2003 ᠤᠨ ᠳᠤ ᠤᠯᠠᠮᠵᠢᠯᠠᠯ ᠢᠶᠠᠷ ᠬᠤᠰᠢᠭᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠲᠤ ᠬᠠᠪᠤᠳᠤ | ᠬᠠᠰᠠᠷ ᠤᠨ ᠲᠠᠬᠢᠯᠭ᠎ᠠ ᠶᠢᠨ ᠤᠪᠤᠭ᠎ᠠ ᠶᠢ ᠪᠤᠰᠬᠠᠨ ᠶᠡᠭᠡ ᠬᠡᠪᠴᠢᠶᠡᠨ ᠤ ᠲᠠᠬᠢᠯᠭ᠎ᠠ ᠶᠠᠪᠤᠭᠤᠯᠵᠦ᠂ ᠤᠳᠤ ᠪᠤᠯᠳᠠᠯ᠎ᠠ | ᠵᠢᠯ ᠪᠦᠷᠢ ᠲᠠᠬᠢᠯᠭ᠎ᠠ ᠶᠠᠪᠤᠭᠤᠯᠵᠦ ᠪᠠᠶᠢᠨ᠎ᠠ᠃ | ᠠᠷᠤ ᠬᠤᠷᠴᠢᠨ ᠤ ᠬᠠᠰᠠᠷ ᠤᠨ ᠲᠠᠬᠢᠯᠭ᠎ᠠ ᠶᠢᠨ ᠤᠪᠤᠭ᠎ᠠ ᠪᠤᠯ ᠦᠪᠦᠷ ᠮᠤᠩᠭᠤᠯ ᠳᠠᠬᠢ ᠴᠤᠷ ᠤᠨ ᠭᠠᠭᠴᠨ | ᠲᠠᠬᠢᠯᠭ᠎ᠠ ᠶᠢᠨ ᠤᠪᠤᠭ᠎ᠠ ᠪᠤᠯᠤᠨ᠎ᠠ᠃ | ᠤᠪᠤᠭ᠎ᠠ ᠨᠢ ᠭᠤᠤᠯ ᠲᠠᠬᠢᠯᠭ᠎ᠠ ᠶᠢᠨ ᠤᠪᠤᠭ᠎ᠠ ᠲᠠᠢ᠂ ᠭᠤᠤᠯ ᠤᠪᠤᠭ᠎ᠠ ᠠᠴᠠ ᠳᠦᠷᠪᠡᠨ ᠵᠦᠭ ᠲᠤ | ᠪᠠᠶᠢᠷᠢᠰᠢᠭᠰᠠᠨ ᠵᠡᠯ᠎ᠡ ᠤᠪᠤᠭ᠎ᠠ ᠲᠠᠢ᠂ ᠵᠡᠯ᠎ᠡ ᠤᠪᠤᠭ᠎ᠠ ᠪᠦᠷᠢ ᠳᠤ ᠭᠤᠷᠪᠠᠨ ᠤᠪᠤᠭ᠎ᠠ ᠲᠠᠢ᠂ ᠨᠡᠶᠢᠲᠡ ᠠᠷᠪᠠᠨ | ᠭᠤᠷᠪᠠᠨ ᠤᠪᠤᠭ᠎ᠠ ᠪᠠᠷ ᠪᠦᠷᠢᠯᠳᠦᠪᠡ᠃ ᠡᠨᠡ ᠨᠢ ᠲᠡᠤᠬᠡᠨ ᠳᠠᠬᠢ 1190 ᠤᠨ ᠳᠤ ᠡᠭᠦᠰᠦᠭᠰᠡᠨ ᠠᠷᠪᠠᠨ | ᠭᠤᠷᠪᠠᠨ ᠬᠦᠷᠢᠶᠡᠨ ᠤ ᠳᠠᠶᠢᠨ ᠳᠤ ᠬᠤᠷᠢᠨ ᠳᠤᠯᠤᠭᠠᠨ ᠨᠠᠰᠤᠲᠠᠢ ᠬᠠᠪᠤᠲᠤ ᠬᠠᠰᠠᠷ ᠤᠨ ᠦᠨᠡᠨᠴᠢᠯᠡᠨ ᠵᠢᠳᠬᠦᠭᠰᠡᠨ | ᠭᠠᠪᠢᠶ᠎ᠠ ᠵᠢᠳᠬᠦᠯ ᠢ ᠳᠤᠷᠠᠰᠬᠠᠨ ᠲᠡᠮᠳᠡᠭᠯᠡᠵᠦ ᠪᠤᠢ᠃ ᠮᠦᠨ ᠴᠦ ᠠᠷᠪᠠᠨ ᠭᠤᠷᠪᠠᠳᠤᠭᠠᠷ ᠵᠠᠭᠤᠨ ᠳᠤ ᠪᠤᠯᠤᠭᠰᠠᠨ | ᠴᠢᠩᠭᠢᠰ ᠬᠠᠭᠠᠨ ᠬᠤᠷᠢᠨ ᠳᠤᠯᠤᠭᠠᠲᠠᠢ ᠵᠢᠯ ᠳᠤ ᠪᠠᠨ ᠬᠠᠭᠠᠨ ᠤᠷᠤ ᠳᠤ ᠰᠠᠭᠤᠭᠰᠠᠨ ᠲᠡᠤᠬᠡ ᠶᠢᠨ ᠬᠠᠭᠤᠳᠠᠰᠤ ᠶᠢ | ᠲᠡᠮᠳᠡᠭᠯᠡᠨ ᠬᠤᠶᠢᠴᠢᠰ ᠲᠤ ᠪᠠᠨ ᠤᠯᠠᠮᠵᠢᠯᠠᠵᠦ ᠪᠤᠢ᠃ | ᠡᠳᠡᠭᠡᠷ ᠨᠢ ᠮᠤᠩᠭᠤᠯᠴᠤᠳ ᠤᠨ ᠨᠡᠶᠢᠭᠡᠮ ᠤᠨ ᠶᠠᠭᠤᠮ᠎ᠠ ᠦᠵᠡᠭᠳᠡᠯ ᠢ ︽ᠭᠤᠷᠪᠠ︾ ᠭᠡᠬᠦ ᠲᠤᠭ᠎ᠠ ᠪᠠᠷ | ᠡᠬᠢ ᠡᠭᠦᠰᠦᠪᠦᠷᠢ ᠪᠤᠯᠭᠠᠬᠤ ᠪᠡᠯᠭᠡᠳᠡᠯ ᠵᠦᠢ ᠶᠢ ᠬᠠᠷᠠᠭᠤᠯᠵᠤ᠂ ᠠᠷᠪᠠᠨ ᠭᠤᠷᠪᠠ ᠶᠢ ᠬᠦᠨᠳᠦᠳᠬᠡᠨ ᠡᠷᠬᠢᠮᠯᠡᠬᠦ | ᠰᠢᠲᠦᠯᠭᠡ ᠶᠤᠰᠤ ᠶᠢ ᠬᠠᠷᠠᠭᠤᠯᠵᠤ ᠪᠤᠢ᠃ | ᠤᠪᠤᠭ᠎ᠠ ᠶᠢᠨ ᠰᠦᠯᠳᠡ ᠶᠢ ᠪᠠᠷᠠᠭᠤᠨ ᠡᠮᠦᠨᠡᠰᠢ ᠬᠠᠨᠳᠤᠭᠤᠯᠳᠠᠭ ᠨᠢ ᠬᠠᠰᠠᠷ ᠤᠨ ᠳᠤᠭᠰᠢᠨ ᠬᠠᠷ᠎ᠠ ᠲᠤᠭ ᠢ | ᠲᠤᠭᠰᠢᠭᠤᠯᠬᠤ ᠳᠤ ᠪᠠᠷᠠᠭᠤᠨ ᠡᠮᠦᠨᠡᠰᠢ ᠬᠠᠨᠳᠤᠭᠤᠯᠳᠠᠭ ᠲᠡᠤᠬᠡ ᠶᠢᠨ ᠡᠰᠢᠯᠡᠯ ᠵᠠᠩᠰᠢᠯ ᠢ ᠪᠠᠷᠢᠮᠲᠠᠯᠠᠪᠠ᠃ ᠡᠳᠡᠭᠡᠷ | ᠨᠢ ᠬᠠᠰᠠᠷ ᠤᠨ ᠨᠢᠭᠡ ᠨᠠᠰᠤᠨ ᠤ ᠳᠠᠶᠢᠨ ᠪᠠᠶᠢᠯᠳᠤᠭᠠᠨ ᠤ ᠠᠮᠢᠳᠤᠷᠠᠯ ᠨᠢ ᠲᠠᠩᠭᠤᠳ ᠢ ᠬᠤᠷᠢᠶᠠᠮᠵᠢᠯᠠᠬᠤ ᠪᠠᠷ | ᠲᠡᠭᠦᠰᠦᠭᠰᠡᠨ ᠳᠤ ᠤᠷᠤᠰᠢᠨ᠎ᠠ᠃ | ᠳᠠᠶᠢᠯ ᠪᠤᠭᠳᠠ ᠶᠢᠨ ᠤᠪᠤᠭ᠎ᠠ ᠶᠢᠨ ᠲᠠᠬᠢᠯᠭ᠎ᠠ ᠶᠢᠨ ᠵᠤᠷᠢᠯᠭ᠎ᠠ | ᠳᠠᠶᠢᠯ ᠪᠤᠭᠳᠠ ︵ᠬᠠᠪᠤᠲᠤ ᠬᠠᠰᠠᠷ︶ ᠶᠢᠨ ᠤᠪᠤᠭ᠎ᠠ ᠶᠢᠨ ᠲᠠᠬᠢᠯᠭ᠎ᠠ ᠶᠢ ᠭᠦᠢᠴᠡᠳᠬᠡᠬᠦ ᠶᠢᠨ ᠤᠴᠢᠷ | ᠰᠢᠯᠲᠠᠭᠠᠨ ᠨᠢ ᠳᠠᠶᠢᠯ ᠪᠤᠭᠳᠠ ᠶᠢᠨ ᠰᠢᠲᠦᠭᠡᠨ ᠤ ᠪᠠᠨ ᠠᠭᠤᠷ ᠬᠢᠯᠢᠩ ᠢ ᠳᠠᠶᠢᠳᠬᠤᠷᠠᠭᠤᠯᠵᠣ᠂ ᠰᠠᠨᠠᠭ᠎ᠠ ᠰᠡᠳᠬᠢᠯ | ᠢ ᠨᠢ ᠪᠠᠶᠠᠰᠬᠠᠨ᠂ ᠦᠪᠡᠷ ᠤᠨ ᠰᠠᠶᠢᠨ ᠰᠠᠶᠢᠬᠠᠨ ᠢᠶᠠᠨ ᠬᠦᠰᠡᠨ ᠳᠠᠭᠠᠳᠬᠠᠵᠤ᠂ ᠪᠤᠭᠳᠠ ᠠᠴᠠ ᠠᠪᠤᠷᠠᠯ | ᠦᠷᠦᠰᠢᠶᠡᠯ ᠭᠤᠶᠤᠨ᠂ ᠪᠤᠳᠠᠲᠦ ᠠᠮᠢᠳᠤᠷᠠᠯ ᠳᠤ ᠪᠠᠨ ᠤᠶᠤᠨ ᠰᠠᠨᠠᠭᠠᠨ ᠤ ᠦᠮᠦᠭ ᠲᠦᠰᠢᠭ ᠤᠯᠵᠤ᠂ ᠪᠤᠳᠠᠲᠠᠢ | ᠦᠷ᠎ᠡ ᠠᠰᠢᠭ ᠬᠦᠷᠲᠡᠬᠦ ᠭᠡᠰᠡᠨ ᠶᠠᠪᠤᠳᠠᠯ ᠪᠤᠯᠤᠨ᠎ᠠ᠃ ᠡᠨᠡ ᠨᠢ ᠦᠨᠳᠦᠰᠦᠲᠡᠨ ᠤ ᠰᠤᠶᠤᠯ ᠢ ᠦᠪᠯᠡᠨ | ᠵᠠᠯᠭᠠᠮᠵᠢᠯᠠᠵᠤ᠂ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠨ ᠬᠦᠭᠵᠢᠭᠦᠯᠬᠦ ᠶᠢ ᠠᠬᠢᠭᠤᠯᠵᠤ᠂ ᠤᠷᠤᠨ | ᠨᠤᠲᠤᠭ ᠤᠨ ᠠᠵᠤ ᠠᠬᠤᠢ ᠶᠢᠨ ᠬᠦᠭᠵᠢᠯᠲᠡ ᠶᠢ ᠠᠬᠢᠭᠤᠯᠬᠤ ᠳᠤ ᠠᠰᠢᠭᠲᠠᠢ ᠲᠠᠪᠴᠠᠩ ᠢ ᠬᠠᠩᠭᠠᠬᠤ ᠪᠤᠯᠤᠨ᠎ᠠ᠃ | ᠲᠠᠬᠢᠯᠭ᠎ᠠ ᠶᠢᠨ ᠡᠳᠦᠷ | ᠬᠠᠪᠤᠲᠤ ᠬᠠᠰᠠᠷ ᠤᠨ ᠤᠪᠤᠭ᠎ᠠ ᠶᠢᠨ ᠲᠠᠬᠢᠯᠭ᠎ᠠ ᠨᠢ ᠵᠢᠯ ᠪᠦᠷᠢ ᠶᠢᠨ ᠪᠢᠯᠢᠭ ᠤᠨ ᠤᠯᠠᠷᠢᠯ ᠤᠨ ᠬᠤᠷ᠎ᠠ | ᠤᠰᠤ ᠵᠤᠬᠢᠴᠠᠭᠰᠠᠨ ᠰᠠᠶᠢᠬᠠᠨ ᠴᠠᠭ ᠲᠤ ᠶᠠᠪᠤᠭᠳᠠᠳᠠᠭ᠃ | ᠲᠠᠬᠢᠯᠭ᠎ᠠ ᠶᠢ ᠬᠤᠰᠢᠭᠤ ᠵᠠᠰᠠᠭ ᠤᠨ ᠤᠷᠳᠤᠨ ᠠᠴᠠ ᠵᠤᠬᠢᠶᠠᠨ ᠪᠠᠶᠢᠭᠤᠯᠵᠤ᠂ ᠮᠠᠯᠵᠢᠬᠤ ᠰᠤᠮᠤ ᠨᠢᠭᠡᠴᠢ ᠪᠠᠷ | ᠳᠠᠭᠠᠭᠠᠴᠢᠯᠠᠨ ᠡᠷᠬᠢᠯᠡᠵᠦ ᠭᠦᠢᠴᠡᠳᠬᠡᠨ᠎ᠡ᠃ | ᠲᠠᠬᠢᠯᠭ᠎ᠠ ᠳᠤ ᠲᠤᠰᠬᠠᠢ ᠳᠠᠭᠠᠭᠠᠮᠠᠯ ᠲᠠᠢ᠂ ᠠᠯᠢᠪᠠ ᠦᠢᠯᠡ ᠶᠢ ᠳᠠᠭᠠᠭᠠᠮᠠᠯ ᠤᠨ ᠵᠠᠬᠢᠶ᠎ᠠ ᠪᠠᠷ ᠭᠦᠢᠴᠡᠳᠬᠡᠨ᠎ᠡ | ᠃ | ᠲᠠᠬᠢᠯᠭ᠎ᠠ ᠶᠢᠨ ᠪᠡᠯᠡᠳᠬᠡᠯ | ᠨᠢᠭᠡ᠂ ᠵᠢᠯ ᠪᠦᠷᠢ ᠶᠢᠨ ᠲᠠᠬᠢᠯᠭ᠎ᠠ ᠶᠢᠨ ᠲᠦᠷᠦᠭᠦᠦ ᠡᠳᠦᠷ ᠤᠪᠤᠭ᠎ᠠ ᠶᠢ ᠢᠵᠠᠭᠤᠷ ᠶᠤᠰᠤ ᠪᠠᠷ ᠴᠢᠮᠡᠭᠯᠡᠨ | ᠵᠠᠰᠠᠵᠦ᠂ ᠬᠠᠵᠠᠭᠤ ᠬᠠᠪᠢ ᠶᠢᠨ ᠪᠤᠵᠠᠷ ᠬᠤᠭ ᠢ ᠴᠡᠪᠡᠷᠯᠡᠨ ᠠᠷᠢᠯᠭᠠᠵᠤ᠂ ᠠᠯᠢᠪᠠ ᠠᠵᠢᠯ ᠢ ᠭᠠᠷᠳᠠᠨ | ᠭᠦᠢᠴᠡᠳᠬᠡᠨ᠎ᠡ᠃ | ᠬᠤᠶᠠᠷ᠂ ᠤᠪᠤᠭ᠎ᠠ ᠶᠢᠨ ᠲᠠᠬᠢᠯᠭ᠎ᠠ ᠳᠤ ᠡᠷᠬᠡᠪᠰᠢ ᠠᠷᠤ ᠬᠤᠷᠴᠢᠨ ᠬᠤᠨᠢᠨ ᠤ ᠴᠡᠪᠡᠷ ᠡᠭᠦᠯᠳᠡᠷ ᠤᠨ ᠢᠷᠭᠡ | ᠶᠢ ᠰᠤᠩᠭᠤᠵᠤ᠂ ᠪᠦᠬᠦᠯᠢ ᠰᠢᠭᠦᠰᠦ ᠶᠢᠨ ᠲᠠᠬᠢᠯᠭ᠎ᠠ ᠲᠠᠯᠪᠢᠨ᠎ᠠ᠃ | ᠭᠤᠷᠪᠠ᠂ ᠲᠠᠬᠢᠯᠭ᠎ᠠ ᠳᠤ ᠬᠤᠨᠢᠨ ᠰᠢᠭᠦᠰᠦ ᠠᠴᠠ ᠭᠠᠳᠠᠨ᠎ᠠ ᠴᠠᠭᠠᠨ ᠢᠳᠡᠭᠡᠨ᠂ ᠵᠤᠯᠠ ᠶᠢᠨ ᠰᠢᠷ᠎ᠠ ᠲᠤᠰᠤ᠂ | ᠪᠣᠤᠪᠤ ᠪᠤᠭᠤᠷᠰᠤᠭ ᠵᠡᠷᠭᠡ ᠶᠢ ᠠᠷᠢᠭᠤᠨ ᠴᠡᠪᠡᠷ ᠲᠤᠰᠬᠠᠢ ᠡᠷᠦᠬᠡ ᠳᠤ ᠨᠠᠶᠢᠳᠠᠨ ᠡᠯᠪᠡᠭ ᠳᠡᠯᠪᠡᠭ ᠪᠡᠯᠡᠳᠬᠡᠨ᠎ᠡ᠃ | ᠳᠦᠷᠪᠡ᠂ ᠲᠠᠬᠢᠯᠭ᠎ᠠ ᠰᠠᠩ ᠢ ᠤᠩᠰᠢᠬᠤ ᠯᠠᠮᠠ ᠨᠠᠷ ᠢ ᠵᠠᠯᠠᠨ᠎ᠠ᠃ | ᠲᠠᠬᠢᠯᠭ᠎ᠠ ᠶᠢᠨ ᠬᠤᠷᠢᠭ᠎ᠠ ᠴᠡᠭᠡᠷ | ᠨᠢᠭᠡ᠂ ᠡᠯᠳᠡᠪ ᠡᠰᠡᠨ ᠤ ᠬᠡᠷᠡᠭ ᠤᠴᠢᠷ ᠲᠠᠢ ᠬᠦᠮᠦᠨ᠂ ᠬᠦᠩᠭᠡᠵᠢᠭᠡᠳ ᠰᠠᠷ᠎ᠠ ᠭᠦᠢᠴᠡᠭᠡᠳᠦᠢ ᠡᠬᠡᠨᠠᠷ ᠤᠨ | ᠭᠡᠷ ᠲᠤ ᠤᠷᠤᠭᠰᠠᠨ ᠪᠤᠶᠤ ᠦᠬᠦᠭᠡᠷ ᠮᠤᠭᠤᠨ ᠳᠤ ᠤᠴᠢᠭᠠᠳ ᠵᠠᠭᠤ ᠬᠤᠨᠤᠭ ᠦᠩᠭᠡᠷᠡᠭᠡᠳᠦᠢ ᠬᠦᠮᠦᠨ ᠲᠠᠬᠢᠯᠭ᠎ᠠ | ᠳᠤ ᠤᠷᠤᠯᠴᠠᠵᠦ ᠪᠤᠯᠳᠠᠭ ᠦᠭᠡᠢ᠃ | ᠬᠤᠶᠠᠷ᠂ ᠠᠷᠢᠬᠢᠨ ᠰᠤᠭᠲᠤᠭᠤ ᠬᠦᠮᠦᠨ ᠲᠠᠬᠢᠯᠭ᠎ᠠ ᠳᠤ ᠤᠷᠤᠯᠴᠠᠵᠦ ᠪᠤᠯᠬᠤ ᠦᠭᠡᠢ᠃ | ᠭᠤᠷᠪᠠ᠂ ᠲᠠᠬᠢᠯᠭ᠎ᠠ ᠳᠤ ᠤᠴᠢᠭᠰᠠᠳ ᠶᠤᠰᠤ ᠭᠤᠷᠢᠮ ᠢ ᠳᠠᠭᠠᠵᠤ᠂ ᠦᠨᠳᠦᠷ ᠳᠠᠭᠤᠨ ᠢᠶᠠᠷ ᠪᠠᠷᠬᠢᠷᠠᠯᠴᠠᠬᠤ | ᠂ ᠬᠡᠷᠡᠭᠦᠯ ᠴᠣᠤᠭᠢᠶᠠᠨ ᠲᠠᠲᠠᠬᠤ ᠶᠢ ᠲᠠᠰᠤ ᠴᠡᠭᠡᠷᠯᠡᠨ᠎ᠡ᠃ | ᠳᠦᠷᠪᠡ᠂ ᠰᠢᠭᠦᠰᠦ ᠬᠦᠨᠳᠡᠬᠦ ᠠᠴᠠ ᠪᠤᠰᠤᠳ ᠬᠦᠮᠦᠨ ᠬᠢᠲᠤᠭ᠎ᠠ ᠮᠠᠰᠠ ᠶᠢᠨ ᠵᠦᠢᠯ ᠤᠨ ᠵᠠᠷ ᠵᠡᠪᠰᠡᠭ ᠢ | ᠠᠪᠴᠤ ᠤᠴᠢᠬᠤ ᠶᠢ ᠴᠡᠭᠡᠷᠯᠡᠨ᠎ᠡ᠃ | ᠲᠠᠪᠤ᠂ ᠮᠦᠷᠭᠦᠯᠴᠢᠳ ᠤᠷᠴᠢᠨ ᠲᠤᠭᠤᠷᠢᠨ ᠤ ᠠᠷᠢᠭᠤᠨ ᠴᠡᠪᠡᠷ ᠢ ᠠᠩᠬᠠᠷᠴᠤ᠂ ᠡᠯᠳᠡᠪ ᠡᠰᠡᠨ ᠤ ᠪᠤᠵᠠᠷ | ᠪᠤᠷᠲᠠᠭ ᠢᠶᠠᠨ ᠲᠠᠬᠢᠯᠭ᠎ᠠ ᠶᠢᠨ ᠤᠪᠤᠭ᠎ᠠ ᠶᠢᠨ ᠬᠠᠵᠠᠭᠤ ᠬᠠᠪᠢ ᠪᠠᠷ ᠬᠠᠶᠠᠵᠤ ᠪᠤᠯᠬᠤ ᠦᠭᠡᠢ᠃ | ᠵᠢᠷᠭᠤᠭ᠎ᠠ᠂ ᠲᠠᠬᠢᠯᠭ᠎ᠠ ᠡᠬᠢᠯᠡᠭᠰᠡᠨ ᠤ ᠳᠠᠷᠠᠭ᠎ᠠ᠂ ᠲᠠᠬᠢᠯᠭ᠎ᠠ ᠡᠷᠬᠢᠯᠡᠭᠴᠢ ᠠᠴᠠ ᠪᠤᠰᠤᠳ ᠬᠦᠮᠦᠨ ᠤᠪᠤᠭ᠎ᠠ | ᠶᠢᠨ ᠲᠠᠪᠴᠠᠩ ᠳᠤ ᠭᠠᠷᠴᠤ ᠪᠤᠯᠬᠤ ᠦᠭᠡᠢ᠃ ᠲᠤᠭᠲᠠᠭᠰᠠᠨ ᠤᠷᠤᠨ ᠪᠠᠶᠢᠷᠢ ᠳᠤ ᠶᠤᠰᠤᠴᠢᠯᠠᠨ ᠰᠠᠭᠤᠬᠤ ᠬᠡᠷᠡᠭᠲᠡᠢ | ᠃ ᠲᠦᠬᠦᠭᠡ ᠤᠷᠤᠭᠠᠳᠦᠢ ᠬᠡᠤᠬᠡᠳ ᠢᠶᠠᠨ ᠳᠠᠭᠠᠭᠤᠯᠵᠤ ᠤᠴᠢᠭᠰᠠᠳ ᠰᠠᠶᠢᠲᠤᠷ ᠬᠠᠮᠢᠶᠠᠷᠬᠤ ᠬᠡᠷᠡᠭᠲᠡᠢ᠃ ᠵᠢᠷᠤᠭ | ᠳᠦᠷᠰᠦ ᠠᠪᠬᠤ ᠪᠠᠷ ᠡᠮᠬᠢ ᠲᠢᠭᠯᠡᠮ ᠦᠭᠡᠢ ᠶᠠᠪᠤᠵᠤ ᠪᠤᠯᠬᠤ ᠦᠭᠡᠢ᠃ | ᠳᠣᠯᠤᠭ᠎ᠠ᠂ ᠲᠠᠬᠢᠯᠭ᠎ᠠ ᠳᠤ ᠢᠷᠡᠭᠰᠡᠳ ᠲᠡᠷᠭᠡ ᠬᠦᠰᠭᠡ ᠪᠠᠨ ᠲᠤᠭᠳᠠᠭᠰᠠᠨ ᠭᠠᠵᠠᠷ ᠲᠤ ᠲᠠᠯᠪᠢᠨ᠎ᠠ᠃ | ᠤᠪᠤᠭ᠎ᠠ ᠶᠢᠨ ᠬᠠᠪᠢ ᠳᠤ ᠳᠤᠷ᠎ᠠ ᠪᠠᠷ ᠢᠶᠠᠨ ᠲᠠᠯᠪᠢᠵᠤ ᠪᠤᠯᠬᠤ ᠦᠭᠡᠢ᠃ | ᠬᠠᠪᠤᠲᠤ ᠬᠠᠰᠠᠷ ᠤᠨ ᠲᠠᠬᠢᠯᠭ᠎ᠠ ᠶᠢᠨ ᠳᠡᠰ ᠳᠠᠷᠠᠭ᠎ᠠ | ᠨᠢᠭᠡ᠂ ᠤᠪᠤᠭ᠎ᠠ ᠶᠢᠨ ᠲᠠᠬᠢᠯᠭ᠎ᠠ ᠶᠢ ᠦᠷᠯᠦᠭᠡ ᠶᠢᠨ ᠨᠠᠷᠠ ᠮᠠᠨᠳᠤᠬᠤ ᠴᠠᠭ ᠯᠤᠭ᠎ᠠ ᠵᠡᠷᠭᠡ ᠪᠠᠷ | ᠭᠦᠢᠴᠡᠳᠬᠡᠨ᠎ᠡ᠃ | ᠬᠤᠶᠠᠷ᠂ ᠲᠠᠬᠢᠯᠭ᠎ᠠ ᠳᠤ ᠬᠤᠰᠢᠭᠤ ᠵᠠᠰᠠᠭ ᠸᠠᠩ ᠭᠤᠤᠯᠠᠯᠨ ᠤᠷᠤᠯᠴᠠᠵᠦ᠂ ᠪᠤᠰᠤᠳ ᠬᠦᠮᠦᠰ ᠳᠠᠭᠠᠯᠴᠠᠨ | ᠤᠷᠤᠯᠴᠠᠨ᠎ᠠ᠃ | ᠭᠤᠷᠪᠠ᠂ ᠤᠪᠤᠭ᠎ᠠ ᠶᠢᠨ ᠲᠦᠪ ᠡᠮᠦᠨ᠎ᠡ ᠬᠠᠪᠤᠲᠤ ᠬᠠᠰᠠᠷ ᠤᠨ ᠬᠦᠷᠦᠭ ᠢ ᠬᠦᠨᠳᠦᠳᠬᠡᠨ ᠵᠠᠯᠠᠵᠦ᠂ ᠬᠦᠵᠢ | ᠵᠤᠯᠠ ᠠᠰᠠᠭᠠᠨ᠎ᠠ᠃ | ᠳᠦᠷᠪᠡ᠂ ᠲᠠᠬᠢᠯᠭ᠎ᠠ ᠶᠢᠨ ᠰᠢᠭᠦᠰᠦ ᠵᠡᠷᠭᠡ ᠶᠢ ᠶᠤᠰᠤᠴᠢᠯᠠᠨ ᠲᠠᠯᠪᠢᠨ᠎ᠠ᠃ ᠤᠪᠤᠭ᠎ᠠ ᠳᠤ ᠠᠷᠢᠬᠢ ᠡᠷᠭᠦᠬᠦ | ᠶᠢ ᠲᠠᠰᠤ ᠴᠡᠭᠡᠷᠯᠡᠨ᠎ᠡ᠃ | ᠲᠠᠪᠤ᠂ ᠲᠠᠬᠢᠯᠭ᠎ᠠ ᠶᠢᠨ ᠳᠠᠭᠠᠭᠠᠮᠠᠯ ᠠᠴᠠ ᠲᠠᠬᠢᠯᠭ᠎ᠠ ᠡᠬᠢᠯᠡᠬᠦ ᠶᠢ ᠨᠡᠶᠢᠲᠡᠯᠡᠵᠦ᠂ ᠬᠤᠰᠢᠭᠤ ᠵᠠᠰᠠᠭ ᠸᠠᠩ | ᠠᠴᠠ ᠲᠠᠬᠢᠯᠭ᠎ᠠ ᠶᠢᠨ ᠶᠤᠰᠤ ᠶᠢ ᠭᠦᠢᠴᠡᠳᠬᠡᠵᠦ᠂ ᠪᠤᠰᠤᠳ ᠬᠦᠮᠦᠰ ᠬᠤᠰᠢᠭᠤ ᠵᠠᠰᠠᠭ ᠸᠠᠩ ᠤᠨ ᠠᠷᠤ ᠳᠤ | ᠤᠪᠤᠭ᠎ᠠ ᠵᠦᠭ ᠬᠠᠨᠳᠤᠨ ᠬᠠᠳᠠᠭ ᠡᠷᠭᠦᠬᠦ ᠪᠤᠶᠤ ᠬᠤᠶᠠᠷ ᠭᠠᠷ ᠢᠶᠠᠨ ᠬᠠᠮᠳᠤᠳᠬᠠᠨ ᠵᠠᠯᠪᠠᠷᠢᠵᠦ ᠰᠦᠬᠦᠷᠡᠨᠡ᠃ | ᠬᠤᠰᠢᠭᠤ ᠵᠠᠰᠠᠭ ᠳᠠᠷᠤᠭ᠎ᠠ ᠲᠠᠬᠢᠯᠭ᠎ᠠ ᠭᠦᠢᠴᠡᠳᠬᠡᠬᠦ ᠠᠴᠠ ᠡᠮᠦᠨ᠎ᠡ ᠪᠤᠰᠤᠳ ᠬᠦᠮᠦᠨ ᠳᠤᠷ᠎ᠠ ᠪᠠᠷ ᠢᠶᠠᠨ ᠲᠠᠬᠢᠯᠭ᠎ᠠ | ᠶᠠᠪᠤᠭᠤᠯᠵᠤ ᠪᠤᠯᠬᠤ ᠦᠭᠡᠢ᠃ | ᠵᠢᠷᠭᠤᠭ᠎ᠠ᠂ ᠬᠤᠰᠢᠭᠤ ᠵᠠᠰᠠᠭ ᠳᠠᠷᠤᠭ᠎ᠠ ᠠᠴᠠ ᠲᠠᠬᠢᠯᠭ᠎ᠠ ᠭᠦᠢᠴᠡᠳᠬᠡᠪᠡᠯ ︽ᠬᠠᠪᠤᠲᠤ ᠬᠠᠰᠠᠷ ᠤᠨ | ᠲᠠᠬᠢᠯᠭ᠎ᠠ ᠶᠢᠨ ᠰᠠᠩ︾ ᠢ ᠤᠩᠰᠢᠨ᠎ᠠ᠃ | ᠳᠤᠯᠤᠭ᠎ᠠ᠂ ᠯᠠᠮᠠ ᠨᠠᠷ ᠠᠴᠠ ᠲᠠᠬᠢᠯᠭ᠎ᠠ ᠶᠢᠨ ᠰᠠᠩ ᠢ ᠤᠩᠰᠢᠨ᠎ᠠ᠃ | ᠨᠠᠢᠮᠠ᠂ ᠲᠠᠬᠢᠯᠭ᠎ᠠ ᠶᠢᠨ ᠰᠠᠩ ᠤᠩᠰᠢᠪᠠᠯ ᠮᠦᠷᠭᠦᠯᠴᠢᠳ ᠤᠪᠤᠭ᠎ᠠ ᠶᠢ ᠨᠠᠷᠠᠨ ᠡᠷᠭᠢᠯᠲᠡ ᠪᠠᠷ ᠭᠤᠷᠪᠠᠨᠲᠠ | ᠡᠷᠭᠢᠵᠦ᠂ ᠰᠦᠵᠢᠭ ᠢᠶᠠᠨ ᠭᠦᠢᠴᠡᠳᠬᠡᠨ ᠳᠠᠯᠠᠯᠭ᠎ᠠ ᠬᠤᠷᠤᠶᠢᠯᠠᠨ᠎ᠠ᠃ ᠤᠪᠤᠭ᠎ᠠ ᠡᠷᠭᠢᠬᠦ ᠳᠤ ᠬᠤᠰᠢᠭᠤ ᠵᠠᠰᠠᠭ | ᠳᠠᠷᠤᠭ᠎ᠠ ᠶᠢᠨ ᠳᠠᠷᠠᠭ᠎ᠠ ᠪᠠᠷ ᠡᠮᠬᠢ ᠴᠡᠭᠴᠡᠲᠡᠢ ᠶᠠᠪᠤᠨ᠎ᠠ᠃ | ᠶᠢᠰᠦ᠂ ᠤᠪᠤᠭ᠎ᠠ ᠶᠢᠨ ᠲᠠᠬᠢᠯᠭ᠎ᠠ ᠶᠢ ᠭᠦᠢᠴᠡᠳᠬᠡᠪᠡᠯ ᠳᠠᠶᠢᠯ ᠪᠤᠭᠳᠠ ᠬᠠᠪᠤᠲᠤ ᠬᠠᠰᠠᠷ ᠤᠨ ᠬᠦᠷᠦᠭ ᠢ | ᠤᠭ ᠤᠷᠤᠨ ᠳᠤ ᠨᠢ ᠪᠤᠴᠠᠭᠠᠨ ᠵᠠᠯᠠᠨ᠎ᠠ᠃ | ᠠᠷᠪᠠ᠂ ᠤᠪᠤᠭ᠎ᠠ ᠶᠢᠨ ᠲᠠᠬᠢᠯᠭ᠎ᠠ ᠶᠢᠨ ᠨᠠᠶᠢᠷ ᠶᠠᠪᠤᠭᠳᠠᠨ᠎ᠠ᠃ ᠨᠠᠶᠢᠷ ᠨᠢ ᠵᠤᠷᠰᠢᠯ ᠢᠶᠠᠷ ᠲᠤᠮᠤᠴᠣᠤᠯ | ᠬᠡᠤᠬᠡᠳ ᠤᠨ ᠪᠦᠬᠡ ᠪᠠᠷᠢᠯᠳᠤᠬᠤ᠂ ᠤᠯᠠᠨ ᠵᠦᠢᠯ ᠤᠨ ᠮᠤᠷᠢ ᠤᠷᠤᠯᠳᠤᠬᠤ᠂ ᠰᠤᠷ ᠬᠠᠷᠪᠤᠬᠤ ᠵᠡᠷᠭᠡ ᠠᠭᠤᠯᠭ᠎ᠠ | ᠪᠠᠷ ᠶᠠᠪᠤᠭᠳᠠᠨ᠎ᠠ᠃ | ᠬᠠᠪᠤᠳᠤ ᠬᠠᠰᠠᠷ ᠤᠨ ᠲᠠᠬᠢᠯᠭ᠎ᠠ ᠶᠢᠨ ᠰᠠᠩ ᠤᠷᠤᠰᠢᠪᠠᠢ | ᠵᠠ᠂ ᠠᠷᠢᠭᠤᠨ ᠮᠤᠩᠭᠤᠯ ᠤᠨ ᠠᠪᠤᠷᠠᠯᠳᠦ ᠰᠠᠬᠢᠭᠤᠰᠤ | ᠠᠷᠤ ᠬᠤᠷᠴᠢᠨ᠂ ᠨᠤᠨ ᠬᠤᠷᠴᠢᠨ ᠬᠢᠭᠡᠳ | ᠨᠤᠨ ᠠᠷᠪᠠᠨ ᠬᠤᠰᠢᠭᠤᠳ ᠢ ᠭᠤᠤᠯᠯᠠᠭᠤᠯᠤᠨ ᠦᠷᠦᠰᠢᠶᠡᠵᠦ | ᠡᠨ᠋ᠨ ᠤᠷᠤᠨ ᠢ ᠠᠷᠢᠭᠤᠳᠬᠠᠵᠣ | ᠤᠠᠠᠰᠠᠭ᠎ᠠ ᠦᠷᠡᠰ ᠢᠶᠠᠷ ᠢᠶᠠᠨ ᠰᠠᠬᠢᠭᠤᠯᠰᠠᠳ | ᠲᠠᠶᠢᠰᠤᠨ ᠢ ᠲᠠᠷᠤᠠᠠᠴᠢ ᠬᠤᠪᠢᠯᠭᠠᠨ ᠤᠪᠠᠳᠢᠰᠳᠠᠳ | ᠰᠣᠷᠴᠢᠨᠬᠠᠷᠪᠤᠭᠠᠴᠢ ᠪᠤᠠᠠᠳᠠ | ᠦᠭᠡᠯᠦᠨ ᠡᠭᠡ ᠠᠴᠠ ᠢᠯᠡᠷᠡᠭᠰᠡᠨ | ᠠᠭᠤᠤ ᠪᠤᠠᠠᠳᠠ ᠴᠢᠩᠬᠢᠰ ᠤᠨ ᠲᠡᠭᠦᠦ | ᠮᠤᠩᠭᠤᠯ ᠪᠤᠠᠠᠳᠠ ᠲᠠ ᠬᠠᠷᠬᠢᠰ ᠢ ᠲᠠᠷᠤᠵᠦ | ᠦᠨᠡᠨ ᠭᠡᠭᠡᠨ ᠵᠢᠷᠦᠮ ᠢ ᠰᠠᠬᠢᠵᠦ | ᠪᠤᠶᠠᠨᠲᠠᠨ ᠢ ᠲᠡᠳᠭᠦᠭᠦ | ᠮᠤᠩᠭᠤᠯ ᠤᠨ ᠲᠠᠩᠭᠠᠷᠢᠠᠠᠳᠦ ᠲᠡᠭᠡᠳᠦᠰ ᠲᠡᠨ᠎ᠡ | ᠮᠬᠠᠳᠠᠨ ᠰᠢᠳᠦᠵᠦ ᠮᠦᠷᠭᠦᠮᠦ᠃ | ᠲᠡᠭᠷᠢ ᠶᠢᠨ ᠢᠵᠠᠭᠤᠷᠳᠦ ᠮᠤᠩᠭᠤᠯ ᠤᠨ | ᠪᠠᠶᠠᠳᠦ ᠰᠠᠬᠢᠭᠤᠰᠤ ᠬᠡᠮᠡᠨ ᠠᠯᠳᠠᠷᠰᠢᠠᠠᠰᠠᠨ ᠳᠤᠷ | ᠲᠡᠭᠷᠢ᠂ ᠠᠷᠰᠢ ᠰᠠᠬᠢᠭᠤᠯᠰᠠᠳ | ᠡᠵᠡᠳ ᠰᠠᠪᠳᠠᠭ ᠨᠦᠬᠦᠷ ᠰᠡᠯᠳᠡ ᠪᠦᠬᠦᠨ | ᠢᠷᠡᠨ ᠲᠠᠬᠢᠨ᠋ᠠᠰᠠᠨ ᠡᠨ᠋ᠨ ᠤᠷᠤᠨ ᠳᠤᠷ | ᠪᠠᠳᠦ ᠨᠤᠳᠠ ᠤᠷᠤᠰᠢ᠃ | ᠠᠷᠢᠭᠤᠨ ᠢᠳᠡᠭᠡᠨ ᠬᠢᠭᠡᠳ ᠴᠠᠭᠠᠨ ᠪᠠᠯᠢᠩ | ᠰᠠᠭᠠᠯᠢ ᠶᠢᠨ ᠲᠡᠭᠡᠵᠢ ᠪᠠᠨ ᠡᠷᠭᠦᠨ ᠲᠠᠬᠢᠮᠤᠢ᠃ | ᠬᠡᠰᠢᠭ ᠬᠤᠳᠤᠭ ᠤᠨ ᠴᠢᠭᠤᠯᠭᠠᠨ ᠨᠢ | ᠲᠡᠭᠷᠢ ᠶᠢᠨ ᠬᠤᠷ᠎ᠠ ᠶᠢᠨ ᠨᠠᠮᠢᠷᠠᠭ᠎ᠠ ᠲᠠᠢ | ᠷᠠᠰᠢᠶᠠᠨ ᠢᠶᠠᠷ ᠠᠳᠢᠰᠯᠬᠠᠰᠠᠨ | ᠡᠷᠭᠦᠯᠲᠡ ᠲᠠᠬᠢᠯ ᠢ ᠪᠢᠳᠡᠨ ᠤ ᠰᠦᠰᠦᠭ ᠲᠤ | ᠨᠤᠮ ᠤᠨ ᠶᠤᠰᠤᠭᠠᠷ ᠪᠤᠯᠤᠠᠠᠰᠠᠨ ᠨᠢ | ᠳᠠᠶᠢᠰᠣᠨ ᠬᠢᠭᠡᠳ ᠠᠯᠢᠪᠠ ᠬᠤᠤᠷ ᠪᠦᠬᠦᠨ ᠢ | ᠦᠯᠡᠳᠡᠯ ᠦᠭᠡᠢ ᠪᠠᠷ ᠠᠷᠢᠯᠭᠠᠵᠦ | ᠠᠮᠤᠭᠤᠯᠠᠩ ᠵᠢᠷᠭᠠᠯᠠᠩ ᠤᠨ ᠨᠦᠬᠦᠴᠡᠯ ᠪᠦᠬᠦᠨ | ᠬᠤᠴᠤᠷᠣᠯ ᠦᠭᠡᠢ ᠪᠦᠳᠦᠭᠡᠳᠡᠭᠡ᠃ | ᠨᠠᠷᠠᠨ ᠮᠡᠳᠦ ᠭᠡᠭᠡᠨ ᠨᠤᠮ ᠤᠨ ᠮᠦᠷ ᠬᠢᠭᠡᠳ | ᠦᠨᠡᠨ ᠶᠤᠰᠤ ᠶᠢ ᠲᠡᠯᠭᠡᠷᠡᠭᠦᠯᠵᠦ | ᠡᠵᠡᠨ ᠲᠦᠷᠦ ᠶᠢ ᠪᠠᠶᠢᠭᠤᠯᠤᠭᠠᠳ | ᠪᠦᠬᠦᠢ ᠮᠤᠩᠭᠤᠯ ᠢ ᠠᠮᠤᠷᠵᠢᠭᠤᠯᠵᠦ | ᠮᠢᠨᠦ ᠪᠠᠭᠰᠢ ᠱᠠᠪᠢ ᠶᠢᠨ ᠬᠡᠯᠬᠢᠶᠡᠳᠡᠨ ᠬᠢᠭᠡᠳ | ᠦᠭᠯᠢᠭᠡ ᠶᠢᠨ ᠡᠵᠡᠨ ᠢ ᠦᠷᠦᠰᠢᠶᠡᠵᠦ | ᠤᠷᠤᠰᠢᠨ ᠰᠠᠭᠤᠬᠤᠢ᠂ ᠠᠵᠤ ᠠᠮᠢᠳᠤᠷᠠᠬᠤᠢ | ᠮᠦᠷ ᠭᠠᠷᠭᠠᠠᠠᠴᠢ ᠪᠦᠬᠦᠨ ᠨᠢ ᠪᠦᠳᠦᠵᠦ | ᠵᠢᠷᠭᠠᠯ ᠪᠤᠯᠭᠠᠵᠦ ᠬᠦᠰᠡᠭᠰᠡᠨ ᠨᠢ | ᠨᠤᠮᠴᠢᠯᠠᠨ ᠪᠦᠳᠦᠭᠦ᠂ ᠰᠡᠭᠦᠳᠡᠷ ᠮᠡᠳᠦ | ᠰᠠᠯᠤᠰᠢ ᠦᠭᠡᠢ ᠰᠠᠬᠢᠬᠤ ᠨᠦᠬᠦᠷ ᠪᠤᠯᠤᠨ ᠵᠤᠬᠢᠶ᠋ᠬᠠᠳᠤᠨ | ᠦᠶ᠎ᠡ ᠲᠠᠯᠭᠡᠷᠡᠭᠦᠯᠵᠦ ᠤᠠᠠᠰᠠᠭ᠎ᠠ ᠶᠢ ᠨᠤᠭᠤᠭᠠᠷᠠᠭᠤᠯᠵᠦ | ᠠᠷᠢᠭᠤᠨ ᠪᠤᠶᠠᠨᠳᠦ ᠲᠡᠤᠭᠡ ᠶᠢ ᠪᠦᠳᠦᠭᠡᠵᠦ | ᠬᠤᠵᠢᠮ ᠢ ᠬᠡᠷᠡᠯᠳᠦᠭᠦᠯᠭᠦ ᠶᠢ ᠬᠤᠷᠮᠤᠰᠳᠠ ᠬᠢᠭᠡᠳ | ᠨᠢᠤᠢ ᠸᠨ ᠬᠤᠶᠠᠷ ᠲᠡᠭᠷᠢ ᠶᠢᠨ ᠦᠵᠡᠭᠦ ᠯᠦᠭᠡ ᠬᠠᠪᠰᠤᠷᠴᠦ | ᠦᠨᠢᠳᠡ ᠲᠦᠰᠢᠭ ᠪᠤᠯᠤᠨ ᠵᠤᠬᠢᠶ᠋ᠬᠠᠳᠤᠨ᠃ | ᠰᠠᠶᠢᠨ ᠤᠴᠠᠷᠠᠯ ᠪᠤᠯᠳᠤᠭᠠᠢ᠃ | ᠠᠷᠪᠠᠨ ᠵᠦᠭ ᠭᠡᠷᠡᠯᠳᠦᠭᠰᠡᠨ ᠢᠳᠡᠮ ᠲᠡᠭᠷᠢ | ᠰᠠᠬᠢᠭᠤᠯᠤᠰᠤᠨ ᠪᠦᠬᠦᠳᠡ ᠨᠠᠳᠠ ᠬᠢᠭᠡᠳ | ᠬᠠᠮᠤᠭ ᠮᠤᠩᠭᠤᠯ ᠢ ᠦᠷᠦᠰᠢᠶᠡᠨ ᠰᠣᠶᠣᠷᠬ᠎ᠠ᠃ | ᠤᠷᠴᠢᠯᠠᠩ ᠤᠨ ᠭᠤᠷᠪᠠᠨ ᠭᠡᠷᠡᠯ ᠮᠡᠳᠦ | ᠤᠠᠠᠳᠠᠷᠭᠤᠢ ᠳᠤᠷ ᠠᠳᠠᠯᠢ | ᠬᠠᠮᠤᠭ ᠠᠮᠢᠳᠠᠨ ᠪᠦᠬᠦᠨ | ᠵᠤᠪᠠᠯᠠᠩ ᠠᠴᠠ ᠨᠦᠬᠦᠴᠡᠭᠡᠭᠰᠡᠨ | ᠡᠭᠡ ᠲᠡᠯᠡᠭᠡᠢ ᠶᠢᠨ ᠬᠦᠷᠦᠰᠦ ᠰᠢᠷᠤᠢ | ᠡᠰᠨ ᠡᠪᠳᠡᠷᠡᠭᠦᠢ ᠬᠦᠷᠳᠡᠯ᠎ᠡ | ᠡᠷᠡᠭᠦᠦ ᠤᠷᠴᠢᠯᠠᠩ ᠤᠨ ᠲᠠᠯᠠᠢ ᠠᠴᠠ | ᠬᠡᠳᠦᠯᠳᠡᠯᠡ ᠪᠠᠳᠦ ᠤᠷᠤᠰᠢᠵᠦ ᠰᠤᠶᠤᠷᠬᠠᠷᠤᠨ᠃ | ᠬᠤᠷᠮᠣᠰᠳᠠ ᠲᠡᠭᠷᠢ ᠶᠢᠨ ᠡᠮᠦᠨ᠎ᠡ ᠠᠴᠠ | ᠮᠤᠩᠭᠤᠯ ᠤᠨ ᠪᠡᠶ᠎ᠡ ᠰᠡᠳᠬᠢᠯ | ᠠᠷᠢᠭᠤᠨ ᠵᠤᠷᠢᠯᠭᠠᠳᠦ ᠵᠠᠷᠯᠢᠠᠠᠳᠦ ᠰᠢᠳᠦᠭᠡᠨ ᠪᠤᠯᠵᠦ | ᠮᠤᠩᠭᠤᠯ ᠤᠨ ᠲᠠᠪᠤᠨ ᠮᠠᠬᠠᠪᠤᠳᠳᠦ | ᠪᠤᠳᠠᠰ ᠬᠢᠭᠡᠳ ᠠᠮᠢᠰᠬᠤᠯ ᠤᠨ ᠬᠡᠢ ᠬᠦᠷᠳᠡᠯ᠎ᠡ | ᠡᠪᠳᠡᠷᠡᠰᠢ ᠦᠭᠡᠢ ᠪᠤᠯᠭᠠᠵᠦ | ᠮᠤᠩᠭᠤᠯ ᠪᠤᠶᠤ ᠬᠠᠮᠤᠭ ᠠᠮᠢᠳᠠᠨ ᠤ ᠲᠤᠰᠨ ᠶᠢ | ᠪᠦᠳᠦᠭᠡᠨ ᠵᠤᠬᠢᠶᠠᠵᠦ ᠪᠠᠳᠦ ᠤᠷᠤᠰᠢᠵᠦ | ᠰᠠᠬᠢᠭᠤᠯᠰᠤᠨ ᠲᠡᠭᠡᠳᠦᠰ ᠲᠠ | ᠮᠦᠡᠭᠭᠡ ᠶᠢᠨ ᠪᠠᠶᠠᠳᠦ ᠠᠮᠢᠳᠤ | ᠢᠳᠡᠮ ᠲᠡᠭᠷᠢ ᠪᠤᠯᠳᠤᠭᠠᠢ︕ ᠪᠤᠯᠳᠤᠭᠠᠢ︕ ᠪᠤᠯᠳᠤᠭᠠᠢ︕ | ᠲᠠᠭᠠᠳᠬᠠᠯ ᠠᠨᠤ | ᠭᠠᠭᠴᠨ ᠰᠦᠰᠦᠭᠳᠦ ᠰᠡᠳᠬᠢᠯ ᠢᠶᠠᠷ | ᠬᠠᠪᠤᠳᠤ ᠬᠠᠰᠠᠷ ᠪᠤᠠᠠᠳᠠ ᠲᠠᠨ ᠢ | ᠲᠠᠬᠢᠨ᠋ᠠᠰᠠᠨ ᠢᠶᠠᠷ ᠭᠠᠢ ᠪᠠᠷᠴᠢᠳ ᠢ ᠠᠷᠢᠯᠭᠠᠵᠦ | ᠬᠡᠰᠢᠭ ᠬᠤᠳᠤᠭ ᠢ ᠦᠭᠴᠦ ᠰᠤᠶᠤᠷᠬ᠎ᠠ᠃ | ᠡᠯᠪᠡᠷᠢᠯᠲᠦ ᠰᠡᠳᠬᠢᠯ ᠠᠷᠢᠭᠤᠨ ᠰᠠᠨᠠᠭ᠎ᠠ ᠪᠠᠷ | ᠡᠪᠦᠭᠡ ᠪᠤᠠᠠᠳᠠ ᠲᠠᠨ ᠢ ᠲᠠᠬᠢᠨ᠋ᠠᠰᠠᠨ ᠢᠶᠠᠷ | ᠡᠷᠡᠭᠦᠯ ᠮᠡᠨᠳᠦ ᠶᠢᠨ ᠡᠩᠭᠡ ᠠᠪᠤᠷᠠᠯ ᠢ ᠦᠭᠴᠦ ᠰᠤᠶᠤᠷᠬ᠎ᠠ | ᠮᠤᠩᠭᠤᠯ ᠪᠤᠠᠠᠳᠠ ᠬᠠᠪᠤᠳᠤ ᠬᠠᠰᠠᠷ ᠲᠠᠨ ᠢ ᠲᠠᠬᠢᠨ᠋ᠠᠰᠠᠨ ᠢᠶᠠᠷ | ᠮᠠᠨᠳᠤᠵᠦ ᠬᠡᠷᠡᠯᠳᠦᠭᠦ ᠬᠡᠢ ᠮᠤᠷᠢ ᠶᠢ ᠪᠤᠰᠬᠠᠵᠦ ᠰᠤᠶᠤᠷᠬ᠎ᠠ᠃ | ᠮᠡᠷᠭᠡᠨ ᠪᠤᠠᠠᠳᠠ ᠲᠠᠨ ᠢ ᠲᠠᠬᠢᠨ᠋ᠠᠰᠠᠨ ᠢᠶᠠᠷ | ᠮᠠᠯ ᠦᠰᠭᠦ ᠬᠡᠰᠢᠭ ᠬᠤᠳᠤᠭ ᠢ ᠲᠡᠯᠭᠡᠷᠡᠭᠦᠯᠵᠦ ᠰᠤᠶᠤᠷᠬ᠎ᠠ᠃ | ᠬᠠᠭᠠᠨ ᠲᠦᠷᠦ ᠶᠢᠨ ᠲᠤᠯᠭᠠᠭᠤᠷᠢ ᠪᠤᠯᠤᠠᠠᠰᠠᠨ | ᠬᠠᠮᠤᠭ ᠮᠤᠩᠭᠤᠯ ᠤᠨ ᠰᠠᠬᠢᠭᠤᠰᠤ ᠲᠠ | ᠪᠢᠳᠡᠨᠡᠷ ᠢ ᠢᠪᠡᠭᠡᠭᠦ ᠪᠤᠯᠳᠤᠭᠠᠢ︕ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | |