ᠪᠤᠭᠳᠠ ᠠᠭᠤᠯᠠ ᠶᠢᠨ ᠪᠠᠷᠠᠭᠤᠨ ᠡᠮᠦᠨ᠎ᠡ ᠲᠠᠯ᠎ᠠ ᠶᠢᠨ ᠬᠦᠪᠡᠭᠡᠨ ᠳᠤ ᠤᠷᠭᠤᠭᠰᠠᠨ ᠶᠢᠰᠦᠨ ᠬᠠᠶᠢᠯᠠᠰᠤᠨ | ᠮᠤᠳᠤ ᠶᠢ ᠬᠦᠮᠦᠰ ︽ᠱᠦᠩᠯᠦ᠋ᠩ ᠮᠣᠳᠤ︾ ᠭᠡᠵᠡᠭᠡᠳᠡᠭ᠃ ᠨᠣᠳᠤᠭ ᠤᠨ ᠲᠤᠮᠤᠴᠣᠤᠯ ᠤᠨ ᠬᠡᠯᠡᠬᠦ ᠪᠠᠷ ︽ | ᠱᠦᠩᠯᠦ᠋ᠩ︾ ᠭᠡᠳᠡᠭ ᠨᠢ ᠨᠠᠭᠠᠳᠤᠮ ᠭᠡᠬᠦ ᠣᠳᠬ᠎ᠠ ᠲᠠᠢ ᠲᠦᠪᠡᠳ ᠦᠭᠡ ᠭᠡᠨ᠎ᠡ᠃ ᠱᠦᠩᠯᠦᠩ ᠮᠤᠳᠤᠨ ᠤ | ᠪᠦᠳᠦᠭᠦᠨ ᠨᠢ 4.86 ᠮᠧᠲᠷ ᠪᠤᠢ᠃ | ᠨᠠᠶᠢᠷ ᠤᠨ ᠲᠠᠯᠠᠪᠠᠢ ᠳᠤ ᠮᠤᠩᠭᠤᠯ ᠭᠡᠷ ᠪᠣᠰᠬᠠᠨ᠂ ᠬᠤᠰᠢᠭᠤ ᠸᠠᠩ᠂ ᠲᠣᠶᠢᠩᠬᠤᠷ ᠭᠡᠭᠡᠨ ᠢ ᠵᠠᠯᠠᠨ᠎ᠠ᠃ | ᠲᠤᠶᠢᠩᠬᠤᠷ ᠭᠡᠭᠡᠨ ᠢ ᠲᠦᠷᠪᠡᠨ ᠬᠦᠮᠦᠨ ᠤ ᠰᠡᠤᠭᠡᠨ ᠳᠤ ᠰᠠᠭᠤᠯᠭᠠᠵᠣ᠂ ᠲᠦᠷᠪᠡᠨ ᠬᠦᠮᠦᠨ ᠪᠦᠷᠢᠶ᠎ᠡ ᠪᠢᠰᠭᠢᠭᠦᠷ | ᠦᠯᠢᠶᠡᠨ᠂ ᠪᠣᠰᠤᠳ ᠯᠠᠮᠠ ᠨᠠᠷ ᠬᠠᠷᠠᠩᠭ᠎ᠠ ᠬᠡᠩᠭᠡᠷᠭᠡ ᠴᠤᠬᠢᠵᠣ᠂ ᠨᠤᠶᠠᠨ ᠰᠦᠮ᠎ᠡ ᠠᠴᠠ ᠨᠠᠶᠢᠷ ᠤᠨ ᠲᠠᠯᠠᠪᠠᠢ ᠳᠤ | ᠵᠠᠯᠠᠳᠠᠭ᠃ ᠨᠠᠢᠮᠠᠨ ᠨᠠᠰᠣᠳᠠᠢ ᠬᠡᠤᠬᠡᠳ ᠠᠴᠠ ᠨᠠᠶᠠ ᠬᠦᠷᠦᠭᠰᠡᠨ ᠯᠠᠮᠠ ᠨᠠᠷ ᠬᠦᠷᠳᠡᠯ᠎ᠡ ᠲᠣᠯᠣᠭᠠᠢ ᠪᠦᠬᠦᠶᠢᠨ | ᠮᠡᠨᠳᠦᠴᠢᠯᠡᠵᠦ᠂ ᠭᠤᠤᠯ ᠲᠠᠭᠳᠤ ᠳᠤ ᠪᠣᠶᠣ ᠮᠤᠩᠭᠤᠯ ᠭᠡᠷ ᠲᠤ ᠵᠠᠯᠠᠷᠠᠨ ᠰᠠᠭᠠᠳᠠᠨ᠎ᠠ᠃ ᠭᠡᠭᠡᠨ ᠰᠠᠭᠠᠳᠠᠪᠠᠯ ᠨᠠᠶᠢᠷ | ᠡᠬᠢᠯᠡᠨ᠎ᠡ᠃ | ᠨᠠᠶᠢᠷ ᠢ ᠸᠠᠩ ᠨᠤᠶᠠᠨ᠂ ᠭᠡᠭᠡᠨ ᠪᠣᠯᠣᠨ ᠤᠷᠢᠯᠭ᠎ᠠ ᠪᠠᠷ ᠰᠠᠭᠠᠳᠠᠭᠰᠠᠨ ᠬᠦᠷᠰᠢ ᠬᠤᠰᠢᠭᠤ ᠴᠢᠭᠤᠯᠭᠠᠨ ᠤ | ᠸᠠᠩ ᠨᠤᠶᠠᠳ ᠲᠤ ᠰᠤᠨᠢᠷᠬᠠᠭᠤᠯᠳᠠᠭ᠃ ᠨᠠᠶᠢᠷ ᠲᠤ ᠪᠦᠬᠡ ᠪᠠᠷᠢᠯᠳᠤᠬᠤ᠂ ᠮᠣᠷᠢ ᠤᠷᠤᠯᠳᠤᠬᠤ᠂ ᠲᠡᠪᠡᠭ ᠢᠰᠭᠦᠯᠬᠦ᠂ | ᠰᠢᠨᠳᠣᠤ ᠢᠰᠭᠦᠯᠬᠦ ᠵᠡᠷᠭᠡ ᠣᠷᠣᠯᠳᠤᠭᠠᠨ ᠲᠠᠢ᠃ ᠬᠡᠤᠬᠡᠳ ᠢ ᠤᠷᠤᠯᠳᠣᠭᠤᠯᠣᠨ ᠪᠣᠤᠪᠤ ᠪᠣᠭᠤᠷᠰᠤᠭ ᠢᠶᠠᠷ | ᠱᠠᠩᠨᠠᠳᠠᠭ᠃ ᠨᠠᠶᠢᠷ ᠲᠤ ᠠᠳᠣᠭᠤᠨ ᠰᠦᠷᠦᠭ ᠢᠶᠠᠨ ᠲᠠᠭᠤᠵᠣ ᠢᠷᠡᠭᠡᠳ ᠮᠤᠷᠢ ᠤᠷᠭᠠᠯᠠᠨ ᠤᠯᠠᠨ ᠢ ᠪᠠᠶᠠᠰᠬᠠᠨ᠎ᠠ᠃ | ᠨᠠᠶᠢᠷ ᠲᠤ ᠪᠠᠰᠠ ᠦᠯᠢᠭᠡᠷ ᠬᠡᠯᠡᠭᠦᠯᠳᠡᠭ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠪᠦᠷᠢᠨᠰᠠᠶᠢᠨ | |