ᠬᠠᠭᠤᠴᠢᠨ ᠸᠠᠩ ᠤᠨ ᠤᠷᠳᠤᠨ ᠤ ᠵᠡᠭᠦᠨ ᠬᠤᠶᠢᠨ᠎ᠠ ᠭᠤᠴᠢᠨ ᠭᠠᠵᠠᠷ ᠤᠨ ᠰᠢᠬᠠᠮ ᠳᠤ ᠨᠠᠷᠢᠨ ᠴᠠᠪᠠ ᠭᠡᠬᠦ | ᠭᠠᠵᠠᠷ ᠪᠤᠢ᠃ ᠶᠠᠭᠤᠨ ᠳᠤ ᠢᠩᠭᠢᠵᠤ ᠨᠡᠷᠡᠯᠡᠭᠰᠡᠨ ᠲᠤᠬᠠᠢ ᠨᠤᠳᠤᠭ ᠤᠨ ᠪᠣᠭᠤᠷᠣᠯᠴᠤᠳ ᠨᠠᠷ ᠦᠯᠢᠭᠡᠷ ᠲᠡᠤᠬᠡ ᠶᠢ | ᠨᠢ ᠬᠠᠭᠤᠴᠢᠯᠠᠳᠠᠭ᠃ | ᠨᠠᠷᠢᠨ ᠴᠠᠪᠠ ᠶᠢᠨ ᠲᠠᠯ᠎ᠠ ᠳᠤ ᠪᠠᠶᠠᠨ ᠣᠪᠣᠭ᠎ᠠ ᠭᠡᠵᠤ ᠪᠤᠢ᠃ ᠡᠨᠡ ᠬᠠᠪᠢ ᠪᠠᠷ ᠨᠠᠭᠤᠷ ᠤᠰᠤ ᠲᠠᠢ᠂ | ᠬᠦᠷᠦᠰᠦ ᠰᠦᠷᠣᠢ ᠦᠩ ᠰᠢᠮᠡᠯᠢᠭ ᠠᠴᠠ ᠡᠪᠡᠰᠣ ᠪᠡᠯᠴᠢᠭᠡᠷ ᠵᠤᠵᠠᠭᠠᠨ᠂ ᠪᠣᠷᠭᠠᠰᠤ᠂ ᠬᠠᠶᠢᠯᠠᠰᠤ ᠤᠷᠭᠤᠵᠤ᠂ ᠮᠠᠯ | ᠰᠦᠷᠦᠭ ᠤᠨ ᠤᠨ ᠦᠨᠢᠷ ᠦᠰᠳᠡᠭ ᠲᠡᠤᠬᠡ ᠲᠠᠢ᠃ ᠪᠠᠶᠠᠨ ᠣᠪᠣᠭ᠎ᠠ ᠶᠢ ᠠᠯᠢ ᠡᠷᠳᠡ ᠠᠴᠠ ᠬᠤᠰᠢᠭᠤ ᠵᠠᠰᠠᠭ | ᠲᠠᠬᠢᠳᠠᠭ ᠭᠡᠨ᠎ᠡ᠃ ᠨᠢᠭᠡᠨ ᠵᠢᠯ ᠬᠤᠰᠢᠭᠤ ᠸᠠᠩ ᠪᠠᠶᠠᠨ ᠣᠪᠣᠭ᠎ᠠ ᠶᠢ ᠲᠠᠬᠢᠭᠠᠳ ᠬᠠᠵᠭᠤ ᠳᠤ ᠨᠢ ᠵᠢᠭᠠᠬᠠᠨ | ᠰᠠᠭᠤᠵᠣ ᠲᠠᠮᠠᠬᠢ ᠲᠠᠳᠠᠵᠠᠢ᠃ ᠮᠠᠨᠤ ᠬᠦᠬᠦᠤᠷ ᠢᠶᠠᠨ ᠭᠠᠷᠭᠠᠨ ᠲᠠᠮᠠᠬᠢ ᠪᠠᠨ ᠲᠠᠳᠠᠳᠠᠯ᠎ᠠ ᠬᠦᠬᠦᠤᠷ ᠨᠢ ᠣᠪᠠᠶᠢᠨ ᠳᠤ | ᠦᠭᠡᠢ ᠬᠦᠰᠡᠷ ᠣᠨᠠᠪᠠ᠃ ᠬᠤᠰᠢᠭᠤ ᠸᠠᠩ ᠰᠠᠨᠳᠣᠷᠣᠨ ᠬᠦᠬᠦᠷ ᠢᠶᠠᠨ ᠠᠪᠴᠤ ᠦᠵᠡᠭᠰᠡᠨ ᠴᠢᠨᠢ ᠴᠠᠪᠠ | ᠭᠠᠷᠴᠢᠬᠠᠭᠰᠠᠨ ᠪᠠᠶᠢᠪᠠ᠃ ᠡᠭᠦᠨ ᠢ ᠦᠵᠡᠭᠰᠡᠨ ᠸᠠᠩ ᠨᠤᠶᠠᠨ᠄ ︽ᠪᠢ ᠣᠪᠣᠭ᠎ᠠ ᠶᠢ ᠲᠠᠬᠢᠨ᠎ᠠ ᠭᠡᠳ ᠢᠷᠡᠬᠦᠯᠡᠷ | ᠮᠠᠨᠤ ᠬᠦᠬᠦᠤᠷ ᠢ ᠤᠨᠠᠭᠠᠨ ᠴᠠᠪᠠ ᠭᠠᠷᠭᠠᠬᠤ ᠴᠢᠨᠢ ᠶᠠᠮᠠᠷ ᠮᠠᠭᠤ ᠢᠷᠸ᠎ᠠ ᠪᠣᠢ︖︾ ᠭᠡᠵᠤ ᠶᠡᠬᠡᠳᠡ ᠠᠭᠤᠷᠯᠠᠨ | ᠶᠠᠪᠣᠬᠤ ᠦᠶ᠎ᠡ ᠳᠤ ᠪᠠᠨ᠄ ︽ᠡᠨᠡ ᠣᠪᠣᠭ᠎ᠠ ᠶᠢ ᠡᠭᠦᠨ ᠠᠴᠠ ᠬᠤᠶᠢᠰᠢ ᠪᠡᠳᠡᠭᠡᠢ ᠲᠠᠬᠢ︕ ᠡᠨᠡ ᠭᠠᠵᠠᠷ ᠢ ᠪᠠᠶᠠᠨ | ᠣᠪᠣᠭ᠎ᠠ ᠭᠡᠵᠤ ᠪᠤᠯᠬᠤ ᠦᠭᠡᠢ᠂ ᠨᠠᠷᠢᠨ ᠴᠠᠪᠠ ᠭᠡᠵᠤ ᠲᠠᠭᠤᠳᠠ︕︾ ᠭᠡᠵᠣ ᠬᠠᠵᠠᠭᠤ ᠶᠢᠨ ᠬᠦᠮᠦᠰ ᠲᠤ ᠪᠠᠨ | ᠵᠠᠬᠢᠭᠰᠠᠨ ᠭᠡᠨ᠎ᠡ᠃ ᠲᠡᠬᠦᠨ ᠠᠴᠠ ᠬᠤᠶᠢᠰᠢ ᠪᠠᠶᠠᠨ ᠣᠪᠣᠭ᠎ᠠ ᠶᠢ ᠬᠤᠰᠢᠭᠤ ᠲᠠᠬᠢᠯᠭ᠎ᠠ ᠠᠴᠠ ᠬᠠᠰᠤᠵᠤ᠂ ᠬᠠᠵᠠᠭᠤ | ᠬᠠᠪᠢ ᠶᠢᠨ ᠬᠦᠮᠦᠰ ᠯᠠ ᠲᠠᠬᠢᠬᠤ ᠪᠣᠯᠵᠠᠢ᠃ ᠮᠠᠨᠵᠤ ᠶᠢᠨ ᠦᠶ᠎ᠡ ᠳᠤ ᠲᠠᠬᠢᠯᠭ᠎ᠠ ᠨᠢ ᠪᠦᠷᠢᠮᠦᠰᠦᠨ ᠲᠠᠰᠤᠷᠠᠵᠠᠢ᠃ | ᠪᠠᠰᠠ ᠨᠢᠭᠡᠨ ᠲᠣᠮᠤᠭ ᠨᠢ ᠬᠤᠰᠢᠭᠤ ᠸᠠᠩ ᠪᠠᠶᠠᠨ ᠣᠪᠣᠭ᠎ᠠ ᠶᠢ ᠲᠠᠬᠢᠭᠠᠳ ᠪᠤᠴᠠᠬᠤ ᠦᠶᠡᠰ ᠮᠤᠷᠢ ᠨᠢ | ᠶᠠᠭᠤᠨ ᠠᠴᠠ ᠨᠠᠳᠬᠤᠭᠰᠠᠨ ᠢ ᠪᠣᠤ ᠮᠡᠳᠡ᠂ ᠬᠡᠳᠦ ᠲᠦᠢᠯᠠᠨ ᠲᠤᠭᠳᠠᠷᠠᠭᠰᠠᠨ ᠴᠢᠨᠢ ᠵᠠᠰᠠᠭ ᠸᠠᠩ ᠤᠨ ᠮᠠᠯᠠᠭᠠᠢ ᠨᠢ | ᠬᠡᠶᠢᠰᠦᠨ ᠤᠨᠠᠵᠤ᠂ ᠵᠢᠩᠰᠡ ᠨᠢ ᠴᠠᠪᠠ ᠭᠠᠷᠴᠠᠢ᠃ ᠲᠡᠭᠦᠨ ᠠᠴᠠ ᠬᠤᠶᠢᠰᠢ ᠪᠠᠶᠠᠨ ᠣᠪᠣᠭ᠎ᠠ ᠶᠢ ᠨᠠᠷᠢᠨ ᠴᠠᠪᠠ | ᠬᠡᠵᠤ ᠨᠡᠷᠡᠯᠡᠵᠤ᠂ ᠬᠤᠰᠢᠭᠤ ᠲᠠᠬᠢᠯᠭ᠎ᠠ ᠶᠢ ᠵᠤᠭᠰᠤᠭᠠᠪᠠ ᠭᠡᠨ᠎ᠡ᠃ | | ᠨᠠ᠊ · ᠵᠢᠷᠭᠠᠯ |