ᠤᠷᠠᠨ ᠪᠢᠴᠢᠯᠭᠡᠳᠡᠨ᠂ ᠵᠢᠷᠤᠭᠴᠢᠨ᠂ ᠰᠡᠶᠢᠯᠦᠮᠡᠯᠴᠢᠨ — ᠰᠢᠨᠢᠨᠢᠭᠡᠨ
ᠨᠡᠶᠢᠲᠡᠯᠡᠭᠰᠡᠨ ᠴᠠᠭ᠄
2018/11/22
     ᠰᠢᠨᠢᠨᠢᠭᠡᠨ ᠭᠤᠸᠠᠢ 1950 ᠣᠨ ᠤ 1 ᠰᠠᠷ᠎ᠠ ᠳᠤ ᠠᠷᠤ ᠬᠤᠷᠴᠢᠨ ᠬᠤᠰᠢᠭᠤᠨ ᠤ ᠪᠠᠶᠠᠨᠬᠤᠸᠠ ᠭᠦᠩᠱᠧ  ᠶᠢᠨ ᠤᠯᠠᠭᠠᠨᠰᠦ᠋ᠮ᠎ᠡ ᠶᠢᠨ ᠠᠶᠢᠯ ᠳᠤ ᠲᠦᠷᠦᠵᠦ ᠦᠰᠪᠡ᠃ 1965 ᠣᠨ ᠤ ᠨᠠᠮᠤᠷ᠂ ᠲᠡᠷᠡ ᠪᠠᠶᠠᠨᠬᠤᠸᠠ ᠭᠤᠤᠯ ᠬᠦᠢᠰᠦᠨ ᠰᠤᠷᠭᠠᠭᠤᠯᠢ ᠠᠴᠠ ᠴᠢᠪᠠᠭ᠎ᠠ ᠬᠤᠶᠠᠳᠤᠭᠠᠷ ᠳᠤᠮᠳᠠᠳᠤ ᠰᠤᠷᠭᠠᠭᠤᠯᠢ ᠳᠤ ᠰᠢᠯᠭᠠᠨ ᠣᠷᠤᠵᠤ ᠰᠤᠷᠤᠯᠴᠠᠪᠠ ᠃ ᠰᠢᠨᠢᠨᠢᠭᠡᠨ ᠢ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠬᠤ ᠦᠶ᠎ᠡ ᠳᠤ ︽ᠦᠭᠡᠶᠢᠭᠦᠦ ᠠᠩᠬᠢ ᠶᠢᠨ ᠰᠣᠶᠣᠯ ᠤᠨ ᠶᠡᠭᠡ ᠬᠤᠪᠢᠰᠬᠠᠯ︾ ᠡᠭᠦᠰᠴᠦ᠂ ᠡᠳᠦᠷᠵᠢᠨ ᠰᠦᠨᠢᠵᠢᠨ ᠪᠤᠷᠤᠭᠤᠰᠢᠶᠠᠨ ᠰᠢᠭᠦᠮᠵᠢᠯᠡᠬᠦ᠂ ᠲᠡᠮᠡᠴᠡᠬᠦ ᠠᠵᠢᠯᠯᠠᠭᠠᠨ ᠳᠠᠰᠤᠷᠠᠬᠤ ᠦᠭᠡᠢ᠂ ᠬᠢᠴᠢᠶᠡᠯ ᠰᠤᠷᠤᠯᠭ᠎ᠠ ᠶᠢ ᠨᠦᠯᠦᠭᠡᠯᠡᠵᠦ ᠪᠠᠶᠢᠭᠰᠠᠨ ᠲᠤᠯᠠ ᠰᠢᠨᠢᠨᠢᠭᠡᠨ ᠠᠷᠭ᠎ᠠ ᠪᠤᠰᠤ 1968 ᠣᠨ ᠳᠤ ᠰᠤᠷᠤᠯᠭ᠎ᠠ ᠪᠠᠨ ᠳᠤᠷᠭᠤᠨ ᠵᠤᠭᠰᠤᠵᠤ᠂ ᠠᠷᠣ ᠭᠡᠷ ᠲᠡᠭᠡᠨ ᠬᠠᠷᠢᠵᠣ ᠨᠡᠶᠢᠳᠡ ᠶᠢᠨ ᠬᠦᠳᠡᠯᠮᠦᠷᠢ ᠳᠤ ᠣᠷᠤᠯᠴᠠᠪᠠ᠃ 1970 ᠣᠨ ᠳᠤ ᠪᠠᠶᠠᠨᠬᠤᠸᠠ ᠭᠤᠤᠯ ᠰᠤᠷᠭᠠᠭᠤᠯᠢ ᠶᠢᠨ ᠬᠢᠨ ᠲᠡᠭᠦᠨ ᠤ ᠰᠤᠷᠤᠯᠭ᠎ᠠ ᠰᠠᠶᠢᠨ᠂ ᠪᠢᠴᠢᠵᠦ ᠵᠢᠷᠤᠬᠤ ᠳᠠᠭᠠᠨ ᠠᠪᠢᠶᠠᠰ ᠲᠠᠢ ᠳᠤᠨᠢ ᠰᠤᠷᠭᠠᠭᠤᠯᠢ ᠳᠠᠭᠠᠨ ᠣᠷᠢᠵᠤ ᠪᠠᠭᠰᠢ ᠪᠤᠯᠭᠠᠪᠠ᠃ ᠲᠡᠷᠡ ᠪᠠᠭᠰᠢ ᠪᠠᠶᠢᠬᠤ ᠬᠤᠭᠤᠴᠠᠭᠠᠨ ᠳᠠᠭᠠᠨ ᠵᠢᠱᠢᠶᠡᠴᠢ ᠪᠠᠭᠰᠢ ᠶᠢᠨ ᠱᠠᠩᠨᠠᠯ ᠬᠦᠬᠢᠭᠦᠯᠦᠯ ᠢ ᠣᠯᠠᠨᠳᠠ ᠬᠦᠷᠳᠡᠵᠦ ᠪᠠᠶᠢᠭᠰᠠᠨ ᠶᠤᠮ᠃ ᠰᠢᠨᠢᠨᠢᠭᠡᠨ 1972 ᠣᠨ ᠳᠤ ᠪᠠᠶᠠᠨᠬᠤᠸᠠ ᠭᠦᠩᠱᠧ ᠶᠢᠨ ᠷᠠᠳᠢᠤ᠋ ᠨᠡᠪᠳᠡᠷᠡᠭᠦᠯᠭᠡ ᠶᠢᠨ ᠦᠷᠳᠡᠭᠡᠨ ᠳᠤ ᠠᠵᠢᠯ ᠰᠢᠯᠵᠢᠵᠦ᠂ ᠳᠡᠮᠡᠢ ᠤᠳᠠᠯ ᠦᠭᠡᠢ ᠭᠦᠩᠱᠧ ᠶᠢᠨ ᠠᠮᠤ ᠪᠤᠳᠠᠭᠠᠨ ᠤ ᠦᠷᠳᠡᠭᠡᠨ ᠳᠤ ᠠᠵᠢᠯᠯᠠᠪᠠ᠃ 1975 ᠣᠨ ᠳᠤ ᠬᠤᠰᠢᠭᠤᠨ ᠤ ᠰᠣᠶᠤᠯ ᠭᠡᠭᠡᠷᠡᠯ ᠤᠨ ᠰᠠᠯᠠᠭ᠎ᠠ ᠮᠦᠴᠢᠷ ᠤᠨ ᠤᠳᠤᠷᠢᠳᠤᠯᠭ᠎ᠠ ᠠᠴᠠ ᠰᠢᠨᠢᠨᠢᠭᠡᠨ ᠤ ᠤᠷᠠᠨ ᠪᠢᠴᠢᠯᠭᠡ᠂ ᠤᠷᠠᠨ ᠵᠢᠷᠤᠭ ᠤᠨ ᠠᠪᠢᠶᠠᠰ ᠴᠢᠳᠠᠪᠤᠷᠢ ᠶᠢ ᠪᠠᠭ᠋ᠠᠷᠠᠨ ᠲᠤᠭᠤᠵᠤ᠂ ᠲᠡᠭᠦᠨ ᠢ ᠬᠤᠰᠢᠭᠤᠨ ᠤ ᠰᠤᠶᠤᠯ ᠤᠨ ᠭᠡᠷ ᠲᠤ ᠰᠢᠯᠵᠢᠭᠦᠯᠦᠨ ᠠᠪᠴᠢᠷᠠᠵᠤ᠂ ᠰᠣᠶᠤᠯ ᠤᠨ ᠭᠡᠷ ᠤᠨ ᠣᠷᠠᠨ ᠵᠤᠬᠢᠶᠠᠯ ᠤᠨ ᠳᠤᠭᠤᠶᠢᠯᠠᠩ ᠳᠤ  ᠪᠢᠴᠢᠯᠭᠡ  ᠵᠢᠷᠤᠭ   ᠤᠨ  ᠬᠠᠪᠰᠤᠷᠤᠨ  ᠵᠢᠯᠤᠭᠤᠳᠤᠭᠴᠢ   ᠪᠠᠷ  ᠠᠵᠢᠯᠯᠠᠭᠤᠯᠵᠠᠢ᠃      ᠨᠠᠮ᠎ᠠ ᠶᠢ ᠠᠷᠣ ᠬᠤᠷᠴᠢᠨ ᠬᠤᠰᠢᠭᠤᠨ ᠤ ᠤᠯᠠᠭᠠᠨᠮᠦ᠋ᠴᠢᠷ ᠲᠤ ᠠᠵᠢᠯᠯᠠᠵᠤ ᠪᠠᠶᠢᠬᠤ ᠦᠶ᠎ᠡ ᠳᠤ ᠰᠢᠨᠢᠨᠢᠭᠡᠨ ᠭᠤᠸᠠᠢ ᠦᠷᠭᠦᠯᠵᠢ ᠮᠠᠨᠤᠰ ᠢ ᠬᠠᠪᠰᠤᠷᠴᠤ᠂ ᠪᠤᠯᠤᠳ ᠬᠠᠪᠳᠠᠰᠤ ᠪᠠᠷ ︽ᠲᠤᠭᠯᠠᠯᠳᠠ ᠶᠢᠨ ᠮᠠᠲ᠋ᠧᠷᠢᠶᠠᠯ︾ ᠰᠡᠶᠢᠷᠡᠭᠦᠯᠦᠨ ᠪᠢᠴᠢᠵᠦ᠂ ᠮᠠᠲ᠋ᠧᠷᠢᠶᠠᠯ ᠤᠨ ᠨᠢᠭᠤᠷ ᠤᠨ ᠤᠷᠠᠯᠠᠯ᠂ ᠲᠣᠭᠯᠠᠯᠳᠠ ᠶᠢᠨ ᠲᠠᠶᠢᠰᠠᠨ ᠤ ᠦᠵᠡᠮᠵᠢ ᠶᠢᠨ ᠵᠢᠷᠤᠭ ᠤᠷᠠᠯᠠᠯ ᠢ ᠪᠦᠷ ᠬᠠᠪᠰᠤᠷᠤᠨ ᠪᠣᠳᠤᠭ ᠣᠷᠤᠭᠤᠯᠵᠤ ᠵᠢᠷᠤᠭᠯᠠᠵᠤ ᠪᠠᠶᠢᠵᠠᠢ᠃ ᠡᠶᠢᠮᠦ ᠠᠴᠠ ᠲᠡᠷᠡ ᠦᠶ᠎ᠡ  ᠳᠤ ᠪᠢᠳᠡ ᠬᠤᠶᠠᠷ ᠰᠠᠶᠢᠨ ᠨᠠᠶᠢᠵᠠ ᠪᠤᠯᠤᠯᠴᠠᠭᠰᠠᠨ ᠪᠢᠯᠡ᠃ ᠪᠢ ᠲᠡᠭᠦᠨ ᠠᠴᠠ ᠪᠤᠯᠤᠳ ᠬᠠᠪᠳᠠᠰᠤ ᠪᠠᠷ ᠬᠢᠳᠠᠳ ᠮᠤᠩᠭᠤᠯ ᠦᠰᠦᠭ ᠰᠡᠶᠢᠷᠡᠭᠦᠯᠦᠨ ᠪᠢᠴᠢᠬᠦ᠂ ᠮᠤᠩᠭᠤᠯ ᠬᠢᠳᠠᠳ ᠤᠷᠠᠨ ᠪᠢᠴᠢᠯᠭᠡ ᠪᠢᠴᠢᠬᠦ ᠶᠢ ᠲᠠᠭᠠᠨ ᠰᠤᠷᠴᠤ ᠪᠠᠶᠢᠭᠰᠠᠨ ᠪᠢᠯᠡ᠃      ᠰᠢᠨᠢᠨᠢᠭᠡᠨ ᠵᠢᠷᠤᠵᠤ ᠪᠢᠴᠢᠬᠦ ᠳᠤ ᠤᠨᠴᠠᠭᠠᠢ ᠰᠠᠶᠢᠨ᠃ ᠪᠠᠷᠤᠭ ᠯᠡ ᠲᠡᠷᠡ ᠦᠶ᠎ᠡ ᠳᠤ ᠪᠦᠬᠦ ᠬᠤᠰᠢᠭᠤᠨ ᠤ ᠡᠯ᠎ᠡ ᠰᠠᠯᠭ᠎ᠠ ᠮᠦᠴᠢᠷ ᠤᠨ ︽ᠱᠠᠩᠨᠠᠯ ᠬᠦᠬᠢᠭᠦᠯᠦᠯ ᠤᠨ ᠦᠨᠡᠮᠯᠡᠯ︾ ᠢ ᠪᠦᠷ ᠯᠡ ᠰᠢᠨᠢᠨᠢᠭᠡᠨ ᠠᠪᠤᠭᠠᠢ ᠪᠠᠷ ᠪᠢᠴᠢᠭᠦᠯᠵᠦ ᠪᠠᠶᠢᠵᠠᠢ᠃ ᠲᠡᠷᠡ ᠪᠠᠰᠠ ᠬᠤᠰᠢᠭᠤᠨ ᠤ ᠲᠤᠮᠤ ᠶᠡᠭᠡ ᠪᠠᠷᠢᠯᠭ᠎ᠠ ᠳᠤ ᠪᠢᠴᠢᠭᠡᠰᠦ ᠪᠢᠴᠢᠨ ᠦᠭᠴᠦ ᠪᠠᠶᠢᠭᠰᠠᠨ ᠶᠣᠮ᠃ ᠵᠢᠱᠢᠶᠡᠯᠡᠪᠡᠯ᠄ ᠴᠢᠪᠠᠭ᠎ᠠ ᠶᠢᠨ ᠤᠤᠯ ᠤᠨ ᠪᠠᠷᠠᠭᠤᠨ ᠬᠦᠭᠦᠷᠭᠡ ᠶᠢᠨ ᠪᠢᠴᠢᠭᠡᠰᠦ᠂ ᠴᠢᠪᠠᠭ᠎ᠠ ᠪᠠᠷᠠᠭᠤᠨ ᠵᠠᠬ᠎ᠠ ᠳᠡᠯᠭᠡᠭᠦᠷ ᠤᠨ ᠡᠭᠦᠳᠡᠨ ᠳᠡᠭᠡᠷᠡᠬᠢ ᠪᠢᠴᠢᠭᠡᠰᠦ᠂ ᠴᠢᠪᠠᠭ᠎ᠠ ᠵᠡᠭᠦᠨ ᠬᠤᠶᠢᠳᠤ ᠵᠠᠬ᠎ᠠ ᠶᠢᠨ ︽ᠤᠯᠤᠰ  ᠤᠨ ᠬᠤᠳᠠᠯᠳᠤᠭᠠᠨ ᠤ ᠭᠠᠵᠠᠷ︾ ᠤᠨ ᠪᠢᠴᠢᠭᠡᠰᠦ᠂ ︽ᠪᠠᠶᠠᠨᠬᠤᠸᠠ ᠵᠠᠬ᠎ᠠ ᠲᠡᠯᠭᠡᠭᠦᠷ︾ ᠭᠡᠰᠡᠨ ᠪᠢᠴᠢᠭᠡᠰᠦ ᠶᠢ ᠪᠦᠷ ᠰᠢᠨᠢᠨᠢᠭᠡᠨ ᠠᠪᠤᠭᠠᠢ ᠬᠢᠳᠠᠳ ᠮᠤᠩᠭᠤᠯ ᠢᠶᠠᠷ ᠪᠢᠴᠢᠵᠦ ᠲᠠᠷᠤᠮᠠᠯᠯᠠᠨ ᠰᠡᠶᠢᠯᠦᠭᠰᠡᠨ ᠶᠤᠮ᠃      ᠨᠢᠭᠡ ᠤᠳᠠᠭ᠎ᠠ ᠰᠢᠨᠢᠨᠢᠭᠡᠨ ᠵᠤᠤ ᠤᠳᠠ ᠠᠶᠢᠮᠠᠭ ᠤᠨ ᠣᠯᠠᠨ ᠲᠦᠮᠡᠨᠴᠢ ᠰᠣᠶᠤᠯ ᠤᠨ ᠭᠡᠷ ᠠᠴᠠ ᠡᠷᠬᠢᠯᠡᠭᠰᠡᠨ ︽ᠵᠢᠷᠤᠭ ᠤᠷᠠᠯᠠᠯ ᠤᠨ ᠪᠤᠯᠪᠠᠰᠤᠷᠠᠯ︾ ᠳᠤ ᠣᠷᠤᠯᠴᠠᠭᠠᠳ ᠠᠬᠤᠢ ᠳᠠᠯᠠᠪᠠᠢ ᠳᠤ ᠦᠨᠳᠦᠰᠦᠳᠡᠨ ᠤ  ᠪᠠᠨ ᠬᠤᠪᠴᠠᠰᠤ ᠵᠠᠰᠠᠯ ᠡᠮᠦᠰᠦᠭᠰᠡᠨ ᠭᠤᠶᠤᠮᠰᠤᠭ ᠬᠡᠥᠬᠡᠨ ᠮᠣᠳᠧᠯ ᠢ ᠡᠮᠦᠨ᠎ᠡ ᠪᠠᠨ ᠰᠠᠭᠤᠯᠭᠠᠵᠤ᠂ ᠳᠡᠳᠠᠯᠠᠨ ᠵᠢᠷᠤᠵᠤ ᠪᠠᠶᠢᠭᠰᠠᠨ ᠢ ᠪᠢ ᠨᠢᠳᠦ ᠪᠠᠷ ᠢᠶᠠᠨ ᠦᠵᠡᠭᠰᠡᠨ᠃ ᠰᠢᠨᠢᠨᠢᠭᠡᠨ ᠤ ᠪᠢᠷ ᠤᠨ ᠦᠵᠦᠭᠦᠷ ᠲᠤ ᠷᠢᠳᠢ ᠰᠢᠳᠢ ᠣᠷᠤᠰᠢᠭᠰᠠᠨ ᠰᠢᠭ᠋᠂ ᠭᠡᠳᠦᠭᠡᠨ ᠳᠠᠳᠠᠯᠠᠪᠠᠯ ᠲᠡᠷᠡ ᠬᠡᠥᠬᠡᠨ ᠮᠣᠳᠧᠯ ᠤᠨ ᠦᠨᠡᠨ ᠵᠢᠰᠦ ᠭᠡᠭᠡᠨ ᠳᠦᠷᠢ ᠨᠢ ᠢᠯᠡᠷᠡᠴᠢᠬᠡᠳᠡᠭ ᠨᠢ ᠭᠠᠶᠢᠬᠠᠯᠳᠠᠢ᠃ ᠲᠡᠷᠡ ᠪᠠᠰᠠ ᠣᠯᠠᠨ ᠠᠷᠪᠢᠨ ᠰᠣᠨᠢᠨ ᠰᠡᠳᠬᠦᠯ ᠳᠤ ᠤᠷᠠᠯᠠᠨ ᠵᠢᠷᠤᠵᠤ ᠦᠭᠴᠦ ᠪᠠᠶᠢᠭᠰᠠᠨ᠃ ᠲᠡᠷᠡ ᠮᠠᠨ ᠤ ᠬᠤᠰᠢᠭᠤᠨ ᠤ ᠬᠠᠮᠤᠭ ᠲᠦᠷᠦᠭᠦᠨ ᠤ ᠤᠷᠠᠨ ᠵᠤᠬᠢᠶᠠᠯ ᠤᠨ ᠰᠡᠳᠬᠦᠯ ︽ᠬᠤᠨᠳᠤ︾ ᠰᠡᠳᠬᠦᠯ ᠢ ᠤᠷᠠᠯᠠᠨ ᠵᠤᠬᠢᠶᠠᠮᠵᠢᠯᠠᠵᠤ᠂ ᠵᠢᠷᠤᠭ ᠳᠦᠷᠰᠦ ᠬᠠᠪᠰᠤᠷᠭᠠᠨ ᠬᠡᠪᠯᠡᠭᠦᠯᠵᠦ ᠪᠠᠶᠢᠭᠰᠠᠨ ᠪᠢᠯᠡ᠃ ᠬᠤᠵᠢᠮ  ᠨᠢ ︽ᠦᠪᠦᠷ ᠮᠤᠩᠭᠤᠯ ᠤᠨ ᠵᠠᠯᠠᠭᠤᠴᠤᠳ︾᠂ ︽ᠰᠢᠷ᠎ᠠ ᠮᠦᠷᠡᠨ︾᠂ ︽ᠵᠤᠤ ᠤᠳᠠ ᠶᠢᠨ ᠰᠣᠨᠢᠨ︾ ᠵᠡᠷᠭᠡ ᠰᠣᠨᠢᠨ ᠰᠡᠳᠬᠦᠯ ᠳᠤ ᠰᠡᠳᠬᠦᠯ ᠤᠨ ᠬᠠᠪᠢᠰᠤ ᠲᠦᠯᠦᠪᠯᠡᠨ ᠵᠢᠷᠤᠬᠤ ᠪᠤᠶᠤ ᠵᠡᠭᠦᠯᠳᠡ ᠵᠢᠷᠤᠭ ᠵᠢᠷᠤᠬᠤ ᠠᠵᠢᠯ ᠢ ᠣᠯᠠᠨ ᠤᠳᠠᠭ᠎ᠠ ᠡᠭᠦᠷᠭᠡᠯᠡᠨ ᠬᠢᠪᠡ᠃ ᠲᠡᠷᠡ ᠰᠣᠶᠣᠯ ᠤᠨ ᠭᠡᠷ ᠲᠤ ᠠᠵᠢᠯᠯᠠᠵᠤ ᠪᠠᠶᠢᠬᠤ ᠬᠤᠭᠤᠴᠠᠭᠠᠨ ᠳᠠᠭᠠᠨ ᠦᠷᠭᠦᠯᠵᠢ ᠮᠠᠯᠵᠢᠬᠤ ᠣᠷᠤᠨ ᠳᠤ ᠪᠠᠭᠤᠵᠤ ᠪᠤᠳᠠᠳᠤ ᠠᠮᠢᠳᠤᠷᠠᠯ ᠳᠤ ᠭᠦᠨᠵᠡᠭᠡᠶᠢᠷᠡᠵᠦ᠂ ᠵᠤᠬᠢᠶᠠᠨ ᠪᠦᠳᠦᠭᠡᠬᠦ ᠪᠠᠳᠤ ᠰᠠᠭᠤᠷᠢ ᠶᠢ ᠲᠠᠯᠪᠢᠭᠰᠠᠨ ᠶᠤᠮ᠃ 1976 ᠣᠨ ᠳᠤ ︽ᠬᠤᠷᠴᠠ ᠤᠯᠠᠭᠠᠨ ᠴᠡᠴᠡᠭ ᠢᠶᠠᠨ ᠨᠠᠭᠠᠳᠤᠮ ᠤᠨ ᠬᠤᠷᠠᠯ ᠳᠡᠭᠡᠷ᠎ᠡ ᠪᠡᠯᠡᠭᠯᠡᠨᠡᠮ︾ ᠬᠡᠬᠦ ᠵᠢᠷᠤᠭ ᠤᠨ ᠪᠦᠳᠦᠭᠡᠯ ᠨᠢ ᠵᠤᠤ ᠤᠳᠠ ᠠᠶᠢᠮᠠᠭ ᠤᠨ ᠤᠷᠠᠨ ᠵᠢᠷᠤᠭ᠂ ᠤᠷᠠᠨ ᠪᠢᠴᠢᠯᠭᠡ ᠶᠢᠨ ᠦᠵᠡᠰᠬᠦᠯᠡᠩ ᠤᠨ ᠬᠤᠶᠠᠳᠤᠭᠠᠷ ᠳᠡᠰ ᠤᠨ ᠱᠠᠩᠨᠠᠯ ᠢ ᠬᠦᠷᠳᠡᠵᠦ᠂ ᠪᠦᠬᠦ ᠠᠶᠢᠮᠠᠭ ᠤᠨ ᠤᠷᠠᠨ ᠵᠢᠷᠤᠭᠴᠢᠳ ᠤᠨ ᠬᠢᠨ ᠤ ᠠᠩᠬᠠᠷᠣᠯ ᠢ ᠳᠠᠳᠠᠪᠠ᠃ 1977 ᠣᠨ ᠳᠤ ᠰᠢᠨᠢᠨᠢᠭᠡᠨ᠂ ᠯᠢᠶᠤᠤᠰᠢ ᠶᠢᠨ ᠤᠷᠠᠨ ᠵᠢᠷᠤᠭ ᠤᠨ ᠪᠤᠯᠪᠠᠰᠤᠷᠠᠯ ᠤᠨ ᠠᠩᠬᠢ ᠳᠤ ᠣᠴᠢᠵᠤ ᠰᠤᠷᠤᠯᠴᠠᠭᠠᠳ ︽ᠬᠦᠬᠡ ᠸᠠᠭᠠᠷ ᠤᠨ ᠭᠡᠷ ᠤᠨ ᠳᠠᠭᠳᠠᠭ᠎ᠠ︾ ᠭᠡᠬᠦ ᠬᠢᠳᠠᠳ ᠵᠢᠷᠤᠭ ᠵᠢᠷᠣᠵᠣ᠂ ᠯᠢᠶᠤᠤᠨᠢᠩ ᠮᠤᠵᠢ ᠶᠢᠨ ᠮᠦᠭᠳᠡᠨ ᠬᠤᠳᠠ ᠶᠢᠨ ᠯᠦ ᠰᠢᠶᠦ᠋ᠨ ᠨᠡᠷᠡᠮᠵᠢᠳᠦ ᠤᠷᠠᠨ ᠵᠢᠷᠤᠭ ᠤᠨ ᠳᠡᠭᠡᠳᠦ ᠰᠤᠷᠭᠠᠭᠤᠯᠢ ᠶᠢᠨ ᠪᠠᠭᠰᠢ ᠨᠠᠷ ᠤᠨ ᠮᠠᠭᠳᠠᠭᠠᠯ ᠰᠠᠶᠢᠰᠢᠶᠠᠯ ᠢ ᠤᠯᠵᠤ ᠪᠠᠶᠢᠪᠠ᠃ ᠳᠡᠭᠡᠷ᠎ᠡ ᠵᠠᠭᠤᠨ ᠤ ᠨᠠᠶᠠᠭᠠᠳ ᠣᠨ ᠳᠤ ᠲᠡᠷᠡ ᠪᠠᠷ ᠯᠢᠶᠤᠤᠨᠢᠩ ᠮᠤᠵᠢ ᠶᠢᠨ ᠯᠢᠶᠤᠤᠰᠢ ᠶᠢᠨ ᠤᠷᠠᠨ ᠪᠢᠴᠢᠯᠭᠡ ᠵᠢᠷᠤᠭ ᠤᠨ ᠦᠵᠡᠰᠬᠦᠯᠡᠩ᠂ ᠵᠤᠤ ᠤᠳᠠ ᠠᠶᠢᠮᠠᠭ ᠤᠨ ᠤᠷᠠᠨ ᠪᠢᠴᠢᠯᠭᠡ ᠵᠢᠷᠤᠭ ᠤᠨ ᠦᠵᠡᠭᠦᠯᠦᠯᠭᠡ᠂ ᠵᠤᠤ ᠤᠳᠠ ᠠᠶᠢᠮᠠᠭ  ᠤᠨ ᠲᠠᠷᠢᠶᠠᠯᠠᠩ ᠤᠨ ᠪᠠᠩᠬᠢ ᠶᠢᠨ ᠤᠷᠠᠨ ᠪᠢᠴᠢᠯᠭᠡ ᠵᠢᠷᠤᠭ ᠤᠨ ᠦᠵᠡᠰᠬᠦᠯᠡᠩ ᠳᠤ ᠣᠯᠠᠨᠳᠠ ᠤᠷᠤᠯᠴᠠᠵᠤ᠂ ᠤᠳᠠᠭ᠎ᠠ ᠳᠠᠷᠠᠭᠠᠯᠠᠨ ᠱᠠᠩᠨᠠᠯ ᠬᠦᠬᠢᠭᠦᠯᠦᠯ ᠭᠠᠷᠳᠠᠵᠤ ᠪᠠᠶᠢᠪᠠ᠃ ᠮᠠᠨ ᠤ ᠬᠤᠰᠢᠭᠤᠨ ᠤ ᠴᠢᠪᠠᠭ᠎ᠠ ᠪᠠᠯᠭᠠᠰᠤᠨ ᠤ ᠪᠠᠶᠢᠭᠤᠯᠭ᠎ᠠ ᠶᠢᠨ ᠫᠠᠶᠢᠰᠠ ᠢᠯᠡᠷᠬᠡᠶᠢᠯᠡᠯ ᠢ ᠪᠢᠴᠢᠬᠦ᠂ ᠤᠬᠠᠭᠤᠯᠭ᠎ᠠ ᠶᠢᠨ ᠵᠢᠷᠤᠭ ᠵᠢᠷᠤᠬᠤ᠂ ᠰᠣᠶᠤᠯ ᠤᠨ ᠭᠡᠷ ᠤᠨ ᠤᠬᠠᠭᠤᠯᠭ᠎ᠠ ᠶᠢᠨ ᠰᠠᠮᠪᠠᠷ᠎ᠠ ᠶᠢᠨ ᠰᠣᠨᠢᠨ ᠢ ᠰᠠᠷ᠎ᠠ ᠪᠦᠷᠢ ᠬᠠᠯᠠᠨ ᠰᠢᠨᠡᠳᠬᠡᠬᠦ᠂ ᠵᠠᠯᠠᠭᠤ ᠪᠠᠭᠠᠴᠤᠳ ᠲᠤ ᠣᠯᠠᠨ ᠲᠦᠮᠡᠨᠴᠢ ᠵᠢᠷᠤᠭ ᠪᠢᠴᠢᠯᠭᠡ ᠶᠢᠨ ᠪᠤᠯᠪᠠᠰᠤᠷᠠᠯ ᠬᠢᠬᠦ ᠵᠡᠷᠭᠡ ᠠᠵᠢᠯᠯᠠᠭ᠎ᠠ ᠶᠢ ᠬᠢᠭᠰᠡᠭᠡᠷ ᠢᠷᠡᠪᠡ᠃      ᠨᠠᠶᠠᠭᠠᠳ ᠤᠨ ᠤ ᠰᠡᠭᠦᠯᠴᠢ ᠪᠠᠷ ᠰᠢᠨᠢᠨᠢᠭᠡᠨ᠂ ᠭᠧᠮᠫᠢ ᠶᠢᠨ ᠰᠦᠮ᠎ᠡ ᠳᠤ ᠬᠦᠷᠴᠦ᠂ ᠲᠠᠪᠤᠳᠤᠭᠠᠷ ᠳᠦᠷᠢ  ᠶᠢᠨ ᠶᠤᠩᠽᠤᠩ ᠭᠡᠭᠡᠨ ᠠᠭᠸᠠᠩᠭᠧᠯᠢᠭᠵᠡᠮᠢᠶᠠᠨᠵᠠᠮᠰᠤ ᠶᠢᠨ ᠵᠤᠬᠢᠶᠠᠯ ᠤᠳ ᠢ ᠦᠰᠦᠨ ᠪᠢᠷ ᠢᠶᠠᠷ ᠬᠠᠭᠤᠯᠤᠨ ᠪᠢᠴᠢᠵᠦ ᠂ ᠨᠤᠮ ᠤᠨ ᠭᠠᠳᠠᠷ ᠳᠤᠲᠤᠷ᠎ᠠ ᠨᠢᠭᠤᠷ ᠢ ᠭᠤᠶᠤ ᠰᠠᠶᠢᠬᠠᠨ ᠤᠷᠠᠯᠠᠨ ᠵᠢᠷᠤᠵᠤ᠂ ᠨᠤᠮ ᠳᠡᠪᠲᠡᠷ ᠪᠤᠯᠭᠠᠭᠠᠳ ᠦᠨᠢᠳᠡ ᠬᠠᠳᠠᠭᠠᠯᠠᠨ ᠦᠯᠡᠳᠡᠭᠡᠭᠰᠡᠨ ᠪᠢᠯᠡ᠃      ᠨᠠᠶᠠᠭᠠᠳ ᠤᠨ ᠤ ᠰᠡᠭᠦᠯᠴᠢ ᠪᠠᠷ ᠪᠢ ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠳᠡᠰ ᠲᠤ ᠠᠵᠢᠯᠯᠠᠵᠤ ᠪᠠᠶᠢᠬᠤ ᠳᠠᠭᠠᠨ ᠪᠠᠭᠠᠷᠢᠨ ᠪᠠᠷᠠᠭᠤᠨ ᠬᠤᠰᠢᠭᠤᠨ ᠳᠤ ᠪᠤᠯᠤᠭᠰᠠᠨ ︽ᠪᠦᠬᠦ ᠠᠶᠢᠮᠠᠭ ᠤᠨ ᠵᠤᠬᠢᠶᠠᠯ ᠪᠦᠳᠦᠭᠡᠯ ᠤᠨ ᠬᠤᠷᠠᠯ︾ ᠳᠤ ᠣᠷᠤᠯᠴᠠᠭᠠᠳ ᠨᠢᠭᠡ ᠬᠡᠰᠡᠭ ᠲᠠᠮᠠᠭ᠎ᠠ ᠶᠢᠨ ᠴᠢᠯᠠᠭᠤᠨ ᠤ ᠳᠤᠷᠠᠰᠬᠠᠯ ᠤᠨ ᠪᠤᠳᠠᠰ ᠤᠯᠵᠤ᠂ ᠲᠡᠷᠡ ᠴᠢᠯᠠᠭᠤ ᠪᠠᠷ ᠢᠶᠠᠨ ᠰᠢᠨᠢᠨᠢᠭᠡᠨ ᠢᠶᠠᠷ ᠤᠷᠠᠨ ᠪᠢᠴᠢᠯᠭᠡ ᠳᠤ ᠬᠡᠷᠡᠭᠯᠡᠬᠦ ᠬᠢᠳᠠᠳ ᠮᠤᠩᠭᠤᠯ ᠨᠡᠷ᠎ᠡ ᠲᠠᠢ ᠲᠠᠮᠠᠭ᠎ᠠ ᠰᠡᠶᠢᠯᠦᠭᠦᠯᠦᠭᠰᠡᠨ ᠶᠤᠮ᠂ ᠡᠨᠡ ᠲᠠᠮᠠᠭ᠎ᠠ ᠨᠢ ᠰᠠᠶᠢᠨ ᠨᠠᠶᠢᠵᠠ ᠶᠢᠨ ᠮᠢᠨᠢ ᠰᠡᠶᠢᠯᠵᠦ ᠦᠭᠭᠦᠭᠰᠡᠨ ᠦᠨᠢᠳᠡ  ᠶᠢᠨ ᠳᠤᠷᠠᠰᠬᠠᠯ ᠪᠤᠯᠵᠤ ᠬᠤᠴᠤᠷᠪᠠ᠃      1998 ᠣᠨ ᠤ ᠵᠤᠨ ᠤ ᠡᠬᠢᠨ ᠳᠤ ᠰᠢᠨᠢᠨᠢᠭᠡᠨ ᠭᠤᠸᠠᠢ ᠶᠢᠨ ᠡᠪᠡᠳᠴᠢᠨ ᠨᠢ ᠬᠦᠨᠳᠦᠷᠡᠨ ᠵᠤᠯ ᠪᠤᠰᠤ ᠪᠠᠷ ᠵᠠᠯᠠᠭᠤ ᠢᠳᠡᠷ ᠨᠠᠰᠤᠨ ᠳᠠᠭᠠᠨ᠂ ᠦᠪᠡᠷ ᠤᠨ ᠳᠤᠷ᠎ᠠ ᠪᠠᠭ᠋ᠠᠳᠠᠢ ᠤᠷᠠᠨ ᠵᠢᠷᠤᠭ ᠪᠢᠴᠢᠯᠭᠡ ᠶᠢᠨ ᠠᠵᠢᠯ ᠠᠴᠠ ᠪᠠᠨ ᠰᠠᠯᠵᠤ᠂ ᠬᠠᠶᠢᠷᠠᠳᠤ ᠲᠦᠷᠦᠯ ᠰᠠᠳᠤᠨ ᠠᠴᠠ ᠪᠠᠨ ᠰᠠᠯᠵᠤ᠂ ᠶᠢᠷᠳᠢᠨᠴᠦ ᠶᠢᠨ ᠤᠯᠠᠭᠠᠨ ᠲᠤᠭᠤᠰᠤᠨ ᠠᠴᠠ ᠠᠩᠭᠢᠵᠢᠷᠠᠪᠠ᠃      ᠰᠢᠨᠢᠨᠢᠭᠡᠨ ᠪᠤᠯ ᠨᠢᠭᠡᠨ ᠠᠬ᠎ᠠ ᠳᠡᠭᠦᠦᠨᠠᠷ ᠲᠡᠭᠡᠨ ᠡᠶᠡᠯᠰᠡᠭ ᠳᠤᠳᠤᠨᠤ᠂ ᠨᠠᠮ ᠠᠷᠠᠳ ᠲᠠᠭᠠᠨ ᠦᠨᠡᠨᠴᠢ ᠰᠢᠳᠤᠷᠭᠤ᠂ ᠠᠵᠢᠯ ᠦᠢᠯᠡᠰ ᠲᠡᠭᠡᠨ ᠬᠢᠨᠠᠮᠠᠭᠠᠢ ᠠᠪᠢᠶᠠᠰᠯᠢᠭ ᠬᠦᠮᠦᠨ ᠶᠤᠮ᠃ ᠲᠡᠭᠦᠨ ᠤ ᠬᠦᠮᠦᠯᠢᠭ ᠴᠢᠨᠠᠷ ᠨᠢ ᠲᠡᠭᠦᠨ ᠢ ᠲᠠᠨᠢᠵᠤ ᠮᠡᠳᠡᠳᠡᠭ ᠬᠦᠮᠦᠰ ᠤᠨ ᠰᠡᠳᠬᠢᠯ ᠵᠢᠷᠦᠭᠡᠨ ᠳᠤ ᠳᠤᠷᠠᠰᠬᠠᠭᠳᠠᠵᠤ᠂ ᠲᠡᠭᠦᠨ ᠤ ᠤᠷᠠᠨ ᠵᠢᠷᠤᠭ ᠨᠢ ᠦᠨᠳᠦᠰᠦᠳᠡᠨ ᠤ ᠪᠠᠨ ᠦᠪ ᠰᠣᠶᠤᠯ ᠪᠤᠯᠵᠤ᠂ ᠤᠷᠠᠨ ᠪᠢᠴᠢᠯᠭᠡ ᠨᠢ ᠲᠡᠦᠬᠡ ᠶᠢᠨ ᠦᠨᠡᠨ ᠲᠡᠮᠳᠡᠭᠯᠡᠯ᠂ ᠡᠷᠳᠡᠨᠢ  ᠶᠢᠨ ᠪᠢᠴᠢᠭᠡᠰᠦ ᠪᠤᠯᠵᠤ ᠮᠦᠩᠬᠡᠷᠡᠬᠦ ᠨᠢ ᠯᠠᠪᠲᠠᠢ᠃ ︵ᠪ᠊ · ᠲᠡᠮᠦᠷᠭᠤᠤᠯᠲᠤ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号