ᠪᠦᠬᠡ ᠢᠳᠠᠷᠵᠠᠭᠠᠨ | ᠢᠳᠡᠷᠵᠠᠭᠠᠨ ᠪᠤᠯ ᠳᠠᠷᠬᠠᠨ ᠪᠦᠬᠡ ᠮᠠᠨᠢ ᠶᠢᠨ ᠪᠠᠭ᠎ᠠ ᠳᠡᠭᠦᠦ ᠰᠢᠶᠤᠤᠰᠢᠩᠭᠠ ᠶᠢᠨ ᠤᠤᠭᠠᠨ ᠬᠦᠦ ᠪᠤᠯᠤᠨ᠎ᠠ᠃ | ᠲᠡᠷᠡ ᠠᠷᠪᠠᠨ ᠨᠠᠢᠮᠠᠲᠠᠢ ᠳᠤ ᠪᠠᠨ ᠠᠷᠤ ᠬᠤᠷᠴᠢᠨ ᠸᠠᠩ ᠸᠠᠩᠴᠢᠨᠫᠧᠷᠯᠡᠢ ᠳᠤ ᠲᠤᠭᠤᠭᠳᠠᠨ ᠸᠠᠩ ᠤᠨ ᠪᠦᠬᠡ | ᠪᠤᠯᠪᠠ᠃ | ᠲᠡᠷᠨ ᠪᠠᠷ ᠪᠦᠬᠡ ᠶᠢᠨ ᠬᠦᠷᠢᠶ᠎ᠡ ᠳᠤ ᠡᠷ᠎ᠡ ᠴᠢᠳᠠᠯ ᠢᠶᠠᠨ ᠪᠠᠳᠠᠷᠠᠭᠤᠯᠵᠤ᠂ ᠭᠠᠳᠠᠭᠠᠳᠤ ᠳᠤᠲᠤᠭᠠᠲᠤ ᠳᠤ | ᠨᠡᠷ᠎ᠡ ᠮᠠᠨᠳᠤᠵᠠᠢ᠃ ᠶᠠᠫᠤᠨ ᠤ ᠡᠵᠡᠷᠭᠡᠭ ᠳᠦᠷᠢᠮᠡᠬᠡᠶᠢᠲᠡᠨ ᠠᠷᠤ ᠬᠤᠷᠴᠢᠨ ᠢ ᠨᠤᠶᠠᠷᠬᠠᠵᠤ ᠡᠷᠭᠡᠰᠢᠶᠡᠭᠰᠡᠨ ᠦᠶ᠎ᠡ ᠳᠤ | ᠵᠠᠰᠠᠭ ᠨᠤᠶᠠᠨ ᠤ ᠵᠠᠷᠯᠢᠭ ᠢᠶᠠᠷ ᠵᠢᠰᠦᠷ ᠬᠤᠯᠵᠢᠨ ᠶᠠᠫᠤᠨ ᠪᠦᠬᠡ ᠲᠠᠢ ᠬᠤᠤᠰᠯᠠᠵᠤ᠂ ᠴᠠᠭ ᠵᠠᠭᠤᠷ᠎ᠠ ᠶᠢᠨ ᠵᠠᠪᠰᠠᠷ | ᠪᠡᠶ᠎ᠡ ᠳᠤ ᠪᠠᠨ ᠬᠠᠪᠢᠳᠠᠭᠤᠯᠤᠯ ᠦᠭᠡᠢ ᠬᠡᠢ ᠮᠤᠰᠬᠢᠵᠤ ᠰᠢᠷᠤᠢ ᠡᠮᠭᠦᠭᠦᠯᠵᠤ ᠤᠮᠤᠭ ᠰᠦᠷ ᠢ ᠨᠢ ᠳᠠᠷᠤᠵᠤ ᠠᠷᠠᠳ | ᠤᠨ ᠢᠶᠠᠨ ᠪᠠᠬ᠎ᠠ ᠶᠢ ᠬᠠᠨᠤᠭᠠᠪᠠ᠃ ᠲᠡᠭᠦᠨ ᠠᠴᠠ ᠰᠡᠭᠦᠯᠡᠷ ᠡᠯᠳᠡᠪ ᠬᠤᠤᠷᠯᠠᠯ ᠢ ᠰᠡᠷᠭᠡᠶᠢᠯᠡᠨ ᠪᠦᠬᠡ ᠶᠢᠨ | ᠲᠠᠯᠠᠪᠠᠢ ᠳᠤ ᠤᠷᠤᠭᠰᠠᠨ ᠦᠭᠡᠢ ᠭᠡᠳᠡᠭ᠃ | | ᠪᠦᠬᠡ ᠮᠠᠷᠰᠤᠭᠠ | ᠮᠠᠷᠰᠤᠭᠠ ᠪᠤᠯ ᠪᠠᠽᠠᠷᠺᠠᠷᠣᠳᠢ ᠬᠤᠰᠢᠭᠤᠨ ᠸᠠᠩ ᠤᠨ ᠦᠶ᠎ᠡ ᠶᠢᠨ ᠴᠤᠤᠲᠤ ᠪᠦᠬᠡ ᠪᠤᠯᠤᠨ᠎ᠠ᠃ ᠲᠡᠭᠦᠨ ᠤ | ᠪᠡᠶ᠎ᠡ ᠪᠢᠯᠳᠠᠷ ᠪᠦᠳᠦᠭᠦᠨ᠂ ᠬᠦᠴᠦ ᠴᠢᠳᠠᠯ ᠶᠡᠭᠡ᠂ ᠪᠦᠬᠡ ᠪᠠᠷᠢᠯᠳᠤᠬᠤ ᠳᠤ ᠬᠤᠷᠴᠠ ᠱᠠᠯᠠᠮᠠᠭᠠᠢ᠃ | ᠸᠠᠩ ᠤᠨ ᠨᠠᠶᠢᠷ ᠪᠤᠯᠤᠨ ᠬᠡᠳᠦᠨ ᠬᠤᠰᠢᠭᠤᠨ ᠤ ᠨᠠᠶᠢᠷ ᠲᠤ ᠤᠳᠠᠭ᠎ᠠ ᠳᠠᠷᠠᠭᠠᠯᠠᠨ ᠲᠡᠷᠢᠭᠦᠯᠡᠵᠤ᠂ ᠬᠤᠯᠨ ᠤᠶᠢᠷ᠎ᠠ | ᠳᠤ ᠴᠤᠤ ᠮᠠᠨᠳᠤᠭᠰᠠᠨ ᠢᠶᠠᠷ ᠬᠤᠰᠢᠭᠤ ᠸᠠᠩ ᠤᠨ ᠬᠠᠶᠢᠷ᠎ᠠ ᠢᠳᠡᠭᠡᠯ ᠢ ᠬᠦᠨ ᠬᠦᠷᠲᠡᠵᠡᠢ᠃ ᠬᠤᠰᠢᠭᠤ ᠸᠠᠩ | ᠬᠠᠮᠢᠭ᠎ᠠ ᠶᠠᠪᠤᠪᠠᠴᠤ ᠪᠦᠬᠡ ᠮᠠᠷᠰᠤᠭᠠ ᠶᠢ ᠪᠡᠶ᠎ᠡ ᠠᠴᠠ ᠪᠠᠨ ᠰᠠᠯᠭᠠᠯ ᠦᠭᠡᠢ ᠳᠠᠭᠠᠭᠤᠯᠵᠤ᠂ ᠤᠯᠠᠨ ᠤ ᠡᠮᠦᠨ᠎ᠡ | ᠨᠠᠶᠢᠷ ᠴᠤᠭᠯᠠᠭᠠᠨ ᠳᠤ ᠨᠡᠷ᠎ᠡ ᠨᠢᠭᠤᠷ ᠢᠶᠠᠨ ᠬᠠᠮᠠᠭᠠᠯᠠᠳᠠᠭ ᠠᠴᠠ ︽ᠸᠠᠩ ᠤᠨ ᠪᠦᠬᠡ︾ ᠭᠡᠬᠦ ᠰᠠᠶᠢᠬᠠᠨ ᠴᠤᠯᠨ | ᠰᠢᠩᠭᠡᠭᠰᠡᠨ ᠭᠡᠨ᠎ᠡ᠃ | ᠬᠤᠰᠢᠭᠤ ᠸᠠᠩ ᠬᠠᠮᠤᠭ ᠰᠡᠭᠦᠯᠴᠢ ᠶᠢᠨ ᠤᠳᠠᠭ᠎ᠠ ᠪᠡᠭᠡᠵᠢᠩ ᠳᠤ ᠬᠦᠷᠴᠦ᠂ ᠤᠳᠠᠢ ᠳᠤ ᠶᠠᠪᠤᠬᠤ ᠳᠤ ᠪᠠᠨ | ᠴᠤ ᠪᠦᠬᠡ ᠮᠠᠷᠰᠤᠭᠠ ᠶᠢ ᠳᠠᠭᠠᠭᠤᠯᠤᠨ ᠠᠶᠠᠨ ᠬᠦᠭᠡᠭᠡᠯ᠎ᠡ ᠭᠡᠵᠤ ᠤᠯᠠᠮᠵᠢᠯᠠᠨ ᠶᠠᠷᠢᠳᠠᠭ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠪᠦᠷᠢᠨᠰᠠᠶᠢᠨ | |