ᠨᠠᠮᠰᠠᠷᠠᠢ ︵1934— 1983︶ ᠮᠤᠩᠭᠤᠯ ᠦᠨᠳᠦᠰᠦᠲᠡᠨ᠂ ᠡᠪ ᠬᠠᠮᠲᠤ ᠨᠠᠮ ᠤᠨ ᠭᠡᠰᠢᠭᠦᠨ᠂ | 1934 ᠤᠨ ᠤ 2 ᠰᠠᠷ᠎ᠠ ᠳᠤ ᠰᠠᠶᠢᠬᠠᠨᠲᠠᠯ᠎ᠠ ᠰᠤᠮᠤ ᠶᠢᠨ ᠴᠠᠪ ᠤᠨ ᠠᠶᠢᠯ ᠲᠠᠯ᠎ᠠ ᠭᠠᠴᠠᠭᠠᠨ ᠳᠤ ᠲᠦᠷᠦᠪᠡ᠃ | 1947 ᠤᠨ ᠤ 3 ᠰᠠᠷ᠎ᠠ ᠠᠴᠠ ᠪᠠᠶᠠᠨᠲᠠᠯ᠎ᠠ ᠨᠤᠲᠤᠭ ᠤᠨ ᠬᠤᠯᠪᠤᠭᠠᠴᠢᠨ ᠪᠤᠯᠵᠤ᠂ 1951 ᠤᠨ ᠤ 3 | ᠰᠠᠷ᠎ᠠ ᠠᠴᠠ ᠠᠷᠤ ᠬᠤᠷᠴᠢᠨ ᠬᠤᠰᠢᠭᠤᠨ ᠤ ᠰᠤᠶᠤᠯ ᠤᠨ ᠭᠡᠷ ᠲᠤ ᠰᠢᠯᠵᠢᠨ ᠠᠵᠢᠯᠯᠠᠵᠤ᠂ 7 ᠰᠠᠷ᠎ᠠ ᠠᠴᠠ ᠦᠪᠦᠷ | ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠤᠷᠠᠨ ᠵᠢᠷᠤᠭ ᠤᠨ ᠬᠡᠯᠲᠡᠰ ᠲᠤ ᠠᠵᠢᠯ ᠰᠢᠯᠵᠢᠨ᠂ ᠤᠷᠠᠨ | ᠵᠢᠷᠤᠭ ᠤᠨ ᠵᠤᠬᠢᠶᠠᠨ ᠪᠦᠲᠦᠭᠡᠬᠦ ᠠᠵᠢᠯ ᠢᠶᠠᠨ ᠡᠬᠢᠯᠡᠪᠡ᠃ 1966 ᠤᠨ ᠳᠤ ︽ᠲᠦᠮᠡᠨ ᠠᠭᠲᠠ ᠶᠢᠨ ᠲᠦᠪᠡᠷᠭᠡᠨ | ︾ ᠭᠡᠬᠦ ᠤᠷᠠᠨ ᠵᠢᠷᠤᠭ ᠨᠢ ᠬᠤᠸᠠᠪᠸᠢ ᠤᠷᠤᠨ ᠤ ᠳᠡᠯᠭᠡᠨ ᠦᠵᠡᠭᠦᠯᠦᠯᠭᠡ ᠳᠤ ᠤᠷᠤᠯᠴᠠᠵᠤ᠂ ᠲᠡᠷᠡ ᠦᠪᠦᠷ | ᠮᠤᠩᠭᠤᠯ ᠤᠨ ᠵᠢᠷᠤᠭ ᠤᠨ ᠠᠵᠢᠯᠯᠠᠭᠴᠢ ᠶᠢᠨ ᠬᠤᠪᠢ ᠪᠠᠷ ᠳᠡᠯᠭᠡᠨ ᠦᠵᠡᠭᠦᠯᠦᠯᠭᠡ ᠶᠢᠨ ᠬᠤᠷᠠᠯ ᠳᠤ ᠤᠷᠤᠯᠴᠠᠵᠤ | ᠲᠠᠶᠢᠰᠠᠨ ᠳᠤ ᠭᠠᠷᠴᠤ ᠦᠭᠡ ᠶᠠᠷᠢᠨ ᠯᠢᠦ ᠱᠤᠤ ᠴᠢ ᠲᠡᠷᠢᠭᠦᠯᠡᠭᠴᠢ ᠪᠤᠯᠤᠨ ᠵᠸᠦ ᠡᠸ᠋ᠨ ᠯᠠᠢ ᠶᠡᠷᠦᠩᠬᠡᠢ ᠰᠠᠶᠢᠳ ᠤᠨ | ᠠᠭᠤᠯᠵᠠᠯᠲᠠ ᠶᠢ ᠬᠦᠯᠢᠶᠡᠵᠦ᠂ ᠬᠠᠮᠲᠤ ᠶᠢᠨ ᠭᠡᠷᠡᠯ ᠵᠢᠷᠤᠭ ᠦᠯᠡᠳᠡᠭᠡᠵᠡᠢ᠃ ︽ᠰᠤᠶᠤᠯ ᠤᠨ ᠬᠤᠪᠢᠰᠬᠠᠯ︾ ᠤᠨ | ᠳᠤᠮᠳᠠ ᠰᠢᠬᠠᠯᠲᠠ ᠬᠠᠪᠴᠢᠯᠲᠠ ᠳᠤ ᠤᠴᠠᠷᠠᠵᠤ᠂ 1971 ᠤᠨ ᠳᠤ ᠭᠡᠷ ᠬᠤᠲᠠᠯᠠᠭᠠᠷ ᠢᠶᠠᠷ ᠢᠶᠠᠨ ᠵᠡᠭᠦᠨ | ᠦᠵᠦᠮᠦᠴᠢᠨ ᠬᠤᠰᠢᠭᠤᠨ ᠳᠤ ᠨᠡᠭᠦᠨ ᠤᠴᠢᠵᠤ᠂ 1977 ᠤᠨ ᠳᠤ ᠦᠪᠦᠷ ᠮᠤᠩᠭᠤᠯ ᠤᠨ ᠠᠷᠠᠳ ᠤᠨ | ᠬᠡᠪᠯᠡᠯ ᠤᠨ ᠬᠤᠷᠢᠶᠠᠨ ᠳᠤ ᠪᠠᠨ ᠪᠤᠴᠠᠨ ᠢᠷᠡᠵᠦ᠂ 1981 ᠤᠨ ᠠᠴᠠ ᠬᠡᠪᠯᠡᠯ ᠤᠨ ᠬᠤᠷᠢᠶ᠎ᠠ ᠶᠢᠨ ᠤᠷᠠᠨ ᠵᠢᠷᠤᠭ | ᠨᠠᠶᠢᠷᠠᠭᠤᠯᠬᠤ ᠲᠠᠰᠤᠭ ᠤᠨ ᠳᠡᠳ᠋ ᠡᠷᠬᠢᠯᠡᠭᠴᠢ᠂ ᠳᠤᠮᠳᠠᠳᠤ ᠤᠯᠤᠰ ᠤᠨ ᠤᠷᠠᠨ ᠵᠢᠷᠤᠭ ᠤᠨ ᠨᠡᠶᠢᠭᠡᠮᠯᠢᠭ ᠤᠨ ᠦᠪᠦᠷ | ᠮᠤᠩᠭᠤᠯ ᠤᠨ ᠬᠤᠪᠢᠶᠠᠷᠢ ᠨᠡᠶᠢᠭᠡᠮᠯᠢᠭ ᠤᠨ ᠭᠡᠰᠢᠭᠦᠨ᠂ ᠬᠡᠷᠡᠭ ᠡᠷᠬᠢᠯᠡᠭᠴᠢ ᠪᠤᠯᠪᠠ᠃ ᠲᠡᠭᠦᠨ ᠤ ᠵᠢᠷᠤᠭ ᠤᠨ | ᠪᠦᠲᠦᠭᠡᠯ ︽ᠰᠦᠷᠳᠡᠰᠢ ᠦᠭᠡᠢ︾᠂ ︽ᠨᠠᠢᠮᠠᠨ ᠰᠢᠷᠭ᠎ᠠ︾ ᠵᠢᠴᠢ ︽ᠴᠢᠩᠭᠢᠰ ᠬᠠᠭᠠᠨ︾᠂ ︽ᠬᠦᠬᠡ | ᠰᠤᠳᠤᠷ ᠤᠨ ᠦᠯᠢᠭᠡᠷ︾᠂ ︽ᠲᠠᠪᠤᠨ ᠵᠤᠸᠠᠨ︾ ᠵᠡᠷᠭᠡ ᠨᠤᠮ ᠤᠨ ᠭᠠᠳᠠᠷ ᠨᠢᠭᠤᠷ᠂ ᠠᠷᠤ ᠨᠢᠭᠤᠷ᠂ ᠵᠡᠭᠦᠯᠲᠡ | ᠵᠢᠷᠤᠭ᠂ ᠦᠷᠬᠦᠯᠵᠢᠯᠡᠭᠰᠡᠨ ᠵᠢᠷᠤᠭ᠂ ᠬᠢᠲᠠᠳ ᠵᠢᠷᠤᠭ ᠵᠡᠷᠭᠡ ᠨᠢ ᠦᠷᠭᠡᠨ ᠤᠯᠠᠨ ᠤ ᠮᠠᠭᠲᠠᠭᠠᠯ ᠰᠠᠶᠢᠰᠢᠶᠠᠯ ᠪᠠ | ᠲᠤᠰᠬᠠᠢ ᠮᠡᠷᠭᠡᠵᠢᠯᠲᠡᠳ ᠤᠨ ᠰᠠᠶᠢᠨ ᠦᠨᠡᠯᠡᠯᠲᠡ ᠶᠢ ᠤᠯᠵᠠᠢ᠃ 1977 ᠤᠨ ᠠᠴᠠ ᠨᠠᠰᠢ ᠵᠢᠷᠤᠭᠰᠠᠨ ︽ | ᠠᠩᠴᠢᠨ︾᠂ ︽ᠰᠦᠷᠳᠡᠰᠢ ᠦᠭᠡᠢ︾᠂ ︽ᠠᠳᠤᠭᠤ︾᠂ ︽ᠲᠤᠭᠤᠯ︾ ᠵᠡᠷᠭᠡ ᠪᠦᠲᠦᠭᠡᠯ ᠨᠢ ᠠᠮᠧᠷᠢᠺᠠ᠂ | ᠶᠠᠫᠤᠨ᠂ ᠰᠢᠶᠠᠩᠭᠠᠩ ᠵᠡᠷᠭᠡ ᠤᠯᠤᠰ ᠤᠷᠤᠨ ᠳᠤ ᠳᠡᠯᠭᠡᠨ ᠦᠵᠡᠭᠦᠯᠦᠭᠳᠡᠵᠦ᠂ ᠤᠯᠤᠰ ᠤᠨ ᠲᠤᠲᠤᠭᠠᠳᠤ | ᠭᠠᠳᠠᠭᠠᠳᠤ ᠶᠢᠨ ᠬᠦᠮᠦᠰ ᠤᠨ ᠰᠠᠶᠢᠨ ᠦᠨᠡᠯᠡᠯᠲᠡ ᠶᠢ ᠤᠯᠵᠤ᠂ ᠤᠨᠴᠠᠭᠠᠶᠢᠯᠠᠨ ᠡᠪᠡᠳᠴᠢᠨ ᠲᠠᠢ ᠪᠠᠶᠢᠭ᠎ᠠ | ᠬᠤᠭᠤᠴᠠᠭᠠᠨ ᠳᠤ ᠪᠠᠨ ᠵᠢᠷᠤᠭᠰᠠᠨ ᠬᠡᠦᠬᠡᠳ ᠤᠨ ᠤᠳᠬ᠎ᠠ ᠵᠤᠬᠢᠶᠠᠯ ︽ᠪᠦᠯᠬᠦᠮᠳᠡᠯ ᠰᠠᠶᠢᠲᠠᠢ ᠬᠤᠨ︾ ᠭᠡᠬᠦ | ᠳᠡᠪᠲᠡᠷ ᠤᠨ ᠠᠷᠪᠠᠨ ᠬᠡᠳᠦᠨ ᠵᠡᠭᠦᠯᠲᠡ ᠵᠢᠷᠤᠭ ᠨᠢ ᠳᠦᠷᠰᠦᠯᠡᠯ ᠭᠦᠢᠴᠡᠳ ᠰᠠᠶᠢᠬᠠᠨ ᠪᠢᠯᠡ᠃ ᠡᠳᠡᠭᠡᠷ ᠵᠡᠭᠦᠯᠲᠡ | ᠵᠢᠷᠤᠭ ᠨᠢ ᠪᠦᠬᠦ ᠤᠯᠤᠰ ᠤᠨ ᠮᠤᠩᠭᠤᠯ ᠨᠤᠮ ᠤᠨ ᠠᠩᠬᠠᠳᠤᠭᠠᠷ ᠤᠳᠠᠭᠠᠨ ᠤ ᠰᠢᠯᠭᠠᠨ ᠠᠳᠠᠯᠢᠳᠬᠠᠯ ᠳᠤ | ᠬᠤᠶᠠᠳᠤᠭᠠᠷ ᠳᠡᠰ ᠤᠨ ᠱᠠᠩᠨᠠᠯ ᠬᠦᠷᠲᠡᠪᠡ᠃ ᠨᠠᠮᠰᠠᠷᠠᠢ ᠪᠠᠷᠠᠭᠤᠨ ᠵᠡᠭᠦᠨ ᠭᠠᠷ ᠢᠶᠠᠷ ᠢᠶᠠᠨ ᠠᠳᠠᠯᠢᠬᠠᠨ ᠵᠢᠷᠤᠭ | ᠵᠢᠷᠤᠵᠤ ᠴᠢᠳᠠᠳᠠᠭ ᠠᠴᠠ ︽ᠬᠤᠤᠰ ᠫᠤᠤᠲᠤ ᠬᠦᠭᠰᠢᠨ︾ ᠭᠡᠵᠦ ᠬᠦᠮᠦᠰ ᠶᠠᠷᠢᠳᠠᠭ᠃ | |