ᠠᠶᠠᠯᠭᠤ ᠵᠤᠬᠢᠶᠠᠭᠴᠢ᠂ ᠠᠯᠳᠠᠷᠳᠤ ᠬᠦᠭᠵᠢᠮᠴᠢᠨ᠂ ᠠᠬᠠᠮᠠᠳ ᠲᠤᠭᠯᠠᠭᠴᠢ ᠵᠢᠭᠮᠡᠳ ᠪᠤᠯ ᠮᠢᠨᠤ ᠪᠠᠭᠰᠢ | ᠪᠦᠭᠡᠳ ᠳᠠᠶᠢᠴᠢᠨ ᠬᠠᠨᠢ ᠪᠤᠯᠬᠤ ᠶᠤᠮ᠃ | ᠵᠢᠭᠮᠡᠳ ︵ᠵᠢᠭᠮᠡᠳᠵᠠᠮᠰᠤ᠂ ᠤᠷᠠᠯᠢᠭ ᠤᠨ ᠨᠡᠷ᠎ᠡ — ᠤᠶᠠᠩᠭ᠎ᠠ︶᠂ 1948 ᠣᠨ ᠳᠤ ᠠᠷᠤ ᠬᠤᠷᠴᠢᠨ | ᠬᠤᠰᠢᠭᠤᠨ ᠤ ᠪᠠᠯᠴᠢᠷᠤᠳ ᠰᠤᠮᠤᠨ ᠤ ᠮᠤᠭᠠᠶᠢᠳᠤ ᠭᠠᠴᠠᠭᠠᠨ ᠤ ᠪᠦᠲᠦᠭᠦᠨ ᠮᠤᠳᠤ ᠠᠶᠢᠯ ᠤᠨ ᠵᠢᠷ ᠤᠨ ᠮᠠᠯᠴᠢᠨ | ᠭᠤᠮᠪᠤᠵᠠᠪ᠂ ᠮᠠᠩᠬ᠎ᠠ ᠶᠢᠨ ᠤᠤᠭᠠᠨ ᠬᠦᠦ ᠪᠤᠯᠤᠨ ᠵᠠᠶᠠᠭᠠᠵᠤ᠂ ᠬᠠᠷᠠᠬᠠᠨ ᠪᠠᠭ᠎ᠠ ᠠᠴᠠ ᠪᠠᠨ ᠳᠠᠭᠤᠤ ᠬᠦᠭᠵᠢᠮ ᠳᠤ | ᠳᠤᠷ᠎ᠠ ᠪᠠᠭ᠋ᠠᠲᠠᠢ᠂ ᠤᠷ᠎ᠠ ᠲᠤᠭᠯᠠᠯᠳᠠ ᠳᠤ ᠠᠪᠢᠶᠠᠰ ᠪᠢᠯᠢᠭ ᠲᠠᠢ᠃ ᠲᠡᠷᠡ ᠪᠠᠭ᠎ᠠ ᠨᠠᠰᠤᠨ ᠠᠴᠠ ᠪᠠᠨ ᠡᠬᠢᠯᠡᠨ᠂ | ᠦᠪᠦᠷ ᠮᠤᠩᠭᠤᠯ ᠤᠷᠤᠨ ᠳᠤ ᠠᠯᠳᠠᠷᠰᠢᠭᠰᠠᠨ ᠠᠬᠠᠮᠠᠳ ᠬᠤᠭᠤᠷᠴᠢ ᠰᠣᠳᠨᠠᠮᠵᠤᠩᠨᠠᠢ ᠨᠠᠰᠤᠳᠠᠨ ᠠᠴᠠ ᠬᠤᠭᠤᠷ | ᠬᠦᠭᠵᠢᠮᠳᠡᠬᠦ ᠶᠢ ᠰᠤᠷᠴᠤ᠂ ᠨᠠᠢᠮᠠᠨ ᠨᠠᠰᠤᠳᠠᠢ ᠳᠠᠭᠠᠨ ᠪᠠᠯᠴᠢᠷᠤᠳ ᠰᠣᠮᠤᠨ ᠳᠤ ᠪᠤᠯᠤᠭᠰᠠᠨ ᠬᠤᠰᠢᠭᠤᠨ ᠨᠠᠭᠠᠳᠤᠮ | ᠤᠨ ᠬᠤᠷᠠᠯ ᠳᠡᠭᠡᠷ᠎ᠡ ᠤᠷᠠᠨ ᠲᠤᠭᠯᠠᠯᠳᠠ ᠭᠠᠷᠭᠠᠵᠤ᠂ ᠬᠤᠭᠤᠷ ᠤᠨ ᠣᠶᠠᠩᠭ᠎ᠠ ᠪᠠᠨ ᠬᠠᠩᠭᠢᠨᠠᠭᠤᠯᠵᠤ ᠬᠤᠳᠠᠯᠠ | ᠣᠯᠠᠨ ᠳᠠᠭᠠᠨ ᠠᠯᠳᠠᠷᠰᠢᠭᠰᠠᠨ ᠶᠤᠮ᠃ ᠳᠡᠭᠦᠨ ᠠᠴᠠ ᠡᠬᠢᠯᠡᠨ ᠠᠯᠳᠠᠢ ᠶᠢᠨ ᠮᠠᠩᠬ᠎ᠠ ᠶᠢᠨ ᠠᠷᠤ ᠦᠪᠦᠷ᠂ | ᠦᠯᠵᠡᠶᠢᠮᠦ᠋ᠷᠡᠨ ᠤ ᠬᠦᠪᠡᠭᠡ ᠲᠠᠨᠵᠢ ᠶᠢᠨ ᠮᠠᠯᠴᠢᠨ ᠲᠦᠮᠡᠨ ᠤ ᠲᠤᠮᠳᠠ ᠵᠢᠭᠮᠡᠳ ᠨᠦᠬᠦᠷ ᠤᠨ ᠨᠡᠷ᠎ᠡ ᠠᠯᠳᠠᠷ | ᠮᠠᠨᠳᠤᠨ ᠳᠠᠷᠬᠠᠭᠰᠠᠨ ᠪᠠᠶᠢᠨ᠎ᠠ᠃ | 1955 ᠣᠨ ᠤ 4 ᠰᠠᠷ᠎ᠠ ᠶᠢᠨ 1 ᠳᠤ ᠵᠢᠭᠮᠡᠳ᠂ ᠦᠪᠡᠷ ᠤᠨ ᠠᠪᠢᠶᠠᠰ ᠴᠢᠳᠠᠪᠤᠷᠢ ᠪᠤᠯᠤᠨ | ᠬᠠᠳᠠᠭᠤᠵᠢᠯᠳᠠᠢ ᠴᠢᠷᠮᠠᠶᠢᠯᠭ᠎ᠠ ᠪᠠᠷ ᠢᠶᠠᠨ ᠠᠷᠤ ᠬᠤᠷᠴᠢᠨ ᠬᠤᠰᠢᠭᠤᠨ ᠤ ᠤᠯᠠᠭᠠᠨᠮᠦ᠋ᠴᠢᠷ ᠲᠤ ᠡᠯᠰᠡᠭᠳᠡᠨ ᠣᠷᠤᠵᠤ᠂ | ᠨᠢᠭᠡᠨ ᠲᠤᠰᠬᠠᠢ ᠤᠳᠬ᠎ᠠ ᠤᠷᠠᠯᠢᠭ ᠤᠨ ᠠᠵᠢᠯᠳᠠᠨ ᠪᠤᠯᠤᠭᠰᠠᠨ ᠪᠢᠯᠡ᠃ ᠤᠯᠠᠭᠠᠨᠮᠦ᠋ᠴᠢᠷ ᠲᠤ ᠢᠷᠡᠮᠡᠭᠴᠡ ᠲᠡᠷᠡ | 1955 ᠣᠨ ᠳᠤ ᠬᠦᠬᠡᠬᠤᠳᠠ ᠳᠤ ᠪᠤᠯᠤᠭᠰᠠᠨ ᠪᠦᠬᠦ ᠣᠷᠤᠨ ᠤ ᠤᠯᠠᠭᠠᠨᠮᠦ᠋ᠴᠢᠷ ᠤᠨ ᠭᠤᠷᠪᠠᠳᠤᠭᠠᠷ ᠤᠳᠠᠭᠠᠨ | ᠤ ᠪᠤᠯᠪᠠᠰᠤᠷᠠᠯ ᠤᠨ ᠠᠩᠬᠢ ᠳᠤ ᠣᠷᠤᠯᠴᠠᠵᠤ᠂ ᠬᠠᠷ᠎ᠠ ᠦᠷᠯᠦᠭᠡ ᠪᠠᠷ ᠪᠣᠰᠴᠤ ᠬᠠᠰᠠ ᠭᠤᠶ᠎ᠠ ᠪᠠᠨ ᠬᠠᠪᠤᠳᠳᠠᠯᠠ | ᠪᠦᠵᠢᠭ ᠤᠨ ᠪᠤᠯᠪᠠᠰᠤᠷᠠᠯ ᠬᠢᠵᠦ᠂ ᠬᠠᠯᠠᠭᠤᠨ ᠦᠳᠡ ᠶᠢᠨ ᠨᠠᠷᠠᠨ ᠳᠤ ᠬᠢᠯᠭᠠᠰᠣᠳᠤ ᠬᠤᠭᠤᠷ ᠢᠶᠠᠨ ᠬᠦᠭᠵᠢᠮᠳᠡᠨ᠂ | ᠬᠢᠮᠤᠰᠤ ᠬᠤᠷᠤᠭᠤ ᠨᠢ ᠰᠢᠯᠪᠤᠷᠠᠵᠤ ᠴᠢᠰᠤ ᠨᠦᠵᠢ ᠭᠤᠭᠤᠵᠢᠭᠰᠠᠨ ᠴᠦ ᠬᠠᠶᠢᠬᠤᠷᠤᠯ ᠦᠭᠡᠢ ᠲᠡᠰᠪᠦᠷᠢ | ᠬᠠᠳᠠᠭᠤᠵᠢᠯᠲᠠᠢ ᠪᠤᠯᠪᠠᠰᠤᠷᠠᠭᠰᠠᠨ ᠢᠶᠠᠷ ᠰᠣᠷᠤᠯᠭ᠎ᠠ ᠪᠤᠯᠪᠠᠰᠤᠷᠠᠯ ᠢᠶᠠᠨ ᠲᠡᠭᠦᠰ ᠠᠮᠵᠢᠯᠳᠠ ᠲᠠᠢ ᠳᠠᠭᠤᠰᠬᠠᠵᠤ᠂ | ᠪᠦᠬᠦ ᠣᠷᠤᠨ ᠤ ︽ᠲᠠᠪᠤᠨ ᠰᠠᠶᠢᠨᠳᠠᠢ ᠤᠯᠠᠭᠠᠨᠮᠦ᠋ᠴᠢᠷ ᠤᠨ ᠭᠡᠰᠢᠭᠦᠨ︾ ᠢᠶᠠᠷ ᠰᠤᠩᠭᠤᠭᠳᠠᠭᠰᠠᠨ ᠶᠤᠮ᠃ | ᠵᠢᠭᠮᠡᠳ ᠨᠦᠬᠦᠷ ᠶᠠᠭ ᠰᠠᠶᠢᠬᠠᠨ ᠡᠷᠳᠡᠮ ᠮᠡᠳᠡᠯᠭᠡ ᠬᠤᠷᠠᠮᠳᠤᠭᠤᠯᠵᠤ ᠡᠬᠡ ᠣᠷᠤᠨ ᠳᠠᠭᠠᠨ ᠦᠢᠯᠡᠴᠢᠯᠡᠬᠦ | ᠰᠠᠶᠢᠨ ᠰᠠᠶᠢᠬᠠᠨ ᠴᠠᠭ ᠦᠶ᠎ᠡ ᠪᠤᠯᠬᠤ ᠳᠤ᠂ ︽ᠦᠭᠡᠶᠢᠭᠦᠦ ᠠᠩᠬᠢ ᠶᠢᠨ ᠰᠣᠶᠤᠯ ᠤᠨ ᠶᠡᠭᠡ ᠬᠤᠪᠢᠰᠬᠠᠯ︾ ᠤᠨ | ᠠᠷᠪᠠᠨ ᠵᠢᠯ ᠤᠨ ᠰᠠᠮᠠᠭᠤᠷᠠᠯ ᠡᠭᠦᠰᠴᠦ᠂ ᠵᠢᠭᠮᠡᠳ ᠵᠡᠷᠭᠡ ᠲᠤᠭᠯᠠᠭᠴᠢᠳ ᠢ ᠬᠦᠳᠡᠭᠡ ᠪᠠᠭᠤᠯᠭᠠᠨ ᠬᠦᠳᠡᠯᠮᠦᠷᠢ ᠳᠤ | ᠬᠠᠳᠠᠭᠤᠵᠢᠭᠤᠯᠬᠤ ᠪᠠᠷ ᠶᠠᠪᠤᠭᠤᠯᠵᠠᠢ᠃ ᠭᠡᠪᠡᠴᠦ ᠵᠢᠭᠮᠡᠳ ᠨᠦᠬᠦᠷ ᠦᠪᠡᠷ ᠤᠨ ᠬᠠᠶᠢᠷ᠎ᠠ ᠪᠠᠬ᠎ᠠ ᠲᠠᠢ ᠠᠵᠢᠯ | ᠦᠢᠯᠡᠰ ᠢᠶᠠᠨ ᠬᠠᠶᠠᠭᠰᠠᠨ ᠦᠭᠡᠢ᠂ ᠦᠨᠳᠦᠰᠦᠳᠡᠨ ᠤ ᠳᠠᠭᠤᠤ ᠠᠶᠠᠯᠭᠤ ᠴᠤᠭᠯᠠᠭᠤᠯᠤᠨ ᠠᠷᠠᠳ ᠤᠨ ᠳᠠᠭᠤᠤ | ᠡᠮᠬᠢᠳᠬᠡᠵᠦ᠂ ᠳᠠᠭᠤᠤ ᠠᠶᠠᠯᠭᠤ ᠵᠤᠬᠢᠶᠠᠬᠤ ᠣᠷᠤᠯᠳᠤᠯᠭ᠎ᠠ ᠬᠢᠵᠦ ᠪᠠᠶᠢᠭᠰᠠᠨ᠃ ᠲᠡᠷᠡ ᠳᠠᠯᠠᠭᠠᠳ ᠤᠨ ᠠᠴᠠ | ᠡᠬᠢᠯᠡᠨ ᠵᠤᠬᠢᠶᠠᠨ ᠪᠦᠳᠦᠭᠡᠬᠦ ᠵᠠᠮ ᠳᠠᠭᠠᠨ ᠤᠷᠤᠵᠤ᠂ ᠠᠷᠪᠠ ᠭᠠᠷᠤᠢ ᠵᠢᠯ ᠤᠨ ᠰᠢᠷᠭᠠᠭᠤ ᠤᠷᠤᠯᠳᠤᠯᠭ᠎ᠠ ᠪᠠᠷ | ᠳᠠᠭᠤᠤ ᠶᠢᠨ ᠠᠶ᠎ᠠ᠂ ᠪᠦᠵᠢᠭ ᠤᠨ ᠠᠶ᠎ᠠ᠂ ᠬᠦᠭᠵᠢᠮ ᠤᠨ ᠠᠶ᠎ᠠ ᠵᠡᠷᠭᠡ ᠶᠢ 300 ᠭᠠᠷᠤᠢ ᠵᠤᠬᠢᠶᠠᠨ ᠨᠠᠶᠢᠷᠠᠭᠤᠯᠵᠤ᠂ | ᠲᠤᠰ ᠬᠤᠰᠢᠭᠤᠨ ᠤ ᠤᠯᠠᠭᠠᠨᠮᠦ᠋ᠴᠢᠷ ᠤᠨ ᠲᠤᠭᠯᠠᠯᠳᠠ ᠳᠠᠭᠠᠨ ᠬᠡᠷᠡᠭᠯᠡᠭᠰᠡᠨ ᠠᠴᠠ ᠭᠠᠳᠠᠨ᠎ᠠ᠂ ᠲᠡᠭᠦᠨ ᠤ | ᠡᠮᠬᠢᠳᠬᠡᠨ ᠴᠤᠭᠯᠠᠭᠤᠯᠤᠭᠰᠠᠨ ᠠᠷᠠᠳ ᠤᠨ ᠳᠠᠭᠤᠤ ᠶᠢ ︽ᠠᠷᠤ ᠬᠤᠷᠴᠢᠨ ᠤ ᠠᠷᠠᠳ ᠤᠨ ᠳᠠᠭᠤᠤ︾ ᠶᠢᠨ | ᠳᠡᠭᠦᠪᠦᠷᠢ ᠳᠤ ᠤᠷᠤᠭᠤᠯᠤᠨ ᠬᠡᠪᠯᠡᠵᠦ᠂ ᠵᠤᠬᠢᠶᠠᠵᠤ ᠪᠦᠳᠦᠭᠡᠭᠰᠡᠨ ᠳᠠᠭᠤᠤ ᠠᠶᠠᠯᠭᠤ ᠨᠤᠭᠤᠳ ᠨᠢ ︽ᠬᠤᠨ | ᠭᠠᠯᠠᠭᠤ︾᠂ ︽ᠲᠠᠯ᠎ᠠ ᠶᠢᠨ ᠳᠠᠭᠤᠯᠠᠯ︾᠂ ︽ᠤᠯᠠᠭᠠᠨᠮᠦ᠋ᠴᠢᠷ ᠤᠨ ᠲᠣᠭᠯᠠᠯᠳᠠ︾᠂ ︽ᠰᠢᠷᠠᠮᠦ᠋ᠷᠡᠨ︾᠂ ︽ | ᠵᠠᠭᠤᠨ ᠤᠳᠠ︾᠂ ︽ᠦᠪᠦᠷ ᠮᠤᠩᠭᠤᠯ ᠤᠨ ᠡᠳᠦᠷ ᠤᠨ ᠰᠣᠨᠢᠨ︾ ᠵᠡᠷᠭᠡ ᠰᠣᠨᠢᠨ ᠰᠡᠳᠬᠦᠯ ᠳᠡᠭᠡᠷ᠎ᠡ | ᠨᠡᠶᠢᠳᠡᠯᠡᠭᠳᠡᠵᠦ᠂ ᠲᠦᠪ ᠤᠨ ᠷᠠᠳᠢᠣ᠋ ᠨᠡᠪᠳᠡᠷᠡᠭᠦᠯᠭᠡ ᠶᠢᠨ ᠬᠤᠷᠢᠶ᠎ᠠ᠂ ᠦᠪᠦᠷ ᠮᠣᠩᠭᠤᠯ ᠤᠨ ᠷᠠᠳᠢᠤ᠋ ᠨᠡᠪᠳᠡᠷᠡᠭᠦᠯᠭᠡ | ᠶᠢᠨ ᠬᠤᠷᠢᠶ᠎ᠠ᠂ ᠬᠦᠯᠦᠨ ᠪᠤᠶᠢᠷ᠂ ᠵᠢᠷᠢᠮ᠂ ᠤᠯᠠᠭᠠᠨᠬᠠᠳᠠ ᠵᠡᠷᠭᠡ ᠷᠠᠳᠢᠤ᠋ ᠨᠡᠪᠳᠡᠷᠡᠭᠦᠯᠭᠡ ᠶᠢᠨ ᠬᠤᠷᠢᠶᠠᠨ ᠠᠴᠠ | ᠲᠡᠭᠦᠨ ᠤ ᠵᠤᠬᠢᠶᠠᠭᠰᠠᠨ ᠳᠠᠭᠤᠤ ᠬᠦᠭᠵᠢᠮ ᠤᠳ ᠢ ᠨᠡᠪᠳᠡᠷᠡᠭᠦᠯᠦᠭᠰᠡᠭᠡᠷ ᠢᠷᠡᠵᠠᠢ᠃ | ᠵᠢᠭᠮᠡᠳ ᠨᠦᠬᠦᠷ᠂ ᠮᠤᠩᠭᠤᠯ ᠦᠨᠳᠦᠰᠦᠳᠡᠨ ᠤ ᠲᠦᠯᠦᠭᠡᠯᠡᠭᠴᠢ ᠬᠦᠭᠵᠢᠮ ᠪᠤᠯᠬᠤ ᠮᠤᠷᠢᠨ ᠬᠤᠭᠤᠷ ᠢᠶᠠᠷ | ᠢᠶᠠᠨ ᠠᠯᠳᠠᠷᠰᠢᠵᠤ᠂ ᠮᠤᠷᠢᠨ ᠬᠤᠭᠤᠷ ᠤᠨ ᠢᠷᠠᠭᠤ ᠡᠭᠡᠰᠢᠭ ᠢᠶᠠᠨ ᠭᠢᠷᠢᠨ ᠮᠤᠵᠢ᠂ ᠯᠢᠶᠤᠤᠨᠢᠩ ᠮᠤᠵᠢ᠂ ᠦᠪᠦᠷ | ᠮᠣᠩᠭᠤᠯ ᠣᠷᠤᠨ ᠳᠠᠶᠠᠭᠠᠷ ᠬᠠᠩᠭᠢᠨᠠᠭᠤᠯᠵᠤ᠂ ᠣᠷᠤᠨ ᠨᠤᠳᠤᠭ ᠲᠠᠭᠠᠨ ᠢᠷᠠᠭᠤ ᠠᠯᠳᠠᠷ ᠢ ᠠᠪᠴᠢᠷᠠᠵᠤ | ᠦᠭᠭᠦᠭᠰᠡᠨ ᠶᠤᠮ᠃ 1973 ᠣᠨ ᠳᠤ ᠪᠤᠯᠤᠭᠰᠠᠨ ︽ᠯᠢᠶᠤᠤᠨᠢᠩ ᠮᠤᠵᠢ ᠶᠢᠨ ︵ᠵᠢᠨᠵᠸᠦ ᠬᠡᠰᠡᠭ ᠤᠨ︶ | ᠣᠳᠬ᠎ᠠ ᠤᠷᠠᠯᠢᠭ ᠤᠨ ᠮᠦᠷᠦᠶᠢᠴᠡᠭᠡᠨ︾ ᠳᠤ ᠵᠢᠭᠮᠡᠳ ᠨᠦᠬᠦᠷ ᠬᠤᠭᠤᠷ ᠤᠨ ᠭᠤᠴᠤᠯᠠᠯ ᠬᠦᠭᠵᠢᠮ ︽ᠠᠯᠳᠠᠨ | ᠬᠢᠯᠢ ᠶᠢᠨ ᠬᠠᠶᠢᠭᠤᠯᠴᠢᠨ︾ ᠬᠡᠬᠦ ᠬᠦᠭᠵᠢᠮ ᠢᠶᠠᠷ ᠢᠶᠠᠨ ᠪᠦᠬᠦ ᠦᠵᠡᠭᠴᠢᠳ ᠤᠨ ᠮᠠᠭᠳᠠᠭᠠᠯ ᠰᠠᠶᠢᠰᠢᠶᠠᠯ ᠢ ᠣᠯᠵᠤ᠂ | ᠶᠡᠭᠡ ᠬᠤᠷᠠᠯ ᠤᠨ ︽ᠲᠤᠪᠴᠢ ᠮᠡᠳᠡᠭᠡᠨ︾ ᠳᠤ ᠲᠤᠰᠬᠠᠶᠢᠯᠠᠨ ᠲᠡᠭᠦᠨ ᠢ ᠲᠠᠨᠢᠯᠴᠠᠭᠤᠯᠤᠭᠰᠠᠨ ᠪᠠᠶᠢᠨ᠎ᠠ᠃ | 1975 ᠣᠨ ᠳᠤ ᠯᠢᠶᠤᠤᠨᠢᠩ ᠮᠤᠵᠢ ᠳᠤ ᠪᠤᠯᠤᠭᠰᠠᠨ ︽ᠪᠦᠬᠦ ᠤᠯᠤᠰ ᠤᠨ ᠭᠤᠷᠪᠠᠨ ᠭᠤᠴᠤᠯᠠᠯ ︵ᠭᠤᠴᠤᠯᠠᠯ | ᠬᠦᠭᠵᠢᠮ᠂ ᠭᠤᠴᠤᠯᠠᠯ ᠳᠠᠭᠤᠤ᠂ ᠭᠤᠴᠤᠯᠠᠯ ᠪᠦᠵᠢᠭ︶ ︾ ᠤᠨ ᠤᠷᠤᠯᠳᠤᠭᠠᠨ ᠳᠤ ᠤᠷᠤᠯᠴᠠᠵᠤ᠂ ᠦᠵᠡᠭᠴᠢᠳ | ᠤᠨ ᠬᠠᠯᠠᠭᠤᠨ ᠬᠦᠷᠢᠶᠡᠯᠡᠯ ᠢ ᠤᠯᠤᠭᠰᠠᠨ ᠶᠤᠮ᠃ ᠲᠡᠷᠡ ᠬᠦᠭᠵᠢᠮᠳᠡᠬᠦ ᠤᠷᠠᠨ ᠮᠡᠷᠭᠡᠵᠢᠯ ᠢᠶᠠᠨ ᠲᠠᠰᠤᠷᠠᠯᠳᠠ ᠦᠭᠡᠢ | ᠳᠡᠭᠡᠭᠰᠢᠯᠡᠭᠦᠯᠵᠦ᠂ ᠮᠤᠷᠢᠨ ᠬᠤᠭᠤᠷ ᠤᠨ ᠭᠤᠴᠤᠯᠠᠯ ᠬᠦᠭᠵᠢᠮ᠂ ᠮᠤᠷᠢᠨ ᠬᠤᠭᠤᠷ ᠤᠨ ᠬᠤᠤᠰᠯᠠᠯ ᠬᠦᠭᠵᠢᠮ᠂ | ᠮᠤᠷᠢᠨ ᠬᠤᠭᠤᠷ ᠤᠨ ᠭᠤᠷᠪᠠᠯᠠᠯ ᠬᠦᠭᠵᠢᠮ ᠵᠡᠷᠭᠡ ᠣᠯᠠᠨ ᠬᠡᠯᠪᠡᠷᠢ ᠶᠢᠨ ᠬᠦᠭᠵᠢᠮ ᠤᠨ ᠠᠶᠠᠯᠭᠤ ᠵᠤᠬᠢᠶᠠᠵᠤ | ᠬᠦᠭᠵᠢᠮᠳᠡᠨ᠂ ᠠᠯᠳᠠᠷ ᠨᠡᠷ᠎ᠡ ᠪᠠᠨ ᠮᠠᠨᠳᠤᠭᠤᠯᠵᠤ ᠶᠠᠪᠤᠭᠰᠠᠨ ᠶᠤᠮ᠃ | 1979 ᠣᠨ ᠳᠤ ︽ᠪᠦᠬᠦ ᠠᠶᠢᠮᠠᠭ ᠤᠨ ᠮᠤᠷᠢᠨ ᠬᠤᠭᠤᠷ ᠤᠨ ᠪᠤᠯᠪᠠᠰᠤᠷᠠᠯ ᠤᠨ ᠠᠩᠬᠢ︾ ᠶᠢ ᠠᠷᠤ | ᠬᠤᠷᠴᠢᠨ ᠬᠤᠰᠢᠭᠤᠨ ᠳᠤ ᠡᠷᠬᠢᠯᠡᠵᠦ᠂ ᠵᠢᠭᠮᠡᠳ ᠨᠦᠬᠦᠷ ᠢ ᠲᠤᠰᠬᠠᠶᠢᠯᠠᠨ ᠤᠷᠢᠵᠤ ᠪᠠᠭᠰᠢᠯᠠᠭᠤᠯᠤᠭᠰᠠᠨ ᠳᠤ | ᠵᠢᠭᠮᠡᠳ ᠨᠦᠬᠦᠷ ᠦᠪᠡᠷᠳᠡᠭᠡᠨ ︽ᠮᠤᠷᠢᠨ ᠬᠤᠭᠤᠷ ᠤᠨ ᠬᠦᠭᠵᠢᠮᠳᠡᠬᠦ ᠠᠷᠭ᠎ᠠ︾ ᠶᠢ ᠵᠤᠬᠢᠶᠠᠨ ᠨᠠᠶᠢᠷᠠᠭᠤᠯᠵᠤ᠂ | ᠠᠶᠢᠮᠠᠭ ᠬᠤᠳᠠ ᠶᠢᠨ ᠢᠶᠠᠨ ᠵᠠᠯᠠᠭᠤ ᠬᠦᠭᠵᠢᠮᠴᠢᠳ ᠢ ᠬᠦᠮᠦᠵᠢᠭᠦᠯᠵᠠᠢ᠃ ᠡᠭᠦᠨ ᠤ ᠳᠤᠲᠤᠷ᠎ᠠ ᠠᠴᠠ ᠨᠡᠯᠢᠶᠡᠳ | ᠨᠦᠯᠦᠭᠡ ᠲᠠᠢ ᠵᠠᠯᠠᠭᠤ ᠬᠦᠭᠵᠢᠮᠴᠢᠨ ᠮᠢᠩᠭᠠᠳ · ᠪᠠᠶᠠᠷ᠎ᠠ᠂ ᠳᠡᠯᠭᠡᠷ᠂ ᠮᠦᠩᠬᠡᠪᠠᠭᠠᠳᠤᠷ ᠨᠠᠷ ᠴᠣᠯᠭᠤᠷᠠᠨ ᠭᠠᠷᠴᠠᠢ᠃ | | 1979 ᠣᠨ ᠳᠤ ︽ᠪᠦᠬᠦ ᠠᠶᠢᠮᠠᠭ ᠤᠨ ᠤᠯᠠᠭᠠᠨᠮᠦ᠋ᠴᠢᠷ ᠤᠨ ᠦᠵᠡᠭᠦᠯᠦᠯᠭᠡ ᠶᠢᠨ ᠬᠤᠷᠠᠯᠳᠤᠭᠠᠨ︾ | ᠳᠡᠭᠡᠷ᠎ᠡ ᠵᠢᠭᠮᠡᠳ ᠨᠦᠬᠦᠷ ᠤᠨ ᠤ · ᠪᠤᠶ᠋ᠬᠠᠦ᠋ᠯᠵᠡᠢ ᠲᠠᠢ ᠬᠠᠮᠵᠢᠯᠴᠠᠭᠰᠠᠨ ᠡᠷᠡᠭᠲᠠᠢ ᠡᠮᠡᠭᠲᠠᠢ ᠶᠢᠨ ᠬᠤᠤᠰᠯᠠᠯ ᠳᠠᠭᠤᠤ | ︽ᠵᠢᠷᠦᠬᠡ ᠪᠠᠨ ᠬᠤᠯᠪᠤᠭᠰᠠᠨ ᠬᠤᠶᠠᠷ︾ ᠨᠢ ᠱᠠᠩᠨᠠᠯ ᠤᠯᠵᠤ᠂ 1980 ᠣᠨ ᠤ 6 ᠰᠠᠷ᠎ᠠ ᠳᠤ ᠤᠯᠠᠭᠠᠨᠬᠠᠳᠠ | ᠳᠤ ᠪᠣᠯᠤᠭᠰᠠᠨ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︵ᠵᠤᠤ ᠤᠳᠠ᠂ ᠵᠢᠷᠢᠮ᠂ ᠬᠦᠯᠦᠨ | ᠪᠤᠶᠢᠷ︶ ᠤᠯᠠᠭᠠᠨᠮᠦ᠋ᠴᠢᠷ ᠤᠨ ᠦᠵᠡᠭᠦᠯᠦᠯᠭᠡ︾ ᠳᠤ ᠶᠧᠰᠢ ᠲᠠᠢ ᠬᠠᠮᠳᠤᠷᠠᠭᠰᠠᠨ ᠪᠦᠵᠢᠭ ᠤᠨ ᠠᠶᠠᠯᠭᠤ ︽ᠡᠵᠢ | ᠶᠢᠨ ᠰᠤᠷᠭᠠᠯ︾᠂ ᠦᠪᠡᠷᠳᠡᠭᠡᠨ ᠵᠤᠬᠢᠶᠠᠵᠤ ᠬᠦᠭᠵᠢᠮᠳᠡᠭᠰᠡᠨ ᠮᠤᠷᠢᠨ ᠬᠤᠭᠤᠷ ᠤᠨ ᠭᠤᠴᠤᠯᠠᠯ ᠬᠦᠭᠵᠢᠮ ︽ | ᠣᠳᠤᠷ ᠤᠨ ᠵᠠᠯᠠᠭᠤᠴᠤᠳ︾᠂ ︽ᠵᠤᠰᠠᠯᠠᠩ ᠳᠡᠭᠡᠷ᠎ᠡ︾ ᠵᠡᠷᠭᠡ ᠵᠤᠬᠢᠶᠠᠯ ᠪᠦᠳᠦᠭᠡᠯ ᠨᠢ ᠱᠠᠩᠨᠠᠯ ᠬᠦᠷᠳᠡᠵᠦ᠂ | ᠲᠤᠰ ᠵᠢᠯ ᠤᠨ 10 ᠰᠠᠷ᠎ᠠ ᠳᠤ ᠲᠦᠩᠯᠢᠶᠤᠤ ᠳᠤ ᠪᠤᠯᠤᠭᠰᠠᠨ ︽ᠲᠦᠪ ᠤᠨ ᠷᠠᠳᠢᠤ᠋ ᠨᠡᠪᠳᠡᠷᠡᠭᠦᠯᠭᠡ ᠶᠢᠨ ᠬᠤᠷᠢᠶᠠᠨ | ᠤ ᠦᠨᠳᠦᠰᠦᠳᠡᠨ ᠤ ᠬᠡᠯᠳᠡᠰ᠂ ᠦᠪᠦᠷ ᠮᠣᠩᠭᠤᠯ ᠤᠨ ᠷᠠᠳᠢᠣ᠋ ᠨᠡᠪᠳᠡᠷᠡᠭᠦᠯᠭᠡ ᠶᠢᠨ ᠬᠤᠷᠢᠶ᠎ᠠ᠂ ᠬᠦᠯᠦᠨ ᠪᠤᠶᠢᠷ᠂ | ᠵᠢᠷᠢᠮ᠂ ᠵᠤᠤ ᠤᠳᠠ ᠵᠡᠷᠭᠡ ᠳᠠᠪᠤᠨ ᠷᠠᠳᠢᠤ᠋ ᠬᠤᠷᠢᠶ᠎ᠠ ᠶᠢᠨ ᠬᠠᠮᠳᠤᠷᠠᠭᠰᠠᠨ ᠰᠢᠩᠭᠡᠭᠡᠯᠳᠡ︾ ᠳᠤ ᠣᠷᠤᠯᠴᠠᠵᠤ᠂ | ᠵᠢᠭᠮᠡᠳ ᠨᠦᠬᠦᠷ ᠤᠨ ᠵᠤᠬᠢᠶᠠᠭᠰᠠᠨ ᠭᠤᠴᠤᠯᠠᠯ ᠳᠠᠭᠤᠤ᠂ ᠨᠠᠶᠢᠷᠠᠯ ᠳᠠᠭᠤᠤ᠂ ᠮᠤᠷᠢᠨ ᠬᠤᠭᠤᠷ ᠤᠨ ᠬᠦᠭᠵᠢᠮ᠂ | ᠠᠷᠠᠳ ᠤᠨ ᠬᠦᠭᠵᠢᠮ ᠵᠡᠷᠭᠡ ᠨᠢ ᠨᠡᠶᠢᠳᠡ 18 ᠰᠢᠩᠭᠡᠭᠡᠭᠳᠡᠭᠰᠡᠨ ᠶᠤᠮ᠃ 1981 ᠣᠨ ᠳᠤ ᠲᠦᠪ ᠤᠨ ᠷᠠᠳᠢᠤ᠋ | ᠨᠡᠪᠳᠡᠷᠡᠭᠦᠯᠭᠡ ᠶᠢᠨ ᠬᠤᠷᠢᠶ᠎ᠠ᠂ ᠦᠪᠦᠷ ᠮᠤᠩᠭᠤᠯ ᠤᠨ ᠷᠠᠳᠢᠤ᠋ ᠨᠡᠪᠳᠡᠷᠡᠭᠦᠯᠭᠡ ᠶᠢᠨ ᠬᠤᠷᠢᠶᠠᠨ ᠠᠴᠠ ᠵᠢᠭᠮᠡᠳ ᠤᠨ | ᠲᠤᠬᠠᠢ ᠲᠤᠰᠬᠠᠢ ᠲᠠᠨᠢᠯᠴᠠᠭᠤᠯᠭ᠎ᠠ ᠬᠢᠵᠤ᠂ ᠲᠡᠭᠦᠨ ᠤ ᠵᠤᠬᠢᠶᠠᠭᠰᠠᠨ ᠳᠠᠭᠤᠤ ᠬᠦᠭᠵᠢᠮ ᠠᠴᠠ ᠨᠡᠪᠳᠡᠷᠡᠭᠦᠯᠦᠭᠰᠡᠨ | ᠪᠠᠶᠢᠨ᠎ᠠ᠃ | 1981 ᠣᠨ ᠳᠤ ᠲᠡᠭᠦᠨ ᠤ ᠲᠤ᠋ · ᠡᠷᠳᠡᠨᠢᠮᠦ᠋ᠩᠬᠡ ᠲᠠᠢ ᠬᠠᠮᠵᠢᠯᠴᠠᠭᠰᠠᠨ ︽ᠠᠷᠠᠳ ᠤᠨ ᠳᠠᠭᠤᠤ ᠮᠢᠨᠢ︾ | ᠂ ᠤ · ᠪᠤᠶ᠋ᠬᠠᠦ᠋ᠯᠵᠡᠢ ᠲᠠᠢ ᠬᠤᠷᠰᠢᠭᠰᠠᠨ ︽ᠠᠮᠠᠷᠠᠭ ᠤᠨ ᠵᠦᠭᠡᠯᠡᠨ ᠢᠨᠢᠶᠡᠳᠦ︾ ᠬᠡᠰᠡᠨ ᠬᠤᠶᠠᠷ ᠳᠠᠭᠤᠤ ᠨᠢ | ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ ᠤ ᠰᠣᠶᠤᠯ ᠤᠨ ᠲᠢᠩᠬᠢᠮ᠂ ᠦᠪᠦᠷ ᠮᠤᠩᠭᠤᠯ ᠤᠨ ᠷᠠᠳᠢᠤ᠋ | ᠨᠡᠪᠳᠡᠷᠡᠭᠦᠯᠭᠡ ᠶᠢᠨ ᠬᠤᠷᠢᠶ᠎ᠠ᠂ ᠦᠪᠦᠷ ᠮᠤᠩᠭᠤᠯ ᠤᠨ ᠳᠠᠭᠤᠤ ᠬᠦᠭᠵᠢᠮ ᠤᠨ ᠨᠡᠶᠢᠭᠡᠮᠯᠢᠭ ᠠᠴᠠ ᠬᠠᠮᠳᠤᠷᠠᠨ | ᠡᠷᠬᠢᠯᠡᠭᠰᠡᠨ ᠲᠠᠷᠢᠶᠠᠯᠠᠬᠤ ᠮᠠᠯᠵᠢᠬᠤ ᠣᠷᠤᠨ ᠳᠤ ᠲᠦᠭᠡᠮᠡᠯᠵᠢᠭᠦᠯᠬᠦ 10 ᠳᠠᠭᠤᠤ ᠳᠤ ᠰᠣᠩᠭᠤᠭᠳᠠᠨ ᠣᠷᠤᠵᠤ᠂ ︽ | ᠦᠪᠦᠷ ᠮᠤᠩᠭᠤᠯ ᠤᠨ ᠡᠳᠦᠷ ᠤᠨ ᠰᠣᠨᠢᠨ︾ ᠳᠡᠭᠡᠷ᠎ᠡ ᠨᠡᠶᠢᠳᠡᠯᠡᠭᠳᠡᠭᠰᠡᠨ ᠪᠦᠭᠡᠳ ᠯ᠊ · ᠣᠳᠽᠠᠷ ᠲᠠᠢ | ᠬᠠᠮᠵᠢᠯᠴᠠᠭᠰᠠᠨ ︽ᠬᠤᠨᠳᠤ ᠨᠠᠭᠤᠷ ᠤᠨ ᠤᠰᠤ︾᠂ ᠲᠤ᠋ · ᠡᠷᠳᠡᠨᠢᠮᠦ᠋ᠩᠬᠡ ᠲᠠᠢ ᠬᠤᠷᠰᠢᠭᠰᠠᠨ ︽ᠳᠠᠯᠠᠢ ᠨᠠᠭᠤᠷ︾ | ᠂ ᠤ · ᠪᠤᠶ᠋ᠬᠠᠦ᠋ᠯᠵᠡᠢ ᠲᠠᠢ ᠬᠠᠮᠳᠤᠷᠠᠭᠰᠠᠨ ︽ᠪᠠᠭ᠋ᠠᠷᠠᠯ ᠢ ᠳᠠᠳᠠᠭᠰᠠᠨ ᠲᠠᠯ᠎ᠠ ᠨᠤᠳᠤᠭ︾᠂ ᠵᠢ᠊ · ᠡᠷᠳᠡᠨᠢ ᠲᠠᠢ | ᠬᠠᠮᠵᠢᠯᠴᠠᠭᠰᠠᠨ ︽ᠤᠯᠠᠭᠠᠨ ᠬᠤᠸᠠᠷ︾᠂ ᠲᠡᠮᠦᠷ᠎ᠡ ᠲᠠᠢ ᠬᠤᠷᠰᠢᠭᠰᠠᠨ ︽ᠦᠯᠦᠭᠡᠢ︾᠂ ︽ᠠᠯᠳᠠᠨ ᠬᠢᠯᠢ ᠶᠢᠨ | ᠮᠤᠷᠢᠳᠤ ᠴᠡᠷᠢᠭ︾ ᠵᠡᠷᠭᠡ ᠳᠠᠭᠤᠤ ᠨᠤᠭᠤᠳ ᠨᠢ ᠦᠪᠦᠷ ᠮᠤᠩᠭᠤᠯ ᠤᠷᠤᠨ ᠳᠤ ᠦᠷᠭᠡᠨ ᠢᠶᠠᠷ ᠲᠠᠷᠬᠠᠭᠰᠠᠨ ᠪᠢᠯᠡ᠃ | | ᠲᠡᠭᠦᠨ ᠤ ᠵᠤᠬᠢᠶᠠᠭᠰᠠᠨ ︽ᠮᠠᠨ ᠤ ᠨᠤᠳᠤᠭ︾᠂ ︽ᠪᠣᠯᠵᠤᠭᠠᠨ ᠳᠠᠭᠠᠨ︾᠂ ︽ᠪᠣᠳᠤᠭᠰᠠᠨ ᠢᠶᠠᠨ | ᠶᠠᠭᠠᠬᠢᠵᠤ ᠴᠦ ᠬᠡᠯᠡᠬᠦ ᠪᠢᠯᠡ︾ ᠭᠡᠰᠡᠨ ᠳᠠᠭᠤᠤ ᠨᠤᠭᠤᠳ ᠢ ᠠᠯᠳᠠᠷᠳᠤ ᠳᠠᠭᠤᠴᠢᠨ ᠯᠾᠠᠰᠦ᠋ᠷᠦᠩ ᠳᠠᠭᠤᠯᠠᠭᠰᠠᠨ | ᠪᠦᠭᠡᠳ ︽ᠠᠷᠠᠳ ᠤᠨ ᠳᠠᠭᠤᠤ ᠮᠢᠨᠢ︾ ᠭᠡᠰᠡᠨ ᠳᠠᠭᠤᠤ ᠶᠢ ᠳᠠᠭᠤᠴᠢᠨ ᠰᠤᠳᠮᠢᠳ ᠳᠠᠭᠤᠯᠠᠵᠤ᠂ ᠳᠤᠮᠳᠠᠳᠤ | ᠤᠯᠤᠰ ᠤᠨ ᠳᠠᠭᠤᠤ ᠰᠢᠩᠭᠡᠭᠡᠯᠳᠡ ᠶᠢᠨ ᠺᠤᠮᠫᠠᠨᠢ ᠶᠢᠨ ᠰᠢᠩᠭᠡᠭᠡᠯᠳᠡ ᠳᠤ ᠰᠢᠩᠭᠡᠭᠡᠵᠦ ᠪᠦᠬᠦ ᠤᠯᠤᠰ ᠲᠤ | ᠲᠠᠷᠬᠠᠭᠠᠭᠰᠠᠨ ᠪᠠᠶᠢᠨ᠎ᠠ᠃ | ᠦᠪᠡᠷᠳᠡᠭᠡᠨ ᠵᠠᠰᠠᠬᠤ ᠣᠷᠤᠨ ᠪᠠᠶᠢᠭᠤᠯᠤᠭᠳᠠᠭᠰᠠᠨ 40 ᠵᠢᠯ ᠤᠨ ᠣᠢ ᠶᠢ ᠪᠡᠯᠭᠡᠯᠡᠬᠦ ᠳᠤ ᠵᠤᠷᠢᠭᠤᠯᠤᠭᠰᠠᠨ | ︽ᠦᠪᠦᠷ ᠮᠣᠩᠭᠤᠯ ᠤᠨ ᠳᠠᠭᠤᠤ ᠶᠢᠨ ᠲᠡᠭᠦᠪᠦᠷᠢ︾ ᠳᠤ ︽ᠨᠠᠢᠮᠠᠨ ᠰᠢᠷᠭ᠎ᠠ︾ ᠭᠡᠰᠡᠨ ᠳᠠᠭᠤᠤ ᠨᠢ | ᠰᠤᠩᠭᠤᠭᠳᠠᠵᠤ᠂ ︽ᠵᠤᠤ ᠤᠳᠠ ᠶᠢᠨ ᠵᠠᠭᠤᠨ ᠳᠠᠭᠤᠤ︾ ᠶᠢᠨ ᠳᠡᠭᠦᠪᠦᠷᠢ ᠳᠤ ᠲᠡᠭᠦᠨ ᠤ 19 ᠳᠠᠭᠤᠤ | ᠰᠤᠩᠭᠤᠭᠳᠠᠨ ᠣᠷᠤᠭᠰᠠᠨ ᠶᠤᠮ᠃ | 1988 ᠣᠨ ᠤ 1 ᠰᠠᠷ᠎ᠠ ᠳᠤ ᠵᠢᠭᠮᠡᠳ ᠨᠦᠬᠦᠷ ᠦᠢᠯᠡᠰ ᠪᠦᠳᠦᠭᠡᠬᠦ ᠢᠳᠡᠷ ᠨᠠᠰᠤᠨ ᠳᠠᠭᠠᠨ ᠡᠪᠡᠳᠴᠢᠨ | ᠢᠶᠠᠷ ᠶᠢᠷᠳᠢᠨᠴᠦ ᠠᠴᠠ ᠠᠩᠭᠢᠵᠢᠷᠠᠵᠠᠢ᠃ ᠵᠢᠭᠮᠡᠳ ᠨᠦᠬᠦᠷ ᠤᠨ ᠳᠠᠭᠤᠤ᠂ ᠠᠶᠠᠯᠭᠤ᠂ ᠬᠦᠭᠵᠢᠮ ᠤᠨ ᠲᠠᠯ᠎ᠠ ᠪᠠᠷ | ᠮᠠᠨ ᠤ ᠬᠤᠳᠠ᠂ ᠤᠷᠤᠨ ᠳᠤ ᠦᠵᠡᠭᠦᠯᠦᠭᠰᠡᠨ ᠠᠯᠳᠠᠷ ᠭᠠᠪᠢᠶ᠎ᠠ ᠨᠢ ᠤᠷᠠᠯᠢᠭ ᠤᠨ ᠦᠢᠯᠡᠰ ᠤᠨ ᠬᠦᠭᠵᠢᠯᠳᠡ ᠶᠢᠨ | ᠲᠡᠦᠬᠡᠨ ᠳᠤ ᠬᠢᠯᠠᠯᠵᠠᠮ᠎ᠠ ᠨᠢᠭᠡᠨ ᠬᠠᠭᠤᠳᠠᠰᠤ ᠪᠤᠯᠵᠤ ᠳᠤᠷᠠᠰᠬᠠᠭᠳᠠᠨ ᠳᠡᠮᠳᠡᠭᠯᠡᠭᠳᠡᠬᠦ ᠶᠤᠰᠤᠲᠠᠢ᠂ ᠵᠢᠭᠮᠡᠳ ᠨᠦᠬᠦᠷ | ᠤᠨ ᠤᠷᠠᠨ ᠠᠶ᠎ᠠ ᠤᠶᠠᠩᠭ᠎ᠠ ᠶᠢᠨ ᠴᠤᠤᠷᠢᠶ᠎ᠠ ᠨᠢ ᠦᠷᠭᠡᠨ ᠤᠯᠠᠨ ᠲᠦᠮᠡᠨ ᠤ ᠳᠤᠮᠳᠠ ᠦᠨᠢᠳᠡ ᠴᠤᠤᠷᠢᠶᠠᠳᠤᠬᠤ | ᠨᠢ ᠯᠠᠪᠳᠠᠢ︕ | ᠵᠢᠭᠮᠡᠳ ᠨᠦᠬᠦᠷ ᠠᠮᠢᠳᠤ ᠰᠡᠷᠡᠭᠦᠨ ᠪᠠᠶᠢᠬᠤ ᠳᠠᠭᠠᠨ ᠳᠤᠮᠳᠠᠳᠤ ᠤᠯᠤᠰ ᠤᠨ ᠳᠠᠭᠤᠤ ᠬᠦᠭᠵᠢᠮ ᠤᠨ | ᠨᠡᠶᠢᠭᠡᠮᠯᠢᠭ ᠤᠨ ᠦᠪᠦᠷ ᠮᠤᠩᠭᠤᠯ ᠤᠨ ᠬᠤᠪᠢᠶᠠᠷᠢ ᠨᠡᠶᠢᠭᠡᠮᠯᠢᠭ ᠤᠨ ᠭᠡᠰᠢᠭᠦᠨ᠂ ᠤᠯᠠᠭᠠᠨᠬᠠᠳᠠ ᠬᠤᠳᠠ ᠶᠢᠨ | ᠳᠠᠭᠤᠤ ᠬᠦᠭᠵᠢᠮ ᠤ ᠨᠡᠶᠢᠭᠡᠮᠯᠢᠭ ᠤᠨ ᠬᠡᠷᠡᠭ ᠡᠷᠬᠢᠯᠡᠭᠴᠢ᠂ ᠠᠷᠤ ᠬᠤᠷᠴᠢᠨ ᠬᠤᠰᠢᠭᠤᠨ ᠤ ᠤᠯᠤᠰ ᠲᠦᠷᠦ ᠶᠢᠨ | ᠵᠦᠪᠯᠡᠯᠭᠡᠨ ᠤ ᠭᠡᠰᠢᠭᠦᠨ ᠪᠠᠶᠢᠭᠰᠠᠨ ᠪᠦᠭᠡᠳ ᠤᠯᠠᠭᠠᠨᠬᠠᠳᠠ ᠬᠤᠳᠠ ᠶᠢᠨ ︽ᠪᠦᠬᠦ ᠬᠤᠳᠠ ᠶᠢᠨ ᠵᠠᠯᠠᠭᠤᠴᠤᠳ ᠤᠨ | ᠦᠪᠡᠷᠳᠡᠭᠡᠨ ᠰᠤᠷᠴᠤ ᠴᠢᠳᠠᠪᠤᠷᠢᠳᠠᠨ ᠪᠤᠯᠤᠭᠰᠠᠨ︾ ᠠᠯᠳᠠᠷ ᠴᠤᠯᠠ ᠲᠠᠢ ᠶᠤᠮ᠃ ︵ᠪ᠊ · ᠲᠡᠮᠦᠷᠭᠤᠣᠯᠲᠣ︶ | |