ᠠᠷᠤ ᠬᠤᠷᠴᠢᠨ ᠸᠠᠩ ᠤᠨ ᠬᠠᠭᠤᠴᠢᠨ ᠤᠷᠳᠤᠨ ᠤ ᠲᠡᠤᠭᠡᠨ ᠪᠠᠶᠢᠳᠠᠯ ᠭᠢᠭᠡᠳ ᠪᠠᠶᠢᠷᠢᠰᠢᠯ ᠨᠢ ᠭᠡᠪᠡᠯ᠄ | ᠠᠷᠤ ᠬᠤᠷᠴᠢᠨ ᠤ ᠵᠠᠰᠠᠭ ᠨᠤᠶᠡᠳ ᠤᠨ ᠲᠤᠳᠤᠷ᠎ᠡ ᠪᠠᠶᠢᠯᠨ ᠲᠠᠭᠳᠠᠨᠸᠠᠩᠴᠤᠭ ᠠᠴᠠ ᠡᠮᠦᠨᠡᠬᠢ ᠸᠠᠩ ᠤᠨ | ᠤᠷᠳᠤᠨ ᠨᠢ ᠨᠡᠯᠢᠶᠡᠳ ᠭᠡᠳᠤᠨ ᠭᠠᠵᠠᠷ ᠨᠡᠬᠦᠵᠦ ᠶᠠᠪᠤᠭᠰᠡᠨ ᠲᠡᠤᠭᠡ ᠲᠠᠢ᠃ ᠠᠷᠤ ᠬᠤᠷᠴᠢᠨ ᠬᠤᠰᠢᠭᠤ ᠨᠢ ᠴᠢᠩ | ᠤᠯᠤᠰ ᠤᠨ ᠲᠡᠭᠡᠳᠤ ᠡᠷᠳᠡᠮᠳᠤ ᠶᠢᠨ ᠠᠩᠬᠠᠳᠤᠭᠠᠷ ᠤᠨ ︵1636 ᠤᠨ︶ ᠳᠤ ᠮᠤᠵᠠᠩ ᠠᠷᠤ ᠬᠤᠷᠴᠢᠨ | ᠬᠤᠰᠢᠭᠤᠨ ᠤ ᠠᠩᠬᠠᠳᠠᠭᠴᠢ ᠵᠠᠰᠠᠭ ᠰᠠᠭᠤᠭᠰᠡᠨ ᠠᠴᠠ ᠨᠠᠭᠠᠰᠢ ᠴᠢᠩ ᠤᠯᠤᠰ ᠤᠨ ᠪᠦᠷᠢᠨ ᠵᠠᠰᠠᠭᠴᠢ ᠶᠢᠨ | ᠠᠩᠬᠠᠳᠤᠭᠠᠷ ᠤᠨ ︵1862 ᠤᠨ︶ ᠪᠠᠽᠠᠷᠺᠠᠷᠦᠳᠢ ᠨᠤᠶᠡᠨ ᠬᠦᠷᠳᠡᠯ᠎ᠡ ᠠᠷᠪᠠᠨ ᠭᠤᠷᠪᠠᠨ ᠦᠶ᠎ᠡ ᠵᠠᠰᠠᠭ | ᠵᠠᠯᠭᠠᠮᠵᠢᠯᠠᠵᠠᠢ᠃ | ᠲᠠᠭᠳᠠᠨᠸᠠᠩᠴᠤᠭ ᠵᠠᠰᠠᠭ ᠪᠠᠷᠢᠭᠰᠡᠨ ᠠᠷᠪᠠᠨ ᠲᠤᠯᠤᠳᠤᠭᠠᠷ ᠵᠢᠯ ᠳᠤ ᠪᠠᠨ ᠲᠡᠭᠷᠢ ᠲᠡᠳᠬᠦᠭᠴᠢ ᠶᠢᠨ | ᠶᠢᠰᠦᠳᠦᠭᠡᠷ ᠤᠨ ︵ᠲᠠᠷᠤᠢ ᠨᠠᠶᠢᠳᠠ ᠶᠢᠨ ᠤᠨ ᠲᠤᠭᠠᠯᠠᠯ ᠤᠨ 1744 ᠤᠨ︶ ᠳᠤ ᠵᠢᠷᠭᠠᠯᠠᠩᠳᠤ ᠲᠠᠯ᠎ᠠ ᠶᠢᠨ | ᠡᠮᠦᠨᠡᠬᠢ ᠲᠤᠬᠤᠮᠳᠠᠢ ᠭᠤᠤᠯ ᠤᠨ ᠬᠤᠶᠢᠳᠤ ᠡᠷᠬᠢ ᠲᠡᠭᠡᠷ᠎ᠡ ᠦᠯᠵᠠᠢ ᠪᠡᠯᠭᠡ ᠲᠠᠢ ᠨᠤᠳᠤᠭ ᠰᠤᠩᠭᠤᠵᠦ ᠬᠤᠳᠳᠤᠭ | ᠮᠠᠯᠳᠠᠪᠠ᠃ ᠡᠭᠦᠨ ᠢ ᠣᠳᠣ ᠪᠣᠯᠳᠠᠯ᠎ᠠ ᠲᠠᠭᠳᠠᠨᠪᠡᠶᠢᠯᠡ ᠶᠢᠨ ᠬᠤᠳᠳᠤᠭ ᠭᠡᠳᠡᠭ᠃ | ᠲᠡᠭᠷᠢ ᠲᠡᠳᠬᠦᠭᠴᠢ ᠶᠢᠨ ᠠᠷᠪᠠᠳᠤᠭᠠᠷ ᠤᠨ ᠳᠤ ︵ᠨᠡᠶᠢᠳᠡ ᠶᠢᠨ ᠤᠨ ᠲᠣᠭᠠᠯᠠᠯ ᠤᠨ 1745 ᠣᠨ︶ | ᠸᠠᠩ ᠤᠨ ᠤᠷᠳᠤᠨ ᠢᠶᠠᠨ ᠠᠩᠬ᠎ᠠ ᠪᠠᠶᠢᠭᠤᠯᠵᠦ ᠡᠬᠢᠯᠠᠵᠠᠢ᠃ ᠸᠠᠩ ᠤᠨ ᠤᠷᠳᠤᠨ ᠤ ᠭᠡᠪᠴᠢᠶ᠎ᠡ ᠨᠢ ᠶᠡᠭᠡ ᠪᠢᠰᠢ᠂ | ᠨᠤᠶᠡᠨ ᠤ ᠦᠷᠬᠦᠭᠡ᠂ ᠵᠠᠬᠢᠷᠭ᠎ᠠ ᠶᠠᠮᠤᠨ᠂ ᠰᠠᠩ ᠬᠦᠮᠦᠷᠭᠡ ᠶᠢ ᠪᠠᠭᠳᠠᠭᠠᠭᠰᠡᠨ ᠠᠷᠪᠠᠨ ᠭᠡᠳᠤᠨ ᠮᠦᠷ ᠸᠠᠭᠠᠷ ᠤᠨ | ᠭᠡᠷ ᠪᠤᠯᠤᠨ᠎ᠡ᠃ ᠡᠭᠦᠨ ᠢ ᠵᠤᠷᠰᠢᠯ ᠢᠶᠠᠷ ᠢᠶᠠᠨ ᠨᠤᠶᠠᠨ ᠰᠦᠮ᠎ᠡ ᠳᠠᠬᠢ ᠸᠠᠩ ᠤᠨ ᠤᠷᠳᠣᠨ ᠭᠡᠳᠡᠭ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | | |