ᠲᠸᠡᠵᠢᠭ ᠤᠨ ᠤᠷᠤᠢ ᠭᠡᠵᠤ ᠠᠷᠤ ᠬᠤᠷᠴᠢᠨ ᠤ ᠤᠤᠯ ᠤᠨ ᠵᠢᠭᠠᠰᠦᠳᠠᠢ ᠰᠦᠮ᠎ᠡ ᠶᠢᠨ ᠲᠸᠡᠵᠢᠭ ᠤᠨ ᠠᠶᠢᠯ | ᠤᠨ ᠲᠦᠰᠢᠯᠭᠡ ᠪᠢᠯᠡ᠃ ᠵᠡᠭᠦᠨ ᠲᠠᠯ᠎ᠠ ᠳᠤᠨᠢ ᠦᠨᠳᠦᠷ ᠣᠷᠣᠢ ᠭᠡᠵᠣ ᠪᠤᠢ᠃ ᠲᠸᠡᠵᠢᠭ ᠤᠨ ᠤᠷᠤᠢ ᠶᠢᠨ ᠡᠩᠭᠡᠷ | ᠲᠤᠨᠢ ᠪᠤᠯᠠᠭ ᠤᠷᠭᠢᠯᠤᠨ ᠬᠦᠮᠦᠨ ᠠᠮᠢᠳᠠᠨ ᠳᠤ ᠰᠢᠮ᠎ᠡ ᠪᠠᠨ ᠡᠷᠭᠦᠵᠤ ᠨᠤᠳᠤᠭ ᠤᠰᠤᠨ ᠤ ᠬᠡᠰᠢᠭ ᠢ | ᠭᠠᠶᠢᠬᠠᠭᠤᠯᠵᠤ ᠰᠦᠵᠢᠭ ᠪᠢᠰᠢᠷᠡᠯ ᠢ ᠨᠢ ᠬᠤᠷᠤᠶᠢᠯᠠᠨ ᠲᠠᠯᠠᠯᠤᠭᠰᠠᠭᠠᠷ ᠪᠤᠢ᠃ | ᠲᠸᠡᠵᠢᠭ ᠤᠨ ᠤᠷᠤᠢ ᠳᠤ ᠲᠠᠬᠢᠯᠭ᠎ᠠ ᠶᠢᠨ ᠰᠢᠷᠡᠭᠡᠨ ᠴᠢᠯᠠᠭᠤ᠂ ᠬᠦᠵᠢ ᠵᠤᠯᠠ ᠶᠢᠨ ᠲᠠᠶᠢᠰᠠᠨ ᠴᠢᠯᠠᠭᠤ ᠪᠦᠷ | ᠪᠤᠢ᠃ ᠡᠭᠦᠨ ᠤ ᠲᠤᠬᠠᠢ ᠡᠶᠢᠮᠤ ᠨᠢᠭᠡᠨ ᠦᠯᠢᠭᠡᠷ ᠲᠠᠢ ᠭᠡᠵᠤ ᠨᠠᠰᠤᠳᠠᠳ ᠶᠠᠷᠢᠳᠠᠭ᠄ | — ᠡᠷᠳᠡ ᠤᠷᠢᠳᠤ ᠶᠢᠨ ᠦᠶ᠎ᠡ ᠳᠤ ᠵᠡᠭᠦᠨ ᠪᠠᠭᠠᠷᠢᠨ ᠤ ᠨᠢᠭᠡᠨ ᠬᠦᠮᠦᠨ ᠲᠸᠡᠵᠢᠭ ᠤᠨ ᠤᠷᠤᠢ ᠶᠢᠨ | ᠬᠠᠵᠠᠭᠤ ᠪᠠᠷ ᠦᠩᠭᠡᠷᠡᠬᠦ ᠳᠡᠭᠡᠨ ᠪᠢᠳᠡᠭᠦᠦ ᠰᠢᠭᠤᠢ ᠳᠤᠨᠢ ᠰᠢᠭᠤᠢ ᠳᠤᠨᠢ ᠬᠦᠯᠦᠰᠢᠨ ᠦᠬᠡᠷ ᠢᠶᠠᠨ ᠠᠯᠳᠠᠭᠰᠠᠨ | ᠭᠡᠨ᠎ᠡ᠃ | ᠲᠡᠷᠡ ᠠᠶᠠᠬᠴᠢᠨ ᠡᠳᠦᠷᠵᠢᠨ ᠡᠷᠢᠭᠰᠡᠨ ᠴᠦ ᠦᠬᠡᠷ ᠢᠶᠠᠨ ᠤᠯᠤᠭᠰᠠᠨ ᠦᠭᠡᠢ᠃ ᠬᠦᠳᠦᠯ ᠬᠦᠨᠳᠡᠢ ᠶᠢ | ᠲᠠᠮᠵᠢᠨ ᠦᠬᠡᠷ ᠢᠶᠠᠨ ᠡᠷᠢᠭᠡᠳ ᠶᠠᠪᠤᠳᠠᠯ᠎ᠠ ᠡᠮᠦᠨ᠎ᠡ ᠨᠢ ᠠᠶᠢᠯ ᠬᠠᠷᠠᠭᠳᠠᠭᠰᠠᠨ ᠳᠤ᠄ ︽ᠠᠶᠢᠯ ᠠᠴᠠ ᠠᠰᠠᠭᠤᠵᠤ | ᠦᠵᠡᠶ᠎ᠡ᠂ ᠰᠤᠷᠠᠭ ᠤᠯᠬᠤ ᠮᠠᠭᠠᠳ︕︾ ᠭᠡᠵᠤ ᠪᠤᠳᠤᠭᠠᠳ ᠡᠭᠦᠳᠡᠨ ᠳᠤᠨᠢ ᠬᠦᠷᠬᠦ ᠳᠤ ᠨᠢᠭᠡ ᠨᠠᠰᠦᠳᠠᠨ | ᠲᠤᠰᠤᠨ ᠭᠠᠷᠴᠤ ᠢᠷᠡᠵᠠᠢ᠃ | ᠠᠶᠠᠨᠴᠢᠨ ᠨᠠᠰᠤᠳᠠᠨ ᠲᠠᠢ ᠮᠡᠨᠳᠦᠴᠢᠯᠡᠨ ᠭᠡᠷ ᠲᠤᠨᠢ ᠤᠷᠤᠬᠤ ᠳᠤ᠄ ︽ᠶᠠᠭᠤᠨ ᠳᠤ ᠶᠠᠪᠤᠭ᠎ᠠ ᠪᠤᠢ︖︾ | ᠭᠡᠵᠤ ᠠᠰᠠᠭᠤᠵᠠᠢ᠃ | ᠠᠶᠠᠨᠴᠢᠨ᠄ ︽ᠬᠦᠯᠦᠰᠢᠨ ᠦᠬᠡᠷ ᠢᠶᠠᠨ ᠠᠯᠳᠠᠭᠠᠳ ᠡᠷᠢᠭᠡᠳ ᠤᠯᠤᠭᠰᠠᠨ ᠦᠭᠡᠢ᠂ ᠰᠦᠨᠢ ᠤᠷᠤᠢ | ᠬᠠᠮᠢᠭᠠᠰᠢ ᠪᠠᠨ ᠶᠠᠪᠤᠬᠤ ᠪᠠᠨ ᠤᠯᠬᠤ ᠦᠭᠡᠢ ᠪᠤᠯᠴᠢᠬᠠᠯ᠎ᠠ︕︾ ᠭᠡᠬᠦ ᠳᠤ ᠨᠠᠰᠤᠳᠠᠨ᠄ | ︽ᠦᠬᠡᠷ ᠴᠢᠨᠢ ᠬᠠᠮᠢᠭ᠎ᠠ ᠯᠠ ᠶᠠᠪᠤᠬᠤ ᠶᠤᠮ︖ ᠮᠠᠨ ᠤ ᠰᠦᠷᠦᠭ ᠲᠠᠢ ᠪᠤᠷᠭᠠᠰᠤᠨ ᠳᠤ ᠪᠠᠶᠢᠬᠤ | ᠪᠠᠶᠢᠯᠭᠦᠢ︕︾ ᠭᠡᠳ ᠴᠠᠢ ᠪᠤᠳᠠᠭ᠎ᠠ ᠢᠳᠡᠭᠦᠯᠵᠠᠢ᠃ | ᠠᠶᠠᠨᠴᠢᠨ ᠦᠬᠡᠷ ᠢᠶᠠᠨ ᠡᠷᠢᠭᠡᠳ ᠵᠦᠳᠡᠷᠡᠭᠰᠡᠨ ᠪᠤᠯᠬᠤᠷ ᠲᠡᠮᠡᠢ ᠤᠳᠠᠯ ᠦᠭᠡᠢ ᠤᠨᠳᠠᠴᠢᠬᠠᠵᠠᠢ᠃ ᠲᠡᠷᠡ | ᠰᠦᠨᠢ ᠠᠶᠠᠨᠴᠢᠨ ᠳᠤ᠄ ︽ᠦᠬᠡᠷ ᠤᠨ ᠢᠶᠠᠨ ᠲᠦᠯᠦᠭᠡ ᠵᠤᠪᠠᠭ᠋ᠤ ᠬᠡᠷᠡᠭ ᠦᠭᠡᠢ᠂ ᠡᠮᠦᠨ᠎ᠡ ᠪᠤᠷᠭᠠᠰᠦᠨ ᠳᠤ ᠪᠠᠶᠢᠬᠤ | ᠶᠤᠮ︕︾ ᠭᠡᠵᠤ ᠨᠢᠭᠡ ᠪᠤᠭᠤᠷᠤᠯ ᠨᠠᠰᠦᠳᠠᠨ ᠵᠡᠭᠦᠳᠦ ᠦᠭᠴᠠᠢ᠃ | ᠦᠤᠷ ᠭᠡᠭᠡᠷᠡᠬᠦ ᠶᠢᠨ ᠦᠶ᠎ᠡ ᠪᠠᠷ ᠠᠶᠠᠨᠴᠢᠨ ᠲᠤᠭᠭᠢᠨ ᠰᠡᠷᠢᠬᠦ ᠳᠤ ᠭᠡᠷ ᠲᠡᠷᠭᠡ ᠶᠠᠭᠤ ᠴᠦ ᠦᠭᠡᠢ᠂ | ᠭᠠᠭᠴᠠᠭᠠᠷ ᠢᠶᠠᠨ ᠤᠨᠳᠠᠵᠤ ᠪᠠᠶᠢᠭᠰᠠᠨ ᠭᠡᠨ᠎ᠡ᠃ ᠲᠡᠷᠡ ᠰᠠᠨᠳᠤᠷᠤᠨ ᠪᠤᠰᠴᠤ ᠦᠵᠡᠪᠡᠯ ᠲᠸᠡᠵᠢᠭ ᠤᠨ ᠤᠷᠤᠢ ᠳᠤ | ᠭᠠᠷᠤᠭᠠᠳ ᠢᠷᠡᠴᠢᠭᠡᠵᠠᠢ᠃ | ᠲᠡᠷᠡ ᠠᠶᠠᠨᠴᠢᠨ ᠶᠡᠬᠡᠯ᠎ᠡ ᠭᠠᠶᠢᠬᠠᠭᠰᠠᠨ ᠢᠶᠠᠨ᠄ ︽ᠠᠭᠤᠯᠠ ᠶᠢᠨ ᠰᠠᠪᠳᠠᠭ ᠲᠠᠢ ᠤᠴᠠᠷᠠᠭᠰᠠᠨ ᠪᠠᠶᠢᠵᠤ ᠳ᠋ᠠ | ︾ ᠭᠡᠵᠤ ᠰᠡᠭᠡᠰᠭᠢᠨ ᠠᠭᠤᠯᠠᠨ ᠳᠤ ᠰᠦᠵᠢᠭᠯᠡᠨ ᠡᠮᠦᠨ᠎ᠡ ᠪᠤᠷᠭᠠᠰᠤᠨ ᠳᠤ ᠬᠦᠷᠬᠦ ᠳᠤ ᠦᠬᠡᠷ ᠨᠢ ᠴᠠᠳᠳᠠᠯ᠎ᠠ | ᠢᠳᠡᠭᠡᠳ ᠬᠡᠪᠳᠡᠵᠤ ᠪᠠᠶᠢᠵᠠᠢ᠃ | ᠠᠶᠠᠨᠴᠢᠨ ᠦᠬᠡᠷ ᠢᠶᠠᠨ ᠤᠯᠤᠭᠰᠠᠨ ᠳᠠᠭᠠᠨ ᠪᠠᠶᠠᠷᠯᠠᠨ᠄ ︽ᠲᠠᠨ ᠢ ᠲᠠᠬᠢᠶ᠎ᠠ︕︾ ᠭᠡᠵᠤ ᠵᠠᠯᠪᠠᠷᠢᠨ | ᠮᠦᠷᠭᠦᠭᠰᠡᠭᠡᠷ ᠵᠠᠮ ᠢᠶᠠᠨ ᠡᠯᠭᠦᠵᠠᠢ᠃ ᠠᠶᠠᠨᠴᠢᠨ ᠠᠮᠤ ᠬᠦᠨᠡᠰᠦ ᠪᠠᠨ ᠵᠦᠭᠡᠭᠡᠨ ᠪᠤᠴᠠᠨ ᠢᠷᠡᠭᠡᠳ ᠬᠠᠵᠠᠭᠤ ᠶᠢᠨ | ᠠᠶᠢᠯ ᠤᠨ ᠬᠦᠮᠦᠰ ᠲᠤ᠄ | ︽ᠠᠭᠤᠯᠠ ᠶᠢ ᠴᠢᠨᠢ ᠲᠠᠬᠢᠶ᠎ᠠ︕︾ ᠭᠡᠪᠡᠯ᠄ | ︽ᠬᠦᠨᠳᠡᠯᠡᠨ ᠭᠠᠵᠠᠷ ᠤᠨ ᠬᠦᠮᠦᠨ ᠠᠭᠤᠯᠠ ᠶᠢ ᠲᠠᠬᠢᠵᠤ ᠪᠤᠯᠬᠤ ᠦᠬᠡᠢ︕︾ ᠭᠡᠳ ᠲᠠᠰᠦ | ᠵᠦᠪᠰᠢᠶᠡᠷᠡᠬᠦ ᠦᠭᠡᠢ᠃ ᠲᠡᠷᠡ ᠠᠶᠠᠨᠴᠢᠨ ᠲᠠᠬᠢᠨ ᠲᠠᠬᠢᠨ ᠭᠤᠶᠤᠭᠰᠠᠨ ᠴᠦ ᠬᠡᠨ ᠨᠢ ᠴᠦ ᠵᠦᠪᠰᠢᠶᠡᠷᠡᠭᠦ ᠦᠭᠡᠢ | ᠲᠤᠯᠠ ᠠᠷᠤ ᠭᠡᠷ ᠲᠡᠭᠡᠨ ᠪᠤᠴᠠᠪᠠ᠃ ᠲᠡᠷᠡ ᠠᠶᠠᠨᠴᠢᠨ ᠰᠡᠭᠦᠯ ᠳᠤᠨᠢ ᠰᠦᠨᠢ ᠪᠠᠷ ᠲᠸᠡᠵᠢᠭ ᠤᠨ ᠤᠷᠤᠢ ᠳᠤ | ᠢᠷᠡᠵᠤ ᠨᠢᠭᠤᠴᠠ ᠪᠠᠷ ᠲᠠᠬᠢᠳᠠᠭ ᠪᠤᠯᠵᠠᠢ᠃ | ᠲᠡᠷᠡ ᠬᠦᠮᠦᠨ ᠴᠤᠬᠤᠮ ᠠᠯᠢ ᠵᠢᠯ ᠠᠴᠠ ᠡᠬᠢᠯᠡᠨ ᠬᠡᠵᠢᠶ᠎ᠡ ᠪᠤᠯᠳᠠᠯ᠎ᠠ ᠲᠠᠬᠢᠵᠤ ᠪᠠᠶᠢᠭᠰᠠᠨ ᠢ ᠬᠡᠨ ᠴᠦ | ᠮᠡᠳᠡᠬᠦ ᠦᠭᠡᠢ᠃ ᠲᠸᠡᠵᠢᠭ ᠤᠨ ᠤᠷᠤᠢ ᠳᠤ ᠭᠠᠷᠤᠭᠰᠠᠨ ᠬᠦᠮᠦᠰ ᠤᠨ ᠬᠡᠯᠡᠬᠦ ᠪᠠᠷ ᠲᠠᠬᠢᠯᠭ᠎ᠠ ᠳᠤ ᠬᠡᠷᠡᠭᠰᠡᠬᠦ ᠠᠯᠳᠠ | ᠤᠷᠳᠤ ᠰᠢᠷᠡᠭᠡ ᠮᠡᠳᠦ ᠬᠦᠯᠢᠭᠡᠷ ᠴᠢᠯᠠᠭᠤ ᠪᠤᠯᠤᠨ ᠬᠦᠵᠢ ᠵᠣᠯᠠ ᠠᠰᠠᠭᠠᠬᠤ ᠤᠷᠤᠨ ᠪᠠᠶᠢᠷᠢ ᠨᠢ ᠲᠤᠳᠤᠬᠠᠨ ᠪᠤᠢ | ᠭᠡᠨ᠎ᠡ᠃ | ᠲᠸᠡᠵᠢᠭ ᠤᠨ ᠤᠷᠤᠢ ᠶᠢᠨ ᠬᠠᠵᠠᠭᠤ ᠬᠠᠪᠢ ᠪᠠᠷ ᠬᠦᠮᠦᠰ ᠤᠳᠠᠭᠠᠨ ᠤᠨ ᠨᠡᠭᠦᠳᠡᠯᠯᠡᠨ ᠮᠠᠯᠵᠢᠵᠣ᠂ ᠪᠤᠳᠠ | ᠪᠤᠷᠭᠠᠰᠤ ᠶᠢ ᠨᠢ ᠬᠠᠮᠠᠭᠠᠯᠠᠵᠤ ᠭᠠᠵᠠᠷ ᠤᠰᠤᠨ ᠤ ᠰᠢᠮ᠎ᠡ ᠪᠠᠨ ᠬᠦᠷᠳᠡᠭᠰᠡᠭᠡᠷ ᠢᠷᠡᠵᠠᠢ᠃ ᠤᠳᠤ ᠲᠸᠡᠵᠢᠭ ᠤᠨ | ᠤᠷᠤᠢ ᠨᠢ ᠨᠤᠳᠤᠭ ᠤᠰᠤᠨ ᠤ ᠵᠠᠭᠠᠭ ᠬᠢᠯᠢ ᠪᠠᠷ ᠨᠤᠷᠠᠰᠢ ᠦᠭᠡᠢ ᠰᠡᠬᠦᠶᠢᠵᠤ ᠪᠠᠶᠢᠨᠠᠮ᠃ | | ᠨᠠ᠊ · ᠵᠢᠷᠭᠠᠯ | |