ᠲᠠᠳᠠᠭᠠᠨ ᠠᠪᠠ︾᠂ ︽ᠬᠤᠮᠤᠷᠠᠭᠠ ᠠᠪᠠ︾ ︵ᠬᠦᠷᠢᠶ᠎ᠡ ᠠᠪᠠ︶ ᠭᠡᠵᠦ ᠬᠢᠳᠡᠭ ᠪᠠᠶᠢᠵᠠᠢ᠃ ᠲᠤᠤᠷ᠎ᠠ | ᠪᠢ ᠭᠤᠤᠯᠳᠠᠭᠤ ︽ᠬᠤᠮᠤᠷᠠᠭᠠ ᠠᠪᠠ︾ ᠶᠢᠨ ᠲᠤᠬᠠᠢ ᠶᠠᠷᠢᠶ᠎ᠠ᠄ | ᠠᠷᠤ ᠬᠤᠷᠴᠢᠨ ᠤ ᠡᠮᠤᠨ᠎ᠡ ᠵᠠᠬ᠎ᠠ ᠶᠢᠨ ᠠᠩ ᠠᠩᠨᠠᠯ ᠳᠤ ᠵᠡᠭᠡᠷ᠎ᠡ ᠭᠤᠷ᠎ᠠ ᠶᠢᠨ ᠠᠪᠠ ᠶᠢ ᠭᠤᠤᠯᠳᠠᠭᠤ᠄ | ᠪᠠᠯᠴᠢᠷᠤᠳ ᠨᠤᠳᠤᠭ ᠤᠨ ᠵᠡᠭᠡᠷᠡᠨᠳᠠᠢ ᠶᠢᠨ ᠰᠢᠯᠢ ᠪᠠᠷ ᠂ ᠵᠢᠭᠠᠰᠤᠳᠠᠢ ᠨᠤᠳᠤᠭ ᠤᠨ ᠬᠤᠯᠪᠤᠭ᠎ᠠ ᠶᠢᠨ ᠵᠤ ᠪᠠᠷ᠂ | ᠴᠠᠭᠠᠨᠳᠠᠯᠠ ︵ᠵᠡᠭᠡᠷ᠎ᠡ ᠶᠢᠨ ᠬᠤᠳᠤᠭᠤᠷ︶ ᠢᠶᠠᠷ ᠬᠢᠳᠡᠭ ᠪᠠᠶᠢᠭᠰᠠᠨ ᠪᠦᠭᠡᠳ ᠦᠨᠡᠭᠡ ᠴᠢᠨ᠋ᠸ᠎ᠠ ᠶᠢᠨ ᠠᠪᠠ ᠶᠢ ᠪᠤᠯ | ᠭᠤᠤᠯᠳᠠᠭᠤ ᠪᠠᠷᠠᠭᠤᠨ ᠰᠠᠶᠢᠠᠠᠦ᠋ᠨᠳᠤᠷ᠂ ᠵᠡᠭᠦᠨ ᠰᠠᠶᠢᠠᠠᠦ᠋ᠨᠳᠤᠷ᠂ ᠪᠠᠷᠠᠭᠤᠨ ᠵᠡᠭᠦᠨ ᠠᠪᠠᠢ ᠵᠠᠬ᠎ᠠ ᠠᠭᠤᠯᠠ᠂ ᠴᠢᠨ᠋ᠸ᠎ᠠ | ᠶᠢᠨ ᠲᠠᠯ᠎ᠠ᠂ ᠭᠠᠩᠭᠠᠳᠠᠢ ᠶᠢᠨ ᠭᠤᠤ ᠭᠠᠩᠭ᠎ᠠ ᠵᠡᠷᠬᠡ ᠭᠠᠵᠠᠷ ᠬᠢᠵᠦ ᠪᠠᠶᠢᠭᠰᠠᠨ ᠪᠠ ᠲᠡᠤᠯᠠᠢ ᠭᠤᠷᠭᠤᠤᠯ ᠵᠡᠷᠭᠡ | ᠵᠢᠵᠢᠭ ᠠᠩ ᠤᠳ ᠢ ᠭᠡᠰᠡᠷ ᠤᠨ ᠵᠣ᠂ ᠲᠠᠮᠤᠬᠠ ︵ᠲᠠᠮᠠᠭ᠎ᠠ︶ ᠶᠢᠨ ᠮᠠᠩᠬ᠎ᠠ᠂ ᠠᠯᠳᠠᠢ ᠶᠢᠨ ᠮᠠᠩᠬ᠎ᠠ ᠵᠡᠷᠭᠡ ᠭᠠᠵᠠᠷ | ᠢᠶᠠᠷ ᠬᠢᠳᠡᠭ ᠪᠠᠶᠢᠭᠰᠠᠨ ᠶᠤᠮ᠃ ᠲᠡᠭᠡᠷ᠎ᠡ ᠵᠠᠭᠤᠨ ᠤ ᠲᠦᠴᠢ ᠲᠠᠪᠢᠭᠠᠳ ᠤᠨ ᠳᠤ ᠵᠡᠭᠡᠷᠡᠨᠳᠠᠢ ᠰᠢᠯᠢ ᠶᠢᠨ ᠵᠡᠭᠡᠷ᠎ᠡ | ᠶᠢᠨ ᠠᠪᠠ ᠳᠤ ᠪᠠᠭᠠᠷᠢᠨ᠂ ᠤᠩᠨᠢᠭᠤᠳ᠂ ᠠᠷᠤ ᠬᠤᠷᠴᠢᠨ ᠵᠡᠷᠭᠡ ᠬᠤᠰᠢᠭᠤ ᠶᠢᠨ ᠠᠩᠴᠢᠳ ᠤᠷᠤᠯᠴᠠᠵᠦ | ᠪᠠᠶᠢᠭᠰᠠᠨ ᠪᠦᠭᠡᠳ ᠠᠯᠳᠠᠨ ᠬᠤᠯᠪᠤᠭ᠎ᠠ ᠶᠢᠨ ᠵᠡᠭᠡᠷ᠎ᠡ ᠭᠤᠷ᠎ᠠ ᠶᠢᠨ ᠠᠪᠠ ᠳᠤ ᠨᠠᠢᠮᠠᠨ᠂ ᠤᠩᠨᠢᠭᠤᠳ᠂ ᠵᠠᠷᠤᠳ᠂ | ᠠᠷᠤ ᠬᠤᠷᠴᠢᠨ ᠵᠡᠷᠭᠡ ᠬᠤᠰᠢᠭᠤᠳ ᠤᠨ ᠠᠩᠴᠢᠨ ᠭᠦᠷᠦᠭᠡᠴᠢᠨ ᠤᠷᠤᠯᠴᠠᠵᠦ ᠪᠠᠶᠢᠯ᠎ᠠ ᠭᠡᠳᠡᠭ ᠶᠤᠮ᠃ ᠠᠷᠤ | ᠬᠤᠷᠴᠢᠨ ᠬᠤᠰᠢᠭᠤᠨ ᠤ ᠠᠷᠤ ᠵᠠᠬ᠎ᠠ ︽ᠠᠷᠪᠠᠨ ᠰᠤᠮᠤ ᠭᠤᠷᠪᠠᠨ ᠭᠤᠤᠯ︾ ᠬᠢᠨ ᠪᠠ ᠪᠠᠭᠠᠷᠢᠨ ᠤ ︽ᠨᠠᠢᠮᠠᠨ | ᠰᠤᠮᠤᠨ ︾ ᠤ ᠬᠢᠨ ᠴᠦ ᠪᠦᠷ ᠬᠦᠷᠤᠯᠴᠡᠨ ᠢᠷᠡᠵᠦ᠂ ᠬᠤᠰᠢᠭᠤᠨ ᠡᠮᠤᠨ᠎ᠡ ᠵᠠᠬ᠎ᠠ ᠶᠢᠨ ᠬᠤᠮᠤᠷᠠᠭᠠᠨ ᠠᠪᠠ ᠳᠤ | ᠤᠷᠤᠯᠴᠠᠵᠦ ᠪᠠᠶᠢᠭᠰᠠᠨ ᠭᠡᠳᠡᠭ᠃ | ᠨᠢᠭᠡ᠂ ᠠᠪᠠ ᠶᠢᠨ ᠴᠠᠭ ᠬᠤᠭᠤᠴᠠᠭ᠎ᠠ | ᠡᠷᠳᠡ ᠲᠡᠤᠬᠡᠨ ᠳᠡᠭᠡᠨ ᠮᠤᠩᠭᠤᠯᠴᠤᠳ ᠲᠤ ᠲᠤᠭᠳᠠᠭᠰᠠᠨ ᠠᠪᠠ ᠬᠢᠬᠦ ᠴᠠᠭ ᠭᠡᠵᠦ ᠪᠠᠷᠤᠭ ᠪᠠᠶᠢᠭᠰᠠᠨ | ᠦᠬᠡᠢ᠂ ᠵᠠᠩᠰᠢᠯ ᠢᠶᠠᠷ ᠵᠢᠯ ᠤᠨ ᠲᠦᠷᠪᠡᠨ ᠤᠯᠠᠷᠢᠯ ᠳᠤ ᠪᠦᠷ ᠠᠪᠠᠯᠠᠵᠦ᠂ ᠬᠠᠭᠠᠰ ᠰᠠᠷ᠎ᠠ ᠪᠤᠯᠬᠤ ᠪᠦᠷᠢ ᠨᠢᠭᠡ | ᠤᠳᠠᠭ᠎ᠠ ᠠᠩ ᠬᠢᠳᠡᠭ ᠪᠠᠶᠢᠵᠠᠢ ᠭᠡᠨ᠎ᠡ᠃ ᠬᠤᠵᠢᠮ ᠨᠢ ᠬᠦᠮᠤᠰ᠂ ᠠᠩ ᠠᠷᠢᠶᠠᠳᠠᠨ ᠤ ᠦᠷᠡᠵᠢᠯ ᠤᠨ ᠬᠤᠭᠤᠴᠠᠭ᠎ᠠ | ᠶᠢ ᠲᠠᠨᠢᠵᠦ ᠮᠡᠳᠡᠭᠡᠳ ᠠᠩ ᠠᠷᠢᠶᠠᠳᠠᠨ ᠳᠤ ᠦᠷᠡᠵᠢᠯ ᠤᠨ ᠴᠠᠭ ᠲᠠᠯᠪᠢᠨ ᠦᠭᠴᠦ᠂ ᠶᠠᠮᠠᠷ ᠦᠶ᠎ᠡ ᠳᠤ ᠠᠪᠠᠯᠠᠪᠠᠯ | ᠠᠩ ᠭᠦᠷᠦᠭᠡᠰᠤ ᠲᠠᠷᠭᠤ ᠲᠠᠢ ᠪᠠᠶᠢᠬᠤ᠂ ᠠᠪᠠᠯᠠᠬᠤ ᠳᠤ ᠲᠤᠬᠢᠷᠠᠮᠵᠢ ᠲᠠᠢ ᠂ ᠶᠠᠮᠠᠷ ᠦᠶ᠎ᠡ ᠳᠤ ᠲᠤᠬᠢᠷᠠᠮᠵᠢ ᠦᠬᠡᠢ | ᠭᠡᠰᠡᠨ ᠢ ᠤᠬᠠᠭᠠᠷᠠᠨ ᠤᠶᠢᠯᠠᠭᠠᠵᠠᠢ᠃ ᠲᠡᠭᠡᠭᠡᠳ ᠠᠩ ᠠᠪᠠ ᠶᠢᠨ ᠴᠠᠭ ᠬᠤᠭᠤᠴᠠᠭ᠎ᠠ ᠲᠤᠭᠳᠠᠭᠠᠬᠤ ᠪᠤᠯᠤᠭᠰᠠᠨ | ᠪᠠᠶᠢᠨ᠎ᠠ᠃ ᠶᠡᠭᠡ ᠬᠤᠮᠤᠷᠠᠭᠠ ᠠᠪᠠ᠂ ᠤᠨᠴᠠᠭᠠᠶᠢᠯᠠᠨ ᠬᠡᠳᠤᠨ ᠬᠤᠰᠢᠭᠤᠳ ᠤᠨ ᠬᠠᠮᠳᠤᠷᠠᠭᠰᠠᠨ ᠶᠡᠭᠡ ᠬᠡᠪᠴᠢᠶᠡᠨ | ᠤ ᠬᠤᠮᠤᠷᠠᠭᠠ ᠠᠪᠠ ᠶᠢ ᠪᠤᠯ ᠲᠤᠯᠠᠭᠠᠨ ᠬᠠᠪᠤᠷ ᠤᠨ ᠰᠡᠭᠦᠯᠴᠢ᠂ ᠡᠪᠡᠰᠤ ᠨᠤᠭᠤᠭ᠎ᠠ ᠤᠷᠭᠤᠵᠦ ᠴᠡᠴᠡᠭ ᠬᠤᠸᠠᠷ | ᠲᠡᠯᠭᠡᠷᠡᠭᠰᠡᠨ ᠵᠤᠨ ᠤ ᠡᠬᠢᠨ ᠤ ᠰᠠᠶᠢᠬᠠᠨ ᠤᠯᠠᠷᠢᠯ ᠳᠤ ᠶᠡᠪᠤᠭᠳᠠᠭᠤᠯᠳᠠᠭ ᠶᠤᠮ᠃ ᠤᠯᠠᠩᠬᠢ ᠳᠠᠭᠠᠨ ᠬᠠᠭᠤᠴᠢᠨ | ᠤᠯᠠᠷᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠡᠳᠤᠷ ᠬᠢᠳᠡᠭ ᠵᠠᠩᠰᠢᠯ ᠲᠠᠢ ᠪᠢᠯᠠ᠃ ᠤᠨᠴᠠ ᠶᠠᠪᠤᠳᠠᠯ | ᠤᠴᠢᠷ ᠠᠴᠠ ᠪᠤᠯᠵᠦ᠂ ᠲᠤᠭᠳᠠᠭᠰᠠᠨ ᠴᠠᠭ ᠠᠴᠠ ᠪᠠᠨ ᠡᠮᠤᠨ᠎ᠡ ᠬᠡᠳᠤᠨ ᠡᠳᠤᠷ ᠪᠤᠶᠤ ᠬᠤᠶᠢᠨ᠎ᠡ ᠬᠡᠳᠤᠨ ᠡᠳᠤᠷ | ᠪᠠᠶᠢᠭᠰᠠᠨ ᠴᠦ ᠪᠤᠯᠤᠨ᠎ᠠ᠂ ᠭᠡᠬᠦ ᠳᠤ ᠪᠦᠷ ᠠᠪᠠ ᠶᠢᠨ ᠲᠠᠭᠠᠭᠠᠮᠠᠯ ᠠᠴᠠ ᠬᠠᠷᠢᠭᠤᠴᠠᠨ ᠵᠠᠷᠯᠠᠨ᠎ᠠ᠃ ᠡᠭᠦᠨ ᠠᠴᠠ | ᠪᠤᠰᠤᠳ ᠴᠠᠭ ᠲᠤ ᠴᠠᠭ ᠠᠭᠤᠷ ᠤᠨ ᠪᠠᠶᠢᠳᠠᠯ᠂ ᠡᠪᠡᠰᠤ ᠪᠡᠯᠴᠢᠭᠡᠷ ᠤᠨ ᠤᠷᠭᠤᠯᠳᠠ᠂ ᠠᠪᠠ ᠶᠢᠨ ᠴᠢᠬᠤᠯᠴᠢᠯᠠᠭ᠎ᠠ | ᠪᠠᠨ ᠦᠨᠳᠤᠰᠤᠯᠡᠵᠦ᠂ ᠵᠠᠷᠢᠮ ᠳᠠᠭᠠᠨ ᠵᠢᠷᠭᠤᠭᠠᠨ ᠰᠠᠷ᠎ᠠ ᠬᠦᠷᠳᠡᠯᠡᠬᠢ ᠴᠠᠭ ᠦᠶ᠎ᠡ ᠳᠤ ᠠᠪᠠᠯᠠᠬᠤ ᠭᠡᠪᠡᠯ᠂ ᠠᠪᠠ | ᠶᠢᠨ ᠲᠠᠭᠠᠭᠠᠮᠠᠯ ᠠᠴᠠ ᠠᠪᠠᠯᠠᠬᠤ ᠭᠠᠵᠠᠷ ᠢᠶᠠᠨ ᠲᠤᠭᠳᠠᠭᠠᠭᠰᠠᠨ ᠤ ᠲᠠᠷᠠᠭ᠎ᠠ᠂ ᠠᠪᠠ ᠶᠢᠨ ᠵᠠᠷ ᠲᠠᠷᠬᠠᠭᠠᠵᠤ | ᠴᠢᠮᠡᠭᠡᠯᠡᠳᠡᠭ ᠪᠠᠶᠢᠵᠠᠢ᠃ ᠲᠡᠭᠦᠨ ᠠᠴᠠ ᠬᠤᠶᠢᠰᠢ ᠪᠤᠯ ᠵᠤᠨ ᠤ ᠬᠠᠯᠠᠭᠤᠨ ᠪᠣᠯᠴᠢᠬᠠᠬᠤ ᠲᠤᠯᠠ ᠦᠨᠳᠤᠰᠤᠨ ᠳᠡᠭᠡᠨ | ᠠᠪᠠᠯᠠᠬᠤ ᠳᠤ ᠵᠤᠬᠢᠷᠠᠮᠵᠢ ᠦᠬᠡᠢ ᠪᠤᠯᠵᠦ ᠠᠪᠠᠯᠠᠳᠠᠭ ᠦᠬᠡᠢ ᠭᠡᠳᠡᠭ᠃ ᠨᠠᠮᠤᠷ ᠤᠨ ᠰᠡᠷᠢᠭᠦᠨ ᠤᠷᠤᠵᠦ ᠶᠢᠰᠤᠨ | ᠰᠠᠷ᠎ᠠ ᠠᠴᠠ ᠰᠡᠭᠦᠯᠡᠷ᠂ ᠠᠩ ᠭᠦᠷᠦᠭᠡ ᠲᠠᠷᠭᠤᠯᠠᠭᠰᠠᠨ ᠦᠶ᠎ᠡ ᠳᠤ ᠪᠤᠶᠤ ᠡᠪᠤᠯ ᠤᠨ ᠴᠠᠰᠤᠨ ᠳᠤ ᠲᠠᠬᠢᠨ ᠠᠪᠠ | ᠶᠢᠨ ᠵᠠᠷ ᠲᠠᠯᠪᠢᠵᠦ ᠠᠪᠠ ᠠᠩᠨᠠᠯ ᠬᠦᠭᠵᠢᠶᠡᠨ ᠲᠠᠢ ᠪᠤᠯᠵᠦ᠂ ᠲᠠᠷᠠᠭ᠎ᠠ ᠵᠢᠯ ᠤᠨ ᠬᠢᠨᠢ ᠬᠠᠪᠤᠷ ᠪᠤᠯᠳᠠᠯ᠎ᠠ | ᠦᠷᠭᠦᠯᠵᠢᠯᠡᠳᠡᠭ ᠪᠠᠶᠢᠨ᠎ᠠ᠃ | ᠬᠤᠶᠠᠷ᠂ ᠠᠪᠠ ᠶᠢᠨ ᠪᠡᠯᠡᠳᠭᠡᠯ ᠬᠢᠬᠦ | ᠲᠡᠤᠬᠡ ᠶᠢᠨ ᠮᠡᠳᠡᠭᠡ ᠲᠡᠮᠳᠡᠭᠯᠡᠯ ᠢ ᠦᠨᠳᠤᠰᠤᠯᠡᠪᠡᠯ᠂ ᠮᠤᠩᠭᠤᠯᠴᠤᠳ ᠠᠩ ᠭᠦᠷᠦᠭᠡ ᠶᠢ ᠲᠡᠭᠡᠳᠤ ᠲᠡᠭᠷᠢ ︽ | ᠡᠪᠤᠭᠡᠨ ᠴᠠᠭᠠᠨ ᠪᠤᠷᠬᠠᠨ ︾ ᠤ ︽ᠮᠠᠯ︾ ᠭᠡᠵᠦ ᠦᠵᠡᠳᠡᠭ ᠪᠠᠶᠢᠭᠰᠠᠨ ᠪᠤᠯᠬᠤᠷ ᠠᠩ ᠠᠩᠨᠠᠯ ᠳᠤ ᠭᠠᠷᠬᠤ ᠠᠴᠠ | ᠪᠠᠨ ᠡᠮᠤᠨ᠎ᠡ ᠲᠡᠭᠡᠳᠤ ᠲᠡᠭᠷᠢ᠂ ᠴᠠᠭᠠᠨ ᠡᠪᠤᠭᠡᠨ ᠪᠤᠷᠬᠠᠨ ᠪᠠ ᠭᠠᠵᠠᠷ ᠤᠰᠤᠨ ᠤ ᠡᠵᠡᠳ ᠰᠠᠬᠢᠭᠤᠰᠤᠨ ᠨᠠᠪᠳᠠᠭ | ᠰᠠᠪᠳᠠᠭ ᠲᠤ ᠡᠷᠭᠦᠴᠡ ᠪᠡᠷᠢᠨ ᠲᠠᠭᠠᠳᠬᠠᠨ ᠵᠠᠯᠪᠢᠷᠠᠳᠠᠭ ᠵᠠᠩᠰᠢᠯ ᠲᠠᠢ ᠪᠠᠶᠢᠵᠠᠢ᠃ ᠮᠠᠨ ᠤ ᠠᠷᠤ ᠬᠤᠷᠴᠢᠨ | ᠬᠤᠰᠢᠭᠤ ᠴᠦ ᠡᠭᠦᠨ ᠲᠠᠢ ᠠᠳᠠᠯᠢ ᠪᠠᠷ ᠠᠩ ᠳᠤ ᠮᠤᠷᠳᠠᠬᠤ ᠠᠴᠠ ᠪᠠᠨ ᠡᠮᠤᠨ᠎ᠡ ᠲᠠᠬᠢᠯᠭ᠎ᠠ ᠡᠷᠭᠦᠴᠡ ᠶᠢᠨ ᠰᠠᠩ | ᠲᠠᠯᠪᠢᠵᠦ᠂ ᠢᠷᠤᠭᠡᠯ ᠭᠤᠶᠤᠳᠠᠯ ᠤᠩᠰᠢᠨ ᠪᠤᠷᠬᠠᠨ ᠲᠡᠭᠷᠢ ᠠᠴᠠ ᠠᠩ ᠤᠨ ᠭᠠᠨᠵᠤᠭ᠎ᠠ — ᠬᠡᠰᠢᠭ ᠰᠤᠶᠤᠷᠬᠠᠨ | ᠬᠠᠶᠢᠷᠠᠯᠠᠬᠤ ᠶᠢ ᠭᠤᠶᠤᠵᠦ ᠲᠠᠭᠠᠳᠬᠠᠳᠠᠭ ᠶᠤᠮ᠃ ᠡᠶᠢᠮᠤᠷᠬᠦ ᠵᠠᠩ ᠤᠶᠢᠯᠡ ᠶᠢ ᠭᠦᠢᠴᠡᠳᠭᠡᠭᠰᠡᠳ᠂ ᠮᠠᠨᠤᠰ ᠲᠤ | ᠯᠠᠪᠳᠠᠢ ᠠᠩ ᠤᠨ ᠬᠡᠰᠢᠭ ᠢᠶᠠᠨ ᠬᠠᠶᠢᠷᠠᠯᠠᠬᠤ ᠶᠤᠮ ᠭᠡᠵᠦ ᠪᠠᠳᠤ ᠢᠳᠡᠭᠡᠨ᠂ ᠠᠩ ᠭᠦᠷᠦᠭᠡᠨ ᠳᠤ ᠮᠤᠷᠳᠠᠨ | ᠭᠠᠷᠵᠠᠭᠠᠳᠠᠭ ᠲᠤᠯᠠ᠂ ᠬᠡᠭᠡᠷ᠎ᠡ ᠭᠠᠳᠠᠨ᠎ᠠ ᠲᠠᠭᠠᠷᠠᠯᠳᠤᠭᠰᠠᠨ ᠠᠷᠢᠶᠠᠳᠠᠨ ᠠᠮᠢᠳᠠᠨ ᠢ ︽ᠲᠡᠭᠷᠢ ᠠᠪᠤ︾ ᠢᠪᠡᠭᠡᠵᠦ | ᠪᠠᠶᠢᠭ᠎ᠠ ᠬᠡᠰᠢᠭ ᠭᠡᠵᠦ ᠵᠤᠷᠢᠭᠳᠠᠢ ᠠᠩᠨᠠᠨ᠂ ᠠᠯᠠᠭᠰᠠᠨ ᠠᠮᠢᠳᠠᠨ ᠤ ᠪᠠᠨ ᠵᠦᠯᠳᠤ ᠪᠠᠷ ᠨᠢ ᠲᠡᠭᠷᠢ ᠲᠠᠬᠢᠵᠦ᠂ ᠲᠡᠭᠷᠢ | ᠳᠤ ᠲᠠᠯᠠᠷᠬᠠᠳᠠᠭ᠃ ᠠᠷᠤ ᠬᠤᠷᠴᠢᠨᠴᠤᠳ ᠠᠩ ᠳᠤ ᠭᠠᠷᠬᠤ ᠠᠴᠠ ᠡᠮᠤᠨ᠎ᠡ ︽ᠠᠩ ᠬᠢᠬᠦ ᠪᠠᠷ ᠶᠠᠪᠤᠨ᠎ᠠ︾ ᠭᠡᠵᠦ | ᠭᠠᠯ ᠲᠤᠯᠭ᠎ᠠ ᠶᠢᠨ ᠲᠡᠷᠭᠡᠳᠡ ᠬᠡᠯᠡᠳᠡᠭ ᠦᠬᠡᠢ᠂ ᠤᠴᠢᠷ ᠨᠢ ᠭᠠᠯ ᠤᠨ ᠪᠤᠷᠬᠠᠨ ᠤᠯᠠᠨ ᠦᠭᠡᠨ ᠳᠤ ᠲᠤᠷᠠᠳᠠᠢ | ᠲᠤᠯᠠ ︽ᠠᠩ ᠤᠨ ᠨᠢᠭᠤᠴᠠ︾ ᠶᠢ ᠠᠩ ᠭᠦᠷᠦᠭᠡᠰᠤ — ᠬᠡᠭᠡᠷ᠎ᠡ ᠶᠢᠨ ᠠᠮᠢᠳᠠᠨ ᠳᠤ ᠵᠠᠳᠠᠷᠠᠭᠤᠯᠤᠨ | ᠯᠡᠪᠡᠷᠡᠭᠦᠯᠵᠦ᠂ ᠠᠩ ᠤᠨ ᠭᠠᠨᠵᠤᠭ᠎ᠠ ᠶᠢ ᠬᠤᠭᠤᠰᠤᠯᠠᠳᠠᠭ ᠭᠡᠵᠦ ᠦᠵᠡᠳᠡᠭ ᠤᠴᠢᠷ ᠠᠴᠠ ᠠᠩ ᠠᠩᠨᠠᠯ ᠳᠤ | ᠶᠠᠪᠤᠬᠤ ᠪᠠᠨ ᠭᠠᠯ ᠤᠨ ᠲᠡᠷᠭᠡᠳᠡ ᠬᠡᠯᠡᠭᠦ ᠦᠬᠡᠢ ᠮᠦᠷᠳᠡᠭᠡᠨ ᠭᠠᠯ ᠳᠠᠭᠠᠨ ᠦᠭᠡᠬᠦ ᠲᠤᠰᠤ ᠡᠷᠭᠦᠨ ᠮᠢᠯᠢᠶᠠᠨ | ᠲᠠᠬᠢᠭᠠᠳ ᠮᠤᠷᠳᠠᠳᠠᠭ ᠵᠠᠩᠰᠢᠯ ᠲᠠᠢ ᠪᠠᠶᠢᠳᠠᠭ᠃ | ᠠᠩ ᠳᠤ ᠭᠠᠷᠬᠤ ᠠᠴᠠ ᠪᠠᠨ ᠡᠮᠤᠨ᠎ᠡ ᠠᠩ ᠤᠨ ᠪᠠᠭᠠᠵᠢ ᠵᠠᠪᠰᠡᠭ ᠪᠤᠯᠬᠤ ᠬᠠᠷᠪᠤᠭ᠎ᠠ ᠨᠠᠮᠨᠠᠭ᠎ᠠ᠂ ᠪᠢᠯᠠᠭᠤ | ᠰᠢᠳᠠᠮ ᠳᠠᠭᠠᠨ ᠠᠮᠢᠳᠠᠨ ᠤ ᠴᠢᠰᠤ ᠲᠦᠷᠬᠢᠵᠦ ᠠᠮᠢᠯᠠᠭᠤᠯᠳᠠᠭ ᠵᠤᠷᠰᠢᠯ ᠲᠠᠢ ᠶᠤᠮ᠃ ᠠᠷᠤ ᠬᠤᠷᠴᠢᠨ ᠠᠪᠠ ᠶᠢᠨ | ᠵᠡᠪᠰᠡᠭ ᠲᠤ ᠤᠩᠬᠢᠨ ᠪᠢᠯᠠᠭᠤ᠂ ᠲᠡᠭᠦᠵᠡᠩ ᠪᠢᠯᠠᠭᠤ ᠭᠡᠵᠦ ᠬᠤᠶᠠᠷ ᠵᠤᠶᠢᠯ ᠪᠠᠶᠢᠵᠦ︔ ᠬᠦᠷᠡᠯ᠂ ᠵᠡᠰ᠂ ᠭᠠᠤᠯᠢ᠂ | ᠲᠤᠭᠤᠯᠭ᠎ᠠ ᠵᠡᠷᠭᠡ ᠪᠠᠷ ᠬᠢᠭᠰᠡᠨ ᠤᠩᠬᠢ ᠪᠤᠶᠤ ᠢ ᠵᠠᠷᠤᠳᠠᠭ᠃ ᠡᠭᠦᠨ ᠠᠴᠠ ᠭᠠᠳᠠᠨ᠎ᠠ ᠪᠠᠰᠠ ᠬᠠᠶᠢᠪᠠᠩ ᠪᠢᠯᠠᠭᠤ | ᠪᠤᠶᠤ ᠬᠠᠶᠠᠮᠠᠯ ᠪᠢᠯᠠᠭᠤ ᠭᠡᠵᠦ ᠪᠠᠰᠠ ᠪᠠᠶᠢᠳᠠᠭ᠃ ᠠᠷᠤ ᠬᠤᠷᠴᠢᠨ ᠮᠤᠩᠭᠤᠯᠴᠤᠳ ᠮᠤᠷᠢ ᠤᠨᠤᠭ᠎ᠠ ᠪᠠᠨ ᠴᠦ | ᠵᠢᠯᠠᠭ᠎ᠠ᠂ ᠮᠤᠨᠴᠤᠭ ᠢᠶᠠᠷ ᠰᠠᠶᠢᠬᠠᠨ ᠵᠠᠰᠠᠨ ᠴᠢᠮᠡᠵᠦ ᠪᠠᠶᠢᠳᠠᠭ ᠵᠠᠩᠰᠢᠯ ᠲᠠᠢ᠂ ᠡᠮᠡᠭᠡᠯ ᠢ ᠪᠤᠯ ᠮᠤᠷᠢᠨ ᠤ ᠲᠦᠷᠪᠡᠨ | ᠲᠠᠯ᠎ᠠ ᠪᠠᠷ ᠲᠡᠭᠰᠢᠬᠡᠨ ᠪᠠᠭᠤᠬᠤ ᠳᠤ ᠲᠤᠬᠢᠷᠠᠭᠰᠠᠨ ᠡᠮᠡᠭᠡᠯ ᠢ ᠰᠤᠩᠭᠤᠨ ᠬᠢᠳᠡᠭ᠂ ᠡᠨᠡ ᠨᠢ ᠦᠵᠦᠮᠦᠴᠢᠨ ᠤ | ᠠᠳᠠᠯᠢ ᠠᠴᠠ ᠶᠢᠨ ᠬᠡᠯᠪᠡᠷᠢ ᠲᠠᠢ ᠪᠢᠰᠢ᠂ ᠵᠢᠷᠢᠮ ᠤᠨ ᠰᠢᠭ ᠶᠤᠸᠠᠮᠪᠤᠤ ᠬᠡᠯᠪᠡᠷᠢ ᠲᠠᠢ ᠴᠦ ᠪᠢᠰᠢ᠂ ᠬᠠᠯᠬ᠎ᠠ ᠶᠢᠨ | ᠡᠮᠡᠭᠡᠯ ᠢ ᠪᠤᠳᠤᠪᠠᠯ ᠡᠮᠤᠨ᠎ᠡ ᠪᠦᠭᠦᠷᠭᠡ ᠨᠢ ᠵᠢᠭᠠᠬᠠᠨ ᠨᠠᠮ ᠪᠠᠶᠢᠵᠦ᠂ ᠠᠷᠤ ᠪᠦᠭᠦᠷᠭᠡ ᠨᠢ ᠵᠢᠰᠢᠭᠦᠬᠡᠨ ᠬᠡᠪᠳᠡᠭᠡ᠂ | ᠰᠠᠭᠤᠳᠠᠯ ᠨᠢ ᠠᠭᠤᠵᠢᠮ ᠪᠠᠶᠢᠳᠠᠭ ᠢᠶᠠᠷ ᠢᠶᠠᠨ ᠪᠤᠰᠤᠳ ᠤᠯᠠᠨ ᠶᠠᠩᠵᠦ ᠶᠢᠨ ᠡᠮᠡᠭᠡᠯ ᠤᠳ ᠠᠴᠠ ᠢᠯᠭᠠᠭ᠎ᠠ ᠲᠠᠢ | ᠪᠠᠶᠢᠳᠠᠭ ᠶᠤᠮ᠃ ᠠᠩ ᠤᠨ ᠨᠤᠬᠠᠶᠢᠳ ᠤᠨ ᠢᠶᠠᠨ ᠬᠦᠵᠦᠭᠦᠨ ᠳᠤᠨᠢ ︿ᠤᠯᠠᠭᠠᠨ ᠵᠢᠯᠠᠭ᠎ᠠ﹀ ᠵᠡᠭᠦᠯᠭᠡᠳᠡᠭ᠃ ᠪᠠᠰᠠ | ︿ᠨᠤᠬᠠᠢ ᠶᠢᠨ ᠰᠠᠭᠠᠯᠳᠠ﹀ ᠵᠡᠭᠦᠯᠭᠡᠨ᠎ᠡ ᠭᠡᠳᠡᠭ ᠶᠤᠮ᠃ ᠨᠤᠬᠠᠢ ᠶᠢᠨ ᠰᠠᠭᠠᠯᠳᠠ ᠶᠢ ᠬᠢᠬᠦ ᠳᠤ ᠬᠠᠷ᠎ᠠ ᠪᠠ ᠤᠯᠠᠭᠠᠨ | ᠦᠭᠡᠳᠡᠩ ᠪᠦᠰ ᠲᠡᠭᠡᠷ᠎ᠡ ᠬᠤᠸᠠᠷ ᠴᠡᠴᠡᠭ ᠤᠷᠠᠯᠠᠨ ᠬᠠᠳᠬᠤᠭᠰᠠᠨ ᠰᠠᠭᠠᠯᠳᠠ ᠲᠠᠢ ᠨᠤᠬᠠᠢ ᠬᠦᠳᠤᠯᠡᠵᠦ ᠪᠠᠶᠢᠪᠠᠯ | ᠡᠨᠡ ᠠᠶᠢᠯ ᠤᠨ ᠪᠦᠰᠡᠭᠦᠢ ᠨᠢ ᠤᠷᠠᠨ ᠭᠡᠳᠡᠭ ᠢ ᠬᠦᠮᠤᠰ ᠲᠤ ᠮᠡᠳᠡᠭᠦᠯᠵᠦ ᠰᠤᠷ ᠪᠤᠶᠤ ᠪᠤᠯᠢᠭᠠᠷᠢ ᠠᠷᠠᠰᠤᠨ | ᠰᠠᠭᠠᠯᠳᠠ ᠳᠠᠭᠠᠨ ᠮᠦᠩᠭᠦᠨ ᠲᠤᠪᠤᠷᠤᠤ ᠲᠠᠢ ᠪᠤᠯ ᠠᠮᠢᠳᠤᠷᠠᠯ ᠴᠢᠨᠡᠭᠡᠯᠢᠭ ᠪᠠᠶᠠᠨ ᠠᠶᠢᠯ ᠭᠡᠳᠡᠭ ᠢ ᠬᠠᠷᠠᠭᠤᠯᠤᠨ᠎ᠠ᠃ | ᠰᠠᠭᠠᠯᠳᠠ ᠶᠢᠨ ᠭᠠᠷᠬ᠎ᠠ ᠢ ᠮᠦᠩᠭᠦ᠂ ᠭᠠᠤᠯᠢ᠂ ᠵᠡᠰ᠂ ᠲᠡᠮᠤᠷ ᠵᠡᠷᠭᠡ ᠠᠳᠠᠯᠢ ᠪᠤᠰᠤ ᠵᠤᠶᠢᠯ ᠢᠶᠠᠷ ᠬᠢᠭᠰᠡᠨ | ᠬᠢᠯᠠᠯᠵᠢᠭᠰᠠᠨ ᠤᠯᠠᠭᠠᠨ ᠵᠢᠯᠠᠭ᠎ᠠ ᠲᠠᠢ ᠪᠠᠶᠢᠳᠠᠭ᠂ ᠡᠩ ᠤᠨ ᠬᠠᠷ᠎ᠠ ᠰᠤᠷ ᠲᠡᠭᠡᠷ᠎ᠡ ᠲᠦᠭᠦᠮᠬᠡᠨ ᠬᠡᠳᠤᠨ ᠪᠦᠭᠡᠵᠢ | ᠲᠠᠢ ᠬᠢᠭᠰᠡᠨ ᠰᠠᠭᠠᠯᠳᠠ ᠴᠦ ᠮᠤᠩ ᠦᠬᠡᠢ ᠤᠯᠠᠨ ᠪᠠᠶᠢᠳᠠᠭ᠂ ᠨᠤᠬᠠᠢ ᠶᠢᠨ ᠬᠦᠳᠤᠯᠤᠭᠦᠷ ᠤᠨ ᠭᠠᠷᠬ᠎ᠠ ᠶᠢ ᠮᠦᠩᠭᠦ᠂ | ᠭᠠᠤᠯᠢ᠂ ᠵᠡᠰ᠂ ᠲᠡᠮᠤᠷ ᠢᠶᠠᠷ ᠬᠢᠭᠰᠡᠨ ᠪᠠᠶᠢᠳᠠᠭ ᠪᠦᠭᠡᠳ ᠬᠦᠳᠤᠯᠤᠭᠦᠷ ᠤᠨ ᠰᠤᠷ ᠲᠡᠭᠡᠰᠤ ᠶᠢ ᠲᠤᠷᠭ᠎ᠠ᠂ | ᠮᠢᠨᠳᠠᠰᠤ᠂ ᠶᠤᠩᠬᠤᠷ ᠵᠡᠷᠭᠡ ᠶᠠᠩᠵᠦ ᠪᠦᠷᠢ ᠪᠠᠷ ᠬᠢᠳᠡᠭ ᠪᠢᠯᠠ᠃ | ᠠᠪᠠ ᠶᠢᠨ ᠴᠢᠮᠡᠭᠡ ᠤᠯᠤᠭᠰᠠᠨ ᠤ ᠰᠡᠭᠦᠯᠡᠷ ᠠᠩᠴᠢᠳ᠂ ᠬᠡᠳᠤᠨ ᠡᠳᠤᠷ ᠤᠨ ᠡᠮᠤᠨ᠎ᠡ ᠠᠪᠠ ᠶᠢᠨ ᠮᠤᠷᠢᠳ | ᠢᠶᠠᠨ ᠪᠠᠷᠢᠵᠦ ᠰᠤᠶᠢᠳᠠᠭ᠃ ᠰᠢᠨ᠎ᠡ ᠶᠢᠨ ᠲᠠᠪᠤᠨ ᠠᠴᠠ ᠡᠮᠤᠨ᠎ᠡ ᠠᠩ ᠤᠨ ᠪᠠᠭ᠋ᠠᠳᠠᠳ᠂ ᠵᠤᠨ ᠤ ᠱᠦᠯᠦ | ᠤᠤᠭᠤᠵᠠᠭᠠᠵᠦ᠂ ᠬᠦᠷᠢᠶ᠎ᠡ ᠠᠪᠠ ᠳᠤ ᠮᠤᠷᠳᠠᠬᠤ ᠬᠦᠴᠦ ᠲᠠᠮᠢᠷ ᠢᠶᠠᠨ ᠲᠡᠵᠢᠭᠡᠳᠡᠭ ᠪᠢᠯᠠ᠃ ᠨᠡᠩ ᠴᠦ ᠲᠠᠪᠤᠨ | ᠰᠠᠷ᠎ᠠ ᠶᠢᠨ ᠰᠢᠨ᠎ᠡ ᠶᠢᠨ ᠲᠦᠷᠪᠡᠨ ᠤ ᠰᠦᠨᠢ ᠨᠢ ᠡᠷᠡᠭᠳᠠᠢ ᠡᠮᠡᠭᠳᠠᠢ ᠵᠠᠯᠠᠭᠤᠴᠤᠳ ᠨᠢᠳᠤ ᠬᠠᠮᠬᠢᠯ ᠦᠬᠡᠢ ᠨᠠᠶᠢᠷᠠᠯᠠᠨ | ᠨᠠᠭᠠᠳᠴᠦ᠂ ᠬᠡᠭᠡᠷ᠎ᠡ ᠲᠠᠯ᠎ᠠ ᠳᠤ ᠭᠠᠯ ᠲᠦᠯᠡᠵᠦ᠂ ᠰᠦᠷ ᠰᠠᠶᠢᠬᠠᠨ ᠠᠷᠠᠳ ᠤᠨ ᠲᠠᠭᠤᠤ ᠪᠠᠨ ᠰᠦᠨᠢ ᠶᠢᠨ | ᠤᠭᠳᠠᠷᠭᠤᠢ ᠳᠤ ᠴᠤᠤᠷᠢᠶᠠᠳᠤᠭᠤᠯᠬᠤ ᠳᠤ᠂ ᠡᠪᠤᠭᠡᠳ ᠨᠠᠰᠤᠳᠠᠳ ᠴᠦ ᠲᠦᠳᠡᠭ ᠭᠠᠯ ᠤᠨ ᠲᠡᠷᠭᠡᠳᠡ ᠠᠷᠢᠬᠢ | ᠤᠤᠭᠤᠵᠦ ᠠᠶᠢᠷᠠᠭ ᠪᠠᠯᠭᠤᠵᠦ᠂ ᠪᠠᠶᠠᠷ ᠬᠦᠷ ᠨᠡᠮᠡᠨ ᠠᠪᠠ ᠶᠢᠨ ᠵᠦᠩᠨᠡᠯ ᠪᠤᠯᠭᠠᠨ᠂ ᠦᠤᠷ ᠤᠨ ᠭᠡᠭᠡ ᠶᠢ | ᠤᠭᠳᠤᠳᠠᠭ ᠶᠤᠮ᠃ ᠰᠦᠨᠢ ᠲᠦᠯᠢ ᠪᠠᠷ ᠬᠠᠮᠤᠭ ᠲᠦᠷᠦᠭᠦᠨ ᠤ ᠠᠩᠴᠢᠳ ᠬᠦᠳᠡᠯᠵᠦ᠂ ᠰᠢᠷ᠎ᠠ ᠭᠡᠭᠡ ᠲᠠᠳᠠᠬᠤ | ᠦᠶ᠎ᠡ ᠪᠠᠷ ᠮᠤᠷᠢᠨ ᠤ ᠲᠦᠪᠦᠷᠭᠡᠨ ᠠᠯᠤᠰ ᠠᠴᠠ ᠰᠤᠨᠤᠰᠳᠠᠨ᠂ ᠦᠨᠳᠤᠰᠤᠨ ᠳᠡᠭᠡᠨ ᠪᠦᠬᠦᠨ ᠢᠶᠠᠷ ᠬᠦᠳᠡᠯᠤᠯᠴᠡᠨ | ᠭᠠᠷᠴᠠᠭᠠᠳᠠᠭ ᠪᠢᠯᠠ᠃ ᠮᠤᠷᠢᠨ ᠤ ᠲᠦᠪᠦᠷᠭᠡᠨ᠂ ᠨᠤᠬᠠᠢ ᠶᠢᠨ ᠰᠠᠭᠠᠯᠳᠠ ᠬᠠᠩᠬᠢᠨᠠᠬᠤ ᠳᠤ ᠠᠪᠠ ᠶᠢᠨ ᠬᠡᠢ ᠲᠠᠢ | ᠨᠤᠬᠠᠶᠢᠳ᠂ ᠮᠤᠷᠢᠳ ᠢ ᠡᠷᠬᠢᠨ ᠲᠤᠭᠤᠷᠢᠨ ᠭᠦᠶᠤᠵᠦ᠂ ᠬᠦᠮᠤᠰ ᠤᠨ ᠲᠡᠪᠡᠯ ᠬᠤᠷᠮᠤᠢ ᠠᠴᠠ ᠲᠠᠳᠠᠵᠦ ᠭᠠᠰᠠᠯᠤᠨ | ᠭᠠᠩᠬᠢᠨᠠᠵᠦ᠂ ᠠᠪᠠ ᠶᠢᠨ ᠬᠦᠯᠦᠭ ᠮᠤᠷᠢᠳ ᠴᠦ ᠲᠠᠭᠤᠨ ᠵᠠᠯᠭᠠᠯᠳᠤᠨ ᠦᠤᠷᠰᠡᠵᠦ᠂ ᠠᠨᠢᠷ ᠴᠢᠮᠡᠭᠡ ᠲᠠᠷᠬᠠᠵᠦ᠂ | ᠠᠪᠠ ᠶᠢᠨ ᠬᠦᠮᠤᠰ ᠠᠮᠵᠢᠯᠳᠠ ᠲᠠᠢ ᠮᠤᠷᠳᠠᠭᠰᠠᠨ ᠢ ᠮᠡᠳᠡᠭᠡᠯᠡᠳᠡᠭ ᠪᠠᠶᠢᠨ᠎ᠠ᠃ | ᠭᠤᠷᠪᠠ᠂ ᠠᠪᠠ ᠶᠢᠨ ᠬᠦᠭᠵᠢᠶᠡᠨ ᠶᠠᠪᠤᠴᠠ | ᠦᠤᠷ ᠶᠢᠨ ᠭᠡᠭᠡ ᠰᠠᠴᠤᠵᠦ᠂ ᠠᠯᠤᠰ ᠤᠨ ᠪᠠᠷ᠎ᠠ ᠬᠠᠷᠠᠭᠳᠠᠬᠤ ᠳᠤ ᠠᠩ ᠤᠨ ᠤᠯᠠᠨ ᠬᠦᠮᠤᠰ ᠪᠦᠷ ᠵᠢᠵᠢᠭ | ᠲᠤᠪᠤᠷᠴᠠᠭ ᠦᠨᠳᠦᠷᠯᠢᠭ ᠭᠠᠵᠠᠷ ᠢ ᠡᠵᠡᠯᠡᠭᠡᠳ ᠵᠠᠪᠳᠤᠴᠢᠬᠠᠭᠰᠠᠨ ᠪᠠᠶᠢᠳᠠᠭ᠂ ᠬᠦᠷᠰᠢ ᠵᠡᠷᠭᠡᠯᠡᠳᠡᠭᠡ ᠨᠤᠳᠤᠭ | ᠤᠰᠤᠨ ᠤ ᠬᠢᠨ ᠪᠠ ᠵᠠᠬ᠎ᠠ ᠬᠦᠪᠡᠭᠡ ᠬᠤᠰᠢᠭᠤᠳ ᠤᠨ ᠬᠢᠨ ᠴᠦ ᠮᠠᠶᠢᠬᠠᠨ ᠬᠦᠰᠢᠭᠡ ᠪᠠᠨ ᠠᠪᠴᠤ᠂ ᠬᠤᠨᠤᠭ ᠤᠨ | ᠭᠠᠵᠠᠷ ᠤᠨ ᠠᠯᠤᠰ ᠠᠴᠠ ᠬᠦᠷᠤᠯᠴᠡᠨ ᠢᠷᠡᠭᠰᠡᠨ ᠪᠠᠶᠢᠳᠠᠭ᠃ ᠨᠠᠰᠤᠳᠠᠨ ᠪᠤᠭᠤᠷᠤᠯᠴᠤᠳ ᠤᠨ ᠬᠠᠭᠤᠴᠢᠯᠠᠬᠤ ᠪᠠᠷ | ᠪᠠᠯᠴᠢᠷᠤᠳ ᠨᠤᠳᠤᠭ ᠤᠨ ᠵᠡᠭᠡᠷᠡᠨᠳᠠᠢ ᠶᠢᠨ ᠰᠢᠯᠢ ᠬᠤᠸᠠ᠂ ᠵᠢᠭᠠᠰᠤᠳᠠᠢ ᠶᠢᠨ ᠠᠯᠳᠠᠨ ᠬᠤᠯᠪᠤᠭ᠎ᠠ ᠠᠭᠤᠯᠠ ᠶᠢᠨ | ᠬᠢᠷ᠎ᠠ ᠬᠦᠨᠳᠡᠢ ᠪᠠᠷ ᠤᠯᠠᠨ ᠠᠷᠪᠢᠨ ᠵᠡᠭᠡᠷ᠎ᠡ ᠭᠤᠷ᠎ᠠ ᠪᠠᠭᠰᠢᠷᠠᠯᠳᠤᠨ ᠰᠦᠯᠵᠢᠯᠳᠤᠵᠦ᠂ ᠠᠳᠤᠭᠤ ᠮᠠᠯ ᠠᠳᠠᠯᠢ | ᠤᠯᠠᠶᠢᠨ ᠰᠢᠷᠠᠯᠠᠭᠠᠳ᠂ ᠠᠪᠠ ᠶᠢᠨ ᠪᠠᠭ᠋ᠠᠳᠠᠳ ᠤᠨ ᠬᠤᠷᠤᠬᠠᠢ ᠶᠢ ᠬᠦᠳᠡᠯᠭᠡᠭᠡᠨᠡ ᠭᠡᠵᠦ ᠬᠡᠯᠡᠳᠡᠭ᠃ ᠲᠡᠷᠡ ᠠᠷᠪᠢᠨ | ᠵᠡᠭᠡᠷ᠎ᠡ ᠭᠤᠷ᠎ᠠ ᠣᠤ ᠮᠦᠷᠡᠨ ᠤ ᠤᠰᠤ᠂ ᠦᠯᠵᠡᠶᠢᠮᠦ᠋ᠷᠡᠨ ᠤ ᠤᠰᠤ ᠶᠢ ᠤᠮᠳᠠᠯᠠᠭᠠᠳ᠂ ᠵᠢᠪᠠᠷ ᠠᠪᠴᠤ ᠵᠡᠭᠡᠷᠡᠨᠳᠡᠢ | ᠶᠢᠨ ᠰᠢᠯᠢ᠂ ᠵᠡᠬᠡᠷᠠ ᠶᠢᠨ ᠬᠤᠳᠤᠭᠤᠷ ᠢᠶᠠᠷ ᠢᠶᠠᠨ ᠲᠠᠷᠬᠠᠨ ᠪᠡᠯᠴᠢᠳᠡᠭ ᠭᠡᠳᠡᠭ᠃ ᠲᠡᠭᠡᠷ᠎ᠠ ᠵᠠᠭᠤᠨ ᠤ ᠭᠤᠴᠢ | ᠳᠦᠴᠢᠭᠡᠳ ᠣᠨ ᠳᠤ ᠵᠡᠭᠦᠨ ᠪᠠᠷᠠᠭᠤᠨ ᠠᠪᠠᠢ ᠵᠠᠬ᠎ᠠ ᠠᠭᠤᠯᠠ ᠪᠠᠷ ᠵᠡᠷᠯᠢᠭ ᠠᠷᠭᠠᠯᠵᠢ ᠤᠭᠠᠯᠵᠠ ᠨᠤᠭᠤᠳ | ᠵᠢᠷᠪᠡᠯᠵᠢᠨ ᠲᠠᠪᠬᠢᠳᠠᠭ ᠭᠡᠵᠤ ᠠᠷᠤ ᠬᠤᠷᠴᠢᠨ ᠠᠷᠠᠳ ᠤᠨ ᠲᠠᠭᠤᠨ ᠳᠤ ᠳᠠᠭᠤᠯᠠᠳᠠᠭ ᠪᠢᠯᠡ᠃ ᠠᠪᠠ ᠦᠳᠦᠭᠡᠬᠦ | ᠬᠦᠮᠤᠰ ᠲᠠᠭᠤ ᠬᠤᠭᠤᠯᠠᠢ ᠠᠪᠤᠯᠴᠠᠨ᠂ ᠪᠠᠷᠬᠢᠷᠠᠨ ᠤᠶᠢᠮᠡᠯᠳᠤᠨ ᠡᠬᠢᠯᠡᠬᠦ ᠳᠤ ᠦᠷᠭᠦᠭᠰᠡᠨ ᠵᠡᠭᠡᠷ᠎ᠡ ᠭᠤᠷ᠎ᠠ ᠰᠦᠷᠦᠭ | ᠰᠦᠷᠦᠭ ᠢᠶᠠᠷ ᠬᠤᠸᠠ ᠵᠢᠯᠠᠭ᠎ᠠ ᠶᠢᠨ ᠲᠡᠷᠳᠡᠭᠦᠷ᠂ ᠲᠡᠨᠢᠭᠡᠷ ᠬᠠᠩᠭᠠᠢ ᠵᠣ ᠶᠢᠨ ᠲᠤᠮᠳᠠᠭᠤᠷ᠂ ᠬᠦᠨᠳᠡᠢ ᠬᠦᠳᠤᠯ ᠤᠨ | ᠭᠤᠪᠢ ᠬᠢᠷ᠎ᠠ ᠪᠠᠷ ᠴᠢᠨᠡᠭᠡ ᠮᠡᠳᠡᠨ ᠴᠠᠶᠢᠯᠵᠠᠨ ᠲᠠᠪᠬᠢᠯᠳᠤᠨᠠ᠂ ᠲᠤᠪᠤ ᠲᠤᠯᠤᠭᠠᠳ ᠲᠤ ᠲᠤᠯᠤᠭᠠᠳ ᠢᠷᠡᠬᠦ ᠳᠤ | ᠲᠡᠭᠡᠷ᠎ᠡ ᠨᠢ ᠵᠤᠭᠰᠤᠭ᠎ᠠ ᠠᠩᠴᠢᠳ᠂ ᠵᠧ︕ ᠬᠡᠢ︕ ᠭᠡᠵᠦ ᠬᠠᠰᠬᠢᠷᠤᠯᠳᠤᠬᠤᠶᠠ᠂ ᠵᠡᠭᠡᠷ᠎ᠡ ᠭᠤᠷ᠎ᠠ ᠡᠷᠬᠢᠭᠡᠳ | ᠦᠭᠡᠷ᠎ᠡ ᠲᠡᠰᠢ ᠲᠤᠳᠠᠭᠠᠨᠠ᠃ ᠭᠡᠬᠦ ᠳᠤ ᠤᠯᠠᠨ ᠠᠩᠴᠢᠳ ᠲᠡᠷᠡ ᠲᠤᠤᠷ᠎ᠠ ᠨᠢ ᠵᠢᠯᠤᠭᠤ ᠲᠠᠯᠪᠢᠨ ᠨᠡᠭᠡᠳᠡᠭ ᠦᠬᠡᠢ᠂ | ᠲᠡᠪᠬᠡᠷᠡᠨ ᠵᠤᠤᠵᠠᠢ ᠪᠤᠯᠢᠶᠠᠯᠴᠠᠬᠤ ᠮᠤᠷᠢᠳ ᠤᠨ ᠢᠶᠠᠨ ᠵᠢᠯᠤᠭᠤ ᠶᠢ ᠲᠠᠳᠠᠵᠦ᠂ ᠤᠤᠬᠠᠶᠢᠯᠠᠨ ᠬᠠᠰᠬᠢᠷᠴᠦ ᠵᠦᠪᠬᠡᠨ | ᠬᠦᠭᠵᠢᠭᠡ ᠨᠡᠮᠡᠨ᠎ᠡ᠃ ᠠᠪᠠ ᠶᠢᠨ ᠨᠤᠬᠠᠶᠢᠳ ᠴᠦ ᠡᠵᠡᠨ ᠤ ᠪᠠᠨ ᠪᠦᠰᠡᠨ ᠠᠴᠠ ᠬᠦᠳᠡᠯᠦᠭᠡ ᠬᠤᠯᠪᠤᠭ᠎ᠠ ᠲᠠᠢ | ᠲᠤᠯᠠ ᠲᠤᠷ᠎ᠠ ᠪᠠᠷ ᠢᠶᠠᠨ ᠭᠠᠳᠠᠭᠰᠢ ᠰᠠᠯᠵᠦ ᠬᠦᠶᠤᠵᠦ ᠴᠢᠳᠠᠬᠤ ᠦᠬᠡᠢ᠂ ᠵᠦᠪᠬᠡᠨ ᠦᠰᠤᠷᠬᠢᠯᠡᠬᠦ ᠲᠡᠳᠤᠢ᠃ | ᠠᠩᠴᠢᠳ᠂ ᠨᠤᠬᠠᠢ ᠪᠠᠨ ᠬᠦᠳᠤᠯᠵᠦ ᠪᠠᠶᠢᠬᠤ ᠶᠢᠨ ᠵᠤᠷᠢᠯᠭ᠎ᠠ ᠨᠢ ᠴᠦ ᠭᠡᠳ ᠰᠠᠶᠢᠨ ᠨᠤᠬᠠᠢ ᠶᠢᠨ ᠬᠦᠴᠦ ᠶᠢ | ᠬᠠᠮᠠᠭᠠᠯᠠᠬᠤ ᠶᠢᠨ ᠲᠦᠯᠦᠭᠡ ᠪᠠ ᠰᠢᠨ᠎ᠡ ᠨᠤᠬᠠᠶᠢᠳ ᠢ ᠠᠪᠠ ᠶᠢᠨ ᠰᠤᠷᠭᠠᠯ ᠲᠠᠢ ᠪᠤᠯᠭᠠᠬᠤ ᠶᠢᠨ ᠲᠦᠯᠦᠭᠡ ᠶᠤᠮ᠂ | ᠨᠡᠩ ᠴᠢᠬᠤᠯᠠ ᠨᠢ ᠨᠤᠬᠠᠢ ᠵᠠᠷᠤᠬᠤ ᠬᠠᠮᠤᠭ ᠤᠨ ᠵᠠᠩᠬᠢᠯᠭ᠎ᠠ ᠶᠢᠨ ᠦᠶ᠎ᠡ ᠳᠤ ᠰᠠᠶ᠋ᠢ ᠨᠤᠬᠠᠢ ᠪᠠᠨ ᠡᠴᠢᠨ ᠲᠡᠭᠡᠷ᠎ᠡ | ᠨᠢ ᠲᠡᠮᠳᠡᠶᠢᠬᠡᠨ ᠬᠡᠷᠡᠭᠯᠡᠬᠦ ᠳᠤ ᠤᠷᠤᠰᠢᠨ᠎ᠠ᠃ ᠭᠦᠯᠦᠬᠡ ᠨᠤᠬᠠᠢ ᠨᠢ ᠬᠡᠳᠤᠷᠬᠡᠢ ᠭᠦᠶᠤᠵᠦ ᠴᠠᠩᠭᠠᠵᠦ ᠦᠬᠦᠭᠰᠡᠨ | ᠶᠠᠪᠤᠳᠠᠯ ᠴᠦ ᠭᠠᠷᠴᠦ ᠦᠩᠭᠡᠷᠡᠭᠰᠡᠨ ᠪᠠᠶᠢᠳᠠᠭ᠃ ᠭᠡᠪᠡᠴᠦ ᠨᠤᠬᠠᠢ ᠪᠦᠬᠦᠨ ᠢ ᠴᠦᠮ ᠬᠦᠳᠤᠯᠳᠡᠭ ᠪᠢᠰᠢ᠂ ᠰᠤᠯᠠ | ᠨᠤᠬᠠᠶᠢᠳ ᠨᠡᠩ ᠠᠷᠪᠢᠨ ᠪᠠᠶᠢᠳᠠᠭ ᠶᠤᠮ᠃ ᠰᠤᠯᠠ ᠨᠤᠬᠠᠶᠢᠳ ᠨᠢ ᠵᠡᠭᠡᠷ᠎ᠡ ᠭᠤᠷ᠎ᠠ ᠶᠢ ᠦᠷᠭᠦᠭᠡᠬᠦ ᠳᠤ ᠨᠢᠭᠡ | ᠮᠦᠰᠤᠨ ᠤ ᠬᠦᠴᠦᠨ ᠪᠤᠯᠳᠠᠭ ᠪᠢᠯᠠ᠃ ᠮᠠᠨ ᠤ ᠨᠤᠳᠤᠭ ᠲᠤ ᠴᠢᠨ᠋ᠸ᠎ᠠ ᠶᠢ ᠭᠦᠢᠴᠡᠬᠦ ᠮᠤᠷᠢᠳ ᠪᠤᠯ ᠮᠤᠩ ᠦᠬᠡᠢ | ᠠᠷᠪᠢᠨ ᠪᠠᠶᠢᠳᠠᠭ᠂ ᠭᠡᠬᠦ ᠳᠤ ᠵᠡᠭᠡᠷ᠎ᠡ ᠶᠢ ᠭᠦᠢᠴᠡᠬᠦ ᠠᠭᠳᠠ ᠲᠤᠩ ᠬᠤᠪᠤᠷ ᠪᠠᠶᠢᠳᠠᠭ ᠶᠤᠮ᠃ ᠲᠡᠶᠢᠮᠤ ᠠᠴᠠ ᠠᠮᠤᠷ | ᠲᠠᠶᠢᠪᠤᠩ ᠪᠡᠯᠴᠢᠵᠦ ᠪᠠᠶᠢᠭ᠎ᠠ ᠵᠡᠭᠡᠷ᠎ᠡ ᠭᠤᠷ᠎ᠠ ᠶᠢ ᠨᠡᠬᠡᠮᠵᠢᠯᠡᠵᠦ ᠭᠦᠢᠴᠡᠬᠦ ᠭᠡᠭᠴᠢ ᠨᠢ ᠲᠤᠩ ᠪᠡᠷᠬᠡ ᠲᠠᠢ ᠶᠠᠪᠤᠳᠠᠯ | ᠶᠤᠮ᠂ ᠠᠩᠴᠢᠳ ᠤᠯᠠᠩᠬᠢ ᠳᠠᠭᠠᠨ ᠵᠡᠭᠡᠷ᠎ᠡ ᠭᠤᠷ᠎ᠠ ᠪᠠᠨ ᠲᠠᠯᠠᠭᠠᠷ ᠬᠠᠶᠠᠳᠠᠭ ᠪᠢᠯᠠ᠃ ᠲᠡᠶᠢᠮᠤ ᠠᠴᠠ ᠦᠷᠭᠦᠬᠡᠨ | ᠶᠠᠳᠠᠷᠠᠭᠠᠬᠤ ᠨᠢ ᠡᠷᠬᠢᠮ ᠲᠡᠭᠡᠳᠤ ᠠᠷᠭ᠎ᠠ ᠪᠤᠯᠬᠤ ᠶᠤᠮ᠃ ᠵᠤᠭᠰᠤᠯ ᠦᠬᠡᠢ ᠠᠮᠢ ᠲᠠᠯᠪᠢᠨ ᠭᠦᠶᠦᠭᠰᠡᠨ ᠵᠡᠭᠡᠷ᠎ᠡ ᠶᠢᠨ | ᠰᠦᠷᠦᠭ ᠠᠴᠠ ᠠᠯᠢ ᠨᠢᠭᠡᠨ ᠤ ᠬᠢᠨᠢ ᠬᠦᠴᠦ ᠲᠠᠮᠢᠷ ᠨᠢ ᠪᠠᠷᠠᠭᠳᠠᠮᠠᠭᠴᠠ᠂ ᠬᠡᠳᠤᠭᠦᠯᠡ ᠰᠦᠷᠦᠭ ᠠᠴᠠ ᠪᠠᠨ | ᠰᠠᠯᠤᠵᠦ᠂ ᠦᠭᠡᠷ᠎ᠡ ᠵᠦᠭ ᠲᠤ ᠲᠠᠪᠬᠢᠳᠠᠭ ᠤᠨᠴᠠᠯᠢᠭ ᠲᠠᠢ᠂ ᠵᠡᠭᠡᠷ᠎ᠡ ᠭᠤᠷ᠎ᠠ ᠶᠢᠨ ᠶᠠᠳᠠᠷᠠᠭᠰᠠᠨ ᠦᠶ᠎ᠡ ᠪᠤᠯ | ᠠᠩᠴᠢᠳ ᠤᠨ ᠠᠭᠳᠠ ᠮᠤᠷᠢᠨ ᠤ ᠬᠤᠷᠳᠤᠨ ᠢ ᠰᠢᠯᠭᠠᠵᠦ᠂ ᠠᠪᠠ ᠶᠢᠨ ᠨᠤᠬᠠᠶᠢᠳ ᠤᠨ ᠭᠦᠶᠤᠳᠡᠯ ᠢ ᠦᠵᠡᠬᠦ | ᠴᠠᠭ ᠲᠤᠯᠠ ᠬᠦᠮᠤᠨ ᠪᠦᠬᠦᠨ ᠬᠦᠴᠦᠨ ᠲᠤᠷᠪᠢ᠂ ᠡᠷ᠎ᠡ ᠴᠢᠳᠠᠯ ᠢᠶᠠᠨ ᠲᠡᠷᠡ ᠦᠶ᠎ᠡ ᠳᠤ ᠭᠠᠷᠭᠠᠵᠦ᠂ ᠠᠪᠠ ᠶᠢᠨ | ᠠᠪᠢᠶᠠᠰ ᠤᠬᠠᠭᠠᠨ ᠢᠶᠠᠨ ᠢᠯᠡᠷᠡᠭᠦᠯᠵᠦ᠂ ᠵᠡᠭᠡᠷ᠎ᠡ ᠭᠤᠷ᠎ᠠ ᠶᠢᠨ ᠵᠦᠭ ᠲᠠᠭᠠᠷᠢᠨ ᠤᠷᠤᠳᠠᠭ ᠪᠢᠯᠠ᠃ ᠲᠡᠷᠡ ᠦᠶ᠎ᠡ | ᠶᠢᠨ ᠠᠪᠠ ᠶᠢᠨ ᠲᠠᠯᠠᠪᠠᠢ ᠶᠢ ᠬᠠᠷᠠᠬᠤ ᠳᠤ ᠲᠡᠨᠢᠭᠡᠷ ᠠᠭᠤᠳᠠᠮ ᠰᠢᠯᠢ ᠬᠤᠸᠠ ᠪᠠᠷ ᠨᠡᠶᠢᠳᠠᠮ ᠠᠭᠳᠠ ᠬᠦᠯᠦᠭ | ᠲᠠᠪᠬᠢᠯᠳᠤᠵᠦ᠂ ᠠᠪᠠ ᠶᠢᠨ ᠨᠤᠬᠠᠢ ᠠᠪᠠᠭᠠᠨᠠᠯᠳᠤᠵᠦ᠂ ᠠᠩᠴᠢᠨ ᠬᠦᠮᠤᠰ ᠤᠨ ᠬᠠᠰᠬᠢᠷᠤᠯᠳᠠ ᠬᠤᠯᠢᠯᠳᠤᠨ | ᠲᠦᠷᠴᠢᠬᠢᠨᠡᠵᠦ᠂ ᠰᠠᠭᠠᠯᠳᠠ ᠵᠡᠭᠦᠭᠰᠡᠨ ᠰᠠᠶᠢᠨ ᠨᠤᠬᠠᠶᠢᠳ᠂ ᠰᠠᠷᠪᠠᠭᠠᠨᠠᠵᠦ ᠮᠠᠭᠤᠳᠠᠭᠰᠠᠨ ᠵᠡᠭᠡᠷ᠎ᠡ ᠭᠤᠷ᠎ᠠ ᠶᠢ | ᠲᠤᠰᠤᠨ ᠤᠷᠤᠵᠦ ᠲᠠᠳᠠᠵᠦ ᠪᠠᠶᠢᠬᠤ᠂ ᠭᠠᠪᠰᠢᠭᠠᠶᠢᠯᠠᠵᠦ ᠤᠷᠤᠭᠠᠳ ᠭᠠᠭᠴᠠᠬᠠᠨ ᠴᠤᠬᠢᠬᠤ ᠭᠡᠳ ᠪᠢᠯᠠᠭᠤ ᠰᠢᠳᠠᠮ | ᠢᠶᠠᠨ ᠬᠤᠭᠤᠰᠤᠨ ᠴᠤᠬᠢᠵᠦ᠂ ᠲᠡᠮᠳᠡᠭ ᠪᠤᠯᠭᠠᠬᠤ ᠭᠡᠵᠦ ᠮᠠᠯᠠᠭᠠᠢ ᠪᠠᠨ ᠰᠢᠳᠡᠵᠦ ᠶᠠᠪᠤᠭᠤᠯᠤᠭᠠᠳ᠂ ᠵᠢᠯᠤᠭᠤ ᠲᠠᠳᠠᠨ | ᠲᠤᠭᠤᠷᠢᠨ ᠡᠷᠬᠢᠵᠦ ᠪᠠᠶᠢᠬᠤ᠂ ᠰᠤᠷᠭᠠᠮᠭᠠᠢ ᠱᠠᠯᠠᠭᠠᠮᠠᠢ ᠠᠩᠴᠢᠨ ᠡᠷ᠎ᠡ᠂ ᠠᠪᠠ ᠶᠢᠨ ᠤᠯᠵᠠᠨ ᠲᠡᠭᠡᠷ᠎ᠡ ᠰᠢᠭᠤᠳ | ᠵᠠᠶᠢᠳᠠᠯᠠᠨ ᠪᠠᠭᠤᠵᠦ ᠪᠠᠶᠢᠬᠤ ᠵᠡᠷᠭᠡ ᠠᠯᠢ ᠤᠯᠠᠨ ᠰᠠᠶᠢᠬᠠᠨ ᠦᠵᠡᠭᠳᠡᠯ ᠤᠳ ᠶᠠᠭ ᠯᠠ ᠺᠢᠨᠣ᠋ ᠲᠧᠯᠸᠢᠰ ᠭᠠᠷᠴᠦ | ᠪᠠᠶᠢᠬᠤ ᠰᠢᠭ᠋ ᠬᠦᠮᠤᠰ ᠤᠨ ᠬᠠᠷᠠᠭᠠᠨ ᠳᠤ ᠵᠢᠷᠤᠭᠯᠠᠨ ᠬᠠᠷᠠᠭᠳᠠᠨ᠎ᠠ᠃ ᠢᠩᠬᠢᠭᠡᠳ ᠯᠡ ᠠᠳᠡ ᠨᠢ ᠨᠢᠭᠡ ᠤᠪᠤᠭ᠎ᠠ | ᠠᠩᠴᠢᠳ᠂ ᠲᠠᠨᠳᠡ ᠨᠢ ᠨᠢᠭᠡ ᠪᠦᠯᠦᠭ ᠬᠦᠮᠤᠨ ᠴᠢᠬᠢᠯᠳᠤᠨ ᠪᠦᠬᠡᠮᠨᠡᠷᠡᠵᠦ᠂ ︽ᠵᠡᠭᠡᠷ᠎ᠡ ᠭᠤᠷ᠎ᠠ ᠶᠢᠨ ᠪᠠᠭᠤᠯᠭᠤᠷᠢ︾ | ᠲᠡᠭᠡᠷ᠎ᠡ ᠪᠠᠭᠤᠵᠠᠭᠠᠳᠠᠭ ᠪᠢᠯᠠ᠃ | ᠲᠦᠷᠪᠡ᠂ ᠠᠪᠠ ᠶᠢᠨ ᠤᠯᠵᠠ ᠭᠠᠨᠵᠤᠭ᠎ᠠ ᠬᠤᠪᠢᠶᠠᠬᠤ ᠶᠤᠰᠤᠨ | ᠠᠷᠤ ᠬᠤᠷᠴᠢᠨ ᠮᠤᠩᠭᠤᠯᠴᠤᠳ ᠤᠨ ᠠᠪᠠ ᠶᠢᠨ ᠶᠤᠰᠤ ᠵᠢᠷᠤᠮ᠂ ᠵᠠᠩ ᠵᠠᠩᠰᠢᠯ ᠬᠠᠳᠠᠭᠤ ᠴᠢᠩᠭ᠎ᠠ ᠪᠠᠶᠢᠳᠠᠭ | ᠪᠦᠭᠡᠳ ᠠᠩ ᠤᠨ ᠭᠠᠨᠵᠤᠭ᠎ᠠ᠂ ᠠᠪᠠ ᠶᠢᠨ ᠤᠯᠵᠠ ᠶᠢ ᠬᠤᠪᠢᠶᠠᠬᠤ ᠲᠦᠷᠢᠮ ᠭᠤᠷᠢᠮ ᠴᠦ ᠨᠠᠷᠢᠨ ᠨᠢᠮᠪᠠᠢ | ᠪᠠᠶᠢᠳᠠᠭ ᠶᠤᠮ᠃ ᠵᠡᠭᠡᠷ᠎ᠡ ᠶᠢ ᠮᠤᠷᠢ ᠪᠠᠷ ᠲᠠᠭᠠᠷᠢᠭᠤᠯᠵᠦ᠂ ᠨᠤᠬᠠᠢ ᠪᠠᠷ ᠲᠠᠳᠠᠭᠤᠯᠬᠤ᠂ ᠰᠢᠭᠤᠳ ᠵᠠᠶᠢᠳᠠᠯᠠᠨ | ᠪᠠᠭᠤᠬᠤ ᠠᠯᠢ ᠨᠢᠭᠡᠨ ᠠᠷᠭ᠎ᠠ ᠪᠠᠷ ᠪᠠᠷᠢᠭᠰᠠᠨ ᠴᠦ ᠴᠦᠮ ᠡᠪᠴᠢᠭᠦᠤ ᠶᠢ ᠨᠢ ᠬᠠᠳᠠᠵᠦ ᠠᠯᠠᠭᠠᠳ᠂ ᠠᠩ ᠠᠩᠨᠠᠵᠦ | ᠠᠯᠠᠭᠰᠠᠨ ᠬᠦᠮᠤᠨ ᠠᠷᠢᠶᠠᠳᠠᠨ ᠤ ᠵᠦᠯᠳᠤ ︵ᠵᠢᠷᠤᠭᠡ᠂ ᠡᠯᠢᠭᠡ᠂ ᠠᠭᠤᠰᠬᠢ᠂ ᠬᠤᠭᠤᠯᠠᠢ ᠵᠡᠷᠭᠡ ᠲᠤᠳᠤᠭᠠᠳᠤ | ᠴᠤᠯᠤ︶ ᠶᠢ ᠠᠪᠴᠦ᠂ ᠠᠷᠠᠰᠤ ᠶᠢ ᠨᠢ ᠠᠪᠳᠠᠭ᠃ ᠠᠷᠢᠶᠠᠳᠠᠨ ᠠᠩᠨᠠᠭᠰᠠᠨ ᠬᠦᠮᠤᠨ ᠵᠦᠯᠳᠤ ᠪᠠ ᠠᠷᠠᠰᠤ ᠶᠢ ᠨᠢ | ᠠᠪᠤᠮᠠᠭᠴᠠ ᠪᠤᠰᠤᠳ ᠠᠩᠴᠢᠳ ᠦᠪᠡᠷ ᠦᠪᠡᠷᠰᠡᠳ ᠤᠨ ᠢᠶᠠᠨ ᠬᠢᠳᠤᠭ᠎ᠠ ᠶᠢ ᠪᠠᠨ ᠭᠠᠷᠭᠠᠵᠦ ᠠᠯᠢ ᠠᠮᠵᠢᠭᠰᠠᠨ | ᠢᠶᠠᠷ ᠢᠶᠠᠨ ᠠᠷᠢᠶᠠᠳᠠᠨ ᠤ ᠮᠢᠬ᠎ᠠ ᠠᠴᠠ ᠨᠢ ᠤᠭᠳᠤᠴᠢᠨ ᠠᠪᠳᠠᠭ᠃ ᠨᠢᠭᠡᠳᠤᠭᠡᠷ ᠲᠤ ᠲᠤᠯᠤᠭᠠᠢ᠂ ᠠᠷᠠᠰᠤ | ᠲᠦᠷᠪᠡᠨ ᠰᠢᠬᠢᠷ᠎ᠠ᠂ ᠬᠤᠶᠠᠳᠤᠭᠠᠷ ᠲᠤ ᠤᠭᠤᠴᠠ᠂ ᠬᠤᠳᠠᠭᠠᠷ ᠲᠦᠳᠦᠭᠡᠷ ᠲᠤ ᠭᠤᠶ᠎ᠠ᠂ ᠲᠠᠪᠤᠳᠤᠭᠠᠷ | ᠵᠢᠷᠭᠤᠳᠤᠭᠠᠷ ᠲᠤ ᠬᠠ᠂ ᠲᠤᠯᠤᠳᠤᠭᠠᠷ ᠲᠤ ᠡᠪᠴᠢᠭᠦᠤ ᠂ ᠨᠠᠢᠮᠠᠳᠤᠭᠠᠷ ᠲᠤ ᠲᠠᠷᠠᠮ᠎ᠠ᠂ ᠶᠢᠰᠤᠳᠤᠭᠡᠷ ᠠᠷᠪᠠᠳᠤᠭᠠᠷ | ᠲᠤ ᠦᠨᠳᠤᠷ ᠲᠦᠷᠪᠡᠨ ᠬᠠᠪᠢᠷᠭ᠎ᠠ ᠶᠢ ᠨᠤᠭᠳᠠᠭᠤᠯᠤᠨ ᠠᠪᠤᠨ᠎ᠠ᠃ ᠡᠭᠦᠨ ᠳᠤ ᠵᠡᠭᠡᠷ᠎ᠡ ᠭᠤᠷ᠎ᠠ ᠶᠢ ᠨᠤᠬᠠᠢ ᠪᠠᠷ | ᠲᠠᠳᠠᠭᠤᠯᠵᠦ᠂ ᠨᠤᠬᠠᠢ ᠶᠢᠨ ᠡᠵᠡᠨ ᠨᠢ ᠤᠶᠢᠷᠠᠬᠠᠨ ᠪᠠᠶᠢᠵᠦ ᠬᠦᠷᠤᠯᠴᠡᠨ ᠢᠷᠡᠵᠦ ᠵᠠᠪᠳᠤᠭᠰᠠᠨ ᠪᠤᠯ ᠨᠤᠬᠠᠢ ᠶᠢᠨ | ᠡᠵᠡᠨ ᠨᠢ ᠨᠢᠭᠡᠳᠤᠭᠡᠷ ᠬᠤᠪᠢ ᠪᠤᠯᠬᠤ ᠲᠤᠯᠤᠭᠠᠢ᠂ ᠠᠷᠠᠰᠤ᠂ ᠲᠦᠷᠪᠡᠨ ᠰᠢᠬᠢᠷ᠎ᠠ ᠶᠢ ᠠᠪᠤᠨ᠎ᠠ᠃ ᠬᠡᠷᠪᠡ ᠨᠤᠬᠠᠢ | ᠶᠢᠨ ᠡᠵᠡᠨ ᠨᠢ ᠬᠤᠯᠠ ᠪᠠᠶᠢᠵᠦ ᠬᠦᠷᠦᠯᠴᠡᠨ ᠢᠷᠡᠵᠦ ᠵᠠᠪᠳᠤᠭᠰᠠᠨ ᠦᠬᠡᠢ ᠪᠤᠯ ᠠᠯᠢ ᠨᠢᠭᠡᠨ ᠲᠦᠷᠦᠭᠦᠨ ᠳᠤ | ᠵᠠᠪᠳᠤᠨ ᠢᠷᠡᠭᠰᠡᠨ ᠨᠢ ᠨᠢᠭᠡᠳᠤᠭᠡᠷ ᠬᠤᠪᠢ ᠶᠢ ᠠᠪᠳᠠᠭ ᠪᠠᠶᠢᠨ᠎ᠠ᠃ ᠨᠤᠬᠠᠢ ᠶᠢᠨ ᠡᠵᠡᠨ ᠨᠢ ᠵᠠᠪᠳᠤᠨ ᠢᠷᠡᠵᠦ | ᠪᠠᠭᠤᠯᠭᠤᠷᠢ ᠶᠢᠨ ᠬᠤᠪᠢ ᠳᠤ ᠪᠠᠭᠳᠠᠭᠰᠠᠨ ᠪᠠᠶᠢᠪᠠᠯ ᠨᠤᠬᠠᠢ ᠶᠢᠨ ᠡᠵᠡᠨ ᠨᠢ ᠨᠢᠭᠡ ᠬᠤᠪᠢ ᠠᠪᠴᠦ᠂ ᠲᠠᠪᠬᠤᠷ | ᠬᠤᠪᠢ ᠠᠪᠴᠦ ᠪᠤᠯᠬᠤ ᠦᠬᠡᠢ ᠪᠠᠶᠢᠳᠠᠭ᠃ ᠵᠡᠭᠡᠷ᠎ᠡ ᠶᠢᠨ ᠪᠠᠭᠤᠯᠭᠤᠷᠢ᠂ ᠠᠩ ᠤᠨ ᠭᠠᠨᠵᠤᠭ᠎ᠠ ᠳᠤ ᠢᠷᠡᠭᠰᠡᠳ ᠲᠡᠰ | ᠲᠠᠷᠠᠭ᠎ᠠ ᠪᠠᠷ ᠢᠶᠠᠨ ᠭᠠᠷ ᠬᠦᠳᠠᠯᠤᠯᠴᠡᠨ ᠦᠪᠡᠷᠳᠡᠭᠡᠨ ᠪᠠᠭᠤᠯᠭᠤᠷᠢ ᠪᠠᠨ ᠰᠠᠯᠭᠠᠨ ᠠᠪᠳᠠᠭ ᠲᠤᠯᠠ ᠲᠠᠪᠬᠢᠯᠳᠤᠨ | ᠢᠷᠡᠭᠰᠡᠨ ᠬᠦᠮᠤᠰ ᠪᠠᠷᠤᠭ ᠠᠷᠪᠠᠨ ᠮᠢᠨᠦ᠋ᠲ ᠪᠤᠯᠤᠯ ᠦᠬᠡᠢ ᠪᠠᠷ ᠤᠯᠵᠠ ᠪᠠᠨ ᠬᠤᠪᠢᠶᠠᠵᠦ ᠲᠠᠭᠤᠰᠬᠠᠳᠠᠭ᠃ | ᠤᠨᠴᠠ ᠵᠠᠷᠢᠮ ᠠᠩ ᠤᠨ ᠪᠠᠭ᠋ᠠᠳᠠᠳ ᠬᠤᠴᠤᠷᠠᠵᠦ ᠢᠷᠡᠭᠰᠡᠨ ᠪᠤᠯᠪᠠᠴᠦ᠂ ᠬᠢᠳᠤᠭ᠎ᠠ ᠶᠢᠨ ᠮᠦᠷ ᠢᠶᠠᠷ ᠨᠢ ᠰᠡᠭᠦᠯ ᠤᠨ | ᠬᠦᠮᠤᠨ ᠤ ᠭᠠᠷ ᠢ ᠨᠢ ᠲᠠᠷᠤᠵᠦ ᠪᠤᠰᠤᠳ ᠢ ᠰᠤᠴᠢᠭᠠᠭᠠᠳ ᠰᠡᠭᠦᠯ ᠤᠨ ᠬᠤᠪᠢ ᠶᠢ ᠪᠤᠯᠢᠶᠠᠬᠤ ᠭᠡᠳ ᠬᠡᠷᠡᠭᠦᠯ | ᠵᠠᠭᠤᠷᠭᠠᠨ ᠭᠠᠷᠳᠠᠭ ᠶᠠᠪᠤᠳᠠᠯ ᠴᠦ ᠭᠠᠷᠤᠭᠰᠠᠨ ᠭᠡᠳᠡᠭ᠃ ᠠᠩ ᠤᠨ ᠶᠤᠰᠤ ᠵᠠᠩᠰᠢᠯ ᠤᠨ ᠦᠵᠡᠯᠳᠡ ᠪᠠᠷ ᠪᠤᠯ᠄ | ᠠᠩ ᠭᠦᠷᠦᠭᠡ ᠠᠷᠢᠶᠠᠳᠠᠨ ᠠᠮᠢᠳᠠᠨ ᠪᠤᠯ ᠴᠦᠮ ᠲᠡᠭᠷᠢ ᠰᠠᠬᠢᠭᠤᠯᠤᠰᠤᠨ ᠤ ᠬᠦᠷᠦᠩᠭᠡ ᠮᠦᠨ᠃ ᠠᠩᠴᠢᠨ ᠠᠩ | ᠠᠩᠨᠠᠨ ᠭᠦᠷᠦᠭᠡᠯᠡᠵᠦ᠂ ᠠᠩ ᠤᠨ ᠭᠠᠨᠵᠤᠭ᠎ᠠ ᠤᠯᠬᠤ ᠶᠠᠪᠤᠳᠠᠯ ᠨᠢ ᠪᠦᠷ ᠲᠡᠭᠷᠢ ᠠᠴᠠ ᠰᠤᠶᠤᠷᠬᠠᠭᠰᠠᠨ ︽ᠲᠡᠭᠷᠢ | ᠶᠢᠨ ᠬᠡᠰᠢᠭ︾ ᠮᠦᠨ ᠭᠡᠵᠦ ᠦᠵᠡᠳᠡᠭ᠃ ᠡᠨᠡ ᠬᠡᠰᠢᠭ ᠢ ᠠᠯᠢ ᠨᠢᠭᠡᠨ ᠭᠠᠭᠴᠠ ᠬᠦᠮᠤᠨ ᠳᠤ ᠦᠭᠬᠦ ᠪᠢᠰᠢ᠂ | ᠬᠠᠷᠢᠨ ᠡᠨᠡ ᠠᠩ ᠳᠤ ᠤᠷᠤᠯᠴᠠᠭᠰᠠᠨ ᠬᠦᠮᠤᠨ ᠪᠦᠬᠦᠨ ︽ᠬᠡᠰᠢᠭ ᠬᠦᠷᠳᠡᠬᠦ︾ ᠡᠷᠬᠡ ᠲᠠᠢ ᠭᠡᠳᠡᠭ᠃ ᠡᠶᠢᠮᠤ | ᠠᠴᠠ ᠠᠩ ᠤᠨ ᠮᠢᠬ᠎ᠠ ᠶᠢ ᠶᠡᠭᠡ ᠪᠠᠭ᠎ᠠ ᠴᠦ ᠭᠡᠰᠡᠨ ︵ᠨᠢᠭᠡ ᠡᠮᠬᠦᠬᠦ ᠲᠡᠳᠤᠢ ᠴᠦ ᠭᠡᠰᠡᠨ︶ ᠠᠳᠠᠯᠢ ᠲᠡᠭᠰᠢ ᠪᠠᠷ | ᠬᠤᠪᠢᠶᠠᠨ ᠦᠭᠳᠡᠭ᠂ ᠡᠭᠦᠨ ᠢ ︽ᠱᠤᠷᠤᠯᠠᠭᠠ︾ ᠭᠡᠳᠡᠭ᠂ ᠱᠤᠷᠤ ᠮᠤᠳᠤᠨ ᠳᠤ ᠡᠯᠭᠦᠵᠦ ᠢᠳᠡᠬᠦ ᠭᠡᠰᠡᠨ | ᠤᠳᠬ᠎ᠠ ᠲᠠᠢ᠃ ᠡᠷᠳᠡ ᠲᠡᠤᠬᠡᠨ ᠳᠡᠭᠡᠨ ᠶᠡᠭᠡ ᠬᠦᠷᠢᠶ᠎ᠡ ᠠᠪᠠ ᠶᠢᠨ ᠠᠩ ᠤᠨ ᠭᠠᠨᠵᠤᠭ᠎ᠠ ᠶᠢ ᠡᠵᠡᠨ ᠬᠠᠭᠠᠨ | ᠨᠤᠶᠠᠳ ᠪᠤᠶᠤ ᠠᠪᠠ ᠶᠢᠨ ᠶᠡᠷᠦᠩᠬᠡᠢ ᠲᠠᠭᠠᠭᠠᠮᠠᠯ ᠠᠴᠠ ᠰᠢᠭᠤᠳ ᠠᠩᠴᠢᠨ ᠨᠠᠷ ᠲᠤ ᠬᠤᠪᠢ ᠲᠠᠯᠪᠢᠨ ᠱᠠᠩᠨᠠᠯ | ᠪᠤᠯᠭᠠᠨ ᠲᠦᠭᠡᠭᠡᠨ ᠦᠭᠳᠡᠭ ᠪᠠᠶᠢᠯ᠎ᠠ ᠭᠡᠳᠡᠭ ᠲᠤᠮᠤᠭ ᠶᠠᠷᠢᠶ᠎ᠠ ᠲᠠᠢ᠃ | ᠲᠠᠤᠯᠠᠢ ᠶᠢᠨ ᠬᠦᠷᠢᠶ᠎ᠡ ᠠᠪᠠ ᠳᠤ ᠪᠤᠯ ᠫᠤᠤ ᠰᠠᠭᠠᠳᠠᠭ ᠬᠡᠷᠡᠭᠯᠡᠵᠦ ᠪᠤᠯᠳᠠᠭ ᠦᠬᠡᠢ᠂ ᠵᠦᠪᠬᠡᠨ ᠪᠢᠯᠠᠭᠤ | ᠰᠢᠳᠠᠮ ᠬᠡᠷᠡᠭᠯᠡᠨ᠎ᠡ᠃ ᠪᠢᠯᠠᠭᠤ ᠶᠢ ᠶᠠᠪᠠᠭᠠᠨ ᠢᠶᠠᠷ ᠴᠤᠬᠢᠭᠰᠠᠨ ᠴᠦ ᠪᠤᠯᠤᠨ᠎ᠠ᠂ ᠭᠡᠳᠡᠯ᠎ᠡ ᠮᠤᠷᠢ ᠪᠠᠷ ᠲᠠᠪᠬᠢᠭᠤᠯᠵᠦ | ᠪᠠᠶᠢᠭᠠᠳ ᠴᠤᠬᠢᠪᠠᠯ ᠬᠦᠴᠦᠳᠠᠢ ᠲᠡᠭᠡᠷ᠎ᠡ ᠪᠠᠨ ᠤᠨᠤᠪᠴᠢᠳᠠᠢ ᠭᠡᠵᠦ ᠤᠯᠠᠩᠬᠢ ᠬᠦᠮᠤᠰ ᠬᠡᠯᠡᠯᠴᠡᠳᠡᠭ ᠪᠢᠯᠠ ᠃ | ᠬᠡᠷᠪᠡ ᠬᠤᠮᠤᠷᠭᠠᠨ ᠠᠪᠠ ᠳᠤ ᠴᠢᠨ᠋ᠸ᠎ᠠ ᠤᠷᠤᠭᠰᠠᠨ ᠪᠠᠶᠢᠪᠠᠯ ᠵᠠᠪᠠᠯ ᠠᠯᠠᠬᠤ ᠬᠡᠷᠡᠭᠳᠠᠢ ᠪᠠᠶᠢᠳᠠᠭ᠃ ᠬᠡᠨ | ᠬᠦᠮᠤᠨ ᠡᠷ᠎ᠡ ᠴᠢᠳᠠᠯ ᠪᠠ ᠮᠤᠷᠢᠨ ᠤ ᠬᠦᠴᠦ ᠪᠠᠷ ᠠᠯᠠᠭᠰᠠᠨ ᠪᠤᠯ ᠲᠡᠷᠡ ᠴᠢᠨ᠋ᠸ᠎ᠠ ᠲᠡᠭᠦᠨ ᠤ ᠬᠢ ᠪᠤᠯᠳᠠᠭ ᠤᠴᠢᠷ | ᠲᠠᠢ᠃ ᠲᠠᠤᠯᠠᠢ ᠪᠤᠯ ᠬᠡᠨ ᠤ ᠨᠤᠬᠠᠢ ᠪᠠᠷᠢᠭᠰᠠᠨ ᠢ ᠬᠠᠮᠢᠶᠠᠷᠬᠤ ᠦᠬᠡᠢ᠂ ᠬᠡᠨ ᠵᠠᠪᠳᠤᠵᠦ ᠪᠠᠭᠤᠪᠠᠯ ᠲᠡᠷᠡ ᠬᠦᠮᠤᠨ | ᠠᠪᠳᠠᠭ᠃ ᠬᠤᠶᠠᠷ ᠬᠦᠮᠤᠨ ᠲᠠᠤᠯᠠᠢ ᠶᠢ ᠪᠤᠯᠢᠶᠠᠯᠳᠤᠬᠤ ᠶᠠᠪᠤᠳᠠᠯ ᠭᠠᠷᠪᠠᠯ᠂ ᠨᠠᠰᠤ ᠪᠠᠷ ᠲᠡᠭᠦᠤ ᠳᠤᠨᠢ ᠦᠭᠭᠦᠨ᠎ᠡ᠂ | ᠶᠠᠮᠠᠷᠴᠦ ᠠᠩᠴᠢᠳ ᠭᠡᠳ ᠠᠪᠠ ᠶᠢᠨ ᠲᠠᠭᠠᠭᠠᠮᠠᠯ ᠠᠬᠠᠮᠠᠳ ᠤᠨ ᠦᠭᠡ ᠶᠢ ᠰᠤᠨᠤᠰᠬᠤ ᠬᠡᠷᠡᠭᠳᠠᠢ ᠪᠠᠶᠢᠳᠠᠭ᠃ | ᠦᠨᠡᠭᠡ ᠶᠢ ᠪᠤᠯ ᠪᠠᠷᠢᠭᠰᠠᠨ ᠨᠤᠬᠠᠢ ᠶᠢᠨ ᠡᠵᠡᠨ ᠨᠢ ᠠᠪᠳᠠᠭ ᠵᠢᠷᠤᠮ ᠶᠤᠰᠤ ᠲᠠᠢ ᠶᠤᠮ᠃ | | ᠵᠤᠬᠢᠶᠠᠭᠴᠢ᠄ ᠪ᠊ · ᠲᠡᠮᠦᠷᠭᠤᠤᠯᠲᠤ | ᠨᠠᠶᠢᠷᠠᠭᠤᠯᠣᠭᠴᠢ᠄ ᠴ᠊ · ᠰᠠᠷᠠᠭᠤᠯ | |