| | ᠪᠤᠶᠠᠠᠳᠦ᠋ᠭᠦᠷᠡᠩ ᠭᠤᠸᠠᠢ᠂ 1934 ᠣᠨ ᠤ 11 ᠳ᠋ᠦ᠋ᠭᠡᠷ ᠰᠠᠷ᠎ᠠ ᠳᠤ ᠦᠪᠦᠷ ᠮᠤᠩᠭᠤᠯ ᠤᠨ | ᠦᠪᠡᠷᠲᠡᠭᠡᠨ ᠵᠠᠰᠠᠬᠤ ᠣᠷᠣᠨ ᠤ ᠣᠤᠯ ᠤᠨ ᠵᠤᠤ ᠣᠳᠠ ᠠᠶᠢᠮᠠᠭ ᠤᠨ ᠠᠷᠣ ᠬᠤᠷᠴᠢᠨ ᠬᠤᠰᠢᠭᠤᠨ ᠤ ᠲᠢᠪᠤᠯᠢ | ᠨᠤᠲᠤᠭ ᠤᠨ ᠱᠤᠤ ᠭᠠᠴᠠᠭ᠎ᠠ ᠶᠢᠨ ᠴᠠᠭᠠᠨ ᠬᠤᠸᠠ ᠠᠶᠢᠯ ᠤᠨ ᠮᠠᠯᠴᠢᠨ ᠰᠦᠩᠷᠦᠪ᠂ ᠨᠠᠬᠢᠯᠤᠮᠠ ᠶᠢᠨ ᠬᠦᠤ ᠪᠣᠯᠤᠨ | ᠵᠠᠶᠠᠭᠠᠵᠠᠢ᠃ ᠲᠡᠷᠡ ᠬᠠᠷᠠᠬᠠᠨ ᠪᠠᠭ᠎ᠠ ᠠᠴᠠ ᠪᠠᠨ ᠠᠪᠤ ᠡᠵᠢ ᠪᠠᠨ ᠳᠠᠭᠠᠵᠤ ᠬᠦᠳᠡᠭᠡ ᠶᠢᠨ ᠮᠠᠯᠴᠢᠨ ᠬᠦᠮᠦᠨ ᠤ | ᠬᠠᠷ᠎ᠠ ᠪᠤᠷᠤ ᠠᠵᠢᠯ ᠢ ᠬᠠᠯᠠᠰᠢᠷᠠᠯ ᠦᠭᠡᠢ ᠬᠢᠵᠦ᠂ 1945 ᠣᠨ ᠤ ᠬᠠᠪᠤᠷ ᠬᠠᠭᠤᠷᠮᠠᠭ ᠮᠠᠨᠵᠤ ᠶᠢᠨ ᠦᠶ᠎ᠡ ᠶᠢᠨ | ᠶᠠᠫᠤᠨ ᠤ ᠪᠠᠭ᠎ᠠ ᠰᠣᠷᠭᠠᠭᠤᠯᠢ ᠳᠤ ᠣᠷᠣᠵᠣ ᠪᠢᠴᠢᠭ ᠦᠵᠡᠭᠰᠡᠨ ᠪᠤᠯᠪᠠᠴᠣ ᠬᠤᠶᠠᠷᠬᠠᠨ ᠰᠠᠷ᠎ᠠ ᠪᠤᠯᠤᠭᠰᠠᠨ ᠦᠭᠡᠢ | ᠡᠪᠡᠳᠴᠢᠨ ᠤ ᠬᠠᠷᠠᠭ᠎ᠠ ᠪᠠᠷ ᠭᠡᠷ ᠲᠡᠭᠡᠨ ᠬᠠᠷᠢᠭᠠᠳ᠂ 13 ᠨᠠᠰᠣᠨ ᠠᠴᠠ ᠪᠠᠨ 15 ᠨᠠᠰᠣ ᠬᠦᠷᠲᠡᠯ᠎ᠡ ᠭᠡᠷ ᠲᠡᠭᠡᠨ | ᠬᠤᠨᠢ ᠢᠮᠠᠭ᠎ᠠ ᠬᠠᠷᠢᠭᠤᠯᠵᠤ ᠲᠠᠷᠢᠶ᠎ᠠ ᠲᠦᠮᠦᠰᠦ ᠲᠠᠷᠢᠨ᠂ ᠬᠦᠨᠳᠦ ᠪᠡᠷᠬᠡ ᠠᠵᠢᠯ ᠤᠳ ᠢ ᠬᠢᠵᠦ ᠲᠤᠩ ᠶᠡᠭᠡ | ᠵᠦᠳᠡᠷᠡᠵᠦ ᠵᠤᠪᠠᠵᠤ ᠶᠠᠪᠤᠭᠰᠠᠨ ᠪᠠᠶᠢᠨ᠎ᠠ᠃ 1947 ᠣᠨ ᠳᠤ ᠭᠠᠵᠠᠷ ᠰᠢᠷᠣᠢ ᠶᠢᠨ ᠦᠭᠡᠷᠡᠴᠢᠯᠡᠯᠲᠡ ᠬᠢᠵᠦ ᠮᠠᠯ | ᠬᠦᠷᠦᠩᠬᠡ ᠲᠠᠢ ᠪᠤᠯᠤᠭᠰᠠᠨ ᠤ ᠠᠴᠢ ᠪᠠᠷ ᠲᠡᠷᠡ ᠰᠠᠶ᠋ᠢ ᠦᠬᠢᠨ ᠳᠡᠭᠦᠦ ᠲᠠᠢ ᠪᠠᠨ ᠬᠠᠮᠳᠦ ᠱᠤᠤ ᠠᠶᠢᠯ ᠤᠨ ᠢᠶᠠᠨ | ᠰᠣᠷᠭᠠᠭᠤᠯᠢ ᠳᠤ ᠤᠷᠤᠵᠤ ᠪᠢᠴᠢᠭ ᠦᠵᠡᠬᠦ ᠵᠠᠪᠰᠢᠶᠡᠨ ᠲᠠᠢ ᠪᠣᠯᠵᠠᠢ᠃ ᠲᠡᠷᠡ ᠰᠣᠷᠣᠯᠭ᠎ᠠ ᠳᠠᠭᠠᠨ ᠴᠢᠷᠮᠠᠶᠢᠯᠲᠠ | ᠲᠠᠢ ᠪᠤᠯᠬᠤᠷ ᠳᠠᠷᠠᠭ᠎ᠠ ᠵᠢᠯ ᠨᠢ ᠨᠤᠲᠤᠭ ᠤᠨ ᠢᠶᠠᠨ ᠭᠤᠤᠯ ᠬᠦᠢᠰᠦᠨ ᠰᠣᠷᠭᠠᠭᠤᠯᠢ ᠳᠤ ᠰᠢᠯᠵᠢᠨ ᠰᠤᠷᠤᠯᠴᠠᠵᠤ᠂ | ᠰᠣᠷᠣᠯᠭ᠎ᠠ ᠪᠠ ᠶᠣᠰᠣ ᠳᠦᠷᠢᠮ ᠵᠡᠷᠭᠡ ᠡᠯ᠎ᠡ ᠲᠠᠯ᠎ᠠ ᠪᠠᠷ ᠤᠷᠤᠶᠢᠯᠠᠵᠤ᠂ 1949 ᠣᠨ ᠤ 6 ᠳ᠋ᠣᠭᠠᠷ ᠰᠠᠷ᠎ᠠ ᠶᠢᠨ | 26 ᠤ ᠡᠳᠦᠷ ᠦᠪᠦᠷ ᠮᠤᠩᠭᠤᠯ ᠤᠨ ᠠᠷᠠᠳ ᠤᠨ ᠬᠤᠪᠢᠰᠬᠠᠯᠲᠤ ᠵᠠᠯᠠᠭᠤᠴᠣᠳ ᠤᠨ ᠡᠪᠯᠡᠯ ᠤᠨ ᠭᠡᠰᠢᠭᠦᠨ ᠢᠶᠠᠷ | ᠦᠩᠭᠡ ᠭᠡᠷᠡᠯᠲᠡᠢ ᠡᠯᠰᠡᠭᠳᠡᠵᠡᠢ᠃ 1950 ᠣᠨ ᠤ 7 ᠳ᠋ᠣᠭᠠᠷ ᠰᠠᠷ᠎ᠠ ᠶᠢᠨ ᠦᠶ᠎ᠡ ᠪᠠᠷ ᠬᠤᠨᠳᠣ ᠳᠠᠬᠢ ᠬᠤᠰᠢᠭᠤᠨ | ᠤ ᠪᠦᠷᠢᠨ ᠪᠠᠭ᠎ᠠ ᠰᠣᠷᠭᠠᠭᠤᠯᠢ ᠳᠤ ᠰᠤᠷᠤᠯᠴᠠᠵᠤ᠂ ᠳᠠᠷᠠᠭ᠎ᠠ ᠨᠢ ᠯᠢᠨ ᠳ᠋ᠦᠩ ᠤᠨ ᠳᠣᠮᠳᠠᠳᠣ ᠰᠣᠷᠭᠠᠭᠤᠯᠢ ᠳᠤ | 1953 ᠣᠨ ᠪᠤᠯᠲᠠᠯ᠎ᠠ ᠰᠣᠷᠣᠯᠴᠠᠵᠠᠢ᠃ ᠪᠤᠶᠠᠠᠳᠦ᠋ᠭᠦᠷᠡᠩ ᠭᠤᠸᠠᠢ 1953 ᠤᠨ ᠤ 3 ᠳ᠋ᠣᠭᠠᠷ ᠰᠠᠷ᠎ᠠ ᠶᠢᠨ 7 ᠤ | ᠡᠳᠦᠷ ᠠᠴᠠ ᠡᠬᠢᠯᠡᠨ ᠦᠪᠦᠷ ᠮᠤᠩᠭᠤᠯ ᠤᠨ ᠮᠤᠩᠭᠤᠯ ᠬᠡᠯᠡ ᠪᠢᠴᠢᠭ ᠤᠨ ᠲᠤᠰᠬᠠᠢ ᠮᠡᠷᠭᠡᠵᠢᠯ ᠤᠨ ᠰᠣᠷᠭᠠᠭᠤᠯᠢ | ᠳᠤ 1 ᠵᠢᠯ ᠰᠣᠷᠣᠯᠴᠠᠭᠰᠠᠨ ᠪᠠᠶᠢᠨ᠎ᠠ᠃ | ᠪᠤᠶᠠᠠᠳᠦ᠋ᠭᠦᠷᠡᠩ ᠭᠤᠸᠠᠢ 1954 ᠣᠨ ᠤ 7 ᠳ᠋ᠣᠭᠠᠷ ᠰᠠᠷ᠎ᠠ ᠳᠤ ᠰᠣᠷᠭᠠᠭᠤᠯᠢ ᠪᠠᠨ ᠲᠡᠭᠦᠰᠦᠭᠡᠳ᠂ | ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠠᠵᠢᠯ ᠤᠨ ᠭᠠᠷᠤᠭ᠎ᠠ ᠪᠠᠨ ᠠᠪᠴᠣ ᠵᠢᠩᠬᠢᠨᠢ | ᠣᠯᠣᠰ ᠤᠨ ᠠᠯᠪᠠᠲᠠᠨ ᠪᠤᠯᠤᠭᠰᠠᠨ ᠪᠠᠶᠢᠨ᠎ᠠ᠃ 1955 ᠣᠨ ᠣᠨ ᠳᠤ ᠢᠷᠠᠭᠤ ᠠᠯᠳᠠᠷᠲᠠᠢ ᠪᠠᠷ ᠳᠣᠮᠳᠠᠳᠣ | ᠣᠯᠣᠰ ᠤᠨ ᠡᠪ ᠬᠠᠮᠲᠤ ᠨᠠᠮ ᠳᠤ ᠡᠯᠰᠡᠭᠳᠡᠵᠡᠢ᠃ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ | 1962 ᠣᠨ ᠪᠤᠯᠲᠠᠯ᠎ᠠ ᠠᠵᠢᠯᠯᠠᠬᠤ ᠳᠠᠭᠠᠨ ᠲᠡᠷᠠ ᠦᠨᠳᠦᠰᠦᠲᠡᠨ ᠤ ᠪᠠᠨ ᠣᠳᠬ᠎ᠠ ᠰᠣᠶᠣᠯ ᠤᠨ ᠦᠢᠯᠡᠰ ᠲᠤ | ᠳᠣᠮᠣᠬᠠᠨ ᠬᠤᠪᠢ ᠨᠡᠮᠡᠷᠢ ᠪᠠᠨ ᠦᠵᠡᠬᠦᠯᠵᠦ᠂ ᠮᠠᠰᠢ ᠭᠠᠷᠮᠠᠭᠠᠢ ᠰᠠᠶᠢᠨ ᠠᠵᠢᠯᠯᠠᠭᠰᠠᠨ ᠪᠠᠶᠢᠨ᠎ᠠ᠃ ᠡᠨᠡ | ᠬᠤᠭᠤᠴᠠᠭᠠᠨ ᠳᠤ ᠲᠡᠷᠨ ᠮᠠᠰᠢ ᠤᠯᠠᠨ ᠤᠷᠠᠨ ᠵᠤᠬᠢᠶᠠᠯ ᠤᠨ ᠪᠦᠳᠦᠬᠡᠯ ᠢ ᠨᠠᠶᠢᠷᠠᠭᠤᠯᠣᠨ᠂ ᠤᠷᠴᠢᠭᠤᠯᠵᠤ᠂ | ᠬᠢᠨᠠᠭᠰᠠᠨ ᠪᠤᠶᠤ ᠰᠢᠨ᠎ᠡ ᠮᠤᠩᠭᠤᠯ ᠦᠰᠦᠭ ᠠᠴᠠ ᠪᠠᠭᠤᠯᠭᠠᠭᠰᠠᠨ ᠪᠠᠶᠢᠨ᠎ᠠ᠃ ᠲᠡᠭᠦᠨ ᠤ ᠭᠠᠷ ᠢᠶᠠᠷ ᠳᠠᠮᠵᠢᠵᠦ | ᠬᠡᠪᠯᠡᠭᠳᠡᠭᠰᠡᠨ ᠲᠤᠮᠤ ᠲᠤᠮᠤ ᠣᠷᠠᠨ ᠪᠦᠲᠦᠭᠡᠯ ᠳᠤ᠂ ᠬᠠᠩᠭᠠᠷᠢ ᠶᠢᠨ ᠨᠡᠷᠡᠲᠦ ᠣᠷᠠᠨ ᠪᠦᠲᠦᠭᠡᠯ ᠠᠴᠠ ︽ᠠᠷᠪᠠᠨ | ᠵᠢᠷᠭᠤᠭᠠᠨ ᠵᠢᠯ ᠱᠣᠷᠣᠩ ᠳᠤ︾᠂ ᠫᠦᠱᠺᠢᠨ ᠤ ︽ᠶᠧᠹᠭᠧᠨᠢ ᠤᠨᠧᠭᠧᠨ︾᠂ ︽ᠲᠣᠯᠰᠲ᠋ᠤᠢ ᠶᠢᠨ ᠦᠭᠦᠯᠡᠯᠭᠡ ᠶᠢᠨ | ᠲᠡᠭᠦᠪᠦᠷᠢ︾ ᠭᠡᠬᠦ ᠮᠡᠲᠦ ᠶᠢᠨ ᠣᠷᠣᠰ ᠤᠨ ᠠᠯᠳᠠᠷᠲᠣ ᠣᠷᠠᠨ ᠵᠤᠬᠢᠶᠠᠯ ᠤᠳ ᠪᠠᠶᠢᠨ᠎ᠠ︔ ᠪᠠᠰᠠ ᠮᠣᠩᠭᠤᠯ ᠣᠯᠣᠰ | ᠤᠨ ᠵᠤᠬᠢᠶᠠᠯᠴᠢ ︽ᠨᠠᠴᠣᠭᠳᠣᠷᠵᠢ ᠶᠢᠨ ᠰᠣᠩᠭᠤᠮᠠᠯ ᠵᠤᠬᠢᠶᠠᠯ︾᠂ ︽ᠳᠠᠮᠳᠢᠨᠰᠦ᠋ᠷᠦᠩ ᠤᠨ ᠵᠣᠬᠢᠶᠠᠯ ᠤᠨ | ᠰᠣᠩᠭᠤᠮᠠᠯ︾ ᠵᠡᠷᠭᠡ ᠣᠯᠠᠨ ᠣᠯᠣᠰ ᠣᠷᠣᠨ ᠤ ᠠᠪᠣᠷᠭᠤ ᠲᠤᠮᠤ ᠪᠦᠲᠦᠭᠡᠯ ᠤᠳ ᠳᠡᠯᠭᠡᠭᠳᠡᠵᠦ ᠪᠠᠶᠢᠨ᠎ᠠ᠃ ᠡᠨᠡ | ᠬᠤᠭᠤᠴᠠᠭᠠᠨ ᠳᠤ ᠬᠢᠲᠡᠳ ᠬᠡᠯᠡ ᠠᠴᠠ ᠮᠤᠩᠭᠤᠯ ᠬᠡᠯᠡᠨ ᠳᠤ ᠣᠷᠴᠢᠭᠤᠯᠵᠤ ᠬᠢᠨᠠᠭᠰᠠᠨ ᠲᠤᠮᠤ ᠲᠤᠮᠤ ᠣᠷᠠᠨ | ᠪᠦᠲᠦᠭᠡᠯ ᠨᠡᠩ ᠴᠦ ᠣᠯᠠᠨ ᠪᠠᠶᠢᠨ᠎ᠠ᠃ ᠡᠭᠦᠨ ᠠᠴᠠ ᠬᠡᠳᠦ ᠶᠢ ᠳᠣᠷᠠᠳᠬᠤ ᠳᠤ᠂ ︽ᠠᠪᠤ ᠲᠠᠢ ᠪᠠᠨ ᠱᠣᠷᠣᠩ ᠳᠤ | ᠰᠠᠭᠤᠭᠰᠠᠨ ᠡᠳᠦᠷ ᠬᠤᠨᠤᠭ ᠤᠳ︾᠂ ︽ᠸᠠᠩ ᠷᠦᠸᠧ ᠹᠸᠢ ᠱᠣᠷᠣᠩ ᠳᠤ︾ ᠭᠡᠬᠦ ᠵᠡᠷᠭᠡ ᠠᠯᠳᠠᠷᠲᠣ ᠣᠷᠠᠨ | ᠪᠦᠲᠦᠭᠡᠯ ᠪᠠᠶᠢᠬᠤ ᠠᠴᠠ ᠭᠠᠳᠠᠨ᠎ᠠ ᠳᠠᠶᠠᠭᠠᠷ ᠣᠯᠠᠨ ᠳᠤ ᠠᠯᠳᠠᠷᠰᠢᠨ ᠮᠠᠭᠲᠠᠭᠳᠠᠵᠣ ᠪᠠᠶᠢᠭᠰᠠᠨ ︽ᠴᠠᠰᠣᠲᠣ ᠣᠢ | ᠳᠤ︾ ᠭᠡᠬᠦ ᠷᠣᠮᠠᠨ ᠤ ᠮᠤᠩᠭᠤᠯ ᠬᠡᠯᠡᠨ ᠤ ᠬᠡᠪᠯᠡᠯ ᠢ ᠳᠣᠷᠠᠳᠬᠤ ᠦᠭᠡᠢ ᠪᠠᠶᠢᠵᠤ ᠪᠤᠯᠤᠰᠢ ᠦᠭᠡᠢ ᠶᠤᠮ᠃ | ᠲᠡᠭᠦᠨ ᠤ ᠤᠷᠴᠢᠭᠤᠯᠤᠭᠰᠠᠨ ︽ᠴᠠᠰᠤᠳᠤ ᠤᠢ ᠳᠤ︾ ᠭᠡᠬᠦ ᠷᠣᠮᠠᠨ ᠨᠢ ᠣᠳᠣ ᠳᠤ ᠬᠦᠷᠲᠡᠯ᠎ᠡ ᠦᠷᠭᠡᠨ ᠤᠯᠠᠨ | ᠤᠷᠴᠢᠭᠤᠯᠤᠭᠴᠢᠳ ᠤᠨ ᠳᠠᠭᠠᠵᠣ ᠰᠣᠷᠣᠯᠴᠠᠭᠤᠰᠢᠲᠠᠢ ᠰᠠᠶᠢᠬᠠᠨ ᠵᠢᠱᠢᠶ᠎ᠡ ᠪᠠᠷ ᠦᠨᠡᠯᠡᠭᠳᠡᠵᠦ ᠪᠠᠶᠢᠬᠤ ᠶᠤᠮ᠃ ᠡᠨᠡ | ᠪᠤᠯ ᠮᠦᠨ ᠴᠦ ᠦᠨᠳᠦᠰᠦᠲᠡᠨ ᠤ ᠪᠠᠨ ᠣᠳᠬ᠎ᠠ ᠰᠣᠶᠣᠯ ᠤᠨ ᠦᠢᠯᠡᠰ᠂ ᠲᠡᠷᠡ ᠳᠣᠰᠣᠮᠠ ᠪᠠᠨ ᠦᠨᠳᠦᠰᠦᠲᠡᠨ ᠤ | ᠪᠠᠨ ᠦᠭᠡ ᠬᠡᠯᠡ ᠦᠰᠦᠭ ᠪᠢᠴᠢᠭ ᠢ ᠵᠠᠯᠭᠠᠮᠵᠢᠯᠠᠨ ᠬᠦᠭᠵᠢᠬᠦᠯᠬᠦ ᠦᠢᠯᠡᠰ ᠲᠤ ᠪᠤᠶᠠᠠᠳᠦ᠋ᠭᠦᠷᠡᠩ ᠭᠤᠸᠠᠢ | ᠵᠢᠨᠦᠵᠡᠭᠦᠯᠦᠭᠰᠡᠨ ᠭᠠᠷᠮᠠᠭᠠᠢ ᠨᠡᠮᠡᠷᠢ ᠬᠠᠨᠳᠢᠪ ᠪᠤᠯᠬᠤ ᠶᠤᠮ᠃ ᠲᠡᠷᠠ ᠣᠷᠠᠨ ᠵᠤᠬᠢᠶᠠᠯ ᠤᠨ ᠣᠷᠴᠢᠭᠤᠯᠭ᠎ᠠ ᠳᠤ | ᠬᠤᠪᠢ ᠨᠡᠮᠡᠷᠢ ᠣᠷᠣᠭᠤᠯᠣᠭᠰᠠᠨ ᠳᠡᠳᠦᠢ ᠦᠭᠡᠢ᠂ ︽ᠮᠠᠦ ᠽᠧ ᠳ᠋ᠦᠩ ᠤᠨ ᠰᠣᠩᠭᠤᠮᠠᠯ ᠵᠤᠬᠢᠶᠠᠯ︾ ᠤᠨ | ᠣᠷᠴᠢᠭᠤᠯᠭ᠎ᠠ᠂ ︽ᠮᠠᠦ ᠽᠧ ᠳ᠋ᠦᠩ ᠤᠨ ᠰᠢᠯᠦᠭ ᠳᠠᠭᠤᠯᠠᠯ︾ ᠤᠨ ᠣᠷᠴᠢᠭᠤᠯᠭ᠎ᠠ᠂ ᠳᠣᠮᠣ ᠳᠣᠮᠣ ᠬᠤᠷᠠᠯ | ᠴᠣᠭᠯᠠᠭᠠᠨ ᠤ ᠣᠷᠴᠢᠭᠤᠯᠭ᠎ᠠ᠂ ᠣᠯᠠᠭᠠᠨᠬᠦᠦ ᠵᠡᠷᠭᠡ ᠲᠦᠪ ᠤᠨ ᠳᠠᠷᠤᠭ᠎ᠠ ᠨᠠᠷ ᠤᠨ ᠶᠠᠷᠢᠶ᠎ᠠ ᠦᠭᠦᠯᠡᠯ ᠤᠨ | ᠣᠷᠴᠢᠭᠤᠯᠭ᠎ᠠ ᠵᠡᠷᠭᠡ ᠮᠠᠰᠢ ᠴᠢᠬᠤᠯᠠ ᠴᠢᠬᠤᠯᠠ ᠣᠷᠴᠢᠭᠤᠯᠭ᠎ᠠ ᠶᠢᠨ ᠠᠵᠢᠯ ᠢ ᠪᠤᠰᠣᠳ ᠤᠨ ᠬᠠᠮᠲᠤ ᠪᠤᠶᠤ ᠪᠡᠶ᠎ᠡ | ᠪᠠᠨ ᠳᠠᠭᠠᠭᠠᠨ ᠭᠦᠢᠴᠡᠳᠬᠡᠭᠰᠡᠭᠡᠷ ᠢᠷᠡᠵᠡᠢ᠃ | ᠪᠤᠶᠠᠠᠳᠦ᠋ᠭᠦᠷᠡᠩ ᠭᠤᠸᠠᠢ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠠᠵᠢᠯᠯᠠᠵᠣ | ᠪᠠᠶᠢᠭᠰᠠᠨ ᠬᠤᠭᠤᠴᠠᠭᠠᠨ ᠳᠠᠭᠠᠨ ᠬᠤᠷᠢᠶᠠᠨ ᠤ ᠪᠠᠨ ᠲᠡᠷᠢᠭᠦᠨ ᠤ ᠠᠵᠢᠯᠲᠠᠨ᠂ ᠦᠪᠦᠷ ᠮᠤᠩᠭᠤᠯ ᠤᠨ ᠰᠣᠶᠣᠯ ᠤᠨ | ᠰᠢᠰᠲ᠋ᠧᠮ ᠤᠨ ᠲᠡᠷᠢᠬᠦᠨ ᠤ ᠠᠵᠢᠯᠲᠠᠨ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠣᠨ ᠤ ᠵᠠᠯᠠᠭᠤ | ᠢᠳᠡᠪᠬᠢᠲᠡᠨ ᠵᠡᠷᠭᠡ ᠰᠠᠶᠢᠬᠠᠨ ᠰᠠᠶᠢᠬᠠᠨ ᠠᠯᠳᠠᠷ ᠴᠣᠯᠠ ᠶᠢ ᠬᠦᠷᠲᠡᠵᠦ ᠶᠠᠪᠤᠵᠠᠢ᠃ | ᠲᠡᠷᠡ 1962 ᠣᠨ ᠳᠤ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ ᠣᠳᠬ᠎ᠠ ᠣᠷᠠᠯᠢᠭ ᠤᠨ ᠰᠣᠳᠣᠯᠭᠠᠨ ᠤ | ᠠᠩᠬᠢ ᠳᠤ ᠣᠷᠣᠵᠣ᠂ ᠬᠢᠳᠠᠳ ᠤᠨ ᠡᠷᠲᠡᠨ ᠤ ᠣᠳᠬ᠎ᠠ ᠵᠤᠬᠢᠶᠠᠯ᠂ ᠬᠢᠲᠠᠳ ᠤᠨ ᠣᠳᠣ ᠦᠶ᠎ᠡ ᠶᠢᠨ ᠣᠳᠬ᠎ᠠ | ᠵᠤᠬᠢᠶᠠᠯ᠂ ᠡᠷᠲᠡᠨ ᠤ ᠪᠠ ᠣᠳᠣ ᠦᠶ᠎ᠡ ᠶᠢᠨ ᠬᠢᠳᠠᠳ ᠬᠡᠯᠡ᠂ ᠭᠠᠳᠠᠭᠠᠳᠣ ᠶᠢᠨ ᠣᠷᠠᠨ ᠵᠤᠬᠢᠶᠠᠯ᠂ ᠣᠳᠬ᠎ᠠ | ᠣᠷᠠᠯᠢᠭ ᠤᠨ ᠣᠨᠣᠯ ᠵᠡᠷᠭᠡ ᠶᠢ ᠰᠢᠰᠲ᠋ᠧᠮ ᠲᠠᠢ ᠰᠠᠶᠢᠨ ᠰᠣᠷᠣᠯᠴᠠᠭᠰᠠᠨ ᠪᠠᠶᠢᠨ᠎ᠠ᠃ ᠡᠨᠡ ᠬᠤᠭᠤᠴᠠᠭᠠᠨ ᠳᠠᠭᠠᠨ | ᠪᠠᠰᠠ ᠮᠠᠨ ᠤ ᠣᠯᠣᠰ ᠤᠨ ᠴᠢᠯᠦᠭᠡᠯᠡᠭᠳᠡᠭᠰᠡᠨ ᠤ ᠳᠠᠷᠠᠭᠠᠬᠢ ᠷᠣᠮᠠᠨ ᠪᠤᠯᠬᠤ ︽ᠣᠯᠠᠭᠠᠨ ᠳᠤᠭ ᠤᠨ ᠮᠠᠭᠲᠠᠭᠠᠯ︾ | ᠭᠡᠰᠡᠨ ᠲᠤᠮᠤ ᠪᠦᠲᠦᠭᠡᠯ ᠢ ᠤᠷᠴᠢᠭᠤᠯᠤᠭᠰᠠᠨ ᠪᠣᠯᠪᠠᠴᠤ ᠠᠷᠪᠠᠨ ᠵᠢᠯ ᠤᠨ ᠰᠠᠮᠠᠭᠤᠷᠠᠯ ᠠᠴᠠ ᠪᠤᠯᠤᠭᠠᠳ ᠡᠨᠡ | ᠳᠣᠮᠣ ᠣᠷᠠᠨ ᠪᠦᠲᠦᠭᠡᠯ ᠨᠢ ᠬᠡᠪᠯᠡᠭᠳᠡᠵᠦ ᠴᠢᠳᠠᠭᠰᠠᠨ ᠦᠭᠡᠢ ᠪᠠᠶᠢᠵᠠᠢ᠃ | ᠪᠤᠶᠠᠠᠳᠦ᠋ᠭᠦᠷᠡᠩ ᠭᠤᠸᠠᠢ 1965 ᠣᠨ ᠳᠤ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ ᠣᠳᠬ᠎ᠠ | ᠣᠷᠠᠯᠢᠭ ᠤᠨ ᠰᠣᠳᠣᠯᠭᠠᠨ ᠤ ᠠᠩᠬᠢ ᠶᠢ ᠪᠦᠷᠢᠨ ᠳᠦᠭᠦᠷᠡᠩ ᠳᠡᠭᠦᠰᠬᠡᠭᠡᠳ ︽ᠦᠨᠢᠷ ᠴᠡᠴᠡᠭ︾ ᠰᠡᠳᠬᠦᠯ ᠤᠨ | ᠳᠡᠳ᠋ ᠶᠡᠷᠦᠩᠬᠡᠢ ᠨᠠᠶᠢᠷᠠᠭᠤᠯᠤᠭᠴᠢ ᠪᠠᠷ ᠠᠵᠢᠯᠯᠠᠭᠰᠠᠨ ᠪᠠᠶᠢᠨ᠎ᠠ᠃ ᠡᠨᠡ ᠬᠤᠭᠤᠴᠠᠭᠠᠨ ᠳᠠᠭᠠᠨ ᠲᠡᠷᠡ ᠣᠯᠣᠰ ᠤᠨ | ᠳᠣᠳᠣᠭᠠᠳᠣ ᠭᠠᠳᠠᠭᠠᠳᠣ ᠶᠢᠨ ᠪᠠ ᠣᠷᠣᠨ ᠤ ᠳᠣᠳᠣᠨ᠎ᠠ ᠭᠠᠳᠠᠨᠠᠬᠢ ᠨᠡᠷ᠎ᠡ ᠨᠦᠯᠦᠭᠡ ᠪᠦᠬᠦᠢ ᠵᠤᠬᠢᠶᠠᠯ ᠪᠦᠲᠦᠭᠡᠯ ᠢ | ᠰᠣᠩᠭᠤᠵᠤ ᠰᠡᠳᠬᠦᠯ ᠳᠡᠭᠡᠨ ᠪᠠᠶᠢᠩᠭᠤ ᠨᠡᠶᠢᠲᠡᠯᠡᠭᠡᠳ ᠴᠢᠷᠮᠠᠶᠢᠨ ᠠᠵᠢᠯᠯᠠᠵᠤ ᠪᠠᠶᠢᠲᠠᠯ᠎ᠠ ︽ᠰᠣᠶᠣᠯ ᠤᠨ | ᠬᠤᠪᠢᠰᠬᠠᠯ︾ ᠠᠴᠠ ᠪᠤᠯᠤᠭᠠᠳ ᠰᠡᠳᠬᠦᠯ ᠨᠢ ᠵᠤᠭᠰᠣᠭᠰᠠᠨ ᠪᠠᠶᠢᠨ᠎ᠠ᠃ | | | | ᠪᠤᠶᠠᠠᠳᠦ᠋ᠭᠦᠷᠡᠩ ᠭᠤᠸᠠᠢ 1970 ᠣᠨ ᠤ ᠠᠷᠪᠠᠳᠣᠭᠠᠷ ᠰᠠᠷ᠎ᠠ ᠠᠴᠠ 1982 ᠣᠨ ᠤ 2 ᠳ᠋ᠣᠭᠠᠷ | ᠰᠠᠷ᠎ᠠ ᠪᠤᠯᠲᠠᠯ᠎ᠠ ᠲᠦᠪ ᠤᠨ ᠠᠷᠠᠳ ᠤᠨ ᠷᠠᠳᠢᠤ᠋ ᠨᠡᠪᠲᠡᠷᠡᠭᠦᠯᠭᠡ ᠶᠢᠨ ᠬᠤᠷᠢᠶᠠᠨ ᠳᠤ ᠠᠵᠢᠯᠯᠠᠪᠠ᠃ 1970 ᠣᠨ | ᠳᠤ ᠲᠦᠪ ᠷᠠᠳᠢᠤ᠋ ᠶᠢᠨ ᠮᠤᠩᠭᠤᠯ ᠨᠡᠪᠲᠡᠷᠡᠭᠦᠯᠭᠡ ᠶᠢ ᠰᠡᠷᠭᠦᠬᠡᠬᠦ ᠠᠵᠢᠯ ᠢ ᠪᠡᠯᠡᠳᠬᠡᠵᠦ ᠡᠬᠢᠯᠡᠭᠰᠡᠨ ᠠᠴᠠ ᠠᠪᠤᠭᠠᠳ | 1972 ᠣᠨ ᠤ 5 ᠳ᠋ᠣᠭᠠᠷ ᠰᠠᠷ᠎ᠠ ᠶᠢᠨ 1 ᠤ ᠡᠳᠦᠷ ᠨᠡᠪᠲᠡᠷᠡᠭᠦᠯᠭᠡ ᠪᠠᠨ ᠠᠯᠪᠠᠨ ᠶᠤᠰᠣᠭᠠᠷ ᠰᠡᠷᠭᠦᠭᠡᠬᠦ ᠪᠤᠯᠲᠠᠯ᠎ᠠ | ᠂ ᠰᠡᠭᠦᠯᠡᠷ ᠨᠢ 1982 ᠣᠨ ᠳᠤ ᠦᠪᠦᠷ ᠮᠤᠩᠭᠤᠯ ᠤᠨ ᠠᠷᠠᠳ ᠤᠨ ᠷᠠᠳᠢᠤ᠋ ᠬᠤᠷᠢᠶᠠᠨ ᠳᠤ ᠪᠤᠴᠠᠨ ᠪᠤᠴᠠᠲᠠᠯ᠎ᠠ | ᠪᠠᠨ ᠲᠡᠷᠡ ᠮᠤᠩᠭᠤᠯ ᠨᠡᠪᠲᠡᠷᠡᠭᠦᠯᠭᠡ ᠶᠢᠨ ᠳᠣᠭᠤᠶᠢᠯᠠᠩ ᠤᠨ ᠪᠦᠬᠦ ᠲᠠᠯ᠎ᠠ ᠶᠢᠨ ᠠᠵᠢᠯ ᠢ ᠭᠤᠤᠯᠯᠠᠨ ᠬᠠᠷᠢᠭᠤᠴᠠᠵᠤ | ᠪᠠᠶᠢᠯ᠎ᠠ᠃ ᠨᠦᠬᠦᠷ ᠪᠤᠶᠠᠠᠳᠦ᠋ᠭᠦᠷᠡᠩ ᠪᠤᠯ ᠳᠡᠭᠡᠷ᠎ᠡ ᠵᠠᠭᠤᠨ ᠤ ᠳᠠᠯᠠᠭᠠᠳ ᠣᠨ ᠤ ᠡᠬᠢᠨ ᠤ ᠦᠶ᠎ᠡ ᠳᠤ ᠲᠦᠪ ᠷᠠᠳᠢᠤ᠋ | ᠶᠢᠨ ᠮᠤᠩᠭᠤᠯ ᠨᠡᠪᠲᠡᠷᠡᠭᠦᠯᠭᠡ ᠶᠢ ᠰᠡᠷᠭᠦᠭᠡᠬᠦ ᠠᠴᠠ ᠠᠪᠤᠭᠠᠳ ᠨᠠᠶᠠᠭᠠᠳ ᠣᠨ ᠤ ᠡᠬᠢᠨ ᠤ ᠦᠶ᠎ᠡ ︵1982 ᠣᠨ | ᠤ ᠡᠬᠢᠨ︶ ᠪᠤᠯᠲᠠᠯᠠᠬᠢ ᠭᠤᠤᠯ ᠬᠠᠷᠢᠭᠤᠴᠠᠯᠭᠠᠲᠠᠨ ᠪᠤᠯᠤᠨ᠎ᠠ᠃ ᠡᠶᠢᠮᠦ ᠠᠴᠠ ᠲᠡᠬᠦᠨ ᠤ ᠠᠵᠢᠯ ᠡᠭᠦᠷᠭᠡ ᠲᠤᠬᠠᠢ | ᠶᠢᠨ ᠦᠶ᠎ᠡ ᠳᠤ ᠮᠠᠰᠢ ᠬᠠᠲᠠᠭᠤᠵᠢᠯᠲᠠᠢ ᠮᠦᠷᠲᠡᠭᠡᠨ ᠮᠠᠰᠢ ᠬᠦᠨᠳᠦ ᠪᠠᠶᠢᠯ᠎ᠠ᠃ ᠣᠴᠢᠷ ᠨᠢ ᠲᠡᠷᠡ ᠦᠶ᠎ᠡ ᠳᠤ ︽ | ᠳᠦᠷᠪᠡᠨ ᠬᠦᠮᠦᠨ ᠤ ᠪᠦᠯᠦᠭ︾ ᠣᠯᠣᠰ ᠣᠷᠣᠨ ᠢ ᠰᠠᠮᠠᠭᠤᠷᠠᠭᠤᠯᠵᠤ᠂ ᠨᠠᠮ ᠤᠨ ᠴᠢᠭᠯᠡᠯᠲᠡ ᠪᠤᠳᠣᠯᠭ᠎ᠠ ᠬᠦᠨᠳᠦ | ᠨᠤᠴᠢᠲᠠᠢ ᠡᠪᠳᠡᠭᠳᠡᠵᠦ᠂ ᠢᠯᠠᠩᠭᠤᠶ᠎ᠠ ᠦᠨᠳᠦᠰᠦᠲᠡᠨ ᠤ ᠲᠤᠬᠠᠢ ᠨᠠᠮ ᠤᠨ ᠲᠦᠷᠦ ᠶᠢᠨ ᠪᠤᠳᠤᠯᠭ᠎ᠠ᠂ | ᠦᠨᠳᠦᠰᠦᠲᠡᠨ ᠤ ᠦᠭᠡ ᠬᠡᠯᠡ ᠦᠰᠦᠭ ᠪᠢᠴᠢᠭ ᠤᠨ ᠲᠤᠬᠠᠢ ᠨᠠᠮ ᠤᠨ ᠲᠦᠷᠦ ᠶᠢᠨ ᠪᠤᠳᠣᠯᠭ᠎ᠠ ᠮᠠᠰᠢ ᠬᠦᠨᠳᠦ | ᠨᠤᠴᠢᠲᠠᠢ ᠡᠪᠳᠡᠭᠳᠡᠭᠰᠡᠨ ᠢᠶᠠᠷ ᠮᠤᠩᠭᠤᠯ ᠬᠡᠯᠡᠨ ᠤ ᠷᠠᠳᠢᠤ᠋ ᠡᠷᠬᠢᠯᠡᠬᠦ ᠠᠵᠢᠯ ᠴᠦ ᠬᠠᠷᠰᠢ ᠰᠠᠭᠠᠳ ᠬᠦᠴᠢᠷ ᠪᠡᠷᠬᠡ | ᠲᠠᠪᠬᠤᠷ ᠲᠠᠪᠬᠤᠷ ᠲᠤᠯᠭᠠᠷᠠᠵᠤ ᠪᠠᠶᠢᠭᠰᠠᠨ ᠶᠤᠮ᠃ ᠡᠶᠢᠮᠦ ᠬᠦᠨᠳᠦ ᠨᠤᠴᠢᠲᠠᠢ ᠪᠠᠶᠢᠳᠠᠯ ᠳᠤ ᠪᠤᠶᠠᠠᠳᠦ᠋ᠭᠦᠷᠡᠩ | ᠭᠤᠸᠠᠢ ᠠᠶᠤᠯ ᠲᠦᠭᠰᠢᠭᠦᠷᠢ ᠶᠢ ᠳᠠᠪᠠᠨ ᠳᠣᠭᠤᠯᠵᠣ᠂ ᠨᠠᠮ ᠲᠦᠷᠦ ᠳᠤ ᠬᠠᠷᠢᠭᠤᠴᠠᠵᠣ᠂ ᠦᠨᠳᠦᠰᠦᠲᠡᠨ ᠳᠡᠭᠡᠨ | ᠬᠠᠷᠢᠭᠤᠴᠠᠵᠣ᠂ ᠨᠡᠩ ᠢᠯᠠᠩᠭᠤᠶ᠎ᠠ ᠦᠷᠭᠡᠨ ᠤᠯᠠᠨ ᠰᠣᠨᠣᠰᠣᠭᠴᠢᠳ ᠲᠠᠭᠠᠨ ᠬᠠᠷᠢᠭᠤᠴᠠᠵᠣ᠂ ᠮᠤᠩᠭᠤᠯ ᠷᠠᠳᠢᠤ᠋ | ᠪᠠᠨ ᠦᠨᠳᠦᠰᠦᠲᠡᠨ ᠤ ᠪᠠᠨ ᠦᠬᠡ ᠬᠡᠯᠡᠨ ᠤ ᠳᠦᠷᠢᠮ ᠭᠤᠷᠢᠮ ᠶᠣᠰᠣᠭᠠᠷ ᠰᠠᠶᠢᠬᠠᠨ ᠡᠷᠬᠢᠯᠡᠭᠰᠡᠭᠡᠷ ᠢᠷᠡᠯ᠎ᠡ᠃ ᠨᠡᠩ | ᠳᠣᠷᠠᠳᠣᠭᠤᠰᠢᠲᠠᠢ ᠨᠢ ᠭᠡᠪᠡᠯ᠂ ᠳᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠨᠯᠭᠴᠢᠳ | ᠤᠨ ᠶᠡᠭᠡ ᠬᠤᠷᠠᠯ ᠤᠨ ᠪᠢᠴᠢᠭ ᠮᠠᠲ᠋ᠧᠷᠢᠶᠠᠯ ᠢ ᠣᠷᠴᠢᠭᠤᠯᠬᠤ ᠶᠠᠪᠣᠴᠠ ᠳᠤ ᠨᠦᠬᠦᠷ ᠪᠤᠶᠠᠠᠳᠦ᠋ᠭᠦᠷᠡᠩ ᠪᠤᠰᠣᠳ | ᠨᠦᠬᠦᠳ ᠤᠨ ᠬᠠᠮᠲᠤ ᠴᠢᠷᠮᠠᠶᠢᠭᠰᠠᠭᠠᠷ ᠪᠠᠶᠢᠵᠤ᠂ ︽ᠳᠣᠮᠳᠠᠳᠣ ᠣᠯᠣᠰ︾᠂ ︽ᠡᠪ ᠬᠠᠮᠲᠤ ᠨᠠᠮ︾ ᠬᠡᠬᠦ ᠵᠡᠷᠭᠡ | ᠶᠢᠨ ᠭᠤᠤᠯ ᠭᠤᠤᠯ ᠨᠡᠷ᠎ᠡ ᠦᠭᠡ ᠶᠢ ᠮᠤᠩᠭᠤᠯ ᠢᠶᠠᠷ ᠢᠶᠠᠨ ᠬᠡᠷᠡᠭᠯᠡᠬᠦ ᠪᠤᠯᠭᠠᠪᠠ᠃ ᠡᠨᠡ ᠪᠤᠯ ᠮᠦᠨ ᠴᠦ | ᠦᠨᠳᠦᠰᠦᠲᠡᠨ ᠤ ᠪᠠᠨ ᠦᠬᠡ ᠬᠡᠯᠡ ᠦᠰᠦᠭ ᠪᠢᠴᠢᠭ ᠢ ᠬᠠᠮᠠᠭᠠᠯᠠᠵᠤ ᠬᠦᠭᠵᠢᠬᠦᠯᠬᠦ ᠦᠢᠯᠡᠰ ᠲᠤ ᠪᠤᠶᠠᠠᠳᠦ᠋ᠭᠦᠷᠡᠩ | ᠭᠤᠸᠠᠢ ᠶᠢᠨ ᠦᠵᠡᠭᠦᠯᠦᠭᠰᠡᠨ ᠳᠣᠪᠣᠶᠢᠮ᠎ᠠ ᠬᠤᠪᠢ ᠨᠡᠮᠡᠷᠢ ᠪᠤᠯᠬᠤ ᠶᠤᠮ᠃ ᠲᠦᠪ ᠷᠠᠳᠢᠤ᠋ ᠶᠢᠨ ᠮᠤᠩᠭᠤᠯ | ᠨᠡᠪᠲᠡᠷᠡᠭᠦᠯᠭᠡ ᠶᠢ ᠰᠡᠷᠭᠦᠭᠡᠵᠦ᠂ ᠨᠡᠪᠲᠡᠷᠡᠭᠦᠯᠭᠡ ᠪᠠᠨ ᠦᠨᠳᠦᠰᠦᠲᠡᠨ ᠤ ᠪᠠᠨ ᠦᠭᠡ ᠬᠡᠯᠡ ᠪᠠᠷ ᠦᠪᠡᠷ ᠤᠨ ᠭᠡᠰᠡᠨ | ᠣᠨᠴᠠᠯᠢᠭ ᠲᠠᠢ ᠰᠠᠶᠢᠬᠠᠨ ᠡᠷᠬᠢᠯᠡᠵᠦ᠂ ᠦᠨᠦᠳᠦᠷ ᠲᠤ ᠬᠦᠷᠲᠡᠯ᠎ᠡ ᠦᠷᠭᠡᠨ ᠣᠯᠠᠨ ᠰᠣᠨᠣᠰᠣᠭᠴᠢᠳ ᠤᠨ | ᠳᠠᠭᠠᠰᠢᠶᠠᠯ ᠳᠤ ᠬᠦᠷᠦᠭᠰᠡᠨ ᠨᠡᠪᠳᠡᠷᠡᠭᠦᠯᠭᠡ ᠪᠤᠯᠭᠠᠭᠰᠠᠨ ᠳᠤ ᠪᠤᠶᠠᠠᠳᠦ᠋ᠭᠦᠷᠡᠩ ᠭᠤᠸᠠᠢ ᠶᠢᠨ ᠲᠤᠬᠠᠢ ᠶᠢᠨ ᠦᠶ᠎ᠡ | ᠳᠤ ᠰᠠᠭᠤᠷᠢ ᠶᠢ ᠨᠢ ᠰᠠᠶᠢᠨ ᠲᠠᠯᠪᠢᠵᠤ᠂ ᠵᠠᠯᠠᠭᠤᠴᠣᠳ ᠪᠠᠭᠠᠴᠣᠳ ᠢᠶᠠᠨ ᠰᠠᠶᠢᠬᠠᠨ ᠰᠣᠷᠭᠠᠵᠣ᠂ ᠬᠠᠨᠳᠣᠯᠭ᠎ᠠ | ᠴᠢᠭᠯᠡᠯ ᠢ ᠨᠢ ᠵᠦᠪ ᠵᠢᠭᠠᠵᠣ᠂ ᠭᠠᠷᠮᠠᠭᠠᠢ ᠴᠢᠳᠠᠪᠣᠷᠢᠲᠠᠳ ᠢ ᠬᠦᠮᠦᠵᠢᠭᠦᠯᠵᠦ ᠦᠭᠭᠦᠭᠰᠡᠨ ᠭᠠᠪᠢᠶ᠎ᠠ ᠵᠢᠳᠬᠦᠯ | ᠰᠢᠩᠭᠡᠵᠦ ᠪᠠᠶᠢᠬᠤ ᠶᠤᠮ᠃ | ᠪᠤᠶᠠᠠᠳᠦ᠋ᠭᠦᠷᠡᠩ ᠭᠤᠸᠠᠢ 1982 ᠣᠨ ᠤ ᠡᠬᠢ ᠪᠠᠷ ᠦᠪᠦᠷ ᠮᠤᠩᠭᠤᠯ ᠤᠨ ᠠᠷᠠᠳ ᠤᠨ ᠷᠠᠳᠢᠤ᠋ | ᠨᠡᠪᠲᠡᠷᠡᠭᠦᠯᠭᠡ ᠶᠢᠨ ᠬᠤᠷᠢᠶᠠᠨ ᠳᠤ ᠠᠵᠢᠯ ᠰᠢᠯᠵᠢᠵᠡᠢ᠃ ᠲᠡᠷᠡ ᠦᠪᠦᠷ ᠮᠤᠩᠭᠤᠯ ᠤᠨ ᠷᠠᠳᠢᠤ᠋ ᠬᠤᠷᠢᠶᠠᠨ ᠤ ᠰᠣᠨᠢᠨ | ᠮᠡᠳᠡᠭᠡᠨ ᠤ ᠬᠡᠯᠲᠡᠰ᠂ ᠣᠳᠬ᠎ᠠ ᠣᠷᠠᠯᠢᠭ ᠤᠨ ᠬᠡᠯᠲᠡᠰ ᠪᠠ ᠦᠪᠦᠷ ᠮᠤᠩᠭᠤᠯ ᠤᠨ ᠷᠠᠳᠢᠤ᠋ ᠲᠧᠯᠸᠢᠰ ᠤᠨ | ᠰᠣᠳᠣᠯᠭᠠᠨ ᠤ ᠭᠠᠵᠠᠷ ᠲᠤ ᠲᠤᠰ ᠲᠤᠰ ᠣᠳᠣᠷᠢᠳᠬᠤ ᠲᠤᠰᠢᠶᠠᠯ ᠬᠠᠷᠢᠭᠤᠴᠠᠵᠤ ᠭᠠᠷᠮᠠᠭᠠᠢ ᠰᠠᠶᠢᠨ ᠠᠵᠢᠯᠯᠠᠭᠰᠠᠨ | ᠪᠠᠶᠢᠨ᠎ᠠ᠃ | | | | ᠪᠤᠶᠠᠠᠳᠦ᠋ᠭᠦᠷᠡᠩ ᠭᠤᠸᠠᠢ ᠠᠵᠢᠯ ᠤᠨ ᠠᠮᠠᠷᠠᠯᠲᠠ ᠪᠠᠨ ᠠᠪᠴᠣ ᠠᠷᠣ ᠬᠡᠷ ᠲᠡᠭᠡᠨ ᠬᠠᠷᠢᠭᠰᠠᠨ ᠦᠶ᠎ᠡ ᠳᠤ | ᠪᠠᠨ ᠴᠦ ᠣᠷᠴᠢᠭᠤᠯᠭ᠎ᠠ ᠨᠠᠶᠢᠷᠠᠭᠤᠯᠭ᠎ᠠ ᠶᠢᠨ ᠠᠵᠢᠯ᠂ ᠵᠠᠯᠠᠭᠤ ᠰᠣᠷᠪᠣᠯᠵᠢᠯᠠᠭᠴᠢ᠂ ᠨᠠᠶᠢᠷᠠᠭᠤᠯᠣᠭᠴᠢ᠂ | ᠨᠡᠪᠲᠡᠷᠡᠭᠦᠯᠦᠭᠴᠢ᠂ ᠬᠦᠲᠦᠯᠦᠭᠴᠢ ᠶᠢ ᠬᠦᠮᠦᠵᠢᠭᠦᠯᠵᠦ ᠪᠤᠯᠪᠠᠰᠣᠷᠠᠭᠤᠯᠬᠤ ᠠᠵᠢᠯ ᠳᠤ ᠮᠦᠨ ᠯᠡ ᠮᠠᠬᠠᠷᠠᠨ | ᠵᠢᠳᠬᠦᠵᠦ ᠪᠠᠶᠢᠭᠰᠠᠨ ᠶᠤᠮ᠃ 2009 ᠣᠨ ᠳᠤ ᠲᠡᠷᠠ ᠮᠠᠨᠢ ᠬᠦᠨᠳᠦ ᠡᠪᠡᠳᠴᠢᠨ ᠤ ᠬᠠᠷᠠᠭ᠎ᠠ ᠪᠠᠷ ᠪᠢᠳᠡᠨ ᠠᠴᠠ | ᠪᠠᠨ ᠦᠨᠢᠳᠡ ᠠᠩᠭᠢᠵᠢᠷᠠᠵᠣ ᠪᠤᠷᠬᠠᠨ ᠪᠤᠮᠪᠤ ᠶᠢᠨ ᠣᠷᠣᠨ ᠳᠤ ᠬᠠᠯᠢᠭᠰᠠᠨ ᠪᠢᠯᠡ᠃ ᠭᠡᠪᠡᠴᠦ ᠲᠦᠪ ᠷᠠᠳᠢᠤ᠋ ᠶᠢᠨ | ᠮᠤᠩᠭᠤᠯ ᠨᠡᠪᠲᠡᠷᠡᠭᠦᠯᠭᠡ ᠶᠢᠨ ᠲᠡᠦᠬᠡᠨ ᠳᠤ ᠬᠦᠨᠳᠦᠲᠦ ᠳᠠᠷᠤᠭ᠎ᠠ᠂ ᠬᠠᠶᠢᠷᠠᠳᠣ ᠨᠦᠬᠦᠷ ᠪᠤᠶᠠᠠᠳᠦ᠋ᠭᠦᠷᠡᠩ ᠤᠨ | ᠳᠦᠪᠯᠡᠭᠦᠨ ᠳᠦᠷᠢ᠂ ᠳᠦᠪ ᠴᠢᠭᠡᠴᠢ ᠰᠣᠷᠲᠠᠯ ᠦᠨᠢᠳᠡ ᠳᠡᠮᠳᠡᠭᠯᠡᠭᠳᠡᠬᠦ ᠶᠤᠰᠣᠲᠠᠢ᠃ ᠡᠭᠦᠨ ᠢᠶᠠᠷ ᠪᠠᠷᠠᠬᠤ ᠦᠭᠡᠢ | ᠮᠣᠩᠭᠤᠯ ᠤᠷᠴᠢᠭᠤᠯᠭ᠎ᠠ ᠶᠢᠨ ᠦᠢᠯᠡᠰ ᠤᠨ ᠰᠠᠭᠤᠷᠢᠯᠠᠭᠴᠢ᠂ ᠰᠢᠯᠢᠳᠡᠭ ᠲᠠᠭᠠᠭᠤᠯᠤᠭᠴᠢ ᠪᠣᠯᠬᠤ ᠪᠦᠭᠡᠳ ᠦᠪᠣᠷ | ᠮᠤᠩᠭᠤᠯ ᠤᠨ ᠬᠡᠪᠯᠡᠯ ᠤᠨ ᠦᠢᠯᠡᠰ᠂ ᠮᠤᠩᠭᠤᠯ ᠷᠠᠳᠢᠤ᠋ ᠲᠧᠯᠸᠢᠰ ᠦᠢᠯᠡᠰ ᠤᠨ ᠬᠥᠭᠵᠢᠯᠲᠡ ᠳᠤ ᠦᠵᠡᠭᠦᠯᠦᠭᠰᠡᠨ | ᠯᠤᠳᠦ ᠶᠡᠭᠡ ᠬᠦᠴᠤᠨ ᠵᠢᠳᠬᠦᠯ ᠢ ᠨᠢ ᠨᠤᠲᠤᠭ ᠤᠰᠤ᠂ ᠨᠡᠶᠢᠭᠡᠮ ᠨᠡᠶᠢᠳᠠ ᠪᠠᠷ ᠢᠶᠠᠨ ᠦᠨᠡᠯᠡᠨ ᠲᠤᠷᠠᠳᠬᠠᠬᠤ | ᠤᠴᠢᠷᠳᠡᠢ ᠶᠤᠮ᠃ | | ︽ᠲᠥᠪ ᠷᠠᠳᠢᠤ᠋ ᠶᠢᠨ ᠵᠢᠷᠠᠨ ᠵᠢᠯ ᠤᠨ ᠤᠢ ᠶᠢᠨ ᠡᠮᠬᠢᠳᠬᠡᠯ︾ ᠠᠴᠠ ᠰᠤᠩᠭᠤᠵᠤ᠂ ᠲᠤᠰ ᠰᠦᠯᠵᠢᠶ᠎ᠡ | ᠵᠠᠰᠠᠨ ᠨᠠᠶᠢᠷᠠᠭᠤᠯᠪᠠ | |