ᠴᠠᠭᠠᠨ ᠡᠯᠢᠭᠡᠳᠦ ᠠᠭᠤᠯᠠ
ᠨᠡᠶᠢᠲᠡᠯᠡᠭᠰᠡᠨ ᠴᠠᠭ᠄
2017/4/11
     ᠴᠠᠭᠠᠨ ᠡᠯᠢᠭᠡᠳᠦ ᠠᠭᠤᠯᠠ ᠶᠢ ᠡᠷᠳᠡ ᠳᠡᠭᠡᠨ ᠬᠠᠷ᠎ᠠ ᠡᠯᠢᠭᠡᠳᠦ ᠠᠭᠤᠯᠠ ᠭᠡᠳᠡᠭ᠃ ᠲᠡᠷᠡ ᠦᠶ᠎ᠡ ᠳᠤ ᠨᠤᠶᠠᠨ ᠰᠦᠮ᠎ᠡ ᠶᠢᠨ ᠮᠠᠶᠢᠳᠠᠷ ᠭᠡᠭᠡᠨ ᠨᠤᠳᠤᠭ ᠲᠠᠭᠠᠨ ᠬᠠᠷᠢᠪᠠᠯ ᠡᠭᠦᠪᠡᠷ ᠦᠩᠭᠡᠷᠡᠳᠡᠭ ᠭᠡᠨ᠎ᠡ᠃ ᠨᠢᠭᠡ ᠤᠳᠠᠭ᠎ᠠ ᠠᠳᠡ ᠬᠦᠷᠴᠦ ᠢᠷᠡᠭᠡᠳ᠄ ︽ᠲᠠᠨᠤᠰ ᠵᠤᠭᠰᠤᠵᠤ ᠪᠠᠢ᠂ ᠪᠤᠰᠢᠭᠤ ᠵᠤᠭᠰᠤᠵᠤ ᠪᠠᠢ︕︾ ᠭᠡᠵᠤ ᠪᠠᠷᠬᠢᠷᠠᠵᠠᠢ᠃ ᠱᠠᠪᠢ ᠨᠠᠷ ᠨᠢ ᠲᠡᠷᠭᠡ ᠪᠠᠨ ᠵᠤᠭᠰᠤᠭᠠᠬᠤ ᠳᠤ ᠮᠠᠶᠢᠳᠠᠷ ᠭᠡᠭᠡᠨ ᠠᠮᠠᠨ ᠳᠠᠭᠠᠨ ᠨᠤᠮ ᠤᠩᠰᠢᠵᠣ ᠪᠠᠶᠢᠪᠠ᠃      ᠰᠡᠭᠦᠯᠡᠷ ᠨᠢ ᠱᠠᠪᠢ ᠨᠠᠷ ᠨᠢ᠄ ︽ᠭᠡᠭᠡᠨ ᠶᠠᠭᠤ ᠪᠤᠯᠤᠭᠠᠳ ᠵᠤᠭᠰᠤᠪᠠ︖︾ ᠭᠡᠬᠦ ᠳᠤ ᠭᠡᠭᠡᠨ᠄      ︽ᠡᠭᠦᠨ ᠠᠴᠠ ᠬᠤᠶᠢᠰᠢ ᠬᠠᠷ᠎ᠠ ᠡᠯᠢᠭᠡᠳᠦ ᠶᠢ ᠴᠠᠭᠠᠨ ᠡᠯᠢᠭᠡᠳᠦ ᠭᠡᠵᠤ ᠲᠠᠭᠤᠳᠠ︕︾ ᠭᠡᠵᠠᠢ᠃      ︽ᠶᠠᠭᠤᠨ ᠳᠤ︖︾ ᠭᠡᠬᠦ ᠳᠤ ᠮᠠᠶᠢᠳᠠᠷ ᠭᠡᠭᠡᠨ᠄ ︽ᠬᠠᠷ᠎ᠠ ᠡᠯᠢᠭᠡᠳᠦ ᠠᠭᠤᠯᠠ ᠭᠤᠮᠤᠳᠠᠴᠢᠬᠠᠵᠠᠢ᠂ ᠪᠢ ᠬᠠᠯᠠᠭᠤᠨ ᠡᠯᠢᠭᠡ ᠪᠠᠨ ᠲᠡᠯᠭᠡᠨ ᠬᠠᠮᠤᠭ ᠠᠮᠢᠳᠠᠨ ᠳᠤ ᠰᠢᠮ᠎ᠡ ᠬᠦᠴᠦ ᠪᠠᠨ ᠡᠷᠭᠦᠳᠡᠭ ᠠᠳᠠᠯ᠎ᠠ ᠶᠠᠭᠤᠨ ᠳᠤ ᠬᠠᠷ᠎ᠠ ᠡᠯᠢᠭᠡᠳᠦ ᠭᠡᠵᠤ ᠬᠡᠯᠡᠬᠦ ᠪᠤᠢ︖ ᠭᠡᠵᠤ ᠬᠢᠯᠢᠰ ᠵᠤᠪᠠᠭᠤᠷᠢ ᠪᠠᠨ ᠲᠤᠭᠠᠴᠢᠵᠤ ᠪᠠᠶᠢᠨ᠎ᠠ︾ ᠭᠡᠵᠤ ᠤᠴᠢᠷ ᠤᠬᠠᠭᠠᠨ  ᠢ ᠲᠠᠶᠢᠯᠪᠦᠷᠢᠯᠠᠨ ᠶᠠᠷᠢᠵᠠᠢ᠃      ᠲᠡᠭᠦᠨ ᠠᠴᠠ ᠬᠤᠶᠢᠰᠢ ᠨᠤᠳᠤᠭ ᠤᠨ ᠢᠶᠠᠨ ᠬᠦᠷᠦᠰᠦᠨ ᠳᠤ ᠰᠡᠬᠦᠶᠢᠨ ᠪᠤᠰᠴᠤ ᠠᠭᠤᠯᠠ ᠬᠠᠶᠢᠷᠬᠠᠳ ᠲᠠᠢ  ᠪᠠᠨ ᠢᠵᠢᠯᠳᠦᠨ ᠲᠤᠭᠳᠠᠨᠢᠵᠣ᠂ ᠤᠢ ᠰᠢᠭᠤᠢ᠂ ᠡᠪᠡᠰᠦ ᠤᠷᠭᠤᠮᠠᠯ ᠢᠶᠠᠷ ᠢᠶᠠᠨ ᠠᠷᠢᠶᠠᠳᠠᠨ ᠵᠢᠭᠦᠷᠳᠡᠨ ᠳᠤ ᠰᠢᠮ᠎ᠡ ᠰᠢᠭᠦᠰᠦ ᠪᠠᠨ ᠬᠠᠷᠠᠮ ᠦᠭᠡᠢ ᠡᠷᠭᠦᠵᠤ ᠤᠷᠤᠰᠢᠨ ᠦᠷᠡᠵᠢᠯ ᠳᠤᠨᠢ ᠦᠯᠦᠭᠡᠢ ᠪᠤᠯᠤᠭᠰᠠᠨ ᠠᠭᠤᠯᠠ ᠪᠠᠨ ᠭᠡᠭᠡᠨ ᠤ ᠠᠶᠢᠯᠠᠳᠬᠠᠯ ᠢᠶᠠᠷ ︽ᠴᠠᠭᠠᠨ ᠡᠯᠢᠭᠡᠳᠦ︾ ᠬᠡᠮᠡᠨ ᠨᠡᠷᠡᠯᠡᠵᠤ ᠴᠠᠭ ᠤᠷᠴᠢᠯ ᠢ ᠦᠩᠭᠡᠷᠡᠭᠡᠨ ᠡᠳᠦᠭᠡ ᠳᠤ ᠬᠦᠷᠴᠦ ᠢᠷᠡᠪᠡ᠃      ᠴᠠᠭᠠᠨ ᠡᠯᠢᠭᠡᠳᠦ ᠶᠢᠨ ᠠᠷᠤ ᠦᠪᠦᠷ ᠢᠶᠠᠷ ᠠᠵᠤ ᠲᠦᠷᠦᠵᠤ ᠢᠷᠡᠭᠰᠡᠨ ᠮᠠᠯᠴᠢᠳ ᠭᠠᠩ ᠭᠠᠴᠢᠭ᠂ ᠵᠤᠳ ᠰᠢᠭᠤᠷᠭᠠᠨ ᠳᠤ ᠦᠩ ᠰᠢᠮᠡᠯᠢᠭ ᠪᠡᠯᠴᠢᠭᠡᠷ ᠲᠤᠨᠢ ᠤᠳᠤᠷᠯᠠᠨ ᠨᠡᠭᠦᠳᠡᠯᠯᠡᠵᠤ ᠮᠠᠯ ᠰᠦᠷᠦᠭ ᠢᠶᠠᠨ ᠦᠰᠭᠡᠵᠤ ᠢᠷᠡᠪᠡ                                                        ᠨᠠ᠊ · ᠵᠢᠷᠭᠠᠯ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号