ᠤᠪᠤᠭ᠎ᠠ ᠶᠢᠨ ᠲᠠᠬᠢᠯᠭ᠎ᠠ ᠶᠢᠨ ᠴᠤᠣᠲᠤ ᠪᠦᠬᠡᠴᠤᠳ ︵ᠳᠦᠷᠪᠡ︶
ᠨᠡᠶᠢᠲᠡᠯᠡᠭᠰᠡᠨ ᠴᠠᠭ᠄
2016/8/10
     ᠪᠦᠬᠡ ᠲᠠᠸᠠᠰᠠᠩᠪᠤᠦ      ᠲᠠᠸᠠᠰᠠᠩᠪᠤᠦ ᠪᠤᠯ ᠤᠪᠤᠭ᠎ᠠ ᠬᠠᠭᠠᠨ ᠰᠦᠮ᠎ᠡ ᠶᠢᠨ ᠯᠠᠮᠠ ᠶᠤᠮ᠃ ᠲᠡᠷᠡ ᠨᠠᠢᠮᠠᠨ ᠨᠠᠰᠤᠳᠠᠢ ᠳᠤ ᠪᠠᠨ ᠤᠪᠤᠭ᠎ᠠ ᠬᠠᠭᠠᠨ ᠰᠦᠮ᠎ᠡ ᠳᠤ ᠪᠠᠨᠳᠢ ᠪᠤᠯᠵᠤ᠂ ᠰᠡᠳᠢᠪᠠᠽᠠᠷ ᠯᠠᠮᠠ ᠠᠴᠠ ᠨᠤᠮ ᠰᠤᠷᠴᠤ᠂ ᠲᠦᠪᠡᠳ ᠪᠢᠴᠢᠭ ᠢ ᠡᠵᠡᠮᠰᠢᠵᠠᠢ᠃ ᠪᠠᠭᠰᠢ ᠯᠠᠮᠠ ᠨᠢ ᠲᠡᠭᠦᠨ ᠳᠤ ᠤᠩᠰᠢᠯᠭ᠎ᠠ ᠶᠢᠨ ᠨᠤᠮ ᠢᠶᠠᠨ ᠰᠤᠷᠭᠠᠨ ᠲᠡᠭᠦᠰᠬᠡᠮᠡᠭᠴᠡ ᠮᠤᠩᠭᠤᠯ ᠪᠢᠴᠢᠭ ᠵᠢᠭᠠᠬᠤ ᠶᠢᠨ ᠢᠶᠠᠨ ᠵᠡᠷᠭᠡ ᠪᠠᠷ ︽ᠠᠨᠠᠭᠠᠬᠤ ᠤᠬᠠᠭᠠᠨ ᠤ ᠲᠦᠷᠪᠡᠨ ᠦᠨᠳᠦᠰᠦ︾ ᠶᠢ ᠵᠢᠭᠠᠵᠤ᠂ ᠦᠪᠡᠷ  ᠤᠨ ᠡᠷᠳᠡᠮ ᠨᠤᠮ ᠢᠶᠠᠨ ᠬᠠᠷᠠᠮ ᠦᠭᠡᠢ ᠰᠤᠷᠭᠠᠵᠠᠢ᠃      ᠲᠡᠷᠡ ᠨᠤᠮ ᠰᠤᠳᠤᠷ᠂ ᠡᠮ ᠤᠨ ᠵᠤᠷ ᠢᠶᠠᠨ ᠰᠢᠮᠳᠡᠨ ᠰᠤᠷᠬᠤ ᠶᠢᠨ ᠬᠠᠮᠳᠤ ᠪᠦᠬᠡ ᠪᠠᠷᠢᠯᠳᠤᠬᠤ ᠳᠤ ᠲᠤᠶᠢᠯ  ᠤᠨ ᠲᠤᠷ᠎ᠠ ᠪᠠᠭ᠋ᠠᠳᠠᠢ ᠠᠴᠠ ᠠᠷᠪᠠᠨ ᠨᠠᠢᠮᠠᠲᠠᠢ ᠵᠢᠯ ᠳᠤ ᠪᠠᠨ ᠬᠠᠨ ᠰᠦᠮ᠎ᠡ ᠶᠢᠨ ᠨᠠᠶᠢᠷ ᠲᠤ ᠲᠡᠷᠢᠭᠦᠯᠡᠨ᠂ ᠲᠤᠰ ᠵᠢᠯ ᠤᠨ ᠨᠤᠶᠠᠨ ᠰᠦᠮ᠎ᠡ ᠶᠢᠨ ᠬᠠᠪᠤᠳᠤ ᠬᠠᠰᠠᠷ ᠤᠨ ᠲᠠᠬᠢᠯᠭ᠎ᠠ ᠶᠢᠨ ᠨᠠᠶᠢᠷ ᠲᠤ ᠬᠤᠯᠠ ᠤᠶᠢᠷ᠎ᠠ ᠶᠢᠨ ᠴᠤᠤᠳᠤ ᠪᠦᠬᠡᠴᠤᠳ ᠢ ᠰᠢᠷᠣᠶᠢᠳᠣᠭᠤᠯᠣᠨ ᠬᠤᠷᠴᠠ ᠱᠠᠯᠠᠮᠠᠭᠠᠢ᠂ ᠴᠢᠳᠠᠯ ᠬᠦᠴᠦᠨ ᠲᠠᠢ ᠪᠠᠷ ᠢᠶᠠᠨ ᠬᠤᠷᠠᠭᠰᠠᠨ ᠤᠯᠠᠨ ᠢ ᠱᠠᠭᠰᠢᠭᠤᠯᠵᠤ᠂ ︽ᠬᠦᠷᠡᠯ ᠤᠩᠭᠤᠳ︾ ᠬᠡᠮᠡᠬᠦ ᠴᠤᠯᠠ᠂ ᠬᠦᠨᠳᠦ ᠱᠠᠩᠨᠠᠯ ᠢ ᠲᠤᠰᠴᠠᠢ᠃      ᠲᠡᠷᠡ ᠪᠠᠷ ᠵᠢᠯ ᠪᠤᠯᠭᠠᠨ ᠤ ᠤᠪᠤᠭ᠎ᠠ ᠲᠠᠬᠢᠯᠭ᠎ᠠ ᠶᠢᠨ ᠨᠠᠶᠢᠷ᠂ ᠬᠤᠰᠢᠭᠤ ᠸᠠᠩ ᠤᠨ ᠨᠠᠶᠢᠷ ᠲᠤ ᠣᠳᠠᠭ᠎ᠠ ᠲᠠᠷᠠᠭᠠᠯᠠᠨ ᠤᠷᠤᠯᠴᠠᠨ ᠢᠳᠡ ᠬᠦᠴᠦᠨ ᠴᠢᠩᠭᠠᠷᠠᠨ ᠡᠷᠳᠡᠮ ᠤᠬᠠᠭᠠᠨ ᠨᠢ ᠤᠨᠴᠠᠭᠠᠶᠢᠷᠠᠭᠰᠠᠨ ᠠᠴᠠ ︽ᠬᠦᠷᠡᠯ ᠤᠩᠭᠤᠳ︾ ᠭᠡᠬᠦ ᠴᠤᠯᠠ ᠨᠢ ᠠᠭᠠᠵᠢᠮ ᠳᠤ ᠪᠠᠨ ᠲᠠᠸᠠᠰᠠᠩᠪᠦᠦ ᠭᠡᠬᠦ ᠨᠡᠷ᠎ᠡ ᠶᠢ ᠤᠷᠤᠯᠠᠵᠠᠢ᠃ ᠡᠭᠦᠨ ᠤ ᠲᠠᠷᠠᠭ᠎ᠠ  ᠪᠠᠷ ᠶᠡᠭᠡ ᠪᠠᠭ᠎ᠠ ᠨᠠᠶᠢᠷ ᠲᠤ ᠭᠤᠷᠪᠠᠨᠳᠠ ᠲᠡᠷᠢᠭᠦᠯᠡᠵᠤ᠂ ᠬᠠᠭᠠᠨ ᠰᠦᠮ᠎ᠡ ᠶᠢᠨ ᠢᠷᠦᠭᠡᠯ ᠤᠨ ᠬᠤᠷᠠᠯ᠂ ᠪᠠᠶᠠᠨ ᠪᠤᠷᠤᠯᠵᠢ ᠬᠠᠨ ᠠᠭᠤᠯᠠ ᠶᠢᠨ ᠲᠠᠬᠢᠯᠭ᠎ᠠ ᠶᠢᠨ ᠨᠠᠶᠢᠷ᠂ ᠶᠡᠭᠡ ᠬᠠᠨ ᠬᠠᠶᠢᠷᠬᠠᠨ ᠤ ᠲᠠᠬᠢᠯᠭ᠎ᠠ ᠶᠢᠨ ᠨᠠᠶᠢᠷ ᠵᠡᠷᠭᠡ ᠶᠢᠰᠦᠨ ᠨᠠᠶᠢᠷ ᠲᠤ ᠲᠡᠷᠢᠭᠦᠯᠡᠨ᠂ ᠤᠪᠤᠭ᠎ᠠ ᠬᠠᠭᠠᠨ ᠰᠦᠮ᠎ᠡ ᠶᠢᠨ ︽ᠬᠦᠷᠡᠯ ᠤᠩᠭᠤᠳ︾ ᠭᠡᠵᠤ ᠬᠤᠯᠠ ᠤᠶᠢᠷ᠎ᠠ  ᠳᠤ ᠠᠯᠳᠠᠷᠰᠢᠵᠠᠢ᠃      ᠲᠡᠷᠡ ᠪᠠᠭᠠᠷᠢᠨ ᠪᠠᠷᠠᠭᠤᠨ ᠬᠤᠰᠢᠭᠤᠨ ᠤ ᠨᠠᠶᠢᠷ ᠲᠤ ᠤᠷᠤᠯᠴᠠᠨ ᠲᠡᠷᠢᠭᠦᠨ ᠲᠡᠳ᠋ ᠲᠤ ᠰᠠᠭᠤᠵᠤ᠂ ︽ᠶᠢᠰᠦ ᠶᠢᠰᠦ ᠨᠠᠶᠠᠨ ᠨᠢᠭᠡ︾ ᠶᠢᠨ ᠬᠦᠨᠳᠦ ᠱᠠᠩ ᠢ ᠬᠦᠷᠳᠡᠵᠤ ᠶᠠᠪᠤᠭᠰᠠᠨ ᠲᠡᠤᠬᠡ ᠲᠠᠢ ᠪᠢᠯᠠ᠃ ᠲᠡᠷᠡ ᠪᠦᠬᠡ ᠶᠢᠨ ᠬᠦᠷᠢᠶᠡᠨ ᠳᠤ ᠴᠢᠳᠠᠯ ᠬᠦᠴᠦ᠂ ᠪᠡᠶ᠎ᠡ ᠪᠢᠯᠳᠠᠷ᠂ ᠡᠷᠳᠡᠮ ᠠᠪᠢᠶᠠᠰ ᠢᠶᠠᠷ ᠢᠶᠠᠨ ᠠᠯᠳᠠᠷ ᠴᠤᠤ ᠮᠠᠨᠳᠣᠭᠰᠠᠨ ᠢᠶᠠᠷ 1939 ᠤᠨ ᠳᠤ ᠬᠠᠷᠢ ᠭᠦᠷᠦᠨ ᠶᠠᠫᠤᠨ ᠳᠤ ᠤᠷᠢᠭᠳᠠᠨ ᠬᠦᠷᠴᠦ᠂ ᠮᠤᠩᠭᠤᠯ ᠪᠦᠬᠡ ᠶᠢᠨ ᠡᠷ᠎ᠡ ᠲᠠᠮᠢᠷ ᠢ ᠭᠠᠶᠢᠬᠠᠭᠤᠯᠤᠨ᠂ ᠮᠤᠩᠭᠤᠯ ᠪᠦᠬᠡ ᠶᠢᠨ ᠡᠷᠳᠡᠮ ᠤᠬᠠᠭᠠᠨ ᠢ ᠬᠠᠷᠢ ᠶᠢᠨ ᠬᠦᠮᠦᠰ ᠲᠤ ᠰᠤᠨᠢᠷᠬᠠᠭᠤᠯᠵᠤ᠂ ᠠᠷᠰᠯᠠᠨ ᠵᠠᠭᠠᠨ ᠤ ᠢᠳᠡ ᠬᠦᠴᠦ ᠪᠠᠨ ᠪᠠᠭ᠋ᠠᠷᠬᠠᠨ ᠱᠠᠭᠰᠢᠭᠤᠯᠵᠤ᠂ ᠦᠷᠦᠭᠡᠯ ᠪᠤᠰᠤᠳ ᠤᠨ ᠠᠩᠬᠠᠷᠤᠯ ᠢ ᠲᠠᠳᠠᠵᠤ᠂ ᠲᠠᠷᠬᠠᠨ ᠴᠤᠯᠠ ᠪᠠᠨ ᠪᠦᠮᠪᠦᠷᠴᠡᠭ ᠲᠤ ᠮᠦᠩᠬᠡᠯᠡᠪᠡ᠃ ᠲᠡᠭᠦᠨ ᠠᠴᠠ ᠡᠬᠢᠯᠡᠭᠡᠳ ᠤᠪᠤᠭ᠎ᠠ ᠬᠠᠭᠠᠨ ᠰᠦᠮ᠎ᠡ ᠶᠢᠨ ᠨᠡᠷ᠎ᠡ ᠠᠯᠳᠠᠷ ᠴᠦ ᠶᠠᠫᠤᠨ ᠬᠦᠷᠳᠡᠯ᠎ᠡ ᠮᠡᠳᠡᠷᠡᠭᠳᠡᠵᠤ᠂ ᠨᠤᠳᠤᠭ ᠤᠰᠤᠨ ᠤ ᠤᠮᠤᠭᠰᠢᠯ ᠪᠤᠯᠤᠭᠰᠠᠨ ᠪᠢᠯᠠ᠃ ᠲᠠᠸᠠᠰᠠᠩᠪᠦᠦ ᠯᠠᠮᠠ ᠶᠢ ᠦᠵᠡᠵᠤ ᠰᠤᠨᠤᠰᠤᠭᠰᠠᠨ ᠪᠦᠬᠦᠨ᠄ ︽ᠲᠡᠷᠡ ᠪᠤᠯ ᠨᠡᠷᠡᠳᠦ ᠡᠮᠴᠢ᠂ ᠰᠠᠶᠢᠨ ᠪᠦᠬᠡᠴᠢᠨ ᠶᠤᠮ︕︾ ᠭᠡᠵᠤ ᠬᠠᠷᠢᠯᠴᠠᠨ ᠵᠤᠭᠤᠭᠳᠠᠳᠠᠭ ᠪᠠᠶᠢᠭᠰᠠᠨ ᠶᠤᠮ᠃ ᠲᠡᠭᠦᠨ ᠤ ᠠᠯᠳᠠᠷ ᠴᠤᠤ᠂ ᠦᠯᠢᠭᠡᠷ ᠲᠤᠮᠤᠭ  ᠨᠢ ᠤᠪᠤᠭ᠎ᠠ ᠬᠠᠭᠠᠨ ᠰᠦᠮ᠎ᠡ ᠲᠠᠢ ᠪᠠᠨ ᠴᠤᠭ ᠢᠶᠠᠷ ᠲᠠᠶᠠᠭᠠᠷ ᠲᠤ ᠲᠠᠭᠤᠷᠢᠰᠦᠨ ᠦᠶ᠎ᠡ ᠤᠯᠠᠮᠵᠢᠯᠠᠨ ᠶᠠᠷᠢᠭᠳᠠᠭᠰᠠᠭᠠᠷ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠪᠦᠷᠢᠨᠰᠠᠶᠢᠨ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号