ᠤᠪᠤᠭ᠎ᠠ ᠶᠢᠨ ᠲᠠᠬᠢᠯᠭ᠎ᠠ ᠶᠢᠨ ᠴᠤᠣᠲᠤ ᠪᠦᠬᠡᠴᠤᠳ ︵ᠨᠢᠭᠡ︶
ᠨᠡᠶᠢᠲᠡᠯᠡᠭᠰᠡᠨ ᠴᠠᠭ᠄
2016/7/20
     ᠠᠯᠢ ᠡᠷᠳᠡ ᠠᠴᠠ ᠠᠷᠣ ᠬᠤᠷᠴᠢᠨ ᠨᠣᠳᠤᠭ ᠲᠤ ᠮᠠᠰᠢ ᠣᠯᠠᠨ ᠪᠦᠬᠡᠴᠤᠳ ᠴᠤᠯᠭᠤᠷᠠᠨ ᠭᠠᠷᠴᠤ᠂ ᠠᠯᠳᠠᠷ ᠴᠣᠤ ᠪᠠᠨ ᠮᠠᠨᠳᠣᠭᠤᠯᠣᠨ ᠤᠯᠠᠨ ᠤ ᠲᠠᠭᠠᠰᠢᠶᠠᠯ ᠪᠠᠭ᠋ᠠᠷᠬᠠᠯ ᠢ ᠤᠯᠵᠤ᠂ ᠬᠤᠰᠢᠭᠤ ᠸᠠᠩ ᠤᠨ ᠤᠷᠳᠤᠨ ᠤ ᠪᠦᠬᠡ ᠡᠷᠭᠦᠮᠵᠢᠯᠡᠭᠳᠡᠵᠤ᠂ ᠬᠦᠨᠳᠡᠯᠡᠨ ᠴᠢᠭᠤᠯᠭᠠᠨ ᠬᠤᠰᠢᠭᠤᠳ ᠲᠤ ᠭᠢᠯᠠᠯᠵᠠᠭᠤᠯᠵᠣ ᠶᠠᠪᠣᠵᠠᠢ᠃ ᠠᠳᠡ ᠣᠯᠠᠨ ᠤ ᠲᠣᠮᠳᠠ ᠶᠠᠷᠢᠭᠳᠠᠵᠤ ᠤᠯᠠᠮᠵᠢᠯᠠᠭᠳᠠᠭᠰᠠᠨ ᠪᠦᠬᠡᠴᠤᠳ ᠠᠴᠠ ᠬᠡᠳᠦ ᠶᠢ ᠲᠠᠨᠢᠯᠴᠠᠭᠤᠯᠣᠶ᠎ᠠ᠄      ᠪᠦᠬᠡ ᠨᠠᠮᠰᠠᠷᠠᠢ      ᠨᠠᠮᠰᠠᠷᠠᠢ ᠶᠢᠨ ᠬᠢᠨ ᠠᠩᠬ᠎ᠠ ᠡᠬᠢᠨ ᠳᠤ ᠪᠠᠨ ᠤᠩᠭᠤᠨ ᠮᠤᠳᠤ ᠶᠢᠨ ᠡᠮᠦᠨᠡᠬᠢ ᠦᠩ ᠰᠢᠮᠡᠯᠢᠭ ᠤᠦ ᠮᠦᠷᠡᠨ  ᠤ ᠲᠡᠨᠵᠢᠨ ᠳᠤ ᠮᠦᠩᠬᠡᠳᠤᠭᠳᠠᠬᠤ ᠶᠢᠨ ᠬᠢᠨ ᠲᠠᠢ ᠵᠡᠷᠭᠡᠯᠡᠳᠡᠭᠡ ᠰᠠᠭᠤᠵᠤ ᠪᠠᠶᠢᠵᠠᠢ᠃ ᠠᠷᠤ ᠬᠤᠷᠴᠢᠨ ᠤ ᠠᠷᠪᠠᠨ ᠬᠤᠶᠠᠳᠤᠭᠠᠷ ᠵᠠᠰᠠᠭ ᠷᠠᠰᠢᠵᠤᠩᠨᠠᠢ ᠶᠢᠨ ᠦᠶ᠎ᠡ ᠶᠢᠨ ᠠᠯᠳᠠᠷᠲᠤ ᠪᠦᠬᠡ᠃ ᠲᠡᠷᠡ ᠪᠠᠷ ᠭᠠᠯ ᠵᠠᠯᠠᠭᠤ ᠨᠠᠰᠤᠨ ᠠᠴᠠ  ᠪᠠᠨ ᠪᠡᠶ᠎ᠡ ᠪᠢᠯᠳᠠᠷ ᠰᠠᠶᠢᠳᠠᠢ᠂ ᠬᠦᠴᠦ ᠴᠢᠳᠠᠯ ᠬᠡᠴᠡᠭᠦᠦ ᠪᠤᠯᠬᠤᠷ ᠨᠠᠶᠢᠷ ᠴᠤᠭᠯᠠᠭᠠᠨ ᠳᠤ ᠡᠷᠳᠡᠮ ᠴᠢᠳᠠᠯ ᠢᠶᠠᠨ ᠪᠠᠳᠠᠷᠠᠭᠤᠯᠤᠨ ᠤᠯᠠᠨ ᠤ ᠪᠠᠨ ᠲᠤᠮᠳᠠ ᠬᠢᠯᠠᠷᠠᠭᠤᠯᠵᠤ ᠶᠠᠪᠤᠭᠰᠠᠨ ᠢᠶᠠᠷ ︽ᠸᠠᠩ ᠤᠨ ᠪᠦᠬᠡ︾ ᠭᠡᠬᠦ ᠰᠠᠶᠢᠬᠠᠨ ᠠᠯᠳᠠᠷ ᠲᠠᠢ ᠪᠢᠯᠡ᠃ ᠲᠡᠷᠡ ᠤᠪᠤᠭ᠎ᠠ ᠬᠠᠭᠠᠨ ᠰᠦᠮ᠎ᠡ ᠳᠤ ᠨᠢᠭᠡᠨ ᠬᠤᠭᠤᠴᠠᠭ᠎ᠠ ᠯᠠᠮᠠ ᠰᠠᠭᠤᠵᠤ ᠨᠤᠮ ᠰᠣᠳᠣᠷ ᠤᠩᠰᠢᠵᠤ ᠶᠠᠪᠤᠭᠰᠠᠨ ᠢᠶᠠᠷ ᠢᠶᠠᠨ ︽ᠮᠠᠮᠠ ᠪᠦᠬᠡ︾ ᠭᠡᠵᠤ ᠴᠤᠯᠠᠯᠠᠨ ᠬᠡᠯᠡᠳᠡᠭ᠃      ᠠᠬᠠᠮᠠᠳ ᠨᠠᠰᠤᠳᠠᠨ ᠤ ᠬᠠᠭᠤᠴᠢᠯᠠᠬᠤ ᠪᠠᠷ ᠪᠦᠬᠡ ᠨᠠᠮᠰᠠᠷᠠᠢ ᠠᠯᠤᠰ ᠬᠤᠯᠠ ᠦᠵᠦᠮᠦᠴᠢᠨ ᠬᠤᠰᠢᠭᠤᠨ ᠳᠤ ᠤᠶᠢᠷ᠎ᠠ ᠰᠠᠳᠤᠨ ᠢᠶᠠᠨ ᠡᠷᠭᠢᠨ ᠦᠵᠡᠬᠦ ᠪᠠᠷ ᠶᠠᠪᠤᠭᠰᠠᠨ ᠭᠡᠨ᠎ᠡ᠃ ᠲᠡᠷᠡ ᠪᠠᠷ ᠠᠶᠠᠨ ᠵᠠᠮ ᠬᠦᠭᠡᠭᠡᠵᠤ ᠠᠳᠠᠷ ᠭᠡᠭᠡᠷ᠎ᠡ ᠡᠵᠡᠭᠦᠢ ᠲᠠᠯ᠎ᠠ ᠶᠢ ᠲᠤᠭᠤᠯᠵᠤ ᠵᠤᠷᠢᠭᠰᠠᠨ ᠭᠠᠵᠠᠷ ᠢᠶᠠᠨ ᠴᠢᠭᠯᠡᠵᠤ ᠶᠠᠪᠤᠭᠰᠠᠭᠠᠷ ᠦᠵᠦᠮᠦᠴᠢᠨ ᠬᠤᠰᠢᠭᠤᠨ ᠤ ᠬᠢᠵᠠᠭᠠᠷ ᠲᠤ ᠤᠷᠤᠵᠤ ᠨᠢᠭᠡᠨ ᠠᠶᠢᠯ ᠤᠨ ᠭᠠᠳᠠᠨ᠎ᠠ ᠬᠦᠷᠪᠡ᠃ ᠠᠶᠢᠯ ᠤᠨ ᠡᠭᠦᠳᠡᠨ ᠳᠤ ᠴᠠᠯ ᠪᠤᠭᠤᠷᠤᠯ ᠦᠰᠦ  ᠲᠠᠢ᠂ ᠮᠠᠩᠨᠠᠢ ᠲᠦᠭᠦᠷᠡᠩ ᠬᠤᠨᠢᠶᠠᠰᠤ ᠲᠠᠢ᠂ ᠨᠠᠷᠠ ᠰᠠᠯᠬᠢᠨ ᠳᠤ ᠬᠠᠷᠠᠯᠠᠵᠤ ᠪᠤᠷᠤᠯᠠᠨ ᠨᠢᠳᠤ ᠨᠢ ᠠᠯᠤᠰ ᠴᠠᠭᠠᠨ᠎ᠠ ᠬᠦᠩᠬᠦᠶᠢᠨ ᠰᠢᠩᠭᠡᠭᠰᠡᠨ ᠨᠠᠰᠤᠳᠠᠨ ᠬᠠᠰᠠᠭ ᠲᠡᠷᠭᠡ ᠰᠢᠭᠠᠵᠤ ᠪᠠᠶᠢᠭᠰᠠᠨ ᠲᠠᠢ ᠶᠠᠪ ᠴᠠᠪ ᠬᠠᠷᠭᠤᠵᠠᠢ᠃      ᠨᠠᠮᠰᠠᠷᠠᠢ ᠨᠠᠰᠤᠳᠠᠨ ᠳᠤ ᠠᠮᠤᠷ ᠠᠰᠠᠭᠤᠨ ᠰᠦᠬᠦᠷᠡᠵᠤ  ᠵᠤᠷᠴᠢᠵᠤ‌‍ᠶᠠᠪᠤᠭ᠎ᠠ ᠤᠴᠢᠷ ᠢᠶᠠᠨ ᠬᠡᠯᠡᠵᠤ ᠡᠷᠢᠵᠤ ᠶᠠᠪᠤᠭ᠎ᠠ ᠰᠠᠳᠤᠨ ᠢᠶᠠᠨ ᠰᠤᠷᠠᠭᠯᠠᠵᠠᠢ᠃ ᠨᠠᠰᠤᠳᠠᠨ ᠲᠡᠭᠦᠨ ᠤ ᠬᠡᠯᠡᠬᠦ ᠶᠢ ᠰᠤᠨᠤᠰᠴᠤ ᠤᠷᠤᠢ ᠠᠴᠠ ᠨᠢ ᠤᠯᠠ ᠳᠤ  ᠨᠢ ᠲᠤᠯᠳᠠᠯ᠎ᠠ ᠠᠵᠢᠭᠯᠠᠭᠠᠳ ᠢᠯᠠᠤ᠂ ᠲᠡᠩᠭᠡᠯᠢᠭ ᠢ ᠤᠭᠰᠠᠷᠠᠭᠰᠠᠨ ᠲᠡᠷᠭᠡ ᠶᠢᠨ ᠢᠶᠠᠨ ᠨᠠᠷᠢᠨ ᠦᠵᠦᠭᠦᠷ ᠠᠴᠠ ᠨᠢ ᠠᠳᠬᠤᠨ ᠠᠪᠴᠤ᠄      — ᠲᠡᠷᠳᠡᠭᠡ ᠬᠠᠷᠠᠭᠳᠠᠬᠤ ᠰᠢᠯᠢ ᠶᠢᠨ ᠴᠠᠭᠠᠨ᠎ᠠ ᠰᠤᠷᠠᠭᠯᠠᠵᠤ ᠶᠠᠪᠤᠭ᠎ᠠ ᠰᠠᠳᠤᠨ ᠴᠢᠨᠢ ᠪᠤᠢ᠂ ᠬᠡᠳᠦᠬᠡᠨ ᠠᠯᠬᠤᠮ ᠶᠠᠪᠤᠪᠠᠯ ᠬᠦᠷᠴᠢᠭᠡᠨᠡᠨ᠎ᠡ ᠭᠡᠵᠤ ᠠᠵᠢᠭ ᠴᠤ ᠦᠬᠡᠢ ᠠᠭᠤᠵᠢᠮᠬᠠᠨ ᠢᠨᠢᠶᠡᠵᠠᠢ᠃      ᠭᠠᠯ ᠵᠠᠯᠠᠭᠤ ᠶᠢᠨ ᠬᠦᠴᠦ ᠤᠮᠤᠭ᠂ ᠭᠠᠵᠠᠷ ᠪᠦᠬᠦᠨ ᠳᠤ ᠬᠦᠮᠦᠨ ᠤ ᠲᠤᠤᠷ᠎ᠠ ᠤᠷᠤᠭᠠᠳᠤᠢ ᠨᠠᠮᠰᠠᠷᠠᠢ ᠡᠪᠦᠭᠡᠨ ᠪᠤᠭᠤᠷᠤᠯ ᠤᠨ ᠪᠠᠶᠢᠳᠠᠯ ᠢ ᠬᠠᠷᠠᠭᠠᠳ ᠲᠤᠳᠤᠷ᠎ᠠ ᠨᠢ ᠪᠠᠭ᠋ᠠᠨ ᠬᠠᠷᠠᠰᠴᠤ᠂ ᠤᠭᠰᠠᠷᠠᠭᠰᠠᠨ ᠲᠡᠷᠭᠡ ᠶᠢᠨ ᠬᠢᠨᠢ ᠠᠷᠠᠯ ᠤᠨ ᠦᠵᠦᠭᠦᠷ ᠠᠴᠠ ᠨᠢ ᠠᠳᠬᠤᠨ ᠠᠯᠭᠤᠷᠬᠠᠨ ᠡᠷᠭᠦᠭᠡᠳ᠄      — ᠡᠨᠡᠤᠬᠡᠨ ᠳᠤ ᠬᠠᠷᠠᠭᠳᠠᠬᠤ ᠰᠢᠯᠢ ᠶᠢᠨ ᠬᠤᠳᠤᠭᠤᠷ ᠤᠤ︖ ᠨᠢᠭᠡ ᠯᠡ ᠠᠯᠬᠤᠪᠠᠯ ᠤᠴᠢᠬᠤ ᠭᠠᠵᠠᠷ ᠰᠢᠳᠡ ᠭᠡᠵᠤ ᠡᠷᠡᠤ ᠪᠠᠨ ᠲᠤᠬᠢᠭᠰᠠᠨ ᠳᠤ ᠨᠠᠰᠤᠳᠠᠨ ᠬᠡᠴᠡᠭᠦᠦ ᠰᠤᠴᠢᠨ ᠭᠠᠶᠢᠬᠠᠭᠰᠠᠨ ᠪᠤᠯᠪᠠᠴᠤ ᠭᠠᠳᠠᠷ ᠪᠠᠶᠢᠳᠠᠯ  ᠳᠤ ᠪᠠᠨ ᠦ ᠰᠡᠪ ᠮᠡᠳᠡᠭᠳᠡᠯ ᠦᠭᠡᠢ ᠪᠠᠷ ︽ᠡᠨᠡ ᠬᠦᠦ ᠴᠤ ᠬᠢᠷᠢ ᠪᠠᠷᠤᠭ ᠤᠨ ᠡᠷ᠎ᠡ ᠪᠢᠰᠢ᠂ ᠬᠡᠴᠡᠬᠦᠦ ᠶᠠᠰᠤ ᠴᠢᠩᠭ᠎ᠠ ᠪᠠᠶᠢᠨ᠎ᠠ ᠳ᠋ᠠ︾ ᠭᠡᠵᠤ ᠪᠤᠳᠤᠭᠰᠠᠨ ᠢᠶᠠᠨ᠄      — ᠭᠡᠷ ᠲᠤ ᠤᠷᠤᠭᠠᠳ ᠵᠤᠭᠤᠭᠳᠠᠶ᠎ᠠ︕ ᠭᠡᠵᠠᠢ᠃      ᠨᠠᠮᠰᠠᠷᠠᠢ ᠭᠡᠷ ᠲᠤ ᠨᠢ ᠤᠷᠤᠬᠤ ᠳᠤ ᠨᠠᠰᠤᠳᠠᠨ ᠴᠠᠢ ᠠᠶᠠᠭᠠᠯᠠᠵᠤ ᠠᠶᠢᠷᠠᠭ ᠲᠠᠷᠠᠭ ᠢᠶᠠᠷ ᠵᠤᠴᠢᠯᠠᠵᠤ᠄      — ᠬᠦᠦ ᠮᠢᠨᠢ ᠬᠦᠨᠳᠡᠯᠡᠨ ᠭᠠᠵᠠᠷ ᠬᠦᠮᠦᠨ ᠤ ᠵᠠᠷᠤᠳᠠᠯ ᠳᠤ ᠢᠷᠡᠪᠡ ᠤᠤ︖ ᠡᠰᠡᠬᠦᠯ᠎ᠡ ᠬᠦᠴᠦ ᠬᠦᠯᠦᠰᠦ ᠬᠢᠬᠦ ᠪᠠᠷ ᠶᠠᠪᠤᠭ᠎ᠠ ᠤᠤ︖ ᠭᠡᠵᠤ ᠤᠴᠢᠷ ᠢ ᠮᠡᠳᠡᠬᠦ ᠪᠠᠷ ᠲᠤᠭᠤᠷᠢᠭᠤᠯᠤᠨ ᠠᠰᠠᠭᠤᠬᠤ ᠳᠤ  ᠯᠠᠪᠳᠠᠭᠤᠨ ᠰᠠᠭᠤᠵᠤ ᠲᠡᠨᠢᠬᠦᠬᠡᠨ ᠬᠠᠷᠠᠬᠤ ᠨᠠᠮᠰᠠᠷᠠᠢ᠄      — ᠰᠠᠳᠤᠨ ᠲᠦᠷᠦᠯ ᠢᠶᠠᠨ ᠡᠷᠭᠢᠨ ᠦᠵᠡᠭᠡᠳ ᠰᠠᠶᠢᠨ ᠪᠦᠬᠡ ᠬᠠᠷᠭᠤᠪᠠᠯ ᠱᠠᠪᠢ ᠤᠷᠤᠬᠤ ᠰᠠᠨᠠᠭ᠎ᠠ ᠲᠠᠢ ᠭᠡᠵᠤ ᠪᠤᠳᠤᠯ ᠤᠨ ᠦᠭᠡ ᠪᠠᠨ ᠨᠢᠭᠤᠯ ᠦᠭᠡᠢ ᠬᠡᠯᠡᠪᠡ᠃      ᠡᠨᠡ ᠦᠭᠡ ᠨᠢ ᠨᠠᠮᠰᠠᠷᠠᠢ ᠶᠢᠨ ᠵᠢᠰᠤ ᠲᠦᠯᠦᠪ᠂ ᠪᠡᠶ᠎ᠡ ᠪᠢᠯᠳᠠᠷ᠂ ᠬᠦᠴᠦᠨ ᠴᠢᠳᠠᠯ ᠢ ᠪᠠᠭ᠋ᠠᠷᠬᠠᠵᠤ ᠪᠠᠶᠢᠭᠰᠠᠨ ᠨᠠᠰᠤᠳᠠᠨ ᠤ ︽ᠬᠦᠦ ᠶᠢ ᠴᠢᠳᠠᠪᠠᠯ ᠭᠡᠷ ᠲᠤ ᠪᠠᠨ ᠦᠯᠡᠳᠡᠭᠡᠵᠤ ᠠᠪᠤᠶ᠎ᠠ︾ ᠭᠡᠬᠦ ᠪᠤᠳᠤᠯ ᠲᠠᠢ ᠨᠡᠶᠢᠴᠡᠭᠰᠡᠨ ᠳᠤ᠄      — ᠬᠠᠢ᠂ ᠬᠦᠦ ᠮᠢᠨᠢ ᠬᠦᠮᠦᠨ ᠤ ᠭᠠᠵᠠᠷ ᠤᠨ ᠪᠦᠬᠡᠴᠤᠳ ᠢ ᠬᠠᠶᠠᠬᠤ ᠶᠢ ᠪᠤᠦ ᠰᠠᠨᠠ᠂ ᠡᠪᠦᠭᠡᠨ ᠤ ᠭᠠᠭᠴᠠᠬᠠᠨ ᠬᠡᠤᠬᠡᠨ ᠢ ᠤᠶᠢᠴᠢᠭᠤᠯᠬᠤ ᠳᠤ ᠴᠦ ᠪᠡᠷᠬᠡ ᠳ᠋ᠠ ᠭᠡᠵᠤ ᠶᠤᠷᠤ ᠲᠠᠢ ᠦᠭᠡ ᠬᠡᠯᠡᠵᠤ ᠬᠤᠷᠤ ᠶᠢ ᠨᠢ ᠬᠦᠷᠭᠡᠵᠠᠢ᠃ ᠠᠩᠬ᠎ᠠ ᠤᠴᠠᠷᠠᠩᠭᠤᠳᠠ ᠠᠷᠠᠯᠳᠤ ᠲᠡᠷᠭᠡ ᠶᠢ ᠡᠷᠭᠦᠨ ᠠᠰ ᠤᠨ ᠪᠡᠶ᠎ᠡ ᠶᠢ ᠨᠢ ᠠᠷᠠᠢ ᠬᠦᠮᠦᠨ ᠢᠶᠠᠷ ᠦᠵᠡᠬᠦ ᠦᠭᠡᠢ ᠭᠡᠮᠡᠷ ᠵᠠᠩᠨᠠᠵᠤ ᠪᠠᠶᠢᠭᠰᠠᠨ ᠨᠠᠰᠤᠳᠠᠨ ᠤᠳᠤ ᠪᠠᠰᠠ ᠡᠶᠢᠮᠤ ᠦᠭᠡ ᠬᠡᠯᠡᠬᠦᠯᠡᠷ ᠨᠠᠮᠰᠠᠷᠠᠢ ᠶᠢᠨ ᠲᠤᠳᠤᠷ᠎ᠠ ᠵᠢᠷᠢᠰᠬᠢᠨ ᠨᠠᠰᠣᠳᠠᠨ ᠲᠠᠢ ᠢᠯᠡᠬᠦᠦ ᠦᠭᠡ ᠬᠡᠯᠡᠯᠴᠡᠬᠦ ᠨᠢ ᠮᠤᠷᠠᠯ ᠦᠭᠡᠢ ᠤᠴᠢᠷ ᠪᠤᠯᠬᠤ ᠲᠤᠯᠠ ᠪᠡᠶ᠎ᠡ  ᠪᠠᠨ ᠲᠠᠷᠤᠰᠬᠢᠨ ᠬᠡᠤᠬᠡᠨ ᠢ ᠨᠢ ᠰᠤᠷᠠᠭᠯᠠᠵᠠᠢ᠃      ᠨᠠᠰᠤᠳᠠᠨ ᠪᠤᠯ ᠦᠵᠦᠮᠦᠴᠢᠨ ᠬᠤᠰᠢᠭᠤᠨ ᠳᠤ ᠴᠤᠤᠳᠠᠢ ᠠᠪᠤᠷᠭᠤ ᠪᠦᠬᠡ ᠠᠵᠢ᠃ ᠦᠷ᠎ᠡ ᠶᠢᠨ ᠭᠠᠭᠴᠠ ᠬᠡᠤᠬᠡᠨ ᠢᠶᠠᠨ ᠦᠬᠡ ᠬᠡᠯᠡ ᠳᠤ ᠤᠷᠤᠮᠠᠭᠴᠠ ᠪᠦᠬᠡ ᠶᠢᠨ ᠶᠤᠰᠤ ᠶᠢ ᠰᠤᠷᠭᠠᠨ ᠠᠷᠭ᠎ᠠ ᠮᠡᠭᠡ ᠶᠢ ᠨᠢ ᠵᠢᠭᠠᠵᠤ᠂ ᠴᠢᠳᠠᠯ ᠬᠦᠴᠦ ᠶᠢ ᠨᠢ ᠲᠠᠪᠳᠠᠵᠠᠢ᠃ ᠤᠳᠤ ᠬᠡᠤᠬᠡᠨ ᠨᠢ ᠠᠷᠪᠠᠨ ᠲᠤᠯᠤᠭ᠎ᠠ ᠬᠦᠷᠴᠦ ᠤᠶᠢᠷ᠎ᠠ ᠬᠠᠪᠢ ᠶᠢᠨ ᠵᠠᠯᠠᠭᠤᠴᠤᠳ᠂ ᠬᠡᠤᠬᠡᠨᠴᠣᠳ ᠲᠠᠢ ᠨᠤᠴᠤᠯᠳᠤᠪᠠᠯ ᠭᠠᠷ ᠤᠨ ᠠᠶ᠎ᠠ ᠪᠠᠷ ᠰᠢᠷᠣᠶᠢᠳᠣᠭᠤᠯᠵᠤ᠂ ᠨᠡᠷ᠎ᠡ ᠴᠤᠤᠳᠠᠢ ᠪᠦᠬᠡ  ᠶᠢ ᠴᠦ ᠨᠢᠬᠡ ᠬᠤᠶᠠᠷ ᠤᠶᠢᠴᠢᠭᠤᠯᠤᠨ ᠪᠠᠷᠤᠭ ᠤᠨ ᠬᠦᠮᠦᠨ ᠲᠡᠶᠢᠯᠬᠦ ᠳᠤ ᠪᠡᠷᠬᠡ ᠪᠤᠯᠵᠠᠢ᠃      ᠨᠠᠮᠰᠠᠷᠠᠢ ᠬᠡᠤᠬᠡᠨ ᠲᠠᠢ ᠨᠢ ᠪᠠᠷᠢᠯᠳᠤᠭᠰᠠᠨ ᠳᠤ ᠴᠢᠳᠠᠯ ᠬᠦᠴᠦᠨ ᠢᠶᠠᠷ ᠲᠡᠩᠴᠡᠳᠡᠭ ᠪᠤᠯᠪᠠᠴᠤ ᠠᠷᠭ᠎ᠠ ᠮᠡᠭᠡ  ᠨᠢ ᠬᠡᠴᠡᠭᠦᠦ᠂ ᠤᠬᠠᠭᠠᠨ ᠬᠦᠯ ᠢ ᠨᠢ ᠤᠯᠬᠤ ᠳᠤ ᠪᠡᠷᠬᠡ ᠪᠠᠶᠢᠯ᠎ᠠ᠃ ᠡᠶᠢᠨ ᠬᠦ ᠨᠠᠰᠤᠳᠠᠨ ᠳᠤ᠄      — ᠬᠦᠴᠦ ᠴᠢᠳᠠᠯ ᠮᠢᠨᠢ ᠲᠠᠪᠠᠭᠤ ᠴᠦ ᠬᠦᠯ ᠤᠨ ᠡᠷᠳᠡᠮ ᠲᠠᠭ᠂ ᠨᠠᠰᠤᠳᠠᠨ ᠲᠠᠨ ᠢ ᠪᠠᠭᠰᠢ ᠪᠠᠷᠢᠶ᠎ᠠ ᠭᠡᠪᠡᠯ ᠤᠤᠯ ᠠᠴᠠ ᠪᠠᠨ ᠲᠤᠳᠤᠷ᠎ᠠ ᠪᠠᠨ ᠲᠤᠭ᠎ᠠ ᠲᠠᠢ ᠲᠤᠯᠠ ᠬᠦᠦ ᠶᠢᠨ ᠬᠦᠰᠡᠯ ᠢ ᠵᠦᠪᠰᠢᠶᠡᠷᠡᠵᠠᠢ᠃ᠨᠠᠰᠤᠳᠠᠨ ᠢᠶᠠᠷ ᠪᠠᠭᠰᠢ ᠪᠠᠷᠢᠭᠰᠠᠨ ᠲᠡᠷᠡ ᠪᠠᠷ ᠡᠳᠦᠷ ᠪᠦᠷᠢ ᠪᠠᠷᠢᠳᠠᠯ ᠬᠢᠳᠡᠯ ᠢᠶᠠᠨ ᠰᠤᠷᠢᠵᠤ᠂ ᠨᠠᠰᠤᠳᠠᠨ ᠤ ᠰᠤᠷᠭᠠᠯ ᠢᠶᠠᠷ ᠬᠡᠤᠬᠡᠨ ᠲᠠᠢ ᠨᠢ ᠪᠠᠷᠢᠯᠳᠤᠵᠤ ᠬᠡᠳᠦᠨ ᠵᠢᠯ ᠤᠨ ᠪᠤᠯᠪᠠᠰᠤᠷᠠᠯ ᠢᠶᠠᠷ ᠬᠦᠴᠦ ᠡᠷᠳᠡᠮ ᠢᠶᠠᠨ ᠲᠠᠪᠳᠠᠵᠤ ᠴᠠᠭᠠᠷᠠᠭᠰᠠᠨ ᠢᠶᠠᠷ ᠢᠳᠡᠭᠡᠯ ᠬᠠᠶᠢᠷ᠎ᠠ ᠶᠢ ᠨᠢ ᠤᠯᠵᠤ᠂ ᠬᠡᠤᠬᠡᠨ ᠲᠠᠢ ᠨᠢ ᠬᠤᠷᠢᠮᠯᠠᠨ ᠠᠶᠢᠯ ᠭᠡᠷ ᠪᠤᠯᠤᠯᠴᠠᠵᠤ᠂ ᠵᠤᠷᠢᠭᠰᠠᠨ ᠢᠶᠠᠨ ᠪᠡᠶᠡᠯᠡᠬᠦᠯᠦᠨ ᠤᠭ ᠨᠤᠳᠤᠭ ᠠᠷᠤ ᠬᠤᠷᠴᠢᠨ ᠳᠤ ᠪᠠᠨ ᠪᠤᠴᠠᠨ ᠢᠷᠡᠭᠰᠡᠨ ᠭᠡᠨ᠎ᠡ᠃      ᠨᠠᠮᠰᠠᠷᠠᠢ ᠶᠢᠨ ᠡᠷᠳᠡᠮ ᠬᠦᠴᠦ ᠬᠤᠤᠰᠯᠠᠨ ᠭᠠᠵᠠᠷ ᠪᠦᠬᠦᠨ ᠤ ᠤᠴᠠᠷᠠᠭᠰᠠᠨ ᠪᠦᠬᠦᠨ ᠢ ᠤᠶᠢᠴᠢᠭᠤᠯᠵᠤ ᠨᠠᠶᠢᠷ ᠤᠨ ᠱᠠᠩ ᠢ ᠢᠳᠡᠭᠡᠳ ᠸᠠᠩ ᠨᠤᠶᠠᠨ ᠤ ᠬᠠᠶᠢᠷ᠎ᠠ ᠶᠢ ᠤᠯᠤᠭᠰᠠᠨ ᠢᠶᠠᠷ ︽ᠬᠤᠰᠢᠭᠤ ᠪᠦᠬᠡ︾ ᠡᠷᠭᠦᠮᠵᠢᠯᠡᠭᠳᠡᠵᠠᠢ᠃      ᠨᠢᠭᠡᠨ ᠵᠤᠨ᠂ ᠦᠵᠦᠮᠦᠴᠢᠨ ᠸᠠᠩ ᠠᠴᠠ ᠦᠪᠡᠳᠡᠭᠰᠢ ᠨᠠᠶᠢᠷ ᠬᠢᠬᠦ ᠪᠠᠷ ᠠᠷᠤ ᠦᠪᠦᠷ ᠤᠨ ᠬᠤᠰᠢᠭᠤᠳ ᠤᠨ ᠸᠠᠩ ᠭᠦᠩ᠂ ᠪᠠᠶᠠᠳ ᠴᠤᠤᠳᠠᠳ ᠲᠤ ᠤᠷᠢᠯᠭ᠎ᠠ ᠢᠯᠡᠭᠡᠨ ᠵᠠᠯᠠᠯᠭ᠎ᠠ ᠲᠠᠯᠪᠢᠪᠠ᠃ ᠪᠦᠬᠡ ᠨᠠᠮᠰᠠᠷᠠᠢ ᠴᠦ ᠬᠤᠰᠢᠭᠤ ᠨᠤᠳᠤᠭ ᠢᠶᠠᠨ ᠲᠦᠯᠦᠭᠡᠯᠡᠨ ᠨᠠᠶᠢᠷ ᠤᠨ ᠲᠠᠯᠠᠪᠠᠢ ᠳᠤ ᠤᠷᠤᠭᠰᠠᠨ ᠭᠡᠨ᠎ᠡ᠃ ᠸᠠᠩ ᠤᠨ ᠨᠠᠶᠢᠷ ᠬᠦᠭᠵᠢᠶᠡᠨ ᠲᠠᠢ ᠶᠠᠪᠤᠭᠳᠠᠨ ᠬᠡᠳᠦᠨ ᠡᠳᠦᠷ ᠦᠷᠭᠦᠯᠵᠢᠯᠡᠵᠤ᠂ ᠴᠢᠳᠠᠯ ᠬᠦᠴᠦ ᠪᠠᠨ ᠰᠢᠯᠭᠠᠯᠴᠠᠭᠰᠠᠨ ᠪᠦᠬᠡᠴᠤᠳ ᠬᠡᠨ ᠠᠯᠢᠨ ᠢᠶᠠᠨ ᠬᠠᠶᠠᠵᠤ ᠨᠤᠭᠤᠯᠤᠭ᠎ᠠ ᠲᠠᠪᠠᠭᠰᠠᠭᠠᠷ ᠦᠵᠦᠮᠦᠴᠢᠨ ᠸᠠᠩ ᠤᠨ ᠪᠦᠬᠡ᠂ ᠨᠠᠮᠰᠠᠷᠠᠢ ᠬᠤᠶᠠᠭᠤᠯᠠ ᠲᠡᠷᠢᠬᠦᠨ ᠲᠡᠳ᠋ ᠢ ᠲᠡᠮᠡᠴᠡᠯᠳᠦᠬᠦ ᠪᠤᠯᠪᠠ᠃      ᠨᠠᠶᠢᠷ ᠤᠨ ᠲᠠᠯᠠᠪᠠᠢ ᠨᠠᠷᠭᠢᠨ ᠲᠦᠷᠭᠢᠯᠳᠦᠵᠦ᠂ ᠬᠤᠷᠠᠭᠰᠠᠨ ᠤᠯᠠᠨ ᠪᠤᠴᠠᠯᠤᠨ ᠦᠢᠮᠡᠯᠳᠦᠵᠤ᠂ ᠬᠦᠴᠦᠨ ᠴᠢᠳᠠᠯ᠂ ᠠᠷᠭ᠎ᠠ ᠮᠡᠭᠡ ᠲᠡᠩᠴᠡᠯᠳᠦᠭᠰᠡᠨ ᠬᠤᠶᠠᠷ ᠪᠦᠬᠡ ᠶᠢ ᠭᠠᠶᠢᠬᠠᠯᠳᠤᠨ ᠬᠤᠪᠢ ᠬᠤᠪᠢᠨ ᠤ ᠪᠠᠨ ᠨᠤᠳᠤᠭ ᠤᠰᠤᠨ ᠤ ᠪᠠᠨ ᠲᠦᠯᠦᠭᠡ ᠵᠢᠳᠬᠦᠯᠴᠡᠨ᠎ᠡ᠃ ᠨᠠᠮᠰᠠᠷᠠᠢ ᠦᠵᠦᠮᠦᠴᠢᠨ ᠪᠦᠬᠡ ᠲᠠᠢ ᠬᠠᠭᠠᠰ ᠡᠳᠦᠷ ᠨᠤᠴᠤᠯᠳᠤᠨ ᠬᠠᠶᠠᠵᠤ ᠬᠠᠶᠠᠭᠳᠠᠬᠤ ᠢᠯᠭᠠᠭᠤᠷᠢ ᠭᠠᠷᠬᠤ ᠦᠭᠡᠢ ᠲᠤᠯᠠ ᠨᠠᠶᠢᠷ ᠡᠷᠬᠢᠯᠡᠭᠴᠢ ᠠᠴᠠ ᠵᠠᠷᠯᠢᠭ ᠪᠠᠭᠤᠯᠭᠠᠨ ᠬᠤᠶᠠᠷ ᠪᠦᠬᠡ ᠳᠤ ᠴᠠᠢ ᠤᠰᠤ ᠶᠢ ᠤᠤᠭᠤᠯᠭᠠᠨ ᠬᠦᠯᠦᠰᠤ ᠶᠢ ᠨᠢ ᠰᠡᠪᠬᠢᠭᠡᠯᠭᠡᠬᠦ ᠶᠢ ᠵᠠᠷᠯᠠᠯ᠎ᠠ᠃ ᠪᠦᠬᠡ ᠨᠠᠮᠰᠠᠷᠠᠢ ᠮᠠᠶᠢᠬᠠᠨ  ᠳᠤ ᠪᠠᠨ ᠢᠷᠡᠵᠤ ᠴᠠᠢ ᠤᠤᠭᠤᠨ ᠬᠦᠯᠦᠰᠤ ᠪᠠᠨ ᠰᠡᠪᠬᠢᠬᠦ ᠵᠠᠭᠤᠷ᠎ᠠ ᠬᠠᠮᠳᠤ ᠶᠠᠪᠤᠭᠰᠠᠳ ᠲᠤ ᠪᠠᠨ᠄      — ᠰᠠᠶ᠋ᠢ ᠶᠢᠨ ᠪᠦᠬᠡ ᠬᠡᠴᠡᠭᠦᠦ ᠡᠷ᠎ᠡ ᠳ᠋ᠠ᠂ ᠬᠤᠵᠢᠮ ᠬᠡᠨ ᠴᠦ ᠲᠠᠷᠤᠩᠭᠤᠶᠢᠯᠠᠵᠤ ᠴᠢᠳᠠᠬᠤ ᠦᠬᠡᠢ ᠪᠦᠬᠡ ᠪᠤᠯᠬᠤ ᠨᠢ ᠭᠡᠪᠡᠯ ᠨᠦᠬᠦᠬᠡᠳᠡᠬᠦᠯ ᠤᠳ ᠨᠢ᠄      — ᠶᠠᠮᠠᠷ ᠠᠷᠭ᠎ᠠ ᠪᠠᠶᠢᠬᠤ ᠪᠤᠢ︖ ᠭᠡᠵᠤ ᠰᠠᠨᠳᠤᠷᠤᠨ ᠠᠰᠠᠭᠤᠨ᠎ᠠ᠃ ᠴᠠᠢ ᠪᠠᠨ ᠤᠤᠭᠤᠬᠤ ᠨᠠᠮᠰᠠᠷᠠᠢ᠄      — ᠨᠢᠭᠡ ᠯᠠ ᠠᠷᠭ᠎ᠠ ᠪᠤᠢ᠂ ᠡᠨᠡ ᠠᠷᠭ᠎ᠠ ᠠᠴᠠ ᠦᠭᠡᠷ᠎ᠡ ᠵᠠᠮ ᠦᠬᠡᠢ ᠭᠡᠵᠤ ᠬᠦᠮᠦᠰᠭᠡ ᠠᠳᠤᠷᠢᠨ᠎ᠠ᠃      — ᠶᠠᠮᠠᠷ ᠠᠷᠭ᠎ᠠ ᠶᠤᠮ︖ ᠪᠤᠰᠢᠭᠤ ᠬᠡᠯᠡ ᠭᠡᠵᠤ ᠲᠤᠭᠤᠷᠢᠨ ᠰᠠᠭᠤᠭᠰᠠᠳ ᠨᠢ ᠤᠬᠤᠴᠢᠯᠠᠪᠠᠯ ᠨᠠᠮᠰᠠᠷᠠᠢ ᠬᠦᠯᠦᠰᠦ ᠪᠠᠨ ᠵᠦᠯᠬᠦᠬᠡᠳ᠄      — ᠲᠡᠭᠦᠨ ᠢ ᠰᠠᠪᠠᠵᠤ ᠠᠯᠠᠶ᠎ᠠ ᠭᠡᠵᠤ ᠰᠢᠳᠤ ᠪᠠᠨ ᠵᠠᠭᠤᠨ᠎ᠠ᠃      — ᠲᠡᠭᠡᠭᠡᠳ ᠪᠤᠯᠬᠤ ᠤᠤ︖ ᠭᠡᠪᠡᠯ ᠭᠡᠩ ᠭᠡᠵᠤ ᠣᠷᠲᠣᠬᠠᠨ ᠠᠮᠢᠰᠬᠤᠭᠰᠠᠨ ᠨᠠᠮᠰᠠᠷᠠᠢ᠄      — ᠪᠤᠯᠤᠯ ᠦᠭᠡᠢ ᠶᠠᠭᠠᠬᠢᠬᠤᠪ᠂ ᠪᠢ ᠲᠡᠭᠦᠨ ᠢ ᠰᠠᠪᠠᠵᠤ ᠠᠯᠠᠭᠰᠠᠭᠠᠷ ᠭᠡᠳᠡᠷᠬᠦ ᠰᠠᠪᠠᠨ ᠤᠨᠠᠵᠤ ᠦᠬᠦᠭᠰᠡᠨ ᠢᠶᠠᠷ ᠤᠪᠯᠠᠶ᠎ᠠ᠂ ᠲᠠᠨᠤᠰ ᠨᠠᠮᠠᠢᠢ ᠲᠦᠷᠭᠡᠨ ᠲᠠᠮᠨᠠᠵᠤ ᠠᠪᠴᠢᠷᠠ ᠭᠡᠵᠠᠢ᠃      ᠨᠠᠶᠢᠷ ᠤᠨ ᠤᠯᠠᠨ ᠲᠦᠷᠬᠢᠯᠳᠦᠨ ᠨᠠᠮᠰᠠᠷᠠᠢ ᠬᠢᠬᠡᠳ ᠦᠵᠦᠮᠦᠴᠢᠨ ᠤ ᠵᠠᠯᠠᠭᠤ ᠪᠦᠬᠡ ᠨᠤᠴᠤᠯᠳᠤᠨ ᠡᠬᠢᠯᠡᠪᠡ᠃ ᠬᠦᠴᠦ ᠴᠢᠳᠠᠯ ᠲᠡᠩᠴᠡᠭᠰᠡᠨ ᠪᠦᠬᠡ ᠬᠡᠨ ᠠᠯᠢᠨ ᠢᠶᠠᠨ ᠵᠤᠳᠤᠭ ᠠᠪᠤᠭᠤᠯᠤᠯ ᠦᠬᠡᠢ ᠪᠠᠷ ᠨᠡᠯᠢᠶᠠᠳ ᠤᠳᠠᠰᠬᠢᠪᠠ᠃ ᠨᠠᠮᠰᠠᠷᠠᠢ ᠦᠨᠦ ᠪᠦᠬᠡ ᠶᠢ ᠬᠡᠨᠡᠳᠳᠡ ᠰᠢᠭᠦᠷᠡᠨ ᠠᠪᠴᠤ ᠨᠢᠳᠤ ᠴᠠᠪᠴᠢᠷᠠᠬᠢᠯᠠᠬᠤ ᠵᠠᠭᠤᠷ᠎ᠠ ᠰᠠᠪᠠᠵᠤ ᠠᠯᠠᠭᠠᠳ ᠦᠪᠡᠷ ᠢᠶᠠᠨ ᠴᠦ ᠭᠡᠳᠡᠷᠭᠦ ᠰᠠᠪᠠᠵᠤ ᠤᠨᠠᠭᠠᠳ ᠦᠬᠦᠭᠰᠡᠨ ᠢᠶᠠᠷ ᠤᠪᠯᠠᠪᠠ᠃      ᠨᠠᠶᠢᠷ ᠤᠨ ᠤᠯᠠᠨ ᠦᠢᠮᠡᠯᠳᠤᠨ ᠠᠮᠠ ᠪᠠᠨ ᠪᠢᠳᠡᠭᠦᠯᠡᠨ᠎ᠡ᠃ ᠬᠠᠮᠳᠤ ᠤᠴᠢᠭᠰᠠᠳ ᠨᠢ ᠨᠠᠮᠰᠠᠷᠠᠢ ᠶᠢᠨ ᠬᠡᠯᠡᠭᠰᠡᠨ ᠶᠣᠰᠣᠭᠠᠷ ᠨᠢ ᠨᠠᠶᠢᠷ ᠤᠨ ᠲᠠᠯᠠᠪᠠᠢ ᠠᠴᠠ ᠲᠦᠷᠭᠡᠭᠡᠨ ᠲᠠᠮᠨᠠᠨ ᠭᠠᠷᠴᠤ ᠢᠷᠡᠵᠠᠢ᠃ ᠠᠩᠬ᠎ᠠ ᠡᠷᠳᠡ ᠳᠤ  ᠪᠠᠨ ᠠᠯᠢ ᠭᠠᠵᠠᠷ ᠴᠦ ᠭᠡᠰᠡᠨ ᠬᠠᠮᠢᠶ᠎ᠠ ᠦᠭᠡᠢ ᠬᠤᠶᠠᠷ ᠪᠦᠬᠡ ᠪᠠᠷᠢᠯᠳᠤᠵᠤ ᠪᠠᠶᠢᠭᠠᠳ ᠠᠮᠢ ᠨᠢ ᠲᠠᠰᠤᠷᠠᠪᠠᠯ ᠪᠦᠬᠡ  ᠶᠢᠨ ᠡᠳᠡᠭᠡᠳ ᠲᠤᠰᠪᠤᠷᠢ ᠨᠢᠬᠡᠨ ᠪᠤᠬ᠎ᠠ ᠬᠦᠳᠦᠯᠦᠨ ᠢᠷᠡᠵᠤ ᠠᠳᠡᠭᠰᠡᠨ ᠨᠢᠭᠡᠨ ᠤ ᠬᠢᠨᠢ ᠠᠮᠢ ᠶᠢ ᠨᠢ ᠲᠦᠯᠦᠵᠤ ᠦᠷᠦᠭᠡᠰᠦᠨ ᠭᠤᠳᠤᠯ ᠢ ᠨᠢ ᠰᠤᠯᠢᠨ ᠠᠪᠴᠤ ᠵᠠᠰᠠᠭ ᠶᠠᠮᠤᠨ ᠤ ᠭᠠᠵᠠᠷ ᠬᠠᠳᠠᠭᠠᠯᠠᠨ ᠭᠡᠷᠡᠴᠢ ᠪᠤᠯᠭᠠᠪᠠᠯ ᠶᠠᠮᠠᠷ ᠴᠦ ᠤᠴᠢᠷ ᠶᠠᠪᠤᠳᠠᠯ ᠦᠬᠡᠢ ᠭᠡᠨ᠎ᠡ᠃ ᠮᠦᠨ ᠡᠨᠡ ᠶᠣᠰᠣ ᠪᠠᠷ ᠪᠦᠬᠡ ᠶᠢᠨ ᠡᠳᠡᠭᠡᠳ ᠪᠤᠬ᠎ᠠ ᠪᠠᠨ ᠬᠦᠳᠦᠯᠦᠨ ᠢᠷᠡᠵᠤ ᠨᠠᠶᠢᠷ ᠤᠨ ᠵᠠᠰᠠᠭ ᠲᠤ ᠲᠤᠰᠢᠶᠠᠨ ᠦᠷᠦᠭᠡᠰᠦᠨ ᠭᠤᠳᠤᠯ ᠢ ᠨᠢ ᠰᠤᠯᠢᠨ ᠠᠪᠴᠤ ᠬᠡᠷᠡᠭ ᠤᠴᠢᠷ ᠢ ᠲᠠᠭᠤᠰᠬᠠᠵᠠᠢ᠃      ᠲᠡᠭᠦᠨ ᠠᠴᠠ ᠬᠤᠶᠢᠰᠢ ᠨᠠᠮᠰᠠᠷᠠᠢ ᠶᠢᠨ ᠲᠤᠬᠠᠢ ᠦᠯᠢᠭᠡᠷ ᠲᠤᠮᠤᠭ ᠰᠢᠭ᠋ ᠵᠤᠭᠤᠭ ᠬᠡᠳᠦᠨ ᠬᠤᠰᠢᠭᠤ ᠪᠠᠷ ᠲᠡᠯᠭᠡᠷᠡᠵᠠᠢ᠃ ᠨᠠᠮᠰᠠᠷᠠᠢ ᠸᠠᠩ ᠤᠨ ᠪᠦᠬᠡ ᠶᠢ ᠰᠠᠪᠠᠵᠤ᠂ ᠦᠪᠡᠷ ᠢᠶᠠᠨ ᠦᠬᠦᠭᠰᠡᠨ ᠢᠶᠠᠷ ᠤᠪᠯᠠᠨ ᠭᠡᠷ ᠡᠷᠦᠬᠡ ᠳᠤ  ᠪᠠᠨ ᠲᠡᠭᠡᠭᠡᠭᠳᠡᠨ ᠢᠷᠡᠭᠡᠳ ᠨᠠᠶᠢᠷ ᠤᠨ ᠲᠠᠯᠠᠪᠠᠢ ᠳᠤ ᠬᠦᠯ ᠭᠢᠰᠭᠢᠯ ᠦᠭᠡᠢ ᠬᠡᠳᠦᠨ ᠵᠢᠯ ᠰᠠᠨᠠᠭ᠎ᠠ ᠠᠮᠤᠷ ᠠᠵᠤ ᠲᠦᠷᠦᠨ ᠰᠠᠭᠤᠵᠠᠢ᠃      ᠭᠡᠳᠡᠯ᠎ᠡ ᠦᠵᠦᠮᠦᠴᠢᠨ ᠤ ᠭᠠᠵᠠᠷ ᠬᠤᠶᠢᠬ᠎ᠠ ᠶᠢᠨ ᠦᠰᠦ ᠪᠤᠰᠬᠠᠮᠠᠷ ᠬᠠᠴᠢᠨ ᠶᠠᠷᠢᠶ᠎ᠠ ᠲᠡᠯᠭᠡᠷᠡᠨ ᠵᠢᠷᠦᠬᠡ ᠪᠠᠭ᠎ᠠ ᠬᠦᠮᠦᠨ ᠡᠳᠦᠷ ᠢᠶᠠᠷ ᠶᠠᠪᠤᠬᠤ ᠳᠤ ᠠᠶᠤᠬᠤ ᠪᠤᠯᠪᠠ᠃ ᠨᠠᠮᠰᠠᠷᠠᠢ ᠳᠤ ᠰᠠᠪᠠᠭᠳᠠᠨ ᠦᠬᠦᠭᠰᠡᠨ ᠦᠨᠦ ᠪᠦᠬᠡ  ᠨᠢ ᠪᠤᠭ ᠪᠦᠳᠦᠨ ᠰᠦᠨᠢ ᠪᠦᠷᠢ ᠦᠵᠦᠮᠦᠴᠢᠨ ᠸᠠᠩ ᠤᠨ ᠤᠷᠳᠤᠨ ᠳᠤ ᠬᠦᠷᠴᠦ ᠡᠳᠡᠭᠡᠳ ᠬᠠᠴᠢᠨ ᠢᠶᠠᠷ ᠤᠭᠢᠯᠠᠨ ᠲᠠᠭᠤᠯᠠᠵᠤ ᠬᠢᠯᠢᠰ ᠢᠶᠠᠷ ᠦᠬᠦᠭᠰᠡᠨ ᠢᠶᠠᠨ ᠲᠤᠭᠠᠴᠢᠨ᠄      — ᠨᠠᠮᠰᠠᠷᠠᠢ ᠲᠠᠢ ᠠᠭᠤᠯᠵᠠᠵᠤ ᠵᠠᠪᠠᠯ ᠦᠰᠢᠶ᠎ᠡ ᠪᠠᠨ ᠠᠪᠤᠨ᠎ᠠ ᠭᠡᠵᠤ ᠭᠤᠮᠤᠳᠠᠯ ᠶᠠᠷᠢᠨ ᠭᠤᠶᠤᠵᠤ ᠬᠡᠯᠡᠳᠡᠭ ᠭᠡᠨ᠎ᠡ᠃ ᠦᠵᠦᠮᠦᠴᠢᠨ ᠸᠠᠩ ᠤᠨ ᠵᠤᠷᠢᠭ ᠵᠢᠷᠦᠬᠡ ᠪᠦᠳᠦᠭᠦᠨ ᠴᠦ ᠬᠠᠷᠠᠩᠭᠤᠢ ᠰᠦᠨᠢ ᠪᠠᠷ ᠬᠠᠷ᠎ᠠ ᠲᠠᠷᠤᠵᠤ ᠬᠡᠪᠳᠡᠭᠦ ᠳᠤ ᠪᠠᠨ ᠵᠢᠷᠦᠬᠡᠨ ᠳᠤ ᠨᠢ ᠰᠢᠷ᠎ᠠ ᠤᠰᠤ ᠪᠠᠭᠤᠵᠤ ᠵᠡᠭᠦᠳᠦ ᠪᠠᠷ ᠢᠶᠠᠨ ᠬᠦᠶᠦᠨ ᠪᠤᠰᠴᠤ ᠬᠡᠴᠡᠭᠦᠦ ᠠᠶᠤᠨ ᠰᠤᠴᠢᠬᠤ ᠪᠤᠯᠵᠠᠢ᠃ ᠨᠢᠭᠡᠨ ᠡᠳᠦᠷ ᠸᠠᠩ ᠤᠨ ᠤᠷᠳᠤᠨ ᠤ ᠰᠢᠳᠠᠷ ᠴᠡᠷᠢᠭ ᠠᠴᠠ ᠪᠠᠨ ᠲᠤᠮᠢᠯᠠᠨ ᠠᠷᠤ ᠬᠤᠷᠴᠢᠨ ᠳᠤ ᠤᠴᠢᠭᠤᠯᠵᠤ᠄      — ᠪᠦᠬᠡ ᠨᠠᠮᠰᠠᠷᠠᠢ ᠶᠢ ᠲᠠᠷᠤᠶᠢᠬᠠᠨ ᠦᠵᠦᠮᠦᠴᠢᠨ ᠵᠦᠭ ᠢᠷᠡᠭᠦᠯ᠂ ᠡᠷᠬᠡᠪᠰᠢ ᠠᠷᠤ ᠬᠢᠩᠭ᠎ᠠ ᠶᠢᠨ ᠲᠠᠪᠠᠭ᠎ᠠ ᠪᠠᠷ ᠬᠠᠷᠠᠩᠭᠤᠢ ᠰᠦᠨᠢ ᠪᠠᠷ ᠵᠠᠮᠨ᠋ᠨ᠂ ᠶᠤᠰᠤ ᠶᠢ ᠵᠦᠷᠢᠴᠡᠪᠡᠯ ᠠᠰᠳᠠᠭᠠᠨ ᠴᠠᠭᠠᠵᠠ ᠪᠠᠷ ᠬᠡᠯᠡᠯᠴᠡᠨ᠎ᠡ ᠭᠡᠵᠠᠢ      ᠸᠠᠩ ᠨᠤᠶᠠᠨ ᠤ ᠵᠠᠬᠢᠶ᠎ᠠ ᠶᠢ ᠤᠯᠤᠭᠰᠠᠨ ᠨᠠᠮᠰᠠᠷᠠᠢ ᠵᠢᠭᠠᠭᠰᠠᠨ ᠴᠢᠭᠯᠡᠯ ᠢᠶᠠᠷ ᠨᠢ ᠵᠠᠮᠨᠠᠨ ᠬᠢᠩᠭ᠎ᠠ ᠶᠢᠨ ᠲᠠᠪᠠᠭ᠎ᠠ ᠶᠢ ᠬᠠᠷᠠᠩᠭᠤᠢ ᠰᠦᠨᠢ ᠪᠠᠷ ᠠᠵᠢᠭ ᠴᠦ ᠦᠭᠡᠢ ᠦᠩᠭᠡᠷᠡᠬᠦ ᠪᠠᠷ ᠭᠠᠭᠴᠠᠭᠠᠷ ᠢᠶᠠᠨ ᠶᠠᠪᠤᠵᠠᠢ᠃ ᠰᠦᠨᠢ ᠲᠦᠯᠢ ᠪᠠᠷ ᠬᠢᠩᠭ᠎ᠠ ᠶᠢᠨ ᠲᠠᠪᠠᠭ᠎ᠠ ᠪᠠᠷ ᠶᠠᠪᠤᠳᠠᠯ᠎ᠠ ᠮᠤᠳᠤ ᠰᠢᠭᠤᠢ ᠱᠠᠷᠴᠢᠭᠢᠨᠠᠨ ᠲᠠᠪᠠᠭᠠᠨ ᠤ ᠬᠠᠵᠠᠭᠤ ᠪᠠᠷ ᠨᠢᠭᠡᠨ ᠬᠦᠮᠦᠨ ᠨᠡᠳᠦᠪᠡᠯᠵᠡᠨ ᠢᠷᠡᠬᠦ ᠨᠢ ᠪᠦᠷᠦᠭ ᠪᠠᠷᠤᠭ ᠬᠠᠷᠠᠭᠳᠠᠨ ᠬᠠᠶᠠ ᠬᠦᠢᠳᠡᠨ ᠵᠢᠪᠠᠷ ᠬᠠᠯᠠᠭᠤᠨ ᠢᠯᠴᠢ ᠢᠷᠡᠬᠦ ᠨᠢ ᠬᠠᠴᠢᠨ ᠰᠠᠨᠠᠭᠳᠠᠨ᠎ᠠ᠃ ᠲᠡᠷᠡ ᠬᠦᠮᠦᠨ ᠬᠠᠵᠠᠭᠤ ᠳᠤ ᠨᠢ ᠢᠷᠡᠭᠡᠳ ᠵᠠᠮ ᠢ ᠨᠢ ᠲᠤᠰᠤᠨ ᠵᠤᠭᠰᠤᠪᠠ᠃ ᠪᠦᠬᠡ ᠨᠠᠮᠰᠠᠷᠠᠢ ᠨᠠᠷᠢᠪᠴᠢᠯᠠᠨ ᠦᠵᠡᠪᠡᠯ ᠬᠡᠳᠦᠨ ᠵᠢᠯ ᠤᠨ ᠡᠮᠦᠨ᠎ᠡ ᠰᠠᠪᠠᠵᠤ ᠠᠯᠠᠭᠰᠠᠨ ᠦᠵᠦᠮᠦᠴᠢᠨ ᠸᠠᠩ ᠤᠨ ᠪᠦᠬᠡ ᠶᠠᠭ ᠮᠦᠨ ᠪᠠᠶᠢᠵᠠᠢ᠃      ᠬᠠᠷᠠᠩᠭᠤᠢ ᠰᠦᠨᠢ ᠪᠠᠷ ᠬᠢᠩᠭ᠎ᠠ ᠶᠢᠨ ᠲᠠᠪᠠᠭ᠎ᠠ ᠪᠠᠷ ᠶᠠᠪᠤᠭᠤᠯᠤᠭᠰᠠᠨ ᠤ ᠤᠴᠢᠷ ᠤᠬᠠᠭᠠᠨ ᠢ ᠨᠢ ᠤᠶᠢᠯᠠᠭᠠᠭᠰᠠᠨ ᠨᠠᠮᠰᠠᠷᠠᠢ ᠵᠠᠭᠤᠷᠮᠠᠭ ᠰᠦᠨᠡᠰᠦ ᠶᠢ ᠦᠵᠡᠭᠡᠳ ᠵᠢᠷᠢᠰᠬᠢᠨ ᠠᠪᠤᠭᠰᠠᠨ ᠴᠦ ︽ᠴᠢ ᠮᠠᠭᠤ ᠦᠯᠦᠨ ᠴᠢᠳᠬᠦᠷ ᠢ ᠭᠠᠭᠴᠠᠬᠠᠨ ᠨᠤᠭᠤᠰᠤᠯᠠᠴᠢᠬᠠᠶ᠎ᠠ︾ ᠭᠡᠵᠤ ᠬᠦᠮᠦᠬᠡᠢ ᠵᠠᠭᠤᠵᠤ᠂ ᠠᠷᠤ ᠭᠡᠷ ᠠᠴᠠ ᠪᠠᠨ ᠭᠠᠷᠴᠤ ᠢᠷᠡᠬᠦ  ᠳᠤ ᠪᠠᠨ ᠠᠷᠠᠰᠤᠨ ᠵᠤᠳᠤᠭ ᠢᠶᠠᠨ ᠬᠤᠪᠴᠠᠰᠤᠨ ᠲᠤᠳᠤᠷ᠎ᠠ ᠪᠠᠨ ᠡᠮᠦᠰᠴᠤ ᠪᠡᠯᠡᠳᠬᠡᠯ ᠲᠠᠢ ᠪᠠᠶᠢᠭᠰᠠᠨ ᠢᠶᠠᠨ ᠵᠠᠪᠳᠤᠨ ᠭᠠᠳᠠᠷ ᠬᠤᠪᠴᠠᠰᠤ ᠪᠠᠨ ᠲᠠᠶᠢᠯᠵᠤ ᠬᠠᠶᠠᠮᠠᠭᠴᠠ ᠲᠠᠭᠠᠷᠢᠨ ᠤᠷᠤᠪᠠ᠃ ᠦᠨᠦ ᠪᠤᠭ ᠪᠦᠲᠦᠭᠰᠡᠨ ᠪᠦᠬᠡ ᠯᠠᠪᠳᠠᠯᠵᠠᠨ ᠪᠦᠷᠳᠦᠯᠵᠡᠬᠦ ᠠᠴᠠ ᠪᠢᠰᠢ᠂ ᠶᠠᠮᠠᠷ ᠴᠦ ᠬᠦᠴᠦᠨ ᠴᠢᠳᠠᠯ ᠤᠨ ᠲᠠᠭᠠᠷᠢᠯᠳᠠ ᠦᠭᠡᠢ ᠪᠠᠶᠢᠯ᠎ᠠ᠃      ᠪᠦᠬᠡ ᠨᠠᠮᠰᠠᠷᠠᠢ ᠨᠡᠯᠢᠶᠡᠳ ᠠᠪᠤᠯᠴᠠᠭᠰᠠᠨ ᠢᠶᠠᠨ ᠨᠠᠷᠢᠨ ᠯᠠᠪᠯᠠᠪᠠᠯ ᠦᠨᠦ ᠪᠦᠬᠡ ᠬᠡᠰᠡᠭ ᠤᠶᠢᠷᠠᠳᠤᠨ ᠬᠡᠰᠡᠭ ᠬᠤᠯᠠᠳᠤᠨ ᠶᠡᠷᠦ ᠨᠢ ᠨᠢᠭᠡ ᠯᠠ ᠬᠦᠮᠦᠷᠢᠬᠦ ᠶᠢᠨ ᠠᠷᠭ᠎ᠠ ᠦᠭᠡᠢ ᠭᠡᠨ᠎ᠡ᠃ ᠨᠠᠮᠰᠠᠷᠠᠢ ᠵᠠᠪ ᠴᠢᠯᠦᠭᠡ ᠦᠭᠬᠦᠯ ᠦᠭᠡᠢ ᠨᠦᠷᠢᠨ ᠤᠷᠤᠬᠤ ᠳᠤ ᠦᠨᠦᠬᠢ ᠦᠵᠦᠮᠦᠴᠢᠨ ᠪᠦᠬᠡ᠄      — ᠵᠠᠩᠭᠢᠶ᠎ᠠ ᠪᠠᠨ ᠠᠪᠤᠴᠢᠬ᠎ᠠ ᠂ ᠵᠠ᠊‍ᠭᠤᠷᠠᠯᠳᠤᠬᠤ ᠳᠤ ᠡᠪ ᠦᠭᠡᠢ ᠪᠠᠶᠢᠨ᠎ᠠ︕ ᠭᠡᠬᠦ ᠳᠤ ᠨᠠᠮᠰᠠᠷᠠᠢ ᠪᠠᠭ᠋ᠠᠨ ᠪᠤᠳᠤᠯ ᠠᠯᠭᠠᠰᠠᠵᠤ ᠵᠠᠩᠭᠢᠶ᠎ᠠ ᠪᠠᠨ ᠠᠪᠴᠤ ᠵᠠᠮ ᠤᠨ ᠬᠠᠵᠠᠭᠤ ᠳᠤ ᠡᠯᠭᠦᠨ ᠲᠠᠬᠢᠭᠠᠳ ᠨᠤᠴᠤᠯᠳᠤᠭᠰᠠᠨ ᠴᠢᠨᠢ ᠦᠨᠦ ᠪᠤᠭ ᠪᠦᠳᠦᠭᠰᠡᠨ ᠪᠦᠬᠡ ᠶᠢᠨ ᠢᠳᠡ ᠴᠢᠳᠠᠯ ᠨᠢ ᠨᠡᠮᠡᠭᠳᠡᠨ ᠪᠠᠷᠢᠭᠰᠠᠨ ᠲᠠᠯᠪᠢᠭᠰᠠᠨ ᠢ ᠨᠢ ᠠᠯᠳᠠᠭᠤᠯᠵᠤ ᠶᠡᠬᠡᠳᠡ ᠰᠠᠨᠳᠤᠷᠭᠠᠵᠠᠢ᠃ ᠡᠨᠡ ᠦᠶ᠎ᠡ ᠳᠤ ᠪᠦᠬᠡ ᠨᠠᠮᠰᠠᠷᠠᠢ ᠰᠠᠶ᠋ᠢ ᠬᠡᠢ ᠮᠤᠷᠢ ᠶᠢᠨ ᠵᠠᠩᠭᠢᠶ᠎ᠠ ᠪᠠᠨ ᠬᠦᠰᠡᠷ ᠲᠠᠯᠪᠢᠭᠰᠠᠨ ᠢᠶᠠᠨ ᠰᠡᠭᠡᠭᠡᠷᠡᠵᠤ ᠬᠡᠷᠰᠡᠤᠯᠡᠬᠦ ᠦᠭᠡᠢ ᠪᠤᠯ ᠬᠡᠬᠡᠷ᠎ᠡ ᠶᠢᠨ ᠦᠷᠡᠭᠳᠡᠯ ᠪᠤᠯᠬᠤ ᠠᠴᠠ ᠬᠢᠴᠢᠶᠡᠵᠤ᠂ ᠪᠤᠭ ᠢ ᠨᠠᠷᠢᠨ ᠨᠢᠷᠤᠭᠤ ᠪᠠᠷ ᠨᠢ ᠲᠠᠰᠦ ᠲᠡᠪᠡᠷᠢᠨ ᠠᠳᠬᠤᠵᠤ ᠰᠦᠨᠢ ᠶᠢᠨ ᠬᠠᠷᠠᠩᠭᠤᠢ ᠳᠤ ᠦᠴᠦᠬᠡᠨ ᠴᠦ ᠵᠠᠢ ᠦᠭᠭᠦᠯ ᠦᠭᠡᠢ ᠵᠢᠭᠤᠷᠠᠯᠳᠤᠨ ᠰᠦᠨᠢ ᠲᠦᠯᠢ ᠶᠢ ᠦᠩᠭᠡᠷᠡᠬᠦᠯᠵᠤ᠂ ᠦᠣᠷ ᠤᠨ ᠭᠡᠭᠡ ᠰᠤᠪᠤᠷᠠᠨ ᠬᠤᠯᠠ ᠤᠶᠢᠷ᠎ᠡ ᠶᠢᠨ ᠪᠠᠷ᠎ᠠ ᠲᠤᠳᠤᠷᠠᠬᠤ ᠳᠤ ᠪᠤᠭ ᠪᠦᠳᠦᠭᠰᠡᠨ ᠪᠦᠬᠡ ᠶᠢᠨ ᠲᠠᠮᠢᠷ ᠲᠡᠩᠬᠡᠬᠡ ᠨᠢ ᠪᠠᠭᠤᠷᠠᠵᠤ᠄      — ᠨᠠᠮᠠᠢᠢ ᠲᠠᠯᠪᠢᠴᠢᠬ᠎ᠠ᠂ ᠨᠠᠷᠢᠨ ᠨᠢᠷᠤᠭᠤ ᠲᠠᠰᠦᠷᠠᠯ᠎ᠠ ᠭᠡᠵᠤ ᠪᠠᠶᠢᠨ ᠪᠠᠶᠢᠨ ᠭᠤᠶᠤᠬᠤ ᠨᠢ ᠬᠡᠴᠡᠬᠦᠦ ᠬᠡᠨ᠎ᠡ᠃      ᠪᠦᠬᠡ ᠨᠠᠮᠰᠠᠷᠠᠢ ᠶᠠᠭᠤ ᠬᠡᠯᠡᠭᠰᠡᠨ ᠴᠦ ᠰᠤᠨᠤᠰᠤᠯ ᠦᠭᠡᠢ ᠪᠠᠷ ᠭᠠᠷ ᠢᠶᠠᠨ ᠰᠤᠯᠠᠷᠠᠭᠤᠯᠤᠯ ᠦᠭᠡᠢ ᠲᠡᠪᠡᠷᠢᠨ ᠨᠠᠷᠠ ᠭᠠᠷᠬᠤ ᠶᠢ ᠬᠦᠯᠢᠶᠡᠵᠠᠢ᠃ ᠲᠡᠭᠷᠢ ᠶᠢᠨ ᠬᠠᠶᠠᠭᠠᠨ᠎ᠠ ᠠᠴᠠ ᠭᠡᠶᠢᠷᠡᠨ ᠨᠠᠷᠠ ᠠᠯᠭᠤᠷᠬᠠᠨ ᠮᠠᠨᠳᠤᠬᠤ ᠳᠤ ᠦᠨᠦ ᠪᠤᠭ ᠪᠦᠳᠦᠭᠰᠡᠨ ᠪᠦᠬᠡ ᠨᠢ ᠰᠡᠭᠦᠵᠢ ᠶᠢᠨ ᠶᠠᠰᠤ ᠪᠤᠯᠤᠨ ᠠᠳᠬᠤᠨ ᠳᠤ ᠨᠢ ᠦᠯᠡᠳᠡᠵᠠᠢ᠃ ᠰᠦᠨᠢᠵᠢᠨ ᠨᠤᠴᠤᠯᠳᠤᠭᠰᠠᠨ ᠨᠠᠮᠰᠠᠷᠠᠢ ᠤᠷᠳᠤᠬᠠᠨ ᠠᠮᠢᠰᠬᠤᠵᠤ ᠠᠪᠤᠭᠠᠳ ᠰᠡᠭᠦᠵᠢ ᠶᠢᠨ ᠶᠠᠰᠤ ᠶᠢ ᠨᠢᠴᠠ ᠴᠤᠬᠢᠨ ᠬᠡᠮᠬᠡᠯᠵᠤ ᠨᠠᠰᠤᠳᠠᠳ ᠤᠨ ᠬᠡᠯᠡᠭᠰᠡᠨ ᠶᠤᠰᠤᠭᠠᠷ ᠦᠨᠡᠰᠤ ᠪᠤᠯᠳᠠᠯ᠎ᠠ ᠰᠢᠳᠠᠭᠠᠨ  ᠠᠮᠠᠨ  ᠲᠠᠷᠨᠢ ᠤᠩᠰᠢᠭᠠᠳ  ᠵᠠᠮ ᠢᠶᠠᠨ ᠡᠯᠬᠦᠵᠠᠢ᠃      ᠡᠨᠡ ᠦᠶ᠎ᠡ ᠳᠤ ᠸᠠᠩ ᠤᠨ ᠵᠠᠬᠢᠶ᠎ᠠ ᠪᠠᠷ ᠠᠷᠤ ᠬᠤᠶᠢᠨ᠎ᠠ ᠠᠴᠠ ᠨᠢ ᠲᠠᠭᠠᠨ ᠭᠡᠳᠡᠭᠰᠡᠨ ᠦᠵᠦᠮᠦᠴᠢᠨ ᠴᠡᠷᠢᠭ ᠴᠦ ᠭᠦᠢᠴᠡᠨ ᠢᠷᠡᠵᠤ᠂ ᠰᠦᠨᠢ ᠶᠢᠨ ᠤᠴᠢᠷ ᠢ ᠰᠤᠨᠤᠰᠤᠭᠠᠳ ᠰᠦᠨᠡᠰᠤ ᠪᠠᠨ ᠭᠠᠷᠳᠠᠯ᠎ᠠ ᠠᠶᠤᠭᠰᠠᠨ ᠴᠦ ᠤᠯᠠᠭᠤᠯᠠ ᠪᠤᠯᠬᠤᠷ ᠰᠡᠵᠢᠭ ᠠᠪᠤᠯ ᠦᠬᠡᠢ ᠪᠠᠷ ᠦᠷᠬᠦᠯᠵᠢᠯᠡᠨ ᠠᠶᠠᠯᠠᠨ ᠸᠠᠩ ᠤᠨ ᠤᠷᠳᠤᠨ ᠢ ᠴᠢᠭᠯᠡᠪᠡ᠃ ᠬᠡᠳᠦᠨ ᠬᠦᠳᠦᠯ ᠢ ᠲᠠᠪᠠᠨ ᠭᠠᠷᠳᠠᠯ᠎ᠠ ᠦᠵᠦᠮᠦᠴᠢᠨ ᠸᠠᠩ ᠤᠨ ᠬᠦᠮᠦᠨ ᠪᠠᠷᠢᠳᠠᠭ ᠬᠠᠷ᠎ᠠ ᠪᠤᠤᠷ᠎ᠠ ᠲᠡᠯ ᠪᠤᠰᠬᠠᠨ ᠰᠢᠯᠦᠰᠦ ᠰᠠᠪᠢᠷᠠᠭᠤᠯᠤᠨ ᠲᠡᠮᠡᠭᠡᠨ ᠰᠦᠷᠦᠭ ᠢᠶᠠᠨ ᠬᠤᠮᠢᠭᠠᠳ ᠡᠰᠡᠷᠬᠦ ᠠᠴᠠ ᠨᠢ ᠢᠷᠡᠬᠦ ᠶᠢ ᠰᠢᠳᠠᠷ ᠴᠡᠷᠢᠭ ᠤᠳ ᠬᠡᠳᠦᠶᠢᠨ ᠦᠵᠡᠭᠡᠳ᠄      — ᠸᠠᠩ ᠨᠤᠶᠠᠨ ᠤ ᠬᠠᠷ᠎ᠠ ᠪᠤᠤᠷ᠎ᠠ ᠬᠡᠴᠡᠭᠦᠦ ᠰᠢᠤ᠂ ᠬᠦᠮᠦᠨ ᠪᠠᠷᠢᠳᠠᠭ ᠬᠠᠷ᠎ᠠ ᠵᠠᠭᠤᠳᠠᠯ ᠲᠠᠢ ᠬᠡᠵᠤ ᠤᠷᠤᠭᠤᠯ ᠨᠢ ᠲᠠᠳᠠᠪᠠᠯᠵᠠᠨ ᠦᠬᠡ ᠪᠠᠨ ᠲᠤᠳᠠᠭᠤ ᠬᠡᠯᠡᠭᠡᠳ ᠨᠢᠳᠤ ᠨᠢ ᠤᠷᠤᠢ ᠪᠠᠷ ᠨᠢ ᠭᠠᠷᠤᠮᠠᠷ ᠯᠠ ᠤᠷᠤᠨ ᠪᠠᠶᠢᠷᠢ ᠪᠠᠨ ᠠᠯᠳᠠᠨ᠎ᠠ᠃      ᠨᠠᠮᠰᠠᠷᠠᠢ ᠦᠴᠦᠬᠡᠨ ᠴᠦ ᠠᠶᠤᠵᠤ ᠡᠮᠢᠶᠡᠯ ᠦᠭᠡᠢ ᠪᠠᠷ ᠤᠨᠤᠰᠢᠨ ᠮᠤᠷᠢ ᠪᠠᠨ ᠰᠢᠳᠠᠷ ᠴᠡᠷᠢᠭ ᠲᠤ ᠦᠭᠬᠦᠬᠡᠳ ᠬᠠᠷ᠎ᠠ ᠪᠤᠤᠷ᠎ᠠ ᠵᠦᠭ ᠠᠭᠠᠵᠢᠭᠤ ᠲᠠᠯᠪᠢᠭᠤ ᠤᠷᠤᠬᠤ ᠳᠤ ᠤᠯᠤᠩᠭᠠᠰᠤᠭᠰᠠᠨ ᠪᠤᠤᠷ᠎ᠠ ᠴᠦ ᠦᠬᠡᠰᠢ ᠦᠵᠡᠭᠰᠡᠨ ᠮᠡᠳᠤ ᠠᠮᠠ ᠪᠠᠨ ᠠᠩᠭᠠᠯᠵᠠᠭᠤᠯᠤᠨ ᠬᠦᠭᠡᠰᠦ ᠰᠠᠬᠠᠷᠠᠭᠤᠯᠵᠤ ᠬᠦᠵᠦᠬᠦᠦ ᠰᠤᠩᠭᠠᠨ ᠬᠦᠮᠦᠷᠢᠨ ᠢᠷᠡᠬᠦ  ᠶᠢ ᠬᠠᠷᠠᠭᠰᠠᠨ ᠪᠦᠬᠦᠨ ᠲᠠᠭᠵᠢᠨ ᠴᠡᠴᠡᠷᠡᠨ᠎ᠡ᠃      ᠨᠠᠮᠰᠠᠷᠠᠢ ᠲᠠᠭᠠᠷᠢᠨ ᠢᠷᠡᠬᠦ ᠪᠤᠤᠷ᠎ᠠ ᠶᠢ ᠲᠤᠰᠤᠨ ᠬᠢᠯᠠᠰ ᠭᠡᠳᠡᠯ᠎ᠡ ᠵᠠᠶᠢᠯᠠᠨ ᠬᠤᠶᠠᠷ ᠬᠦᠯ ᠢ ᠨᠢ ᠬᠢᠷᠦᠭᠡᠳᠡᠭᠰᠡᠨ ᠰᠢᠭ ᠬᠤᠭᠤ ᠬᠠᠪᠰᠤᠷᠴᠤ᠂ ᠵᠢᠷᠳ᠋ ᠬᠡᠬᠦ ᠶᠢᠨ ᠵᠠᠪᠰᠠᠷ ᠬᠤᠶᠠᠷ ᠡᠷᠡᠤ ᠶᠢ ᠨᠢ ᠰᠠᠯᠭᠠᠵᠤ᠂ ᠬᠦᠵᠦᠬᠦᠦ  ᠶᠢ ᠨᠢ ᠮᠤᠯᠳᠤᠯᠵᠤ᠂ ᠬᠠᠷ᠎ᠠ ᠪᠤᠤᠷ᠎ᠠ ᠬᠠᠮᠢᠭᠠᠰᠢ ᠪᠠᠨ ᠴᠦ ᠬᠦᠳᠡᠯᠬᠦ ᠶᠢᠨ ᠲᠡᠩᠬᠡᠬᠡ ᠦᠬᠡᠢ ᠪᠤᠯᠬᠤ ᠳᠤ ᠲᠡᠮᠡᠭᠡᠨ ᠤ ᠡᠷᠡᠤ ᠶᠢ ᠵᠠᠮ ᠤᠨ ᠰᠡᠳᠡᠷᠬᠡᠢ ᠳᠤ ᠰᠢᠷᠭᠤᠭᠤᠯᠤᠨ ᠲᠠᠯᠪᠢᠭᠠᠳ ᠰᠢᠳᠠᠷ ᠴᠡᠷᠢᠭ ᠲᠠᠢ ᠴᠤᠭ ᠢᠶᠠᠷ ᠸᠠᠩ ᠤᠨ ᠤᠷᠳᠤᠨ  ᠢ ᠴᠢᠭᠯᠡᠵᠠᠢ᠃      ᠪᠦᠬᠡ ᠨᠠᠮᠰᠠᠷᠠᠢ ᠦᠵᠦᠮᠦᠴᠢᠨ ᠸᠠᠩ ᠤᠨ ᠤᠷᠳᠤᠨ ᠳᠤ ᠬᠦᠷᠴᠤ ᠸᠠᠩ ᠨᠤᠶᠠᠨ ᠲᠠᠢ ᠪᠠᠷᠠᠯᠬᠠᠳᠠᠨ᠄      — ᠪᠦᠬᠡ ᠨᠠᠮᠰᠠᠷᠠᠢ ᠭᠡᠭᠴᠢ ᠪᠢ ᠪᠢᠯᠡ᠃ ᠸᠠᠩ ᠨᠤᠶᠠᠨ ᠤ ᠵᠠᠷᠯᠢᠭ ᠢᠶᠠᠷ ᠠᠶᠠᠨ ᠵᠠᠮ ᠬᠦᠬᠡᠬᠡᠭᠰᠡᠨ ᠴᠦ ᠠᠶᠤᠮᠰᠢᠭ ᠦᠬᠡᠢ ᠪᠠᠷ ᠬᠠᠷ᠎ᠠ ᠪᠤᠤᠷ᠎ᠠ ᠶᠢ ᠠᠯᠠᠵᠤ᠂ ᠬᠠᠷᠠᠩᠭᠤᠢ ᠰᠦᠨᠢ ᠪᠠᠷ ᠪᠦᠬᠡ ᠪᠠᠷᠢᠯᠳᠤᠵᠤ ᠶᠤᠰᠤ ᠶᠢ ᠵᠦᠷᠢᠴᠡᠯ᠎ᠡ ᠭᠡᠵᠤ ᠵᠠᠮ ᠤᠨ ᠭᠤᠳᠤᠰ ᠲᠠᠬᠢ ᠤᠴᠢᠷ ᠢᠶᠠᠨ ᠵᠢᠭᠠᠬᠠᠨ ᠴᠦ ᠨᠢᠭᠤᠯ ᠦᠭᠡᠢ ᠶᠠᠷᠢᠵᠤ᠄      — ᠸᠠᠩ ᠨᠤᠶᠠᠨ ᠦᠷᠦᠰᠢᠶᠡᠳᠦᠭᠡᠢ︕ ᠭᠡᠬᠦ ᠳᠤ ᠸᠠᠩ ᠨᠤᠶᠠᠨ ᠤᠴᠢᠷ ᠦᠬᠡᠢ ᠪᠠᠶᠠᠷᠯᠠᠨ ᠰᠠᠬᠠᠯ ᠢᠶᠠᠨ ᠢᠮᠡᠷᠴᠤ᠄      — ᠪᠤᠭ ᠢ ᠲᠠᠷᠤᠵᠤ᠂ ᠪᠤᠤᠷ᠎ᠠ ᠶᠢ ᠨᠤᠮᠤᠬᠠᠳᠬᠠᠶ᠎ᠠ ᠭᠡᠰᠡᠨ ᠶᠤᠮ᠂ ᠴᠢ ᠬᠠᠰᠢ ᠯᠠ ᠰᠠᠶᠢᠨ ᠡᠷ᠎ᠡ ᠡ︕ ᠭᠡᠵᠤ ᠪᠢᠰᠢᠷᠡᠨ ᠪᠠᠭ᠋ᠠᠷᠴᠤ ᠪᠦᠬᠦ ᠪᠡᠶ᠎ᠡ ᠶᠢ ᠨᠢ ᠮᠠᠩᠨᠤᠭ ᠲᠤᠷᠭ᠎ᠠ ᠪᠠᠷ ᠬᠤᠪᠴᠠᠯᠠᠨ ᠡᠮᠡᠭᠡᠯ ᠬᠠᠵᠠᠭᠠᠷ ᠲᠠᠢ ᠮᠤᠷᠢ ᠱᠠᠩᠨᠠᠭᠰᠠᠨ ᠭᠡᠨ᠎ᠡ᠃      ᠲᠡᠭᠦᠨ ᠠᠴᠠ ᠬᠤᠶᠢᠰᠢ ᠪᠦᠬᠡ ᠨᠠᠮᠰᠠᠷᠠᠢ ᠶᠢᠨ ᠤᠮᠤᠭ ᠵᠢᠪᠬᠤᠭ᠎ᠠ ᠤᠯᠠᠮ ᠪᠠᠳᠠᠷᠠᠨ ᠬᠦᠷᠰᠢ ᠴᠢᠭᠤᠯᠭᠠᠨ᠂ ᠬᠤᠶᠠᠷ ᠦᠵᠦᠮᠦᠴᠢᠨ ᠵᠡᠷᠭᠡ ᠭᠠᠳᠠᠷ ᠬᠤᠰᠢᠭᠤᠨ ᠤ ᠶᠡᠭᠡ ᠪᠠᠭ᠎ᠠ ᠨᠠᠶᠢᠷ ᠤᠨ ᠲᠡᠷᠢᠭᠦᠨ ᠱᠠᠩ ᠢ ᠤᠳᠠᠭ᠎ᠠ ᠳᠠᠷᠠᠭᠠᠯᠠᠨ ᠠᠪᠴᠤ᠂ ᠬᠡᠰᠢᠭᠲᠡᠨ ᠬᠤᠰᠢᠭᠤ ᠮᠡᠲᠤ ᠶᠢᠨ ᠵᠤᠤ ᠤᠳᠠ ᠶᠢᠨ ᠬᠤᠰᠢᠭᠤᠳ ᠤᠨ ᠨᠠᠶᠢᠷ ᠲᠤ ᠤᠯᠠᠨᠲᠠ ᠲᠡᠷᠢᠭᠦᠯᠡᠪᠡ᠃ ᠲᠡᠭᠦᠨ ᠤ ᠲᠤᠬᠠᠢ ᠦᠯᠢᠭᠡᠷ ᠳᠤᠮᠤᠭ ᠤᠳ ᠬᠦᠮᠦᠰ ᠤᠨ ᠳᠤᠮᠲᠠ ᠷᠢᠳᠢ ᠰᠢᠳᠢ ᠲᠠᠢ ᠶᠠᠷᠢᠭᠳᠠᠵᠤ ᠦᠳᠡᠯᠳᠡᠯ᠎ᠡ ᠪᠠᠨ ᠪᠦᠬᠡ ᠪᠠᠷᠢᠯᠳᠤᠵᠠᠢ᠃      ᠲᠡᠭᠦᠨ ᠤ ᠬᠦᠨᠳᠡᠢ ᠴᠡᠭᠡᠵᠢ ᠨᠢ ᠭᠠᠭᠴᠠ ᠪᠢᠳᠡᠬᠦᠦ ᠶᠠᠰᠤ ᠪᠤᠯᠬᠤᠷ ᠨᠠᠰᠤ ᠪᠠᠷᠠᠭᠰᠠᠨ ᠤ ᠰᠡᠭᠦᠯᠡᠷ ᠬᠠᠨᠠᠭᠠᠷ ᠴᠡᠭᠡᠵᠢᠨ ᠳᠤ ᠨᠢ ᠭᠤᠷᠪᠠᠨ ᠵᠢᠯ ᠴᠢᠨ᠋ᠸ᠎ᠠ ᠡᠭᠦᠷᠯᠡᠯ᠎ᠡ ᠭᠡᠵᠤ ᠲᠤᠮᠤᠭᠠᠳᠠᠳ ᠶᠠᠷᠢᠳᠠᠭ ᠪᠦᠭᠡᠳ ᠵᠠᠷᠢᠮ ᠨᠢ ᠪᠡᠶ᠎ᠡ ᠪᠠᠷ  ᠢᠶᠠᠨ ᠦᠵᠡᠯ᠎ᠡ ᠭᠡᠵᠤ ᠬᠡᠯᠡᠳᠡᠭ ᠪᠠᠶᠢᠵᠠᠢ᠃      ᠬᠤᠵᠢᠮ ᠨᠢ ᠦᠵᠦᠮᠦᠴᠢᠨ ᠬᠤᠰᠢᠭᠤᠨ ᠤ ᠬᠢᠨ ᠠᠪᠤᠷᠭᠤ ᠪᠦᠬᠡ ᠨᠠᠮᠰᠠᠷᠠᠢ ᠶᠢᠨ ᠨᠠᠰᠤ ᠪᠠᠷᠠᠭᠰᠠᠨ ᠢ ᠰᠤᠨᠤᠰᠤᠭᠠᠳ ᠰᠡᠮᠡᠭᠡᠷ ᠬᠦᠮᠦᠨ ᠶᠠᠪᠤᠭᠤᠯᠤᠨ ᠪᠤᠮᠳᠤ ᠶᠢᠨ ᠲᠠᠯ᠎ᠠ ᠠᠴᠠ ᠬᠡᠭᠦᠷ ᠢ ᠨᠢ ᠡᠷᠢᠨ ᠤᠯᠵᠤ ᠠᠪᠤᠭᠠᠳ ᠨᠤᠳᠤᠭ ᠲᠤ ᠪᠠᠨ ᠠᠪᠠᠴᠢᠨ ᠤᠪᠤᠭ᠎ᠠ ᠱᠠᠩᠰᠢ ᠳᠤ ᠱᠦᠩ ᠲᠠᠷᠤᠵᠤ ᠰᠢᠳᠦᠭᠡᠨ ᠪᠤᠯᠭᠠᠵᠤ ᠲᠠᠬᠢᠭᠰᠠᠨ ᠠᠴᠠ ᠦᠵᠦᠮᠦᠴᠢᠨ ᠳᠤ ᠰᠠᠶᠢᠨ ᠪᠦᠬᠡ ᠤᠳ ᠮᠡᠨᠳᠦᠯᠡᠵᠣ ᠤᠳᠠᠭ᠎ᠠ ᠲᠠᠷᠠᠭᠠᠯᠠᠨ ᠤᠯᠠᠰᠢᠷᠠᠯ᠎ᠠ ᠭᠡᠵᠡᠭᠡᠳᠡᠭ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠪᠦᠷᠢᠨᠰᠠᠶᠢᠨ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号