ᠠᠷᠤ ᠬᠤᠷᠴᠢᠨ ᠮᠤᠩᠭᠤᠯᠴᠤᠳ ᠤᠨ ᠰᠦ ᠰᠠᠭᠠᠯᠢ ᠪᠤᠯᠪᠠᠰᠤᠷᠠᠭᠤᠯᠬᠤ ᠠᠷᠭ᠎ᠠ ᠮᠡᠷᠭᠡᠵᠢᠯ | ᠪ᠊ · ᠲᠡᠮᠦᠷᠭᠤᠣᠯᠲᠣ | | | | ᠠᠷᠤ ᠬᠤᠷᠴᠢᠨ ᠮᠤᠩᠭᠤᠯᠴᠤᠳ ᠠᠯᠢ ᠡᠷᠳᠡᠨ ᠠᠴᠠ ᠠᠪᠤᠭᠠᠳ᠂ ᠮᠠᠯ ᠠᠵᠦ ᠠᠬᠤᠢ ᠡᠷᠬᠢᠯᠡᠨ᠂ ᠮᠠᠯᠵᠢᠬᠤ | ᠠᠮᠢᠳᠤᠷᠠᠯ ᠤᠶᠢᠯᠡᠳᠪᠤᠷᠢᠯᠡᠯ ᠤᠨ ᠲᠤᠮᠳᠠ ᠪᠠᠨ ᠦᠨᠢᠶᠡᠨ ᠰᠦ᠂ ᠢᠮᠠᠭᠠᠨ ᠰᠦ᠂ ᠬᠤᠨᠢᠨ ᠰᠦ᠂ ᠭᠡᠬᠦᠤ ᠶᠢᠨ | ᠰᠦ ᠵᠡᠷᠭᠡ ᠶᠢ ᠠᠰᠢᠭᠯᠠᠵᠦ᠂ ᠰᠦ ᠰᠠᠭᠠᠯᠢ ᠶᠢᠨ ᠢᠳᠡᠭᠡᠨ ᠤᠮᠳᠠᠭᠠᠨ᠂ ᠲᠠᠷᠤᠢ ︽ᠴᠠᠭᠠᠨ ᠢᠳᠡᠭᠡᠨ︾ ᠤ ᠵᠤᠶᠢᠯ ᠢ | ᠪᠤᠯᠪᠠᠰᠤᠷᠠᠭᠤᠯᠤᠨ ᠡᠳ᠋ᠯᠡᠨ ᠬᠡᠷᠡᠭᠯᠡᠭᠰᠡᠭᠡᠷ ᠢᠷᠡᠵᠠᠢ᠃ | ᠨᠢᠭᠡ᠂ ᠲᠦᠭᠦᠬᠡᠢ ᠰᠦ ᠶᠢ ᠡᠳ᠋ᠯᠡᠬᠦ᠄ | ᠠᠷᠤ ᠬᠤᠷᠴᠢᠨ ᠤ ᠮᠤᠩᠭᠤᠯᠴᠤᠳ ᠠᠯᠢ ᠡᠷᠳᠡ ᠦᠶ᠎ᠡ ᠠᠴᠠ ᠲᠦᠭᠦᠬᠡᠢ ᠦᠨᠢᠶᠡᠨ ᠰᠦ ᠶᠢ ᠤᠤᠭᠤᠵᠦ | ᠡᠳ᠋ᠯᠡᠳᠡᠭ ᠪᠠᠶᠢᠭᠰᠠᠨ ᠶᠤᠮ᠃ ᠪᠦᠰᠡᠭᠦᠶᠢᠴᠤᠳ ᠦᠷᠯᠤᠭᠡ ᠦᠳᠡᠰᠢ ᠦᠨᠢᠶᠡᠨ ᠰᠦ ᠶᠢ ᠪᠠᠨ ᠰᠠᠶ᠋ᠢ ᠰᠠᠭᠠᠵᠦ | ᠠᠪᠴᠢᠷᠠᠭᠰᠠᠭᠠᠷ᠂ ᠨᠠᠰᠤᠳᠠᠨ ᠨᠠᠷ ᠪᠤᠶᠤ ᠬᠡᠤᠬᠡᠳ ᠨᠢᠯᠬᠠᠰ ᠲᠠᠭᠠᠨ ᠰᠢᠭᠤᠳ ᠤᠤᠭᠤᠯᠭᠠᠵᠦ ᠪᠠᠶᠢᠭᠰᠠᠨ ᠪᠦᠭᠡᠳ | ᠬᠤᠵᠢᠮ ᠨᠢ ᠲᠦᠭᠦᠬᠡᠢ ᠰᠦ ᠶᠢ ᠪᠤᠴᠠᠯᠭᠠᠬᠤ ᠦᠬᠡᠢ ᠪᠠᠷ ᠤᠤᠭᠤᠪᠠᠯ ᠠᠮᠠᠷᠬᠠᠨ ᠪᠷᠦ᠋ᠽᠧᠯ ᠡᠪᠡᠳᠴᠢᠨ ᠳᠤ | ᠨᠡᠷᠪᠡᠭᠳᠡᠨ᠎ᠡ ᠭᠡᠰᠡᠨ ᠶᠤᠰᠤ ᠤᠴᠢᠷ ᠢ ᠤᠯᠵᠦ ᠮᠡᠳᠡᠭᠡᠳ᠂ ᠲᠦᠭᠦᠬᠡᠢ ᠰᠦ ᠪᠠᠨ ᠪᠤᠴᠠᠯᠭᠠᠵᠦ ᠤᠤᠭᠤᠬᠤ ᠪᠤᠯᠵᠠᠢ᠃ | ᠮᠠᠨ ᠤ ᠨᠤᠳᠤᠭ ᠤᠨ ᠵᠠᠷᠢᠮ ᠬᠦᠮᠤᠰ ᠲᠦᠭᠦᠬᠡᠢ ᠰᠦᠨ ᠳᠤ ᠬᠠᠭᠤᠷᠠᠭᠰᠠᠨ ᠪᠤᠳᠠᠭ᠎ᠠ᠂ ᠵᠠᠷᠮ᠎ᠠ ᠵᠢᠭᠤᠷᠠᠵᠤ ᠢᠳᠡᠬᠦ | ᠳᠤᠷᠠᠳᠠᠢ᠃ | ᠬᠤᠶᠠᠷ᠂ ᠰᠦ ᠲᠠᠢ ᠴᠠᠢ ᠤᠤᠭᠤᠬᠤ᠄ | ᠰᠦ ᠲᠠᠢ ᠴᠠᠢ ᠴᠢᠨᠡᠵᠦ ᠤᠤᠭᠤᠬᠤ ᠳᠤ ᠠᠷᠤ ᠬᠤᠷᠴᠢᠨ ᠮᠤᠩᠭᠤᠯᠴᠤᠳ ᠤᠷᠢᠳᠠᠪᠡᠷ ᠬᠡᠪ ᠤᠨ ᠴᠠᠢ ᠪᠠᠨ | ᠬᠡᠮᠬᠡᠯᠡᠵᠦ ᠰᠢᠷᠡᠮᠤᠨ ᠲᠤᠭᠤᠭ᠎ᠠ ᠪᠤᠶᠤ ᠬᠦᠩᠭᠡᠨ ᠴᠠᠭᠠᠨ ᠲᠤᠭᠤᠭᠠᠨ ᠳᠠᠭᠠᠨ ᠬᠢᠵᠦ ᠴᠢᠨᠠᠵᠤ ᠪᠣᠴᠠᠯᠭᠠᠭᠰᠠᠨ | ᠬᠤᠶᠢᠨ᠎ᠠ᠂ ᠲᠦᠭᠦᠬᠡᠢ ᠰᠦ ᠪᠠᠨ ᠵᠤᠬᠢᠬᠤ ᠬᠡᠮᠵᠢᠶ᠎ᠡ ᠲᠠᠢ ᠬᠢᠵᠦ ᠤᠯᠠᠨᠳᠠ ᠰᠠᠮᠤᠷᠴᠦ ᠢᠳᠡᠭᠡᠰᠢᠭᠦᠯᠦᠭᠡᠳ᠂ | ᠬᠠᠭᠤᠷᠠᠭᠰᠠᠨ ᠪᠤᠳᠠᠭ᠎ᠠ ᠪᠠᠨ ᠲᠡᠪᠳᠤᠭᠡᠨ᠂ ᠬᠤᠷᠤᠳ᠂ ᠰᠢᠷ᠎ᠠ ᠲᠤᠰᠤ᠂ ᠦᠷᠤᠮ᠎ᠡ᠂ ᠪᠢᠰᠢᠯᠠᠭ᠂ ᠠᠭᠠᠷᠤᠤᠯ᠂ | ᠡᠭᠡᠵᠡᠭᠡᠢ ᠵᠡᠷᠭᠡ ᠶᠢ ᠠᠯᠢ ᠲᠤᠷᠠᠳᠠᠢ ᠪᠠᠨ ᠰᠦ ᠲᠠᠢ ᠴᠠᠢ ᠳᠠᠭᠠᠨ ᠬᠤᠯᠢᠨ ᠬᠢᠵᠦ ᠦᠷᠯᠤᠭᠡ ᠶᠢᠨ ᠬᠤᠭᠤᠯᠠ | ᠪᠤᠯᠭᠠᠳᠠᠭ ᠶᠤᠮ᠃ ᠪᠠᠰᠠ ᠵᠠᠷᠢᠮ ᠨᠢ ᠦᠬᠡᠷ ᠬᠤᠨᠢᠨ ᠮᠢᠬ᠎ᠠ ᠪᠠᠨ ᠴᠠᠢ ᠳᠤ ᠪᠠᠨ ᠬᠦᠰᠬᠦᠯᠡᠵᠦ ᠢᠳᠡᠳᠡᠭ ᠶᠤᠮ᠃ | ᠭᠤᠷᠪᠠ᠂ ᠡᠭᠡᠳᠡᠭᠰᠡᠨ ᠰᠦ ᠶᠢ ᠡᠳ᠋ᠯᠡᠬᠦ᠄ | ᠮᠠᠨ ᠤ ᠨᠤᠳᠤᠭ ᠤᠨ ᠮᠠᠯᠴᠢᠳ ᠲᠦᠭᠦᠬᠡᠢ ᠰᠦ ᠪᠠᠨ ᠡᠳᠤᠷ ᠢᠯᠡᠭᠦᠤ ᠲᠠᠯᠪᠢᠵᠦ ᠡᠭᠡᠳᠡᠭᠰᠡᠨ ᠬᠤᠶᠢᠨ᠎ᠠ | ᠰᠢᠭᠤᠳ ᠤᠤᠭᠤᠬᠤ ᠪᠤᠶᠤ ᠵᠦᠭᠡᠬᠡᠢ ︵ ᠰᠢᠩᠭᠡᠨᠦᠷᠤᠮᠡ︶ ᠲᠠᠢ ᠬᠤᠯᠢᠵᠦ᠂ ᠬᠠᠭᠤᠷᠠᠭᠰᠠᠨ ᠪᠤᠳᠠᠭ᠎ᠠ ᠲᠠᠢ | ᠬᠤᠭᠤᠯᠠ ᠢᠳᠡᠳᠡᠭ ᠪᠠᠶᠢᠭᠰᠠᠨ ᠪᠢᠯᠠ᠃ ᠵᠠᠷᠢᠮ ᠨᠢ ᠲᠤᠰᠭᠠᠷ ᠡᠭᠡᠳᠡᠭᠰᠡᠨ ᠰᠦ ᠲᠠᠢ ᠬᠤᠭᠤᠯᠠ ᠴᠦ ᠬᠤᠳᠬᠤᠵᠤ | ᠢᠳᠡᠳᠡᠭ᠃ | ᠲᠦᠷᠪᠡ᠂ ᠬᠤᠷᠤᠳ ᠬᠢᠬᠦ᠄ | ᠡᠭᠡᠳᠡᠭᠰᠡᠨ ᠰᠦ ᠶᠢᠨ ᠲᠡᠭᠡᠭᠦᠷ ᠰᠠᠭᠤᠭᠰᠠᠨ ᠵᠦᠭᠡᠬᠡᠢ ︵ᠰᠢᠩᠭᠡᠨ ᠦᠷᠤᠮ᠎ᠡ︶ ᠶᠢ ᠰᠢᠨᠠᠭ᠎ᠠ ᠪᠠᠷ ᠢᠶᠠᠨ | ᠬᠠᠮᠤᠵᠦ ᠠᠪᠤᠭᠰᠠᠨ ᠤ ᠲᠠᠷᠠᠭ᠎ᠠ᠂ ᠡᠭᠡᠳᠡᠭᠰᠡᠨ ᠰᠦ ᠪᠠᠨ ᠰᠢᠷᠠᠮᠤᠨ ᠲᠤᠭᠤᠭᠠᠨ ᠳᠤ ᠪᠠᠨ ᠬᠢᠵᠦ ᠭᠠᠯ ᠲᠡᠭᠡᠷ᠎ᠠ | ᠲᠠᠯᠪᠢᠵᠤ ᠬᠦᠰᠢᠭᠡᠭᠡᠳ᠂ ᠰᠢᠷ᠎ᠠ ᠤᠰᠤ ᠶᠢ ᠨᠢ ᠰᠢᠬᠠᠨ ᠠᠪᠴᠦ᠂ ᠰᠢᠷᠦᠭᠦᠨ ᠰᠢᠭ ᠭᠠᠯ ᠢᠶᠠᠷ ᠬᠦᠰᠢᠭᠰᠡᠨ ᠰᠦ | ᠪᠠᠨ ᠪᠣᠴᠠᠯᠭᠠᠨ᠂ ᠰᠢᠷ᠎ᠠ ᠤᠰᠤ ᠪᠠᠨ ᠪᠠᠭ᠎ᠠ ᠪᠠᠭ᠎ᠠ ᠪᠠᠷ ᠨᠠᠮᠠᠵᠤ ᠰᠠᠶᠢᠳᠦᠷ ᠨᠤᠬᠤᠯᠠᠵᠤ ᠨᠠᠶᠢᠯᠡᠭᠦᠯᠦᠨ | ᠨᠢᠭᠳᠠᠷᠠᠭᠤᠯᠵᠦ᠂ ᠵᠤᠬᠢᠬᠤ ᠬᠡᠮᠵᠢᠶᠡᠨ ᠳᠤ ᠲᠤᠯᠪᠠᠯ ᠬᠠᠯᠠᠭᠤᠨ ᠬᠤᠷᠤᠳ ᠢᠶᠠᠨ ᠬᠤᠷᠤᠳ ᠤᠨ ᠬᠡᠪ ︵ᠫᠠᠨᠠ︶ ᠳᠤ | ᠲᠠᠷᠤᠵᠤ ᠲᠡᠭᠰᠢᠯᠡᠭᠡᠳ ᠬᠦᠷᠦᠭᠡᠵᠦ ᠡᠭᠡᠷᠡᠭᠦᠯᠤᠨᠡ᠃ ᠵᠢᠭᠠᠬᠠᠨ ᠡᠭᠡᠷᠡᠭᠦᠯᠦᠭᠡᠳ ᠬᠤᠷᠤᠳ ᠢᠶᠠᠨ ᠬᠡᠪ ︵ᠫᠠᠨᠠ︶ | ᠠᠴᠠ ᠨᠢ ᠬᠦᠮᠦᠷᠢᠵᠦ ᠠᠪᠤᠭᠠᠳ᠂ ᠪᠤᠷᠭᠠᠰᠤᠨ ᠪᠠ ᠪᠤᠶᠤ ᠮᠤᠳᠤᠨ ᠬᠠᠪᠳᠠᠰᠤᠨ ᠲᠡᠭᠡᠷ᠎ᠡ ᠳᠡᠯᠭᠡᠵᠦ ᠬᠠᠳᠠᠭᠠᠨ᠎ᠠ᠂ | ᠨᠠᠯᠢᠶᠠᠳ ᠡᠭᠡᠷᠡᠭᠰᠡᠨ ᠤ ᠲᠠᠷᠠᠭ᠎ᠠ ᠮᠤᠩᠭᠤᠯ ᠭᠡᠷ ᠤᠨ ᠤᠨᠢ᠂ ᠬᠠᠨ᠎ᠠ ᠲᠡᠭᠡᠷ᠎ᠡ ᠠᠴᠠ ᠡᠯᠭᠦᠵᠦ ᠬᠠᠳᠠᠭᠠᠨ᠎ᠠ᠃ ᠠᠷᠤ | ᠬᠤᠷᠴᠢᠨᠴᠤᠳ ᠤᠨ ᠬᠤᠷᠤᠳ ᠨᠢ ᠰᠢᠯᠤᠭᠤᠨ ᠬᠦᠬᠡ᠂ ᠬᠡᠰᠢᠭᠳᠡᠨ ᠬᠤᠰᠢᠭᠤᠳ ᠤᠨ ᠬᠤᠷᠤᠳ ᠢᠶᠠᠷ ᠪᠤᠳᠤᠪᠠᠯ | ᠨᠢᠮᠭᠡᠨ ᠰᠢᠭ᠋ ᠪᠤᠯᠪᠠᠴᠦ ᠢᠳᠡᠬᠦ ᠳᠤ ᠲᠤᠰᠤᠯᠢᠭ ᠠᠮᠳᠠᠳᠠᠢ ᠪᠠᠶᠢᠳᠠᠭ᠃ | ᠠᠷᠤ ᠬᠤᠷᠴᠢᠨ ᠮᠤᠩᠭᠤᠯᠴᠤᠳ᠂ ᠬᠤᠷᠤᠳ ᠤᠨ ᠬᠡᠪ ᠢ ᠬᠢᠬᠦ ᠳᠤ ᠮᠤᠳᠤ ᠶᠢ ᠪᠠᠨ ᠰᠡᠶᠢᠯᠤᠨ ᠤᠷᠠᠯᠠᠵᠦ᠂ | ᠡᠯᠳᠡᠪ ᠵᠤᠶᠢᠯ ᠤᠨ ᠬᠡ ᠤᠭᠠᠯᠵᠠ᠂ ᠦᠯᠵᠠᠢ ᠵᠠᠩᠬᠢᠶ᠎ᠠ᠂ ᠦᠰᠦᠭ ᠪᠤᠶᠤ ᠬᠤᠸᠠᠷ ᠵᠢᠷᠤᠭ ᠤᠨ ᠰᠡᠶᠢᠯᠪᠤᠷᠢ | ᠭᠠᠷᠭᠠᠵᠦ᠂ ᠰᠢᠨ᠎ᠡ ᠬᠤᠷᠤᠳ ᠢᠶᠠᠨ ᠡᠶᠢᠮᠤᠷᠬᠦ ᠭᠤᠶᠤ ᠰᠠᠶᠢᠬᠠᠨ ᠬᠤᠷᠤᠳ ᠤᠨ ᠬᠡᠪ ︵ᠫᠠᠨᠠ︶ ᠳᠤ ᠲᠠᠷᠤᠵᠦ | ᠬᠢᠳᠡᠭ ᠲᠤᠯᠠ ᠮᠠᠰᠢ ᠰᠠᠶᠢᠬᠠᠨ ᠬᠡ ᠤᠭᠠᠯᠵᠠ᠂ ᠦᠯᠵᠠᠢ ᠵᠠᠩᠬᠢᠶ᠎ᠠ ᠶᠢᠨ ᠬᠡᠯᠪᠡᠷᠢ ᠶᠠᠩᠵᠦ ᠲᠠᠢ ᠬᠤᠷᠤᠳ ᠪᠤᠢ | ᠪᠤᠯᠳᠠᠭ ᠶᠤᠮ᠃ ᠬᠡᠯᠪᠡᠷᠢ ᠮᠠᠶ᠋ᠢᠭ ᠤᠨ ᠲᠠᠯ᠎ᠠ ᠪᠠᠷ ᠬᠤᠷᠤᠳ ᠨᠢ ᠶᠧᠪᠢᠩ ᠪᠤᠤᠪᠤ ᠶᠢᠨ ᠮᠠᠶ᠋ᠢᠭ ᠲᠠᠢ ᠲᠤᠭᠤᠷᠢᠭ | ᠬᠡᠯᠪᠡᠷᠢ ᠶᠢᠨ ᠪᠤᠶᠤ ᠤᠷᠳᠤ ᠲᠦᠷᠪᠡᠯᠵᠢᠨ ᠬᠡᠯᠪᠡᠷᠢ ᠶᠢᠨ ᠬᠤᠷᠤᠳ ᠪᠦᠷ ᠪᠠᠶᠢᠳᠠᠭ ᠠᠵᠢ᠃ ᠨᠠᠮᠤᠷ ᠤᠨ ᠤᠯᠠᠷᠢᠯ | ᠤᠨ ᠴᠠᠭ ᠲᠤ ᠪᠠᠰᠠ ᠵᠠᠷᠢᠮ ᠨᠢ ᠱᠢᠩᠰᠢ ︵ᠱᠧᠩ︶ ᠠᠳᠠᠯᠢ ᠮᠤᠳᠤᠨ ᠬᠡᠪ ᠲᠤ ᠵᠤᠵᠠᠭᠠᠨ ᠬᠤᠷᠤᠳ ᠲᠠᠷᠤᠵᠦ | ᠬᠢᠳᠡᠭ︔ ᠪᠠᠰᠠ ᠵᠠᠷᠢᠮ ᠨᠢ ᠰᠢᠨ᠎ᠡ ᠬᠤᠷᠤᠳ ᠲᠠᠭᠠᠨ ᠵᠡᠭᠡᠷᠭᠡᠨ᠎ᠡ ᠶᠢᠨ ᠤᠯᠠᠭᠠᠨ᠎ᠠ ᠪᠤᠶᠤ ᠴᠠᠭᠠᠨ ᠰᠢᠬᠢᠷ ᠬᠢᠵᠦ | ᠠᠮᠳᠠ ᠤᠷᠤᠭᠤᠯᠳᠠᠭ ᠴᠦ ᠪᠤᠢ᠃ | ᠲᠠᠪᠤ᠂ ᠰᠢᠷ᠎ᠠ ᠲᠤᠰᠤ ᠰᠢᠷᠭᠠᠬᠤ᠄ | ᠰᠢᠷ᠎ᠠ ᠲᠤᠰᠤ ᠰᠢᠷᠭᠠᠬᠤ ᠳᠤ ᠤᠷᠢᠳᠠᠪᠡᠷ ᠵᠦᠭᠡᠬᠡᠢ ︵ᠰᠢᠩᠭᠡᠨ ᠦᠷᠤᠮ᠎ᠡ︶ ᠪᠠᠨ ᠴᠠᠭᠠᠨ ᠪᠦᠰ ᠤᠭᠤᠳᠠᠨ | ᠳᠤ ᠬᠢᠵᠦ ᠲᠡᠭᠦᠵᠢᠯᠡᠨ ᠰᠢᠷ᠎ᠠ ᠤᠰᠤ ᠶᠢ ᠨᠢ ᠱᠦᠭᠦᠷᠦᠭᠦᠯᠦᠨᠡ᠃ ᠰᠢᠷ᠎ᠠ ᠤᠰᠤ ᠨᠢ ᠭᠤᠭᠤᠵᠢᠭᠠᠳ ᠤᠭᠤᠲᠠ ᠲᠠᠢ | ᠵᠦᠬᠡᠬᠡᠢ ᠠᠭᠰᠢᠷᠠᠵᠤ ᠰᠢᠷ᠎ᠠ ᠲᠤᠰᠤ ᠰᠢᠷᠭᠠᠬᠤ ᠪᠤᠯᠪᠠᠯ᠂ ᠵᠦᠭᠡᠬᠡᠢ ᠪᠠᠨ ᠡᠷᠴᠢᠭᠡᠭᠡᠳ ᠰᠢᠷᠠᠮᠤᠨ ᠲᠤᠭᠤᠭᠠᠨ ᠳᠠᠭᠠᠨ | ᠬᠢᠵᠦ ᠰᠢᠷᠭᠠᠨ᠂ ᠢᠯᠭᠠᠷᠠᠭᠰᠠᠨ ᠰᠢᠷ᠎ᠠ ᠲᠣᠰᠦ ᠶᠢ ᠨᠢ ᠰᠢᠬᠠᠵᠤ ᠠᠪᠤᠭᠠᠳ ᠂ ᠦᠬᠡᠷ ᠤᠨ ᠬᠦᠵᠡᠭᠡ᠂ ᠰᠢᠯ ᠤᠨ | ᠰᠠᠪᠠ᠂ ᠴᠢᠯᠠᠭᠤᠨ ᠯᠤᠩᠬᠤ ᠪᠤᠶᠤ ᠪᠤᠳᠤᠩ ᠳᠤ ᠬᠢᠵᠦ ᠴᠠᠷᠴᠠᠭᠠᠵᠤ ᠰᠡᠷᠢᠭᠦᠨ ᠭᠠᠵᠠᠷ ᠬᠠᠳᠠᠭᠠᠯᠠᠨ ᠲᠠᠯᠪᠢᠳᠠᠭ᠃ | ᠰᠢᠷ᠎ᠠ ᠲᠤᠰᠤ ᠪᠠᠨ ᠠᠪᠤᠭᠠᠳ ᠦᠯᠡᠳᠡᠭᠰᠡᠨ ᠰᠢᠬᠠᠷᠤ ᠶᠢ ᠨᠢ ᠴᠦᠴᠤᠬᠡᠢ ᠭᠡᠵᠦ ᠬᠡᠯᠡᠳᠡᠭ ᠶᠤᠮ᠃ ᠴᠦᠴᠤᠬᠡᠢ ᠨᠢ | ᠢᠰᠬᠦᠯᠡᠩ ᠬᠦᠴᠢᠯᠯᠢᠭ ᠠᠮᠳᠠ ᠲᠠᠢ᠂ ᠵᠠᠷᠢᠮ ᠬᠦᠮᠤᠰ ᠴᠦᠴᠤᠬᠡᠢ ᠲᠠᠢ ᠬᠤᠭᠤᠯᠠ ᠬᠢᠵᠦ ᠢᠳᠡᠳᠡᠭ᠃ | ᠵᠢᠷᠭᠤᠭ᠎ᠠ᠂ ᠦᠷᠦᠮ᠎ᠡ ᠬᠦᠬᠡᠷᠦᠭᠦᠯᠬᠦ᠄ | ᠦᠷᠤᠮ᠎ᠡ ᠬᠦᠬᠡᠷᠦᠭᠦᠯᠬᠦ ᠳᠤ ᠤᠷᠢᠳᠠᠪᠡᠷ ᠲᠦᠭᠦᠬᠡᠢ ᠰᠦ ᠪᠠᠨ ᠰᠢᠷᠠᠮᠤᠨ ᠲᠤᠭᠤᠭᠠᠨ ᠳᠠᠭᠠᠨ ᠬᠢᠵᠦ | ᠪᠤᠴᠠᠯᠭᠠᠨ᠂ ᠰᠢᠨᠠᠭ᠎ᠠ ᠪᠠᠷ ᠰᠦ ᠪᠠᠨ ᠬᠦᠭᠡᠰᠤ ᠭᠠᠷᠳᠠᠯ᠎ᠠ ᠤᠯᠠᠨᠳᠠ ᠰᠠᠮᠤᠷᠴᠦ᠂ ᠵᠤᠬᠢᠬᠤ ᠬᠡᠮᠵᠢᠶᠡᠨ ᠳᠤ ᠲᠤᠯᠪᠠᠯ | ᠵᠦᠭᠡᠯᠡᠨ ᠭᠠᠯ ᠲᠡᠭᠡᠷ᠎ᠡ ᠣᠳᠠᠭᠠᠨ ᠬᠠᠭᠰᠠᠭᠠᠨᠠ᠂ ᠰᠠᠮᠤᠷᠠᠭᠰᠠᠨ ᠰᠦ ᠶᠢᠨ ᠬᠥᠭᠡᠰᠦ ᠨᠢ ᠦᠷᠦᠮᠰᠢᠵᠦ ᠭᠦᠳᠦᠭᠦᠷ | ᠬᠤᠳᠤᠭᠤᠷ ᠴᠤᠬᠤᠷ ᠭᠠᠷᠤᠭᠰᠠᠨ ᠰᠢᠷᠠᠩᠭᠤᠢ ᠴᠠᠭᠠᠨ ᠬᠦᠭᠡᠷᠦᠭᠦᠯᠦᠭᠰᠡᠨ ᠦᠷᠤᠮ᠎ᠡ ᠪᠤᠯᠳᠠᠭ᠃ ᠦᠷᠦᠮ᠎ᠡ | ᠬᠦᠬᠡᠷᠦᠭᠦᠯᠬᠦ ᠳᠤ ᠰᠠᠮᠤᠷᠬᠤ ᠪᠠ ᠭᠠᠯ ᠢ ᠲᠡᠩᠴᠡᠭᠦᠯᠭᠦ ᠪᠣᠯ ᠮᠠᠰᠢ ᠴᠢᠬᠤᠯᠠ᠃ ᠲᠡᠭᠡᠭᠡᠳ ᠬᠦᠭᠡᠷᠦᠭᠦᠯᠦᠭᠰᠡᠨ | ᠦᠷᠤᠮ᠎ᠡ ᠪᠠᠨ 12 —24 ᠴᠠᠭ ᠤᠷᠴᠢᠮ ᠪᠤᠯᠪᠠᠯ ᠬᠤᠰᠤᠭᠤᠷ ᠢᠶᠠᠷ ᠢᠶᠠᠨ ᠲᠤᠭᠤᠭᠠᠨ ᠬᠦᠪᠡᠭᠡ ᠶᠢ ᠨᠢ | ᠲᠠᠭᠠᠭᠤᠯᠵᠦ ᠦᠷᠦᠮ᠎ᠡ ᠪᠠᠨ ᠲᠤᠭᠤᠷᠢᠭᠤᠯᠵᠦ ᠬᠤᠰᠤᠭᠠᠳ᠂ ᠨᠠᠷᠢᠨ ᠪᠤᠷᠭᠠᠰᠤ ᠪᠠᠷ ᠪᠤᠶᠤ ᠰᠠᠪᠬ᠎ᠠ ᠪᠠᠷ | ᠬᠦᠭᠡᠷᠤᠭᠦᠯᠦᠭᠰᠡᠨ ᠦᠷᠤᠮ᠎ᠡ ᠶᠢᠨ ᠲᠤᠤᠷ᠎ᠠ ᠠᠴᠠ ᠨᠢ ᠡᠯᠭᠦᠵᠦ ᠠᠪᠤᠭᠠᠳ᠂ ᠬᠠᠪᠰᠤᠷᠭᠠᠨ ᠲᠠᠪᠬᠤᠷᠯᠠᠭᠰᠠᠨ ᠬᠡᠯᠪᠡᠷᠢ | ᠲᠠᠢ ᠬᠠᠭᠠᠰ ᠲᠦᠭᠦᠷᠢᠭ ᠪᠤᠯᠭᠠᠵᠦ᠂ ᠮᠤᠳᠤᠨ ᠬᠠᠪᠳᠠᠰᠤ ᠪᠤᠶᠤ ᠪᠤᠷᠭᠠᠰᠤᠨ ᠠᠳᠠᠭᠠᠷ ᠲᠡᠭᠡᠷ᠎ᠡ ᠲᠠᠯᠪᠢᠵᠦ | ᠰᠡᠪᠡᠷᠡᠭᠦᠯᠦᠨ ᠬᠠᠳᠠᠭᠠᠨ᠎ᠠ᠂ ᠵᠠᠷᠢᠮ ᠨᠢ ᠪᠠᠰᠠ ᠰᠠᠪᠬ᠎ᠠ ᠵᠡᠷᠭᠡ ᠶᠢ ᠬᠡᠷᠡᠭᠯᠡᠬᠦ ᠦᠭᠡᠢ ᠪᠠᠷ ᠰᠢᠭᠤᠳ ᠭᠠᠷ ᠢᠶᠠᠷ ᠢᠶᠠᠨ | ᠠᠪᠤᠭᠠᠳ ᠬᠠᠪᠰᠤᠷᠤᠨ ᠲᠠᠯᠪᠢᠳᠠᠭ ᠴᠦ ᠪᠤᠢ᠃ ᠬᠥᠬᠡᠷᠦᠭᠦᠯᠦᠭᠰᠡᠨ ᠦᠷᠤᠮ᠎ᠡ ᠪᠤᠯ ᠤᠨᠴᠠ ᠶᠢᠨ ᠠᠮᠳᠠᠳᠠᠢ ᠰᠠᠭᠠᠯᠢ | ᠶᠢᠨ ᠢᠳᠡᠭᠡᠨ ᠪᠢᠯᠠ᠃ | ᠲᠤᠯᠤᠭ᠎ᠠ᠂ ᠠᠶᠢᠷᠠᠭ ᠬᠢᠬᠦ᠄ | ᠬᠤᠷᠤᠳ ᠬᠢᠬᠦ ᠳᠤ ᠭᠠᠷᠴᠦ ᠢᠷᠡᠭᠰᠡᠨ ᠰᠢᠷ᠎ᠠ ᠤᠰᠤ ᠪᠠᠨ ᠪᠤᠴᠠᠯᠭᠠᠭᠠᠳ ᠠᠭᠰᠢᠭᠤᠨ ᠢ ᠨᠢ ᠦᠯᠡᠳᠡᠭᠡᠵᠦ | ᠲᠡᠭᠡᠷ᠎ᠡ ᠨᠢ ᠰᠦ ᠬᠢᠵᠦ ᠲᠠᠵᠢᠭᠡᠪᠠᠯ ᠠᠶᠢᠷᠠᠭ ᠪᠣᠯᠳᠠᠭ᠃ ᠵᠠᠷᠢᠮ ᠠᠶᠢᠯ ᠨᠢ ᠦᠷᠤᠮ᠎ᠡ ᠬᠦᠬᠡᠷᠦᠭᠦᠯᠦᠭᠡᠳ | ᠦᠯᠡᠳᠡᠭᠰᠡᠨ ᠪᠣᠯᠭᠤᠭᠰᠠᠨ ᠰᠦ ᠪᠠᠨ ᠴᠦ ᠨᠡᠮᠡᠳᠡᠭ᠃ ᠮᠤᠩᠭᠤᠯᠴᠤᠳ ᠠᠶᠢᠷᠠᠭ ᠤᠨ ᠬᠦᠷᠦᠩᠭᠡ ᠪᠠᠨ ᠬᠡᠵᠢᠶᠡᠳᠡ | ᠲᠠᠰᠤᠯᠳᠠᠭᠤᠯᠬᠤ ᠦᠬᠡᠢ ᠪᠠᠶᠢᠵᠦ᠂ ᠠᠶᠢᠷᠠᠭ ᠤᠨ ᠬᠦᠷᠦᠩᠭᠡ ᠲᠡᠭᠡᠷ᠎ᠡ ᠪᠠᠨ ᠰᠦ ᠨᠡᠮᠡᠵᠦ ᠬᠢᠭᠡᠳ ᠡᠳᠤᠷ ᠤᠨ ᠬᠡᠳᠤ | ᠤᠳᠠᠭ᠎ᠠ ︵ᠨᠢᠭᠡ ᠤᠳᠠᠭ᠎ᠠ ᠳᠤ ᠬᠡᠳᠤᠨ ᠠᠷᠪᠠ ᠪᠤᠶᠤ ᠵᠠᠭᠤᠭᠠᠳ ᠪᠦᠯᠢᠨ᠎ᠡ︶ ᠪᠦᠯᠢᠭᠦᠷ ᠢᠶᠠᠷ ᠪᠦᠯᠢᠵᠦ᠂ | ᠬᠦᠴᠢᠯᠯᠢᠭ ᠢᠰᠬᠦᠯᠡᠩ ᠪᠤᠯᠭᠠᠵᠦ ᠤᠤᠭᠤᠳᠠᠭ᠃ ᠠᠶᠢᠷᠠᠭ ᠢ ᠮᠠᠨ ᠤ ᠠᠷᠤ ᠬᠤᠷᠴᠢᠨ ᠳᠤ ᠪᠠᠰᠠ ᠴᠠᠭ᠎ᠠ ᠭᠡᠳᠡᠭ᠃ | ᠴᠠᠭ᠎ᠠ ᠨᠢ ᠬᠤᠷᠤᠳ ᠬᠢᠭᠡᠳ ᠭᠠᠷᠤᠭᠰᠠᠨ ᠪᠤᠶᠤ ᠡᠭᠡᠳᠡᠭᠰᠡᠨ ᠰᠦ ᠶᠢᠨ ᠰᠢᠷ᠎ᠠ ᠤᠰᠤ ᠶᠢ ᠪᠤᠴᠠᠯᠭᠠᠭᠰᠠᠨ ᠰᠢᠩᠭᠡᠨ | ᠪᠡᠶᠡᠳᠤ ᠶᠢ ᠬᠡᠯᠡᠳᠡᠭ᠃ ᠠᠶᠢᠷᠠᠭ ᠴᠠᠭ᠎ᠠ ᠪᠠᠷ ᠭᠤᠯᠢᠷ ᠢᠰᠭᠡᠵᠦ ᠪᠤᠯᠳᠠᠭ᠃ ᠢᠩᠬᠢᠵᠦ ᠬᠢᠭᠰᠡᠨ ᠭᠤᠯᠢᠷ ᠤᠨ ᠪᠤᠤᠪᠤ | ᠪᠤᠤᠵᠠ ᠵᠡᠷᠭᠡ ᠢᠳᠡᠭᠡᠨ ᠨᠢ ᠬᠦᠪᠰᠡᠭᠡᠷ ᠪᠦᠭᠡᠳ ᠠᠮᠳᠠᠳᠠᠢ ᠪᠠᠶᠢᠳᠠᠭ᠃ ᠡᠭᠦᠨ ᠠᠴᠠ ᠭᠠᠳᠠᠨ᠎ᠠ ᠮᠠᠨ ᠤ ᠨᠤᠳᠤᠭ | ᠲᠤ ᠪᠠᠰᠠ ᠵᠢᠭᠠᠬᠠᠨ ᠬᠠᠳᠠᠭᠠᠭᠰᠠᠨ ᠮᠢᠬ᠎ᠠ ᠬᠦᠰᠢᠭᠯᠡᠵᠦ ᠴᠠᠭ᠎ᠠ ᠲᠠᠢ ᠮᠢᠶᠡᠨᠲ᠋ᠢᠶᠤᠤᠷ ᠴᠢᠨᠠᠵᠦ ᠢᠳᠡᠬᠦ ᠪᠤᠶᠤ ᠴᠠᠭ᠎ᠠ | ᠲᠠᠢ ᠰᠢᠩᠭᠡᠨ ᠪᠤᠳᠠᠭ᠎ᠠ ᠬᠢᠵᠦ ᠢᠳᠡᠳᠡᠭ ᠶᠤᠮ᠃ | ᠨᠠᠢᠮᠠ᠂ ᠴᠡᠭᠡ ᠪᠤᠯᠪᠠᠰᠤᠷᠠᠭᠤᠯᠬᠤ᠄ | ᠴᠡᠭᠡ ᠪᠤᠯᠪᠠᠰᠤᠷᠠᠭᠤᠯᠬᠤ ᠳᠤ ᠤᠷᠢᠳᠠᠪᠡᠷ ᠭᠡᠬᠦᠤ ᠶᠢᠨ ᠰᠦ ᠪᠠᠨ ᠢᠰᠭᠡᠭᠰᠡᠨ ᠴᠡᠭᠡ ᠶᠢᠨ ᠪᠤᠳᠤᠩ ᠳᠤ | ᠬᠦᠷᠦᠩᠭᠡ ᠪᠠᠨ ᠬᠢᠵᠦ᠂ ᠲᠡᠭᠡᠷ᠎ᠡ ᠨᠢ ᠦᠨᠢᠶᠡᠨ ᠤ ᠰᠦ ᠬᠢᠵᠦ ᠨᠡᠶᠢᠯᠡᠭᠦᠯᠦᠭᠡᠳ ᠬᠡᠳᠤᠨ ᠡᠳᠤᠷ ᠢᠰᠭᠡᠨ ᠲᠠᠯᠪᠢᠵᠦ᠂ | ᠤᠮᠳᠠᠭᠠᠨ ᠪᠤᠯᠭᠠᠵᠦ ᠤᠤᠭᠤᠬᠤ ᠶᠢ ᠴᠡᠭᠡ ᠭᠡᠳᠡᠭ᠃᠂ ᠴᠡᠭᠡ ᠶᠢ ᠠᠰᠠᠭᠠᠷ ᠨᠢ ᠤᠮᠳᠠᠭᠠᠨ ᠪᠤᠯᠭᠠᠨ ᠤᠤᠭᠤᠬᠤ | ᠪᠤᠶᠤ ᠴᠡᠭᠡ ᠲᠠᠢ ᠢᠳᠡᠭᠡᠨ ᠬᠢᠵᠦ ᠢᠳᠡᠳᠡᠭ ᠶᠤᠮ᠃ ᠴᠡᠭᠡ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠲᠤᠰᠠᠳᠠᠢ | ᠪᠣᠯᠬᠤᠷ ᠲᠡᠬᠦᠨ ᠢ ᠠᠰᠢᠭᠯᠠᠵᠦ ᠮᠤᠩᠭᠤᠯ ᠡᠮᠨᠡᠯᠭᠡ ᠳᠤ ᠪᠠᠶᠢᠩᠭᠤ ᠬᠡᠷᠡᠭᠯᠡᠳᠡᠭ᠃ ᠮᠤᠩᠭᠤᠯᠴᠤᠳ ᠴᠡᠭᠡ ᠶᠢ | ᠪᠤᠵᠠᠷᠳᠤᠭᠤᠯᠬᠤ ᠠᠴᠠ ᠮᠠᠰᠢ ᠬᠢᠴᠢᠶᠡᠵᠦ᠂ ᠠᠷᠢᠭᠤᠨ ᠴᠡᠪᠡᠷ ᠪᠠᠶᠢᠯᠭᠠᠳᠠᠭ ᠶᠤᠮ | ᠶᠢᠰᠤ᠂ ᠲᠠᠷᠠᠭ ᠲᠡᠵᠢᠭᠡᠬᠦ᠄ | ᠠᠶᠢᠷᠠᠭ ᠲᠤ ᠰᠢᠨ᠎ᠡ ᠲᠦᠭᠦᠬᠡᠢ ᠰᠦ ᠨᠡᠶᠢᠯᠡᠭᠦᠯᠵᠦ ᠲᠠᠷᠠᠭ ᠪᠤᠯᠭᠠᠨ ᠤᠤᠭᠤᠳᠠᠭ᠃ ᠲᠠᠷᠠᠭ ᠲᠡᠵᠢᠭᠡᠬᠦ ᠳᠤ | ᠬᠡᠳᠤᠢ ᠠᠶᠢᠷᠠᠭ ᠬᠡᠳᠤᠢ ᠰᠦ ᠶᠢᠨ ᠬᠠᠷᠢᠴᠠᠯ ᠢᠶᠠᠷ ᠬᠢᠬᠦ ᠭᠡᠰᠡᠨ ᠤᠨᠴᠠᠭᠠᠢ ᠲᠤᠭᠳᠠᠭᠠᠯ ᠦᠬᠡᠢ᠂ ᠦᠪᠡᠷ ᠤᠨ | ᠲᠤᠷᠠᠰᠢᠯ ᠢᠶᠠᠨ ᠦᠵᠡᠵᠦ᠂ ᠭᠦᠴᠢᠯᠯᠢᠭ ᠰᠢᠭ ᠤᠤᠭᠤᠶ᠎ᠠ ᠭᠡᠪᠡᠯ ᠠᠶᠢᠷᠠᠭ ᠢ ᠨᠢ ᠢᠯᠡᠭᠦᠤ ᠰᠢᠭ ᠬᠢᠵᠦ᠂ ᠦᠩᠭᠡᠷᠡᠤ | ᠬᠦᠴᠢᠯᠯᠢᠭ ᠦᠬᠡᠢ ᠰᠢᠭ᠋ ᠤᠤᠭᠤᠶ᠎ᠠ ᠭᠡᠪᠡᠯ ᠰᠦ ᠶᠢ ᠨᠢ ᠢᠯᠡᠭᠦᠤ ᠬᠢᠵᠦ ᠤᠤᠭᠤᠳᠠᠭ᠃ ᠶᠠᠭᠠᠷᠡᠤ ᠦᠶ᠎ᠡ ᠳᠤ ᠪᠤᠯ | ᠠᠷᠪᠠᠨ ᠴᠠᠭ ᠢᠯᠡᠭᠦᠤ ᠲᠡᠵᠢᠭᠡᠪᠡᠯ ᠤᠤᠭᠤᠵᠦ ᠪᠤᠯᠳᠠᠭ᠂ ᠶᠠᠭᠠᠷᠠᠤ ᠦᠬᠡᠢ ᠪᠤᠯ ᠨᠢᠭᠡ ᠦᠨᠵᠢᠭᠡᠳ ᠲᠠᠷᠠᠭ ᠢᠶᠠᠨ | ᠤᠤᠭᠤᠪᠠᠯ ᠮᠠᠰᠢ ᠰᠠᠶᠢᠨ ᠪᠠᠶᠢᠳᠠᠭ᠃ ᠪᠠᠰᠠ ᠵᠠᠷᠢᠮ ᠨᠢ ᠦᠩᠭᠡᠷᠡᠤ ᠬᠦᠴᠢᠯᠯᠢᠭ ᠭᠡᠳ ᠲᠠᠷᠠᠭ ᠢᠶᠠᠨ ᠤᠤᠭᠤᠬᠤ | ᠦᠶ᠎ᠡ ᠳᠡᠭᠡᠨ ᠲᠡᠵᠢᠭᠡᠭᠰᠡᠨ ᠲᠠᠷᠠᠭ ᠲᠠᠭᠠᠨ ᠴᠠᠭᠠᠨ ᠰᠢᠬᠢᠷ ᠬᠢᠵᠦ ᠤᠤᠭᠤᠳᠠᠭ ᠴᠦ ᠪᠤᠢ᠃ ᠲᠠᠷᠠᠭ ᠲᠡᠵᠢᠭᠡᠬᠦ ᠳᠤ | ᠤᠤᠭᠤᠬᠤ ᠬᠦᠮᠤᠨ ᠤ ᠤᠯᠠᠨ ᠴᠦᠭᠡᠨ ᠢ ᠦᠵᠡᠵᠦ ᠲᠠᠷᠠᠭ ᠲᠡᠵᠢᠭᠡᠳᠡᠭ ᠤᠴᠢᠷ ᠲᠠᠢ᠂ ᠦᠩᠭᠡᠷᠡᠤ ᠠᠷᠪᠢᠨ | ᠲᠡᠵᠢᠭᠡᠪᠡᠯ ᠦᠯᠡᠳᠡᠭᠰᠡᠨ ᠨᠢ ᠤᠯᠠᠮ ᠬᠦᠴᠢᠯᠯᠢᠭ ᠪᠤᠯᠵᠦ ᠤᠤᠭᠤᠬᠤ ᠠᠷᠭ᠎ᠠ ᠦᠬᠡᠢ ᠪᠤᠯᠳᠠᠭ ᠪᠦᠭᠡᠳ ᠪᠠᠭ᠎ᠠ | ᠲᠡᠵᠢᠭᠡᠪᠡᠯ ᠤᠤᠭᠤᠵᠦ ᠬᠦᠷᠬᠦ ᠦᠬᠡᠢ ᠪᠤᠯᠳᠠᠭ᠂ ᠤᠯᠠᠩᠬᠢ ᠳᠠᠭᠠᠨ ᠨᠢᠭᠡ ᠤᠳᠠᠭ᠎ᠠ ᠲᠠᠷᠠᠭ ᠲᠡᠵᠢᠭᠡᠬᠦ ᠳᠤ 3 — | 5 ᠵᠢᠩ ᠰᠢᠬᠠᠭᠤ ᠪᠤᠯ ᠲᠤᠬᠢᠷᠠᠮᠵᠢ ᠲᠠᠢ ᠪᠠᠶᠢᠳᠠᠭ᠃ ᠵᠠᠷᠢᠮ ᠬᠦᠮᠤᠰ ᠲᠠᠷᠠᠭ ᠲᠠᠢ ᠬᠤᠭᠤᠯᠠ ᠬᠢᠵᠦ ᠢᠳᠡᠳᠡᠭ᠃ | ᠲᠠᠷᠠᠭ ᠢ ᠶᠡᠭᠡ ᠬᠦᠷᠤᠩᠭᠡᠨ ᠳᠤ ᠪᠠᠭ᠎ᠠ ᠰᠦ ᠶᠢ ᠬᠦᠢᠳᠡᠨ ᠢᠶᠠᠷ ᠬᠤᠯᠢᠵᠦ᠂ ᠤᠳᠠᠭᠠᠨ ᠪᠠᠶᠢᠯᠭᠠᠨ ᠢᠰᠭᠡᠵᠦ | ᠬᠦᠭᠡᠰᠤᠷᠡᠭᠦᠯᠬᠦ ᠪᠠ ᠬᠠᠯᠠᠭᠤᠨ ᠪᠦᠯᠢᠶᠡᠨ ᠰᠦᠨ ᠳᠤ ᠪᠠᠭ᠎ᠠ ᠬᠦᠷᠦᠩᠭᠡ ᠬᠢᠵᠦ ᠪᠦᠷᠢᠬᠦ ᠬᠤᠶᠠᠷ ᠵᠤᠶᠢᠯ ᠤᠨ ᠠᠷᠭ᠎ᠠ | ᠪᠠᠷ ᠬᠢᠳᠡᠭ ᠶᠤᠮ᠃ | ᠠᠷᠪᠠ᠂ ᠡᠭᠡᠵᠡᠭᠡᠢ ᠬᠢᠬᠦ᠄ | ᠬᠤᠷᠤᠳ ᠬᠢᠬᠦ ᠳᠤ ᠰᠢᠬᠠᠵᠤ ᠭᠠᠷᠤᠭᠰᠠᠨ ᠰᠢᠷ᠎ᠠ ᠤᠰᠤ ᠶᠢ ᠪᠤᠴᠠᠯᠭᠠᠵᠦ ᠲᠤᠩᠭᠠᠭᠠᠭᠰᠠᠨ ᠲᠤᠨᠤᠳᠠᠰᠤ ᠢ ᠨᠢ | ᠰᠢᠭᠦᠵᠦ ᠠᠪᠤᠭᠠᠳ᠂ ᠤᠭᠤᠳᠠᠨ ᠳᠤ ᠲᠡᠭᠦᠵᠢᠯᠡᠨ ᠰᠢᠩᠭᠡᠨ ᠢ ᠨᠢ ᠱᠦᠬᠦᠷᠡᠭᠦᠯᠤᠨ ᠂ ᠤᠭᠤᠳᠠᠨ ᠳᠤ ᠦᠯᠡᠳᠡᠭᠰᠡᠨ | ᠦᠳᠭᠡᠨ ᠢ ᠨᠢ ᠠᠭᠷᠠᠭᠤᠯᠵᠦ ᠪᠠᠶᠢᠭᠠᠳ᠂ ᠭᠠᠷ ᠢᠶᠠᠷ ᠪᠠᠵᠠᠯᠠᠨ ᠪᠤᠷᠭᠠᠰᠤᠨ ᠠᠳᠠᠭᠠᠷ ᠲᠡᠭᠡᠷ᠎ᠡ ᠲᠠᠯᠪᠢᠨ | ᠬᠠᠳᠠᠭᠠᠭᠰᠠᠨ ᠢᠳᠡᠭᠡᠨ ᠢ ᠡᠭᠡᠵᠡᠭᠡᠢ ᠭᠡᠳᠡᠭ᠃ ᠡᠭᠡᠵᠡᠭᠡᠢ ᠨᠢ ᠭᠦᠴᠢᠯᠯᠢᠭ ᠠᠮᠳᠠᠳᠠᠢ ᠃ | ᠠᠷᠪᠠᠨ ᠨᠢᠭᠡ᠂ ᠠᠭᠠᠷᠤᠤᠯ ᠬᠢᠬᠦ᠄ | ᠬᠤᠷᠤᠳ ᠬᠢᠵᠦ ᠰᠢᠪᠬᠠᠨ ᠭᠠᠷᠤᠭᠰᠠᠨ ᠰᠢᠷ᠎ᠠ ᠤᠰᠤ ᠶᠢ ᠪᠤᠴᠠᠯᠭᠠᠵᠦ᠂ ᠪᠤᠳᠤᠩ ᠪᠤᠶᠤ ᠭᠠᠩ ᠰᠠᠪᠠᠨ ᠳᠤ | ᠲᠤᠩᠭᠠᠭᠠᠳ ᠭᠠᠷᠤᠭᠰᠠᠨ ᠲᠤᠨᠤᠳᠠᠰᠤ ᠶᠢ ᠨᠢ ᠲᠠᠬᠢᠨ ᠪᠤᠴᠠᠯᠭᠠᠵᠦ ᠪᠤᠢ ᠪᠤᠯᠤᠭᠰᠠᠨ ᠢᠳᠡᠭᠡᠨ ᠢ ᠠᠭᠠᠷᠤᠤᠯ ᠭᠡᠳᠡᠭ | ᠶᠤᠮ᠃ ᠦᠭᠡᠷ᠎ᠡ ᠪᠠᠷ ᠬᠡᠯᠡᠪᠡᠯ ᠠᠭᠠᠷᠤᠤᠯ ᠢ ᠬᠦᠴᠢᠯᠯᠢᠭ ᠴᠠᠭ᠎ᠠ ᠠᠴᠠ ᠱᠦᠭᠦᠵᠦ᠂ ᠱᠦᠭᠦᠮᠡᠭ ᠢ ᠪᠠᠵᠠᠯᠠᠨ | ᠬᠠᠳᠠᠭᠠᠬᠤ ᠠᠷᠭ᠎ᠠ ᠪᠠᠷ ᠬᠢᠭᠰᠡᠨ ᠪᠠᠶᠢᠭ᠎ᠠ ᠶᠤᠮ᠃ ᠠᠭᠠᠷᠤᠤᠯ ᠪᠤᠯ ᠬᠦᠴᠢᠯᠯᠢᠭ ᠠᠮᠳᠠ ᠲᠠᠢ ᠢᠳᠡᠭᠡᠨ᠂ ᠡᠭᠡᠵᠡᠭᠡᠢ | ᠠᠴᠠ ᠬᠤᠪᠢ ᠲᠠᠬᠢᠨ ᠬᠦᠴᠢᠳᠠᠢ᠂ ᠭᠡᠳᠡᠰᠤᠨ ᠤ ᠡᠪᠡᠳᠴᠢᠨ ᠢ ᠠᠨᠠᠭᠠᠬᠤ ᠪᠠ ᠰᠡᠷᠭᠡᠶᠢᠯᠡᠬᠦ ᠳᠤ ᠰᠠᠶᠢᠨ ᠪᠠᠶᠢᠳᠠᠭ | ᠢᠳᠡᠭᠡᠨ ᠪᠤᠯᠬᠤ ᠶᠤᠮ᠃ | ᠠᠷᠪᠠᠨ ᠬᠤᠶᠠᠷ᠂ ᠪᠢᠰᠢᠯᠠᠭ ᠬᠢᠬᠦ᠄ | ᠪᠢᠰᠢᠯᠠᠭ ᠢ ᠬᠡᠳᠤᠨ ᠵᠤᠶᠢᠯ ᠢᠶᠠᠷ ᠬᠢᠳᠡᠭ᠃ ᠬᠤᠨᠢ ᠢᠮᠠᠭ᠎ᠠ ᠶᠢᠨ ᠰᠦ ᠨᠢ ᠦᠳᠬᠡᠨ ᠤᠭᠤᠷᠠᠭᠯᠢᠭ ᠠᠮᠳᠠ | ᠲᠠᠢ ᠪᠤᠯᠬᠤᠷ ᠠᠷᠤ ᠬᠤᠷᠴᠢᠨ ᠮᠤᠩᠭᠤᠯᠴᠤᠳ ᠬᠤᠨᠢ ᠢᠮᠠᠭ᠎ᠠ ᠶᠢᠨ ᠰᠦ ᠶᠢ ᠪᠤᠯᠪᠠᠰᠤᠷᠠᠭᠤᠯᠤᠭᠠᠳ ︿ᠪᠢᠰᠢᠯᠠᠭ﹀ | ᠬᠢᠳᠡᠭ ᠶᠤᠮ᠃ ᠪᠠᠰᠠ ᠵᠠᠷᠢᠮ ᠨᠢ ᠬᠦᠬᠡᠷᠦᠭᠦᠯᠦᠭᠰᠡᠨ ᠦᠷᠤᠮ᠎ᠡ ᠠᠴᠠ ᠦᠯᠡᠳᠡᠭᠰᠡᠨ ᠪᠤᠯᠭᠤᠭᠰᠠᠨ ᠰᠦ ᠪᠠᠷ | ᠪᠢᠰᠢᠯᠠᠭ ᠲᠠᠷᠤᠳᠠᠭ ᠴᠦ ᠪᠤᠢ᠃ ᠵᠠᠷᠢᠮ ᠨᠢ ᠪᠠᠰᠠ ᠦᠨᠢᠶᠡᠨ ᠤ ᠣᠭᠤᠷᠠᠭ ᠢᠶᠠᠷ ᠪᠢᠰᠢᠯᠠᠭ ᠳᠠᠷᠤᠳᠠᠭ᠃ | ᠲᠡᠭᠡᠷ᠎ᠡ ᠲᠤᠷᠠᠳᠤᠭᠰᠠᠨ ᠬᠡᠰᠡᠭ ᠵᠤᠶᠢᠯ ᠤᠨ ᠴᠠᠭᠠᠨ ᠢᠳᠡᠭᠡᠨ ᠪᠤᠯ ᠠᠷᠤ ᠬᠤᠷᠴᠢᠨ ᠮᠤᠩᠭᠤᠯᠴᠤᠳ ᠤᠨ | ᠰᠦ ᠰᠠᠭᠠᠯᠢ ᠢ ᠤᠯᠠᠮᠵᠢᠯᠠᠯᠳᠤ ᠠᠷᠭ᠎ᠠ ᠮᠡᠷᠭᠡᠵᠢᠯ ᠢᠶᠠᠷ ᠪᠤᠯᠪᠠᠰᠤᠷᠠᠭᠤᠯᠤᠨ ᠡᠳ᠋ᠯᠡᠵᠦ ᠪᠠᠶᠢᠭᠰᠠᠨ ᠵᠢᠱᠢᠶ᠎ᠡ ᠪᠤᠯᠤᠨ᠎ᠠ᠃ | ᠤᠳᠤ ᠪᠤᠯᠬᠤ ᠳᠤ ᠨᠡᠶᠢᠭᠡᠮ ᠬᠦᠭᠵᠢᠵᠦ᠂ ᠤᠳᠤᠬᠢᠴᠢᠯᠠᠭᠰᠠᠨ ᠲᠧᠭᠨᠢᠭ ᠮᠡᠷᠭᠡᠵᠢᠯ ᠤᠨ ᠠᠷᠭ᠎ᠠ ᠠᠪᠴᠠᠯ ᠢᠶᠠᠷ ᠴᠠᠭᠠᠨ | ᠢᠳᠡᠭᠡᠨ ᠢ ᠨᠡᠩ ᠨᠠᠷᠢᠯᠢᠭ ᠪᠤᠯᠪᠠᠰᠤᠷᠠᠭᠤᠯᠵᠦ᠂ ᠡᠯ᠎ᠡ ᠵᠤᠶᠢᠯ ᠤᠨ ᠢᠳᠡᠭᠡᠨ ᠤᠮᠳᠠᠭᠠᠨ ᠢ ᠬᠢᠵᠦ ᠪᠠᠶᠢᠬᠤ ᠪᠦᠭᠡᠳ | ᠨᠡᠩ ᠰᠢᠨᠵᠢᠯᠡᠬᠦ ᠤᠬᠠᠭᠠᠨᠴᠢ᠂ ᠠᠷᠢᠭᠤᠨ ᠴᠡᠪᠡᠷ᠂ ᠬᠤᠷᠳᠤᠨ ᠲᠦᠷᠭᠡᠨ᠂ ᠦᠷᠭᠡᠨ ᠬᠡᠪᠴᠢᠶ᠎ᠡ ᠪᠠᠷ | ᠤᠶᠢᠯᠡᠳᠪᠤᠷᠢᠯᠡᠬᠦ ᠪᠤᠯᠵᠦ᠂ ᠨᠡᠶᠢᠭᠡᠮ ᠨᠡᠶᠢᠳᠡ ᠶᠢᠨ ᠬᠠᠩᠭᠠᠯᠭ᠎ᠠ ᠶᠢ ᠪᠠᠳᠤᠯᠠᠵᠦ᠂ ᠠᠷᠠᠳ ᠤᠯᠠᠨ ᠳᠤ | ᠤᠶᠢᠯᠡᠴᠢᠯᠡᠵᠦ ᠪᠠᠶᠢᠨ᠎ᠠ᠃ | | ᠠᠰᠢᠭᠯᠠᠭᠰᠠᠨ ᠮᠠᠲ᠋ᠧᠷᠢᠶᠡᠯ | ———— | ① ᠠ᠊᠂ ᠬᠤᠳᠤᠷᠠᠩᠭ᠎ᠠ ᠨᠠᠰᠤᠳᠠᠨ ᠤ ︽ᠠᠷᠤ ᠬᠤᠷᠴᠢᠨ ᠭᠤᠷᠪᠠᠨ ᠵᠠᠭᠤᠨ ᠤᠨ︾ ᠭᠡᠬᠦ ᠨᠤᠮ ᠤᠨ | ᠴᠠᠭᠠᠨ ᠢᠳᠡᠭᠡᠨ ᠤ ᠬᠡᠰᠡᠭᠠᠭᠤᠯᠭᠠ ᠪᠠᠷ ᠬᠢᠨᠠᠯᠳᠠ ᠪᠤᠯᠭᠠᠪᠠ᠃ | ② ᠯᠠᠩᠪᠤᠷᠢᠨᠴᠢᠨ ᠪᠠᠭᠰᠢ ᠶᠢᠨ ᠪᠢᠴᠢᠭᠰᠡᠨ ︽ᠠᠷᠤ ᠬᠤᠷᠴᠢᠨ ᠮᠤᠩᠭᠤᠯᠴᠤᠳ ᠤᠨ ᠢᠳᠡᠭᠡᠨ ᠤᠮᠳᠠᠭᠠᠨ | ᠤ ᠵᠠᠩ ᠤᠶᠢᠯᠡ ᠶᠢᠨ ᠪᠠᠶᠢᠳᠠᠯ ︾ ᠭᠡᠬᠦ ᠵᠤᠬᠢᠶᠡᠯ ᠢᠶᠠᠷ ᠬᠢᠨᠠᠯᠳᠠ ᠪᠤᠯᠭᠠᠪᠠ᠃ | ③ ᠨᠤᠳᠤᠭ ᠤᠨ ᠠᠬᠠᠮᠠᠳ ᠮᠠᠯᠴᠢᠳ ᠠᠴᠠ ᠠᠰᠠᠭᠤᠵᠦ ᠯᠠᠪᠯᠠᠵᠦ ᠪᠢᠴᠢᠪᠡ᠃ | | ᠬᠦᠬᠡᠬᠤᠳᠠᠨ᠎ᠠ | 2017 ᠤᠨ ᠤ 5 ᠰᠠᠷᠠᠶᠢᠨ 1 ᠤ ᠡᠳᠤᠷ | |