ᠨᠤᠬᠠᠢ ᠲᠡᠵᠢᠭᠡᠭᠦ ᠶᠤᠰᠤᠨ
ᠨᠡᠶᠢᠲᠡᠯᠡᠭᠰᠡᠨ ᠴᠠᠭ᠄
2017/5/15
           ᠨᠤᠬᠠᠢ ᠲᠡᠵᠢᠭᠡᠭᠦ ᠶᠤᠰᠤᠨ                                            ᠨᠠ᠊ · ᠵᠢᠷᠭᠠᠯ        ᠮᠤᠩᠭᠤᠯ ᠠᠶᠢᠯ ᠪᠦᠬᠦᠨ ᠬᠤᠳᠠᠴᠢ ᠨᠤᠬᠠᠢ ᠲᠡᠵᠢᠭᠡᠳᠡᠭ᠃ ᠨᠤᠬᠠᠢ ᠨᠢ ᠬᠤᠳᠠ ᠤᠰᠤ ᠪᠠᠨ ᠰᠠᠭᠢᠨ ᠬᠤᠯᠠᠭᠠᠢ ᠲᠦᠢᠪᠡᠭᠡᠯᠭᠡ ᠶᠢ ᠰᠡᠷᠭᠡᠶᠢᠯᠡᠭᠦ᠂ ᠭᠡᠭᠡᠷ᠎ᠡ ᠶᠢᠨ ᠠᠷᠢᠶᠠᠳᠠᠨ ᠢ ᠠᠩᠨᠠᠬᠤ ᠳᠤ ᠲᠤᠳ᠋ᠬᠠᠳᠠᠵᠤ ᠪᠤᠯᠤᠰᠢ ᠦᠭᠡᠢ ᠶᠤᠮ᠃
       ᠬᠦᠮᠦᠰ ᠨᠤᠬᠠᠢ ᠲᠡᠵᠢᠭᠡᠭᠦ ᠳᠤ ᠤᠳᠤᠮ ᠤᠠᠠᠰᠠᠭ᠎ᠠ ᠶᠢ ᠠᠩᠬᠠᠷᠤᠨ᠂ ᠬᠦᠶᠦᠳᠡᠯ᠂ ᠪᠡᠶ᠎ᠡ ᠶᠢᠨ ᠶᠠᠩᠵᠦ ᠬᠡᠯᠪᠡᠷᠢ ᠶᠢ ᠲᠤᠩ ᠠᠩᠬᠠᠷᠴᠦ᠂ ᠤᠯᠠᠭᠠᠨ ᠬᠤᠨᠭ᠍ᠰᠢᠶᠠᠷ ᠲᠠᠢ ᠨᠤᠬᠠᠢ ᠲᠡᠵᠢᠭᠡᠭᠦ ᠶᠢ ᠤᠨᠴᠨ ᠴᠡᠭᠡᠷᠯᠡᠨ᠎ᠡ᠃ ᠠᠯᠢ ᠨᠢᠭᠡ ᠠᠶᠢᠯ ᠨᠢ ᠨᠤᠬᠠᠢ ᠲᠡᠵᠢᠭᠡᠭᠦ ᠭᠡᠪᠡᠯ ᠤᠷᠢᠳ ᠢᠶᠠᠷ ᠦᠯᠦᠭᠴᠢᠨ ᠲᠠᠢ ᠠᠶᠢᠯ ᠳᠤ ᠬᠡᠯᠡᠳᠡᠭ᠃ ᠦᠯᠦᠭᠴᠢᠨ ᠨᠢ ᠲᠦᠷᠦᠮᠡᠭᠴᠨ ᠨᠤᠬᠠᠢ ᠶᠢᠨ ᠠᠭᠠᠭ ᠠᠪᠴᠦ ᠤᠴᠢᠭᠠᠳ ᠨᠤᠬᠠᠢ ᠶᠢᠨ ᠬᠦᠯᠦᠭᠡ ᠠᠴᠠ ᠠᠯᠢ ᠲᠤᠭᠤᠠᠠᠰᠠᠨ ᠢᠶᠠᠨ ᠰᠤᠩᠭᠤᠨ ᠲᠡᠮᠳᠡᠭ ᠲᠠᠯᠪᠢᠵᠦ ᠬᠤᠭᠤᠯᠨ ᠢᠳᠡᠭᠦ ᠪᠤᠯᠤᠠᠠᠰᠠᠭᠠᠷ ᠭᠡᠷ ᠲᠡᠭᠡᠨ ᠠᠪᠠᠴᠢᠨ᠎ᠠ᠃ ᠬᠦᠯᠦᠭᠡ ᠪᠠᠨ ᠠᠪᠠᠴᠢᠳᠠᠯ᠎ᠠ ᠡᠭᠡ ᠳᠤ ᠨᠢ ᠬᠤᠭᠤᠯᠨ ᠠᠭᠠᠭ ᠦᠭᠳᠡᠭ᠃ ᠭᠦᠯᠦᠭᠡ ᠶᠢ ᠬᠦᠯ ᠬᠦᠡᠭᠭᠡᠨ ᠬᠦᠮᠦᠨ ᠲᠤᠰᠪᠠᠯ ᠬᠦᠶᠦᠳᠡᠯ ᠰᠠᠶᠢᠨ᠂ ᠠᠭᠠᠰᠢ ᠵᠠᠩ ᠰᠢᠷᠦᠭᠦᠨ ᠬᠦᠮᠦᠨ ᠲᠤᠰᠪᠠᠯ ᠭᠡᠳᠡᠷ ᠲᠤᠠᠠᠰᠢᠨ ᠪᠤᠯᠤᠨ᠎ᠠ ᠭᠡᠵᠦ ᠡᠳᠦᠷ ᠤᠨ ᠰᠠᠶᠢᠨ ᠢ ᠰᠤᠩᠭᠤᠨ ᠭᠡᠷ ᠲᠤ ᠪᠠᠨ ᠠᠪᠴᠢᠷᠠᠳᠠᠭ᠃ ᠨᠤᠬᠠᠢ ᠪᠠᠨ ︽ᠪᠦᠷᠭᠦᠳ᠂ ᠬᠠᠷᠴᠠᠭᠠᠢ᠂ ᠱᠤᠩᠬᠤᠷ︾ ᠮᠡᠳᠦ  ᠪᠠᠷ ᠨᠡᠷᠡᠯᠡᠵᠦ᠂ ᠮᠠᠯ ᠠᠬᠤᠢ ᠳᠤ ᠲᠠᠭᠠᠭᠤᠯᠤᠨ ᠠᠪᠠ ᠠᠩᠨᠠᠬᠤ ᠶᠢ ᠰᠤᠷᠭᠠᠨ ᠬᠦᠶᠦᠳᠡᠯ ᠢ ᠨᠢ ᠴᠢᠩᠭᠠᠷᠠᠭᠤᠯᠳᠠᠭ᠃
       ᠨᠤᠬᠠᠢ ᠳᠤ ᠶᠡᠷᠦ ᠨᠢ ᠡᠭᠦᠷ ᠪᠠᠷᠢᠵᠦ ᠦᠭᠳᠡᠭ ᠦᠭᠡᠢ᠂ ᠴᠤᠬᠢᠵᠦ ᠭᠤᠶᠠᠳᠠᠨ ᠭᠡᠳᠡᠷ ᠪᠤᠯᠭᠠᠳᠠᠭ ᠦᠭᠡᠢ᠂ ᠨᠢᠭᠤᠵᠦ ᠬᠠᠵᠠᠬᠤ᠂ ᠭᠡᠷ ᠦᠷᠦᠭᠡᠨ ᠳᠤ ᠤᠷᠤᠬᠤ ᠶᠢ ᠪᠠᠭ᠎ᠠ ᠠᠴᠠ ᠨᠢ ᠭᠡᠷᠰᠦᠯᠡᠨ ᠲᠡᠵᠢᠭᠡᠳᠡᠭ᠃ ᠨᠤᠬᠠᠢ ᠶᠢ ᠠᠯᠠᠵᠦ ᠨᠢᠳᠦᠯᠠᠬᠤ ᠦᠭᠡᠢ᠂ ᠮᠤᠨᠤᠳᠠᠯ᠎ᠠ ᠨᠢ ᠲᠡᠵᠢᠭᠡᠵᠦ᠂ ᠨᠤᠬᠠᠢ ᠦᠭᠦᠪᠡᠯ ᠠᠭᠤᠯᠠᠨ ᠤᠷᠤᠢ ᠳᠤ ᠠᠪᠠᠴᠢᠨ ᠬᠠᠶᠠᠵᠦ ︽ᠲᠠᠷᠠᠭ᠎ᠠ ᠲᠦᠷᠦᠯ   ᠳᠤ ᠪᠠᠨ ᠬᠦᠮᠦᠨ ᠤ ᠲᠦᠷᠦᠯ ᠤᠯ︾ ᠭᠡᠮᠡᠨ ᠠᠮᠠᠨ ᠳᠤ ᠨᠢ ᠴᠠᠭᠠᠨ ᠪᠤᠳᠠᠭ᠎ᠠ ᠬᠢᠳᠡᠭ᠃
           ᠨᠤᠬᠠᠢ ᠶᠢᠨ ᠰᠠᠭᠠᠯᠲᠠ        ᠨᠤᠬᠠᠢ ᠪᠤᠯ ᠮᠤᠩᠭᠤᠯ ᠬᠦᠮᠦᠨ ᠤ ᠬᠠᠨᠢ ᠶᠤᠮ᠃ ᠮᠤᠩᠭᠤᠯ ᠬᠦᠮᠦᠨ ᠮᠤᠷᠢ ᠨᠤᠬᠠᠢ ᠶᠢ ᠡᠷ᠎ᠡ ᠬᠦᠮᠦᠨ ᠤ ᠬᠡᠢ ᠮᠤᠷᠢ ᠰᠦᠯᠲᠡ ᠪᠠᠷ ᠦᠵᠡᠳᠡᠭ᠃
       ᠨᠤᠬᠠᠢ ᠶᠢᠨ ᠰᠠᠭᠠᠯᠲᠠ ᠭᠡᠳᠡᠭ ᠨᠢ ᠨᠤᠬᠠᠢ ᠶᠢᠨ ᠬᠦᠵᠦᠭᠦᠦ ᠪᠠᠷ ᠬᠢᠬᠦ ᠭᠤᠭᠴᠤᠭ᠎ᠠ ᠪᠤᠯᠤᠨ᠎ᠠ᠃ ᠲᠡᠷᠨ  ᠨᠢ ᠠᠪᠠ ᠠᠩᠨᠠᠬᠤ᠂ ᠭᠡᠭᠡᠷ᠎ᠡ ᠭᠠᠳᠠᠨ᠎ᠠ ᠶᠠᠪᠤᠬᠤ ᠳᠤ ᠨᠤᠬᠠᠢ ᠪᠠᠨ ᠬᠦᠲᠦᠯᠬᠦ ᠳᠤ ᠵᠤᠷᠢᠭᠤᠯᠪᠠ᠃ ᠨᠤᠬᠠᠢ ᠶᠢᠨ ᠰᠠᠭᠠᠯᠲᠠ ᠶᠢ ᠬᠤᠶᠠᠷ ᠬᠤᠷᠤᠭᠤ ᠦᠷᠭᠡᠨ ᠪᠤᠯᠢᠭᠠᠷᠢ ᠪᠤᠶᠤ ᠰᠤᠷ ᠢᠶᠠᠷ ᠬᠢᠵᠤ᠂ ᠪᠦᠯᠡᠵᠡᠭ᠂ ᠲᠤᠪᠤᠷᠤ ᠳᠠᠷᠤᠬᠤ ᠪᠤᠶᠤ ᠴᠤᠯᠭᠤᠢ ᠬᠢᠬᠦ ᠴᠤ ᠪᠤᠢ᠃ ᠪᠠᠰᠠ ᠦᠭᠡᠳᠡᠩ᠂ ᠬᠠᠨᠭ᠍ᠪᠤ ᠵᠡᠷᠭᠡ ᠪᠠᠷ ᠬᠢᠵᠤ ᠶᠠᠩᠵᠤ ᠶᠢᠨ ᠤᠷᠠᠯᠠᠯ ᠴᠢᠮᠡᠭᠯᠡᠯ ᠬᠠᠳᠬᠤᠨ ᠤᠶᠤᠬᠤ ᠴᠤ ᠪᠤᠢ᠃ ᠰᠠᠭᠠᠯᠲᠠ ᠶᠢᠨ ᠭᠤᠤᠯ ᠳᠤᠮᠳᠠ ᠨᠢ ᠤᠯᠠᠭᠠᠨ ᠢᠶᠠᠷ ᠪᠤᠳᠤᠭᠰᠠᠨ ᠬᠢᠯᠭᠠᠰᠤ ᠪᠠᠷ ᠰᠠᠴᠤᠭ ᠭᠠᠷᠭᠠᠨ᠎ᠠ᠃ ᠬᠦᠵᠦᠭᠦᠨ ᠤ ᠬᠢᠨ ᠳᠤᠤᠷ᠎ᠠ ᠲᠠᠯ᠎ᠠ ᠳᠤ ᠨᠢᠭᠡ ᠪᠤᠶᠤ ᠭᠤᠷᠪᠠᠨ ᠭᠠᠷᠬ᠎ᠠ ᠲᠠᠢ᠂ ᠡᠭᠦᠨ ᠢᠶᠠᠷ ᠨᠤᠬᠠᠢ ᠬᠦᠳᠦᠯᠬᠦ ᠳᠡᠭᠡᠰᠦ ᠪᠠᠨ ᠬᠡᠯᠬᠢᠨ ᠲᠠᠳᠠᠨ᠎ᠠ᠃ ᠳᠠᠷᠤᠢ ᠳᠡᠭᠡᠰᠦᠨ ᠤ ᠪᠠᠨ ᠨᠢᠭᠡ ᠦᠵᠦᠭᠦᠷ ᠢ ᠡᠵᠡᠨ ᠨᠢ ᠪᠦᠰᠡᠨ ᠳᠡᠭᠡᠨ ᠤᠶᠠᠵᠤ᠂ ᠨᠦᠭᠦᠭᠡ ᠦᠵᠦᠭᠦᠷ ᠢ ᠰᠠᠭᠠᠯᠲᠠ ᠶᠢᠨ ᠭᠠᠷᠬ᠎ᠠ ᠠᠴᠠ ᠭᠤᠭᠴᠤᠭᠠᠯᠠᠨ ᠠᠳᠬᠤᠵᠤ᠂ ᠠᠪᠠ ᠲᠤᠬᠢᠶᠠᠯᠳᠤᠮᠠᠭᠴᠠ ᠭᠠᠷ ᠲᠠᠬᠢ ᠲᠡᠭᠡᠰᠦ ᠪᠠᠨ ᠲᠠᠯᠪᠢᠪᠠᠯ ᠨᠤᠬᠠᠢ ᠰᠤᠮᠤᠳᠠᠨ ᠬᠦᠶᠦᠳᠡᠭ᠃
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号