ᠪᠦᠬᠡ ᠳ᠋ᠠᠨᠽᠠᠡᠯᠤᠷᠤᠢ | ᠳ᠋ᠠᠨᠽᠠᠡᠯᠤᠷᠤᠢ ᠪᠤᠯ ᠣᠤᠯ ᠤᠨ ᠪᠠᠶᠠᠡᠨᠠᠭᠤᠷ ᠰᠣᠮᠣ ︵ᠣᠳᠤ ᠶᠢᠨ ᠪᠠᠯᠴᠢᠷᠤᠳ ᠰᠤᠮᠤ︶ ᠶᠢᠨ ᠪᠠᠷᠠᠭᠤᠨ | ᠴᠠᠭᠠᠡᠨᠠᠭᠤᠷ ᠲᠤ ᠨᠣᠳᠤᠭ ᠲᠠᠢ᠃ ᠪᠠᠳᠠᠷᠠᠭᠤᠯᠳᠤ ᠲᠦᠷᠦ ᠶᠢᠨ 27 ᠳ᠋ᠤᠭᠠᠷ ᠣᠨ ᠳᠤ ︵1901 ᠤᠨ ᠳᠤ︶ | ᠬᠦᠪᠰᠦᠭᠦᠯ ᠠᠶᠢᠮᠠᠭ ᠤᠨ ᠡᠷᠳᠡᠨᠢ ᠶᠢᠨ ᠭᠤᠷᠪᠠᠳᠤᠭᠠᠷ ᠬᠦᠪᠡᠭᠦᠨ ᠪᠣᠯᠣᠨ ᠵᠠᠶᠠᠭᠠᠵᠠᠢ᠃ ᠲᠡᠭᠦᠨ ᠢ ᠲᠣᠯᠣᠭᠠᠨ | ᠨᠠᠰᠤᠳᠠᠢ ᠳᠤ ᠨᠢ ᠪᠠᠯᠴᠢᠷᠤᠳ ᠰᠦᠮ᠎ᠡ ᠳᠤ ᠱᠠᠪᠢᠯᠠᠭᠤᠯᠪᠠ᠃ ᠲᠡᠷᠡ ᠬᠠᠷᠠᠬᠠᠨ ᠪᠠᠭ᠎ᠠ ᠠᠴᠠ ᠪᠠᠨ ᠪᠡᠶ᠎ᠡ ᠪᠢᠯᠳᠠᠷ | ᠰᠠᠶᠢᠨ᠂ ᠬᠦᠴᠦ ᠴᠢᠳᠠᠯ ᠲᠠᠢ ᠠᠴᠠ ᠪᠦᠬᠡ ᠪᠠᠷᠢᠯᠳᠣᠬᠤ ᠳᠤ ᠶᠡᠭᠡ ᠠᠪᠢᠶᠠᠰᠯᠢᠭ ᠪᠠᠶᠢᠵᠠᠢ᠃ ᠭᠡᠪᠡᠴᠤ ᠪᠠᠭᠰᠢ ᠯᠠᠮᠠ | ᠨᠢ ᠨᠤᠴᠤᠯᠳᠤᠵᠣ ᠪᠠᠷᠢᠯᠳᠣᠬᠤ ᠶᠢ ᠨᠢ ᠲᠠᠰᠤ ᠵᠦᠪᠰᠢᠶᠡᠷᠡᠬᠦ ᠦᠭᠡᠢ ᠭᠡᠨ᠎ᠡ᠃ | ᠨᠢᠭᠡᠨ ᠣᠳᠠᠭ᠎ᠠ ᠣᠩᠨᠢᠭᠤᠳ ᠬᠤᠰᠢᠭᠤᠨ ᠤ ᠰᠢᠨ᠎ᠡ ᠰᠦᠮ᠎ᠡ ᠶᠢᠨ ᠰᠢᠷᠡᠭᠡᠨ ᠯᠠᠮᠠ ᠶᠢ ᠨᠤᠮ ᠤᠨ ᠰᠢᠷᠡᠭᠡᠨ | ᠳᠤ ᠵᠠᠯᠠᠬᠤ ᠨᠠᠶᠢᠷ ᠲᠤ ᠲᠡᠷᠭᠡᠨ ᠬᠦᠳᠦᠴᠢ ᠪᠠᠷ ᠬᠦᠷᠦᠭᠰᠡᠨ ᠭᠡᠨ᠎ᠡ᠃ ᠲᠡᠷᠡ ᠦᠪᠡᠷ ᠤᠨ ᠨᠠᠰᠤ ᠪᠠᠨ ᠦᠰᠭᠡᠨ | ᠪᠦᠬᠡ ᠳᠤ ᠤᠷᠤᠭᠠᠳ ᠢᠯᠭᠤᠮ ᠰᠢᠯᠤᠭᠤᠨ ᠲᠡᠷᠢᠭᠦᠯᠡᠵᠤ ᠬᠡᠳᠦᠨ ᠬᠤᠰᠢᠭᠤᠨ ᠳᠤ ᠠᠯᠳᠠᠷ ᠮᠠᠨᠳᠤᠵᠠᠢ᠃ ᠲᠡᠭᠦᠨ | ᠠᠴᠠ ᠰᠡᠭᠦᠯᠡᠷ ᠠᠵᠠ ᠲᠠᠭᠠᠷᠠᠵᠤ ᠵᠠᠰᠠᠭ ᠶᠠᠮᠤᠨ ᠳᠤ ᠲᠣᠭᠤᠭᠳᠠᠭᠠᠳ ︽ᠸᠠᠩ ᠤᠨ ᠪᠦᠬᠡ︾ ᠡᠷᠭᠦᠮᠵᠢᠯᠡᠭᠳᠡᠵᠠᠢ᠃ | ᠪᠦᠬᠡ ᠳ᠋ᠠᠨᠽᠠᠡᠯᠤᠷᠤᠢ ᠬᠦᠴᠦ ᠴᠢᠳᠠᠯ᠂ ᠡᠷᠳᠡᠮ ᠣᠬᠠᠭᠠᠨ ᠢᠶᠠᠨ ᠰᠤᠶᠢᠵᠤ ᠶᠡᠭᠡ ᠪᠠᠭ᠎ᠠ ᠨᠠᠶᠢᠷ ᠲᠤ | ᠰᠦᠷᠳᠡᠰᠢ ᠦᠭᠡᠢ ᠶᠠᠪᠣᠵᠤ᠂ ᠬᠦᠨᠳᠡᠯᠡᠨ ᠬᠤᠰᠢᠭᠤ ᠴᠢᠭᠤᠯᠭᠠᠨ ᠤ ᠪᠦᠬᠡᠴᠤᠳ ᠢ ᠣᠳᠠᠭ᠎ᠠ ᠲᠠᠷᠠᠭᠠᠯᠠᠨ | ᠰᠢᠷᠣᠶᠢᠳᠣᠭᠤᠯᠵᠤ᠂ ᠡᠷ᠎ᠡ ᠶᠢᠨ ᠰᠠᠶᠢᠨ ᠡᠷᠳᠡᠮ ᠤᠨ ᠰᠠᠶᠢᠨ ᠢᠶᠠᠨ ᠲᠠᠶᠠᠭᠠᠷ ᠲᠤ ᠭᠠᠶᠢᠬᠠᠭᠤᠯᠵᠠᠢ᠃ ᠲᠡᠷᠡ | ᠶᠤᠩᠽᠣᠩ ᠭᠡᠭᠡᠨ ᠢ ᠨᠤᠮ ᠤᠨ ᠰᠢᠷᠡᠭᠡᠨ ᠳᠤ ᠵᠠᠯᠠᠬᠤ ᠨᠠᠶᠢᠷ᠂ ᠨᠣᠶᠠᠨ ᠰᠦᠮ᠎ᠡ ᠶᠢᠨ ᠪᠠᠨᠴᠢᠨ ᠪᠣᠭᠳᠠ ᠶᠢ | ᠣᠭᠳᠣᠬᠤ ᠨᠠᠶᠢᠷ᠂ ᠬᠠᠨ ᠰᠦᠮ᠎ᠡ ᠶᠢᠨ ᠨᠠᠶᠢᠷ᠂ ᠪᠠᠯᠴᠢᠷᠤᠳ ᠰᠦᠮ᠎ᠡ ᠶᠢᠨ ᠨᠠᠶᠢᠷ ᠵᠡᠷᠭᠡ ᠳᠤ ᠲᠡᠷᠢᠭᠦᠨ ᠱᠠᠩ ᠢ | ᠤᠯᠠᠨᠳᠠ ᠢᠳᠡᠵᠠᠢ᠃ | | ᠪᠦᠬᠡ ᠰᠡᠷᠡᠪ | ᠰᠡᠷᠡᠪ ᠪᠣᠯ ᠣᠳᠣ ᠶᠢᠨ ᠰᠠᠶᠢᠬᠠᠨᠳᠠᠯ᠎ᠠ ᠰᠣᠮᠣ ᠶᠢᠨ ᠣᠯᠠᠭᠠᠨᠪᠣᠷᠭᠠᠰᠤ ᠭᠠᠴᠠᠭ᠎ᠠ ᠶᠢᠨ ᠪᠤᠷᠪᠢᠴᠢᠨ ᠠᠶᠢᠮᠠᠭ | ᠤᠨ ᠬᠦᠮᠦᠨ ᠶᠤᠮ᠃ ᠡᠷᠳᠡ ᠦᠶ᠎ᠡ ᠶᠢᠨ ᠠᠶᠢᠯ ᠤᠯᠠᠨ ᠨᠢ ᠲᠡᠭᠦᠨ ᠢ ︽ᠲᠠᠪᠣᠨ ᠪᠣᠳᠠ ᠠᠯᠳᠠᠨ ᠰᠠᠬᠠᠯᠳᠤ︾ | ᠭᠡᠵᠤ ᠲᠠᠭᠤᠳᠠᠳᠠᠭ ᠭᠡᠳᠡᠭ᠃ ᠲᠡᠭᠦᠨ ᠤ ᠬᠦᠦ ᠨᠢ ᠸᠠᠩᠴᠤᠭ᠂ ᠸᠠᠩᠴᠤᠭ ᠤᠨ ᠬᠦᠦ ᠬᠠᠷᠠᠨᠢᠳᠤ᠂ ᠬᠠᠷᠠᠨᠢᠳᠤ ᠶᠢᠨ | ᠬᠦᠦ ᠨᠢ ᠰᠠᠩᠵᠠᠢ᠃ | ᠰᠡᠷᠡᠪ ᠢ ᠪᠠᠭ᠎ᠠ ᠨᠠᠰᠤᠨ ᠳᠤ ᠨᠢ ᠵᠡᠯ᠎ᠡ ᠶᠢᠨ ᠰᠦᠮ᠎ᠡ ᠳᠤ ᠪᠠᠨᠳᠢ ᠪᠣᠯᠭᠠᠪᠠ᠃ ᠬᠠᠷᠠᠬᠠᠨ ᠪᠠᠭ᠎ᠠ ᠠᠴᠠ ᠪᠠᠨ | ᠬᠦᠴᠦ ᠴᠢᠳᠠᠯ ᠰᠠᠶᠢᠳᠠᠢ᠂ ᠤᠢ ᠣᠬᠠᠭᠠᠨ ᠰᠡᠴᠡᠨ ᠠᠴᠠ ᠪᠦᠬᠡ ᠶᠢᠨ ᠬᠦᠷᠢᠶ᠎ᠡ ᠳᠤ ᠬᠦᠯ ᠭᠢᠰᠭᠢᠵᠤ᠂ ᠶᠡᠬᠡᠴᠣᠤᠯ | ᠲᠠᠢ ᠪᠠᠷᠢᠯᠳᠤᠨ ᠨᠣᠴᠣᠯᠳᠣᠵᠣ᠂ ᠡᠷᠳᠡᠮ ᠪᠠᠷᠢᠴᠠ ᠶᠢ ᠰᠤᠷᠢᠵᠠᠢ᠃ ᠰᠡᠭᠦᠯᠡᠷ ᠨᠢ ᠪᠦᠬᠡ ᠶᠢᠨ ᠡᠷᠳᠡᠮ ᠳᠤ | ᠴᠠᠭᠠᠷᠠᠭᠰᠠᠨ ᠠᠴᠠ ᠵᠡᠯ᠎ᠡ ᠶᠢᠨ ᠰᠦᠮ᠎ᠡ ᠶᠢᠨ ᠬᠤᠪᠢᠯᠭᠠᠨ ᠪᠠ ᠬᠤᠰᠢᠭᠤ ᠵᠠᠰᠠᠭ ᠸᠠᠩ ᠤᠨ ᠪᠦᠬᠡ ᠭᠡᠵᠤ | ᠡᠷᠭᠦᠮᠵᠢᠯᠡᠭᠳᠡᠵᠠᠢ᠃ | ᠪᠦᠬᠡ ᠰᠡᠷᠡᠪ ᠤᠯᠠᠨ ᠤᠳᠠᠭᠠᠨ ᠤ ᠨᠠᠶᠢᠷ ᠲᠤ ᠤᠷᠤᠯᠴᠠᠨ ᠬᠤᠯᠠ ᠤᠶᠢᠷ᠎ᠠ ᠶᠢᠨ ᠴᠣᠤᠳᠤ ᠪᠦᠬᠡᠴᠤᠳ ᠢ | ᠰᠢᠷᠣᠶᠢᠳᠣᠭᠤᠯᠵᠤ ᠲᠡᠷᠢᠭᠦᠨ ᠱᠠᠩ ᠢ ᠤᠯᠠᠨᠳᠠ ᠢᠳᠡᠭᠡᠳ ᠠᠯᠳᠠᠷ ᠨᠡᠷ᠎ᠡ ᠮᠠᠨᠳᠤᠵᠠᠢ᠃ ᠨᠢᠭᠡᠨ ᠤᠳᠠᠭ᠎ᠠ ᠵᠠᠷᠤᠳ | ᠬᠤᠰᠢᠭᠤᠨ ᠤ ᠪᠤᠷᠤᠯᠵᠢ ᠶᠢᠨ ᠰᠦᠮ᠎ᠡ ᠶᠢᠨ ᠨᠠᠶᠢᠷ ᠲᠤ ᠰᠧᠳᠡᠩ ᠭᠡᠭᠴᠢ ᠪᠦᠬᠡ ᠳᠤ ᠬᠠᠶᠠᠭᠳᠠᠵᠠᠢ᠃ ᠲᠡᠮᠡᠢ ᠣᠳᠠᠯ | ᠦᠭᠡᠢ ᠠᠷᠣ ᠬᠤᠷᠴᠢᠨ ᠬᠤᠰᠢᠭᠤᠨ ᠤ ᠨᠤᠶᠠᠨ ᠰᠦᠮ᠎ᠡ ᠶᠢᠨ ᠨᠠᠶᠢᠷ ᠪᠣᠯᠣᠭᠰᠠᠨ ᠳᠤ ᠰᠧᠳᠡᠩ ᠲᠡᠷᠢᠭᠦᠨ ᠱᠠᠩ ᠢ | ᠢᠳᠡᠬᠦ ᠰᠠᠨᠠᠭ᠎ᠠ ᠲᠠᠢ ᠢᠷᠡᠪᠡ᠃ ᠰᠡᠷᠡᠪ ᠪᠦᠬᠡ ᠲᠢᠭᠯᠡᠭᠴᠢ ᠳᠤ ᠭᠤᠶᠣᠭᠰᠠᠭᠠᠷ ᠪᠠᠶᠢᠵᠤ ᠲᠦᠷᠦᠭᠦᠦ ᠨᠤᠭᠤᠯᠤᠭ᠎ᠠ | ᠳᠤ ᠰᠧᠳᠡᠩ ᠲᠠᠢ ᠨᠤᠴᠤᠯᠳᠤᠨ ᠰᠢᠷᠤᠢ ᠶᠢᠨ ᠪᠦᠬᠡ ᠪᠣᠯᠭᠠᠭᠰᠠᠨ ᠭᠡᠳᠡᠭ᠃ | ᠪᠠᠰᠠ ᠨᠢᠭᠡᠨ ᠤᠳᠠᠭ᠎ᠠ ᠦᠵᠦᠮᠦᠴᠢᠨ ᠠᠶᠠᠨᠴᠢᠨ ᠰᠡᠷᠡᠪ ᠢ ᠡᠷᠢᠨ ᠢᠷᠡᠭᠡᠳ ᠬᠡᠳᠦᠨᠳᠡ ᠪᠦᠬᠡ ᠪᠠᠷᠢᠯᠳᠤᠨ | ᠰᠢᠷᠣᠢ ᠡᠮᠬᠦᠪᠡ᠃ ᠲᠡᠷᠡ ᠠᠶᠠᠨᠴᠢᠨ ᠪᠠᠰᠠ ᠯᠡ ᠵᠤᠷᠢᠭ ᠮᠤᠬᠤᠯ ᠦᠭᠡᠢ ᠪᠠᠷ᠄ ︽ᠰᠤᠨᠤᠰᠤᠬᠤᠯ᠎ᠠ ᠲᠠ ᠴᠢᠨᠢ ᠨᠢᠭᠡ | ᠲᠤᠯᠤᠮ ᠲᠠᠪᠣᠰᠤ ᠶᠢ ᠡᠭᠦᠷᠦᠭᠡᠳ ᠶᠠᠪᠣᠴᠢᠬᠠᠳᠠᠭ ᠭᠡᠨ᠎ᠡ᠂ ᠬᠤᠯᠠ ᠶᠢᠨ ᠴᠢᠮᠡᠭᠡ ᠬᠤᠳᠠᠯ ᠮᠠᠭᠠᠳ᠂ ᠴᠢ ᠬᠡᠷᠪᠡ | ᠨᠢᠭᠡ ᠲᠣᠯᠣᠮ ᠲᠠᠪᠣᠰᠤ ᠶᠢ ᠡᠭᠦᠷᠴᠦ ᠰᠦᠮ᠎ᠡ ᠶᠢᠨ ᠡᠭᠦᠳᠡᠨ ᠳᠤ ᠪᠠᠨ ᠠᠪᠠᠴᠢᠪᠠᠯ ᠴᠢᠮ᠎ᠠ ᠳᠤ ᠪᠡᠯᠡᠭᠯᠡᠶ᠎ᠡ︾ ᠭᠡᠵᠠᠢ | ᠃ | ᠡᠭᠦᠨ ᠢ ᠰᠤᠨᠤᠰᠤᠭᠰᠠᠨ ᠰᠡᠷᠡᠪ᠄ ︽ᠬᠡᠯᠡᠪᠡᠯ ᠦᠭᠡ᠂ ᠭᠢᠰᠭᠢᠪᠡᠯ ᠭᠠᠵᠠᠷ᠃ ᠲᠠ ᠬᠠᠷᠢᠨ ᠦᠭᠡ ᠪᠠᠨ | ᠪᠣᠴᠠᠵᠣ ᠪᠣᠯᠬᠤ ᠦᠭᠡᠢ ᠰᠢᠦ︕︾ ᠭᠡᠳ ᠭᠠᠯ ᠤᠨ ᠠᠬ᠎ᠠ ᠶᠢᠨ ᠬᠢᠨᠢ ᠪᠠᠳᠤᠯᠠᠭ᠎ᠠ ᠶᠢ ᠠᠪᠴᠤ᠂ ᠲᠤᠯᠤᠮ ᠲᠠᠢ | ᠲᠠᠪᠣᠰᠤ ᠶᠢ ᠲᠡᠷᠭᠡᠨ ᠠᠴᠠ ᠪᠠᠭᠤᠯᠭᠠᠯ ᠦᠭᠡᠢ ᠠᠷᠠᠯ ᠲᠠᠢ ᠨᠢ ᠡᠭᠦᠷᠦᠨ ᠠᠶᠠᠨ ᠤ ᠭᠠᠯ ᠢ ᠵᠦᠪ ᠢᠶᠠᠷ ᠡᠷᠭᠢᠭᠡᠳ | ᠮᠠᠬᠠᠷᠠᠨᠽᠠ ᠶᠢᠨ ᠰᠦᠮ᠎ᠡ ᠶᠢᠨ ᠡᠭᠦᠳᠡᠨ ᠳᠤ ᠪᠠᠨ ᠠᠵᠢᠭ ᠴᠣ᠋ ᠦᠭᠡᠢ ᠠᠪᠠᠴᠢᠨ ᠴᠢᠳᠬᠤᠵᠠᠢ᠃ ᠦᠵᠦᠮᠦᠴᠢᠨ | ᠠᠶᠠᠨᠴᠢᠨ ᠠᠮᠠ ᠪᠠᠨ ᠪᠠᠷᠢᠨ ᠡᠷᠡᠬᠡᠢ ᠭᠠᠷᠭᠠᠵᠤ ᠵᠤᠭᠰᠤᠪᠠ ᠭᠡᠨ᠎ᠡ᠃ | ᠲᠡᠷᠡ ᠠᠶᠠᠨᠴᠢᠳ ᠢ ᠭᠡᠷ ᠲᠤ ᠪᠠᠨ ᠵᠠᠯᠠᠨ ᠴᠠᠢ ᠣᠤᠭᠤᠯᠭᠠᠵᠣ ᠪᠣᠴᠠᠬᠤ ᠦᠶ᠎ᠡ ᠳᠤ ᠨᠢ ᠲᠣᠯᠣᠮ ᠢ ᠨᠢ | ᠮᠤᠩᠭᠤᠯ ᠠᠮᠤ ᠪᠠᠷ ᠲᠦᠭᠦᠷᠭᠡᠵᠤ᠄ ︽ᠬᠦᠮᠦᠨ ᠤ ᠶᠠᠭᠤᠮ᠎ᠠ ᠶᠢ ᠵᠦᠭᠡᠷ ᠶᠠᠭᠠᠬᠢᠵᠣ ᠠᠪᠬᠤ ᠪᠣᠢ᠂ ᠲᠤᠯᠤᠮ ᠲᠠᠢ | ᠪᠣᠳᠠᠭ᠎ᠠ ᠶᠢ ᠲᠠᠨᠤᠰ ᠦᠪᠡᠷ ᠢᠶᠠᠨ ᠡᠭᠦᠷᠴᠦ ᠶᠠᠪᠤ ᠳ᠋ᠠ︕︾ ᠭᠡᠵᠤ ᠨᠢᠷᠣᠭᠤ ᠡᠭᠦᠷᠦᠨ ᠵᠣᠭᠰᠤᠪᠠ ᠭᠡᠨ᠎ᠡ᠃ | ᠰᠡᠷᠡᠪ ᠢ ᠦᠳᠡᠯᠦᠭᠡ ᠨᠠᠰᠤᠨ᠎ᠠ ᠸᠠᠩ ᠤᠨ ᠤᠷᠳᠤᠨ ᠠᠴᠠ ᠲᠠᠷᠬᠠᠨ ᠪᠦᠬᠡ ᠪᠠᠷ ᠴᠤᠯᠠᠯᠠᠵᠤ ᠸᠠᠩ ᠤᠨ | ᠬᠡᠰᠢᠭ ᠢ ᠬᠦᠷᠳᠡᠭᠡᠪᠡ᠃ ᠬᠤᠵᠢᠮ ᠨᠢ ᠬᠤᠰᠢᠭᠤ ᠨᠠᠶᠢᠷ ᠪᠣᠯᠬᠤ ᠪᠦᠷᠢ ᠲᠡᠭᠦᠨ ᠢ ᠵᠠᠯᠠᠨ ᠤᠯᠠᠨ ᠳᠤ ᠮᠠᠭᠰᠢᠭᠤᠯᠣᠨ | ᠰᠣᠨᠢᠷᠬᠠᠭᠤᠯᠳᠠᠭ ᠭᠡᠨ᠎ᠡ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠪᠦᠷᠢᠨᠰᠠᠶᠢᠨ | | |