ᠪᠤᠯᠠᠭ ᠤᠨ ᠠᠶᠢᠯ ᠤᠨ ᠤᠶᠢᠷ᠎ᠠ ᠤᠷᠴᠢᠨ ᠳᠠᠬᠢ ᠡᠷᠲᠡᠨ ᠤ ᠤᠪᠤᠭᠠᠳ | ᠪᠦᠷᠢᠨᠰᠠᠶᠢᠨ | | | | ᠪᠤᠯᠠᠭ ᠤᠨ ᠠᠶᠢᠯ ᠤᠨ ᠵᠡᠭᠦᠨ ᠡᠮᠦᠨᠡᠬᠢ ᠰᠢᠷ᠎ᠠ ᠨᠠᠪᠴᠢᠲᠤ ᠠᠭᠤᠯᠠ | | ᠠᠷᠤ ᠬᠤᠷᠴᠢᠨ ᠬᠤᠰᠢᠭᠤᠨ ᠤ ᠬᠤᠨᠲᠤ ᠪᠠᠯᠭᠠᠰᠤ ᠠᠴᠠ ᠪᠠᠷᠠᠭᠤᠨ ᠡᠮᠦᠨᠡᠰᠢ 35 ᠺᠢᠯᠤᠮᠧᠲᠷ᠂ | ᠪᠠᠶᠠᠨᠬᠤᠸᠠ ᠪᠠᠯᠭᠠᠰᠤ ᠠᠴᠠ ᠪᠠᠷᠠᠭᠤᠨ ᠬᠤᠶᠢᠰᠢ 25 ᠺᠢᠯᠤᠮᠧᠲᠷ ᠂ ᠰᠢᠷ᠎ᠠ ᠨᠠᠪᠴᠢᠲᠤ ᠠᠭᠤᠯᠠ ᠶᠢᠨ ᠪᠠᠷᠠᠭᠤᠨ | ᠬᠤᠶᠢᠲᠤ ᠬᠤᠷᠮᠤᠢ ᠳᠤ᠂ ᠳᠦᠷᠪᠡᠨ ᠲᠠᠯ᠎ᠠ ᠪᠠᠷ ᠢᠶᠠᠨ ᠠᠭᠤᠯᠠᠰ ᠢᠶᠠᠷ ᠬᠦᠷᠢᠶᠡᠯᠡᠭᠳᠡᠵᠦ᠂ ᠡᠳᠡᠭᠡᠷ ᠠᠭᠤᠯᠠᠰ ᠤᠨ | ᠵᠢᠷᠦᠬᠡ ᠨᠢ ᠪᠤᠯᠵᠤ ᠲᠦᠪ ᠳᠤᠮᠳᠠ ᠨᠢ ᠪᠠᠶᠢᠷᠢᠯᠠᠭᠰᠠᠨ ᠨᠢᠭᠡᠨ ᠭᠠᠶᠢᠬᠠᠮᠰᠢᠭᠲᠤ ᠤᠪᠤᠭ᠎ᠠ ᠪᠠᠶᠢᠳᠠᠭ᠃ ᠡᠨᠡ | ᠤᠪᠤᠭ᠎ᠠ ᠶᠢ ᠪᠤᠯᠠᠭ ᠤᠨ ᠠᠶᠢᠯ ᠤᠨ ᠤᠪᠤᠭ᠎ᠠ ᠭᠡᠳᠡᠭ᠃ | ᠪᠤᠯᠠᠭ ᠤᠨ ᠠᠶᠢᠯ ᠤᠨ ᠤᠪᠤᠭ᠎ᠠ ᠶᠢᠨ ᠭᠤᠤᠯ ᠤᠷᠤᠢ ᠳᠡᠭᠡᠷ᠎ᠡ ᠡᠷᠲᠡ ᠦᠶ᠎ᠡ ᠠᠴᠠ ᠲᠠᠬᠢᠯᠭ᠎ᠠ ᠲᠠᠢ | ᠤᠪᠤᠭ᠎ᠠ --- ᠪᠤᠯᠠᠭ ᠤᠨ ᠤᠪᠤᠭ᠎ᠠ ᠪᠠᠶᠢᠬᠤ ᠪᠦᠭᠡᠳ ᠡᠨᠡ ᠤᠪᠤᠭ᠎ᠠ ᠶᠢᠨ ᠬᠠᠵᠠᠭᠤ ᠳᠤ ᠬᠡᠳᠦᠨ ᠵᠠᠭᠤᠨ ᠤᠨ ᠤ | ᠰᠠᠯᠬᠢ ᠪᠤᠷᠤᠭᠠᠨ ᠢ ᠡᠯᠡᠭᠡᠭᠰᠡᠨ ᠲᠡᠪᠡᠷᠢ ᠪᠦᠳᠦᠭᠦᠨ ᠰᠠᠭᠯᠠᠭᠠᠷ ᠮᠤᠳᠤ ᠲᠠᠢ ᠪᠠᠶᠢᠵᠤ ᠮᠤᠳᠤᠨ ᠤ ᠨᠡᠷ᠎ᠡ ᠶᠢ ᠬᠤᠯᠲᠤ | ᠪᠤᠷᠤ ︵ᠬᠤᠰᠢᠭᠤᠨ ᠤᠢ ᠰᠢᠭᠤᠢ ᠶᠢᠨ ᠲᠤᠪᠴᠢᠶᠠᠨ ᠳᠤ ᠤᠳᠠᠭᠠᠨ ᠵᠢᠯ ᠠᠵᠢᠯᠯᠠᠭᠰᠠᠨ ᠲᠤᠰ ᠠᠶᠢᠯ ᠤᠨ ᠠᠬᠠᠮᠠᠳ | ᠺᠠᠳ᠋ᠷ 93 ᠨᠠᠰᠤᠲᠠᠢ ᠲᠢᠶᠧ ᠮᠢᠩ ᠨᠠᠰᠤᠲᠠᠨ ᠠᠴᠠ ᠰᠤᠷᠠᠭᠯᠠᠨ ᠮᠡᠳᠡᠪᠡ︶ ᠭᠡᠳᠡᠭ᠃ ᠰᠤᠨᠢᠷᠬᠠᠯᠲᠠᠢ ᠤᠴᠢᠷ ᠭᠡᠪᠡᠯ | ᠡᠨᠡ ᠤᠪᠤᠭᠠᠨ ᠳᠡᠭᠡᠷ᠎ᠡ ᠪᠤᠶᠤ ᠤᠶᠢᠷ᠎ᠠ ᠤᠷᠴᠢᠨ ᠤ ᠪᠦᠬᠦᠶᠢᠯᠡ ᠠᠭᠤᠯᠠ ᠨᠢᠷᠤᠭᠤᠳ ᠲᠤ ᠡᠶᠢᠮᠦᠷᠬᠦ ᠮᠤᠳᠤ ᠶᠡᠷᠦ | ᠬᠠᠷᠠᠭᠳᠠᠳᠠᠭ ᠦᠭᠡᠢ᠂ ᠵᠦᠪᠬᠡᠨ ᠡᠨᠡ ᠤᠪᠤᠭ᠎ᠠ ᠶᠢᠨ ᠤᠷᠤᠢ ᠳᠡᠭᠡᠷ᠎ᠡ ᠯᠡ ᠭᠠᠶᠢᠬᠠᠮᠰᠢᠭᠲᠤ ᠡᠨᠡ ᠮᠤᠳᠤ ᠰᠠᠭᠰᠠᠶᠢᠨ | ᠰᠦᠨᠳᠡᠷᠯᠡᠵᠦ ᠬᠤᠯᠠ ᠠᠴᠠ ᠪᠠᠷᠠᠯᠠᠬᠤ ᠳᠤ ᠶᠠᠭ ᠯᠡ ᠭᠠᠷᠤᠳᠢ ᠰᠢᠪᠠᠭᠤᠨ ᠤ ᠲᠡᠷᠢᠭᠦᠨ ᠳᠡᠭᠡᠷᠡᠬᠢ ᠰᠡᠴᠢᠭ ᠮᠡᠲᠦ | ᠬᠠᠷᠠᠭᠳᠠᠳᠠᠭ ᠪᠢᠯᠡ᠃ ᠡᠨᠡ ᠮᠤᠳᠤ ᠬᠠᠪᠤᠷ ᠪᠤᠯᠪᠠᠯ ᠳᠠᠯᠠᠨ ᠲᠦᠷᠦᠭᠦᠦ ᠶᠢᠨ ᠬᠤᠸᠠᠷ ᠮᠡᠲᠦ ᠵᠢᠵᠢᠭ ᠴᠠᠭᠠᠨ ᠬᠤᠸᠠᠷ | ᠪᠠᠭᠰᠢᠷᠠᠨ ᠳᠡᠯᠭᠡᠷᠡᠵᠦ ᠨᠠᠮᠤᠷ ᠪᠤᠯᠪᠠᠯ ᠦᠷ᠎ᠡ ᠵᠢᠮᠢᠰ ᠰᠠᠭᠤᠵᠤ ᠪᠤᠯᠪᠠᠰᠤᠷᠠᠭᠠᠳ ᠦᠷᠡᠯ ᠲᠠᠢ ᠠᠳᠠᠯᠢᠬᠠᠨ ᠤᠯᠠᠶᠢᠵᠤ | ᠬᠠᠷᠠᠭᠳᠠᠳᠠᠭ ᠪᠢᠯᠡ᠃ ᠬᠠᠷᠠᠮᠰᠠᠯᠲᠠᠢ ᠨᠢ ᠳᠡᠭᠡᠷ᠎ᠡ ᠵᠠᠭᠤᠨ ᠤ ᠶᠡᠷᠡᠭᠡᠳ ᠤᠨ ᠤ ᠡᠬᠢ ᠪᠠᠷ ᠪᠠᠶᠢᠭᠠᠯᠢ ᠶᠢᠨ ᠭᠠᠢ | ᠭᠠᠮᠰᠢᠭ ᠭᠠᠩ ᠬᠠᠭᠰᠠᠷᠠᠭᠠᠨ ᠠᠴᠠ ᠪᠤᠯᠵᠤ ᠡᠨᠡ ᠮᠤᠳᠤ ᠬᠠᠲᠠᠵᠤ ᠬᠤᠪᠠᠭ᠋ᠠᠶᠢᠷᠠᠭᠠᠳ ᠠᠮᠢ ᠨᠠᠰᠤ ᠪᠠᠨ ᠠᠯᠳᠠᠵᠠᠢ᠃ | | | | ᠤᠪᠤᠭ᠎ᠠ ᠪᠠᠨ ᠲᠦᠰᠢᠵᠦ ᠰᠠᠭᠤᠭᠰᠠᠨ ᠪᠤᠯᠠᠭ ᠤᠨ ᠠᠶᠢᠯ | | ᠪᠤᠯᠠᠭ ᠤᠨ ᠠᠶᠢᠯ ᠤᠨ ᠤᠪᠤᠭ᠎ᠠ ᠠᠴᠠ ᠠᠰ ᠬᠤᠶᠢᠨ᠎ᠠ 35 ᠺᠢᠯᠤᠮᠧᠲᠷ ᠤᠨ ᠵᠠᠢ ᠳᠤ ᠰᠢᠷᠠᠠᠦ᠋ᠨᠳᠦᠷ ᠬᠠᠨ | ᠠᠭᠤᠯᠠ᠂ ᠵᠡᠭᠦᠨ ᠡᠮᠦᠨ᠎ᠡ 25 ᠺᠢᠯᠤᠮᠧᠲᠷ ᠤᠨ ᠵᠠᠢ ᠳᠤ ᠪᠠᠶᠠᠠᠪᠤᠷᠤᠯᠵᠢ ᠬᠠᠨ ᠠᠭᠤᠯᠠ᠂ ᠪᠠᠷᠠᠭᠤᠨ ᠡᠮᠦᠨ᠎ᠡ 20 | ᠺᠢᠯᠤᠮᠧᠲᠷ ᠤᠨ ᠵᠠᠢ ᠳᠤ ᠪᠦᠷᠬᠦᠭᠡᠰᠦᠲᠡᠢ ᠬᠠᠨ ᠠᠭᠤᠯᠠ ᠪᠠᠷ᠎ᠠ ᠪᠠᠷ᠎ᠠ ᠪᠠᠨ ᠬᠠᠷᠠᠯᠴᠠᠨ᠂ ᠡᠨᠡ ᠵᠢᠷᠦᠬᠡᠨ ᠬᠡᠯᠪᠡᠷᠢᠲᠦ | ᠤᠪᠤᠭ᠎ᠠ ᠨᠢ ᠳᠠᠪᠬᠤᠷ ᠳᠠᠪᠬᠤᠷ ᠠᠭᠤᠯᠠᠰ ᠢᠶᠠᠷ ᠬᠦᠷᠢᠶᠡᠯᠡᠭᠳᠡᠵᠦ ᠳᠠᠷᠬᠠᠨ ᠪᠠᠶᠢᠭᠠᠯᠢ ᠶᠢᠨ ᠪᠠᠲᠤ ᠬᠠᠮᠠᠭᠠᠯᠠᠯᠲᠠ ᠲᠠᠢ | ᠪᠠᠶᠢᠳᠠᠭ᠃ ᠡᠨᠡ ᠤᠪᠤᠭ᠎ᠠ ᠶᠢᠨ ᠡᠮᠦᠨ᠎ᠡ ᠡᠩᠭᠡᠷ ᠲᠤ ᠪᠤᠯᠠᠭ ᠤᠨ ᠠᠶᠢᠯ ᠰᠠᠭᠤᠷᠢᠰᠢᠳᠠᠭ᠃ | ᠪᠤᠯᠠᠭ ᠤᠨ ᠠᠶᠢᠯ ᠳᠤ 1915 ᠤᠨ ᠤ ᠦᠶ᠎ᠡ ᠪᠠᠷ ᠠᠶᠢᠯ ᠰᠠᠭᠤᠷᠢᠰᠢᠯ ᠪᠤᠢ ᠪᠤᠯᠵᠤ᠂ 1958 ᠤᠨ | ᠳᠤ ᠶᠡᠭᠡ ᠪᠠᠷᠢᠭᠠᠳᠠ ᠪᠠᠶᠢᠭᠤᠯᠤᠨ᠂ | ᠵᠢᠷᠠᠭᠠᠳ ᠤᠨ ᠳᠤ ᠶᠤᠤ ᠵᠢᠶᠠ ᠳ᠋ᠤᠸᠠᠨ ᠲᠤᠰᠬᠤᠨ ᠤ ᠬᠤᠯᠪᠤᠭᠠᠲᠤ ᠬᠤᠷᠰᠢᠶ᠎ᠠ ᠶᠢᠨ ᠳᠤᠯᠤᠳᠤᠭᠠᠷ | ᠪᠠᠷᠢᠭᠠᠳᠠ᠂ ᠨᠠᠢᠮᠠᠳᠤᠭᠠᠷ ᠪᠠᠷᠢᠭᠠᠳᠠ ᠭᠡᠵᠦ ᠨᠡᠷᠡᠶᠢᠳᠴᠦ ᠪᠠᠶᠢᠭᠰᠠᠨ ᠢᠶᠠᠨ 1974 ᠤᠨ ᠳᠤ ᠬᠤᠯᠪᠤᠭᠠᠲᠤ | ᠬᠤᠷᠰᠢᠶ᠎ᠠ ᠠᠴᠠ ᠰᠠᠯᠵᠤ ᠪᠤᠯᠠᠭ ᠶᠡᠭᠡ ᠪᠠᠷᠢᠭᠠᠳᠠ ᠶᠢ ᠪᠠᠶᠢᠭᠤᠯᠤᠨ᠂ ᠬᠤᠨᠲᠤ ᠨᠢᠭᠡᠲᠦᠯ ᠳᠤ ᠬᠠᠷᠢᠶᠠᠯᠠᠭᠳᠠᠵᠤ | ᠪᠠᠶᠢᠭᠰᠠᠨ ᠢᠶᠠᠨ 1984 ᠤᠨ ᠳᠤ ᠭᠠᠴᠠᠭ᠎ᠠ ᠪᠤᠯᠭᠠᠨ ᠦᠭᠡᠷᠡᠴᠢᠯᠡᠵᠦ᠂ ᠵᠡᠭᠦᠨ ᠰᠢᠪᠠᠷᠲᠠᠢ ᠰᠢᠶᠠᠩ ᠢ ᠪᠠᠶᠢᠭᠤᠯᠬᠤ | ᠦᠶ᠎ᠡ ᠳᠤ ᠵᠡᠭᠦᠨ ᠰᠢᠪᠠᠷᠲᠠᠢ ᠰᠢᠶᠠᠩ ᠳᠤ ᠬᠠᠷᠢᠶᠠᠯᠠᠭᠳᠠᠨ᠂ 2006 ᠤᠨ ᠳᠤ᠂ ᠵᠡᠭᠦᠨ ᠰᠢᠪᠠᠷᠲᠠᠢ ᠰᠢᠶᠠᠩ ᠢ | ᠪᠠᠶᠠᠨᠬᠤᠸᠠ ᠪᠠᠯᠭᠠᠰᠤ ᠲᠠᠢ ᠨᠡᠶᠢᠯᠡᠭᠦᠯᠬᠦ ᠦᠶ᠎ᠡ ᠳᠤ ᠳᠠᠬᠢᠨ ᠪᠠᠶᠠᠨᠬᠤᠸᠠ ᠪᠠᠯᠭᠠᠰᠤ ᠳᠤ ᠬᠠᠷᠢᠶᠠᠯᠠᠭᠳᠠᠪᠠ᠃ ᠲᠤᠰ | ᠠᠶᠢᠯ ᠨᠢ ᠮᠠᠯ ᠲᠠᠷᠢᠶ᠎ᠠ ᠤᠢ ᠰᠢᠭᠤᠢ ᠶᠢ ᠤᠶᠠᠯᠳᠤᠭᠤᠯᠤᠭᠰᠠᠨ ᠮᠤᠩᠭᠤᠯ ᠦᠨᠳᠦᠰᠦᠲᠡᠨ ᠲᠦᠪᠯᠡᠷᠡᠨ | ᠰᠠᠭᠤᠷᠢᠰᠢᠭᠰᠠᠨ ᠭᠠᠴᠠᠭ᠎ᠠ ᠪᠤᠯᠤᠨ᠎ᠠ᠃ | ᠲᠤᠰ ᠠᠶᠢᠯ ᠠᠴᠠ ᠢᠯᠡᠷᠡᠭᠰᠡᠨ ᠪᠠᠭᠤᠷᠢ ᠦᠯᠡᠳᠡᠭᠳᠡᠯ ᠠᠴᠠ ᠦᠵᠡᠪᠡᠯ ᠲᠤᠰ ᠠᠶᠢᠯ ᠤᠨ ᠬᠠᠷᠢᠶᠠᠨ ᠳᠤ | ᠠᠯᠢ ᠡᠷᠲᠡ ᠮᠢᠩᠭ᠎ᠠ ᠭᠠᠷᠤᠢ ᠵᠢᠯ ᠤᠨ ᠡᠮᠦᠨ᠎ᠡ ᠠᠴᠠ ᠬᠦᠮᠦᠨ ᠠᠮᠢᠲᠠᠨ ᠰᠠᠭᠤᠷᠢᠰᠢᠵᠤ ᠪᠠᠶᠢᠭᠰᠠᠨ ᠤᠯᠠ ᠮᠦᠷ ᠲᠠᠢ | ᠪᠠᠶᠢᠳᠠᠭ᠃ ᠡᠷᠲᠡᠨ ᠤ ᠬᠦᠮᠦᠨ ᠤ ᠠᠮᠤ ᠴᠠᠶᠢᠯᠭᠠᠬᠤ ᠳᠤ ᠬᠡᠷᠡᠭᠯᠡᠳᠡᠭ ᠤᠭᠤᠷ — ᠠᠶᠢᠯ ᠤᠨ ᠳᠤᠮᠳᠠᠬᠢ | ᠬᠤᠳᠳᠤᠭ ᠤᠨ ᠬᠠᠵᠠᠭᠤ ᠳᠤ ᠬᠤᠶᠠᠷ ᠪᠦᠳᠦᠭᠦᠨ ᠦᠬᠡᠷ ᠴᠢᠯᠠᠭᠤᠨ ᠳᠡᠭᠡᠷ᠎ᠡ ᠡᠷᠲᠡᠨ ᠤ ᠬᠦᠮᠦᠨ ᠤ ᠪᠤᠳᠠᠭ᠎ᠠ | ᠴᠠᠶᠢᠯᠭᠠᠳᠠᠭ ᠬᠠᠭᠠᠰ ᠮᠧᠲᠷ ᠢᠯᠡᠭᠦᠦ ᠭᠦᠨ ᠭᠦᠯᠢᠭᠡᠷ ᠨᠦᠬᠡ ᠲᠠᠢ ᠴᠢᠯᠠᠭᠤ ᠪᠤᠢ᠂ ᠡᠭᠦᠨ ᠳᠤ ᠨᠢᠭᠡ ᠪᠦᠳᠦᠭᠦᠨ | ᠴᠢᠯᠠᠭᠤᠨ ᠳᠡᠭᠡᠷ᠎ᠡ ᠨᠢ ᠬᠤᠶᠠᠷ ᠭᠦᠯᠢᠭᠡᠷ ᠨᠦᠬᠡ ᠲᠠᠢ ᠪᠠᠶᠢᠳᠠᠭ᠃ ᠡᠶᠢᠮᠦ ᠤᠭᠤᠷ ᠤᠨ ᠨᠦᠬᠡ ᠲᠠᠢ ᠦᠬᠡᠷ | ᠴᠢᠯᠠᠭᠤ ᠡᠨᠡ ᠠᠶᠢᠯ ᠳᠤ 4 — 5 ᠪᠠᠶᠢᠵᠤ᠂ ᠬᠦᠮᠦᠰ ᠲᠡᠭᠦᠨ ᠢ ᠠᠳᠤᠭᠤ ᠮᠠᠯ ᠢᠶᠠᠨ ᠤᠰᠤᠯᠠᠬᠤ ᠳᠤ ᠬᠡᠷᠡᠭᠯᠡᠵᠦ | ᠪᠠᠶᠢᠭᠰᠠᠨ ᠢᠶᠠᠨ 2010 ᠤᠨ ᠤ ᠦᠶ᠎ᠡ ᠪᠠᠷ ᠬᠤᠳᠳᠤᠭ ᠤᠨ ᠭᠡᠷ ᠪᠠᠷᠢᠬᠤ᠂ ᠤᠶᠢᠷ᠎ᠠ ᠬᠠᠪᠢ ᠶᠢᠨ ᠠᠶᠢᠯ ᠭᠡᠷ | ᠲᠡᠷᠭᠡ ᠪᠠᠨ ᠰᠢᠨᠡᠳᠬᠡᠵᠦ ᠬᠦᠷᠢᠶ᠎ᠡ ᠬᠠᠰᠢᠶ᠎ᠠ ᠪᠠᠨ ᠦᠷᠭᠡᠳᠬᠡᠨ ᠪᠠᠶᠢᠭᠤᠯᠬᠤ ᠳᠤ ᠲᠤᠰ ᠴᠢᠯᠠᠭᠤᠳ ᠭᠠᠵᠠᠷ ᠳᠤᠤᠷ᠎ᠠ | ᠪᠤᠯᠠᠭᠳᠠᠭᠰᠠᠨ ᠪᠠᠶᠢᠨ᠎ᠠ᠃ ᠠᠶᠢᠯ ᠤᠨ ᠪᠠᠷᠠᠭᠤᠨ ᠡᠮᠦᠨ᠎ᠡ ᠬᠤᠶᠠᠷ ᠭᠠᠵᠠᠷ ᠤᠨ ᠵᠠᠢ ᠳᠤ ᠲᠤᠭᠤᠰᠬᠠᠲᠤ ᠠᠭᠤᠯᠠ ᠭᠡᠬᠦ | ᠪᠢᠴᠢᠬᠠᠨ ᠠᠭᠤᠯᠠ ᠪᠠᠶᠢᠳᠠᠭ᠃ ᠡᠨᠡ ᠠᠭᠤᠯᠠ ᠶᠢᠨ ᠵᠡᠭᠦᠨ ᠡᠮᠦᠨ᠎ᠡ ᠲᠡᠭᠰᠢᠬᠡᠨ ᠳᠡᠨᠵᠢᠨ ᠳᠡᠭᠡᠷ᠎ᠡ ᠡᠷᠲᠡᠨ ᠤ ᠬᠦᠬᠡ | ᠲᠤᠭᠤᠰᠬ᠎ᠠ᠂ ᠸᠠᠭᠠᠷ ᠱᠠᠭᠠᠵᠠᠩ ᠤᠨ ᠵᠦᠢᠯᠡᠰ ᠤᠳᠤ ᠴᠤ ᠭᠡᠰᠡᠨ ᠲᠤᠩ ᠤᠯᠠᠨ ᠬᠠᠷᠠᠭᠳᠠᠳᠠᠭ᠃ ᠡᠨᠡᠭᠦᠷ | ᠳᠠᠯᠠᠭᠠᠳ ᠤᠨ ᠤ ᠦᠶ᠎ᠡ ᠪᠤᠯᠲᠠᠯ᠎ᠠ ᠡᠷᠲᠡᠨ ᠤ ᠭᠠᠤᠯᠢᠨ ᠵᠤᠭᠤᠰ᠂ ᠪᠤᠷᠬᠠᠨ ᠮᠡᠲᠦ ᠶᠢᠨ ᠵᠦᠢᠯᠡᠰ ᠢ ᠲᠡᠭᠦᠵᠦ | ᠤᠯᠳᠠᠳᠠᠭ ᠪᠠᠶᠢᠭᠰᠠᠨ᠃ ᠳᠡᠭᠡᠷ᠎ᠡ ᠵᠠᠭᠤᠨ ᠤ ᠳᠠᠯᠠᠭᠠᠳ ᠤᠨ ᠳᠤ ᠲᠠᠷᠢᠶᠠᠯᠠᠩ ᠳ᠋ᠠᠵᠠᠢ ᠠᠴᠠ ᠰᠤᠷᠤᠯᠴᠠᠵᠤ ᠱᠠᠲᠤᠨ | ᠲᠠᠷᠢᠶ᠎ᠠ ᠭᠠᠷᠭᠠᠬᠤ ᠦᠶ᠎ᠡ ᠳᠤ ᠡᠨᠡᠭᠦᠷ ᠡᠷᠲᠡᠨ ᠤ ᠬᠠᠭᠤᠴᠢ ᠡᠳ᠋ᠯᠡᠯ ᠬᠡᠷᠡᠭᠰᠡᠯ ᠲᠤᠩ ᠤᠯᠠᠨ ᠢᠯᠡᠷᠡᠭᠰᠡᠨ ᠢ | ᠲᠤᠬᠠᠢ ᠶᠢᠨ ᠦᠶ᠎ᠡ ᠳᠤ ᠲᠡᠭᠦᠨ ᠤ ᠦᠨ᠎ᠡ ᠦᠷᠳ᠋ᠩ ᠢ ᠡᠰᠡ ᠤᠶᠢᠯᠠᠭᠠᠬᠤ ᠲᠤᠯᠠ ᠴᠦᠮ ᠮᠠᠭᠤ ᠲᠡᠮᠦᠷ ᠢᠶᠠᠷ | ᠬᠤᠷᠰᠢᠶᠠᠨ ᠳᠤ ᠬᠤᠳᠠᠯᠳᠤᠨ ᠶᠠᠪᠤᠭᠤᠯᠵᠤ ᠶᠡᠭᠡ ᠬᠠᠷᠠᠮᠰᠠᠯ ᠦᠯᠡᠳᠡᠭᠡᠵᠡᠢ᠃ ᠠᠶᠢᠯ ᠤᠨ ᠡᠮᠦᠨᠡᠬᠢ ᠭᠤᠷᠪᠠᠨ | ᠭᠠᠵᠠᠷ ᠤᠨ ᠦᠵᠦᠭᠦᠷ ᠲᠠᠬᠢ ᠬᠤᠨᠲᠤᠷ ᠤᠨ ᠤᠩᠬᠠᠢ ᠳᠤ ᠡᠷᠲᠡᠨ ᠤ ᠭᠠᠤᠯᠢ ᠬᠤᠳᠳᠤᠭ ᠤᠳᠤ ᠴᠤ ᠤᠰᠤ ᠲᠠᠢ | ᠬᠡᠪ ᠢᠶᠠᠷ ᠢᠶᠠᠨ ᠪᠤᠢ᠃ ᠡᠨᠡᠭᠦᠷᠬᠢ ᠤᠯᠠᠨ ᠠᠭᠤᠯᠠᠨ ᠬᠦᠨᠳᠡᠢ ᠭᠤᠤ ᠵᠢᠯᠠᠭ᠎ᠠ ᠪᠠᠷ ᠡᠷᠲᠡᠨ ᠤ ᠬᠡᠭᠦᠷ ᠤᠩᠭᠤᠨ | ᠤᠯᠠᠨ ᠭᠠᠷᠴᠤ ᠦᠩᠭᠡᠷᠡᠪᠡ᠃ ᠬᠠᠷᠠᠮᠰᠠᠯᠲᠠᠢ ᠨᠢ ᠠᠳᠡ ᠴᠤᠬᠤᠮ ᠡᠷᠲᠡᠨ ᠤ ᠠᠯᠢ ᠦᠶ᠎ᠡ ᠶᠢᠨ ᠶᠠᠮᠠᠷ ᠬᠤᠲᠠ | ᠰᠠᠭᠤᠷᠢᠰᠢᠯ᠂ ᠶᠠᠮᠤᠨ᠂ ᠪᠠᠶᠢᠭᠤᠯᠭ᠎ᠠ᠂ ᠰᠦᠮ᠎ᠡ ᠰᠤᠪᠤᠷᠭ᠎ᠠ ᠮᠡᠲᠦ ᠶᠢᠨ ᠰᠠᠭᠤᠴᠠ ᠪᠠᠶᠢᠭᠰᠠᠨ ᠲᠤᠬᠠᠢ ᠬᠤᠰᠢᠭᠤᠨ | ᠲᠡᠦᠬᠡ ᠰᠤᠶᠤᠯ ᠰᠤᠳᠤᠷ ᠪᠢᠴᠢᠭ ᠲᠤ ᠦᠴᠦᠬᠡᠨ ᠴᠤ ᠲᠡᠮᠳᠡᠭᠯᠡᠯ ᠤᠯᠳᠠᠭᠰᠠᠨ ᠦᠭᠡᠢ᠃ ᠭᠡᠪᠡᠴᠦ ᠬᠤᠵᠢᠮ ᠤᠨ | ᠮᠡᠷᠭᠡᠳ ᠠᠯᠢ ᠨᠢᠭᠡᠨ ᠡᠳᠦᠷ ᠡᠨᠡᠬᠦ ᠲᠡᠦᠬᠡ ᠶᠢᠨ ᠨᠢᠭᠤᠴᠠ ᠶᠢ ᠯᠠᠪᠲᠠᠢ ᠢᠯᠡᠷᠡᠭᠦᠯᠦᠨ᠎ᠡ ᠭᠡᠳᠡᠭ ᠲᠤ ᠢᠲᠡᠭᠡᠯ ᠲᠠᠢ | ᠪᠠᠶᠢᠨᠠᠮ᠃ | ᠪᠠᠰᠠ ᠨᠢᠭᠡ ᠰᠤᠨᠢᠷᠬᠠᠯᠲᠠᠢ ᠤᠴᠢᠷ ᠭᠡᠪᠡᠯ᠂ ᠳᠡᠭᠡᠷ᠎ᠡ ᠵᠠᠭᠤᠨ ᠤ ᠵᠢᠷᠠ ᠳᠠᠯᠠᠭᠠᠳ ᠤᠨ ᠤ ᠦᠶ᠎ᠡ ᠪᠠᠷ | ᠵᠠᠷᠢᠮ ᠠᠭᠤᠯᠠᠰ ᠤᠨ ᠤᠷᠤᠢ ᠪᠠᠷ ᠲᠡᠮᠦᠷ ᠪᠤᠶᠤ ᠮᠤᠳᠤᠨ ᠵᠢᠶᠠᠰᠠ ᠪᠤᠰᠬᠠᠭᠰᠠᠨ ᠪᠠᠶᠢᠳᠠᠭ ᠢ ᠤᠳᠤᠬᠢ 40 — 50 | ᠨᠠᠰᠤᠨ ᠠᠴᠠ ᠳᠡᠭᠡᠭᠰᠢᠬᠢ ᠨᠠᠰᠤᠨ ᠤ ᠬᠦᠮᠦᠰ ᠴᠦᠮ ᠮᠡᠳᠡᠳᠡᠭ᠃ ᠲᠤᠬᠠᠢ ᠶᠢᠨ ᠦᠶ᠎ᠡ ᠶᠢᠨ ᠬᠦᠮᠦᠰ ᠤᠨ | ᠮᠠᠭᠠᠳᠯᠠᠬᠤ ᠪᠠᠷ ᠲᠡᠷᠡ ᠨᠢ ᠨᠢᠰᠭᠡᠯ ᠤᠨ ᠵᠠᠮ ᠱᠤᠭᠤᠮ ᠢ ᠵᠢᠭᠠᠳᠠᠭ ᠲᠤᠬᠢᠶ᠎ᠠ ᠲᠡᠮᠳᠡᠭ ᠤᠨ ᠲᠦᠬᠦᠭᠡᠷᠦᠮᠵᠢ ᠭᠡᠵᠦ | ᠬᠡᠯᠡᠯᠴᠡᠳᠡᠭ᠃ ᠭᠡᠪᠡᠴᠦ ᠲᠡᠷᠡ ᠨᠢ ᠴᠤᠬᠤᠮ ᠶᠠᠭᠤᠨ ᠳᠤ ᠪᠤᠰᠬᠠᠭᠰᠠᠨ᠂ ᠶᠠᠮᠠᠷ ᠦᠢᠯᠡᠳᠦᠯ ᠬᠡᠷᠡᠭᠴᠡᠭᠡ ᠲᠠᠢ | ᠪᠠᠶᠢᠳᠠᠭ ᠭᠡᠰᠡᠨ ᠢ ᠦᠴᠦᠬᠡᠨ ᠬᠦᠮᠦᠨ ᠤᠳᠤ ᠴᠤ ᠭᠡᠰᠡᠨ ᠬᠠᠩᠭᠠᠮᠵᠢᠲᠠᠢ ᠪᠠᠲᠤᠲᠠᠢ ᠲᠠᠶᠢᠯᠪᠤᠷᠢ ᠤᠯᠵᠤ | ᠰᠤᠨᠤᠰᠤᠭᠰᠠᠨ ᠦᠭᠡᠢ᠃ ᠭᠡᠪᠡᠴᠦ ᠲᠡᠷᠡ ᠵᠢᠶᠠᠰᠠ ᠶᠢ ᠠᠭᠤᠯᠠ ᠪᠦᠬᠦᠨ ᠳᠤ ᠪᠤᠰᠬᠠᠳᠠᠭ ᠦᠭᠡᠢ᠂ ᠮᠢᠨᠤ | ᠴᠡᠭᠡᠵᠢᠯᠡᠵᠦ ᠪᠠᠶᠢᠬᠤ ᠪᠠᠷ ᠬᠤᠰᠢᠭᠤᠨ ᠲᠦᠪ ᠴᠢᠪᠠᠭ᠎ᠠ ᠠᠴᠠ ᠬᠤᠶᠢᠰᠢ ᠲᠤᠩ ᠤᠯᠠᠨ ᠦᠨᠳᠦᠷ ᠦᠨᠳᠦᠷ ᠠᠭᠤᠯᠠ | ᠨᠢᠷᠤᠭᠤᠳ ᠪᠠᠶᠢᠳᠠᠭ ᠪᠤᠯᠪᠠᠴᠤ ᠡᠶᠢᠮᠦᠷᠬᠦ ᠵᠢᠶᠠᠰᠠ ᠪᠤᠰᠬᠠᠭᠰᠠᠨ ᠨᠢ ᠲᠤᠩ ᠴᠦᠬᠡᠨ᠂ ᠭᠡᠪᠡᠴᠦ ᠪᠤᠯᠠᠭ ᠤᠨ | ᠠᠶᠢᠯ ᠤᠨ ᠵᠡᠭᠦᠨ ᠡᠮᠦᠨᠡᠬᠢ ᠰᠢᠷ᠎ᠠ ᠨᠠᠪᠴᠢᠲᠤ ᠠᠭᠤᠯᠠ ᠶᠢᠨ ᠤᠷᠤᠢ ᠳᠡᠭᠡᠷ᠎ᠡ ᠨᠠᠷᠠᠰᠤᠨ ᠮᠤᠳᠤᠨ ᠤ ᠭᠤᠷᠪᠠᠨ | ᠬᠦᠯᠲᠦ ᠦᠨᠳᠦᠷ ᠵᠢᠶᠠᠰᠠ ᠪᠤᠰᠬᠠᠭᠰᠠᠨ ᠪᠦᠭᠡᠳ ᠵᠢᠶᠠᠰᠠ ᠶᠢᠨ ᠤᠷᠤᠢ ᠳᠡᠭᠡᠷ᠎ᠡ ᠨᠢ ᠲᠡᠪᠡᠷᠢ ᠪᠦᠳᠦᠭᠦᠨ ᠠᠯᠳᠠ | ᠤᠷᠲᠤ ᠪᠦᠭᠡᠷᠡᠩᠭᠡᠢ ᠪᠠᠭᠠᠨ᠎ᠠ ᠬᠡᠯᠪᠡᠷᠢᠲᠦ ᠲᠦᠬᠦᠭᠡᠷᠦᠮᠵᠢ ᠲᠠᠢ ᠪᠠᠶᠢᠳᠠᠭ᠃ ᠪᠤᠯᠠᠭ ᠤᠨ ᠠᠶᠢᠯ ᠤᠨ ᠪᠠᠷᠠᠭᠤᠨ | ᠡᠮᠦᠨᠡᠬᠢ ᠴᠠᠷᠠᠰᠤᠲᠤ ᠶᠢᠨ ᠤᠷᠤᠢ ᠶᠢᠨ ᠠᠭᠤᠯᠠᠨ ᠳᠡᠭᠡᠷ᠎ᠡ ᠠᠳᠠᠯᠢᠬᠠᠨ ᠬᠡᠯᠪᠡᠷᠢᠲᠡᠢ ᠲᠡᠮᠦᠷ ᠬᠦᠯᠲᠦ ᠵᠢᠶᠠᠰᠠ ᠲᠠᠢ | ᠪᠠᠶᠢᠳᠠᠭ ᠪᠠ ᠪᠤᠯᠠᠭ ᠤᠨ ᠠᠶᠢᠯ ᠤᠨ ᠠᠰ ᠪᠠᠷᠠᠭᠤᠨ ᠳᠠᠬᠢ ᠬᠠᠷ᠎ᠠ ᠱᠤᠷᠤᠩ ᠠᠭᠤᠯᠠ ᠶᠢᠨ ᠤᠷᠤᠢ ᠳᠡᠭᠡᠷ᠎ᠡ ᠮᠦᠨ | ᠠᠳᠠᠯᠢᠬᠠᠨ ᠬᠡᠯᠪᠡᠷᠢᠲᠦ ᠲᠡᠮᠦᠷ ᠬᠦᠯᠲᠦ ᠵᠢᠶᠠᠰᠠ ᠲᠠᠢ ᠪᠠᠶᠢᠳᠠᠭ᠃ ᠡᠨᠡ ᠭᠤᠷᠪᠠᠨ ᠠᠭᠤᠯᠠ ᠶᠢᠨ ᠵᠠᠢ ᠨᠢ ᠬᠤᠭᠤᠷᠤ | ᠬᠤᠭᠤᠷᠤᠨᠳᠤ ᠪᠠᠨ 5 ᠺᠢᠯᠤᠮᠧᠲᠷ ᠠᠴᠠ ᠳᠠᠪᠠᠳᠠᠭ ᠦᠭᠡᠢ᠃ ᠶᠠᠭᠠᠬᠢᠬᠤ ᠳᠤ ᠪᠠᠨ ᠡᠳᠦᠶᠢᠬᠡᠨ ᠵᠠᠢ ᠳᠤ ᠭᠤᠷᠪᠠᠨ | ᠵᠢᠶᠠᠰᠠ ᠪᠤᠰᠬᠠᠭᠰᠠᠨ ᠲᠤᠬᠠᠢ ᠨᠠᠳᠠᠳᠦ ᠤᠳᠤ ᠴᠤ ᠭᠡᠰᠡᠨ ᠨᠢᠭᠡ ᠤᠨᠢᠰᠤᠭ᠎ᠠ ᠪᠤᠯᠤᠨ ᠦᠯᠡᠳᠡᠭᠰᠡᠭᠡᠷ᠃ ᠲᠡᠷᠡ ᠨᠢ | ᠬᠡᠷᠪᠡ ᠨᠢᠰᠭᠡᠯ ᠤᠨ ᠵᠠᠮ ᠱᠤᠭᠤᠮ ᠤᠨ ᠲᠤᠬᠢᠶᠠᠨ ᠳᠡᠮᠳᠡᠭ ᠭᠡᠵᠦ ᠦᠵᠡᠪᠡᠯ᠂ ᠲᠡᠷᠡ ᠨᠢ ᠨᠢᠰᠭᠡᠯ ᠤᠨ ᠨᠢᠳᠦ | ᠴᠠᠪᠴᠢᠬᠤ ᠬᠤᠭᠤᠷᠤᠨᠳᠤ ᠯᠡ ᠦᠩᠭᠡᠷᠡᠭᠡᠳ ᠭᠠᠷᠳᠠᠭ ᠤᠷᠤᠨ ᠵᠠᠢ ᠲᠡᠳᠦᠢ ᠶᠤᠮ᠃ ᠭᠡᠬᠦ ᠮᠦᠷᠲᠡᠭᠡᠨ ᠡᠨᠡ | ᠭᠤᠷᠪᠠᠨ ᠵᠢᠶᠠᠰᠠ ᠲᠠᠢ ᠠᠭᠤᠯᠠ ᠶᠢᠨ ᠤᠶᠢᠷ᠎ᠠ ᠤᠷᠴᠢᠨ ᠤ ᠦᠨᠳᠦᠷ ᠦᠨᠳᠦᠷ ᠠᠭᠤᠯᠠᠰ ᠤᠨ ᠤᠷᠤᠢ ᠳᠡᠭᠡᠷ᠎ᠡ ᠶᠡᠷᠦ | ᠨᠢ ᠵᠢᠶᠠᠰᠠ ᠪᠠᠶᠢᠬᠤ ᠨᠢ ᠬᠠᠷᠠᠭᠳᠠᠭᠰᠠᠨ ᠦᠭᠡᠢ᠃ ᠡᠨᠡ ᠴᠤᠬᠤᠮ ᠶᠠᠮᠠᠷ ᠵᠢᠭᠠᠯᠲᠠ ᠲᠡᠮᠳᠡᠭ ᠪᠤᠯ ᠡ︖ ᠁ | ᠤᠳᠤ ᠡᠳᠡᠭᠡᠷ ᠦᠨᠳᠦᠷ ᠠᠭᠤᠯᠠᠨ ᠤᠷᠤᠢ ᠳᠡᠭᠡᠷᠡᠬᠢ ᠵᠢᠶᠠᠰᠠ ᠶᠢᠨ ᠮᠤᠳᠤ ᠲᠡᠮᠦᠷ ᠢ ᠨᠠᠶᠠᠭᠠᠳ ᠤᠨ ᠤ | ᠰᠡᠭᠦᠯᠴᠢ ᠪᠠᠷ ᠶᠤᠤ ᠵᠢᠶᠠ ᠳ᠋ᠤᠸᠠᠨ ᠠᠶᠢᠯ ᠤᠨ ᠬᠢᠲᠠᠳ ᠠᠬ᠎ᠠ ᠳᠡᠭᠦᠦ ᠨᠠᠷ ᠬᠤᠯᠠᠭᠠᠶᠢᠯᠠᠨ ᠠᠪᠠᠴᠢᠵᠤ ᠴᠦᠮ ᠢ | ᠰᠦᠢᠳᠬᠡᠵᠦ ᠤᠷᠤ ᠮᠦᠷ ᠴᠤ ᠦᠭᠡᠢ ᠪᠤᠯᠭᠠᠵᠠᠢ᠃ | | ᠪᠤᠯᠠᠭ ᠤᠨ ᠠᠶᠢᠯ ᠤᠨ ᠤᠶᠢᠷ᠎ᠠ ᠤᠷᠴᠢᠨ ᠳᠤ ᠡᠷᠲᠡᠨ ᠤ ᠤᠪᠤᠭᠠᠳ | 1. ᠪᠤᠯᠠᠭ ᠤᠨ ᠤᠪᠤᠭ᠎ᠠ | | | | ᠪᠤᠯᠠᠭ ᠤᠨ ᠠᠶᠢᠯ ᠤᠨ ᠠᠷᠤ ᠲᠦᠰᠢᠯᠭᠡ ᠪᠤᠯᠤᠭᠰᠠᠨ ᠤᠪᠤᠭ᠎ᠠ ᠶᠢᠨ ᠤᠷᠤᠢ ᠳᠡᠭᠡᠷ᠎ᠡ ᠡᠷᠲᠡ ᠳᠡᠭᠡᠷ᠎ᠡ | ᠦᠶ᠎ᠡ ᠠᠴᠠ ᠲᠠᠬᠢᠯᠭ᠎ᠠ ᠲᠠᠢ ᠤᠪᠤᠭ᠎ᠠ ᠪᠠᠶᠢᠳᠠᠭ᠃ ᠡᠨᠡ ᠨᠤᠲᠤᠭ ᠲᠤ ᠠᠩᠬ᠎ᠠ ᠡᠬᠢᠯᠡᠵᠦ ᠠᠶᠢᠯ ᠰᠠᠭᠤᠷᠢᠰᠢᠬᠤ | ᠦᠶ᠎ᠡ ᠳᠤ ᠳᠠᠷᠤᠢ ᠡᠨᠡ ᠤᠪᠤᠭ᠎ᠠ ᠪᠠᠶᠢᠭᠰᠠᠨ ᠪᠦᠭᠡᠳ ᠡᠨᠡᠭᠦᠷ ᠰᠠᠭᠤᠷᠢᠰᠢᠭᠰᠠᠨ ᠠᠶᠢᠯ ᠨᠢ ᠲᠤᠰ ᠤᠪᠤᠭ᠎ᠠ ᠪᠠᠨ | ᠦᠶ᠎ᠡ ᠤᠯᠠᠷᠢᠨ ᠳᠡᠭᠡᠳᠦᠯᠡᠨ ᠲᠠᠬᠢᠭᠰᠠᠭᠠᠷ ᠢᠷᠡᠵᠡᠢ᠃ ᠲᠤᠰ ᠤᠪᠤᠭ᠎ᠠ ᠶᠢᠨ ᠭᠠᠵᠠᠷ ᠵᠦᠢ ᠶᠢᠨ ᠪᠠᠶᠢᠷᠢᠰᠢᠯ ᠨᠢ | ᠤᠮᠠᠷᠠᠲᠤ ᠦᠷᠭᠡᠷᠢᠭ ᠤᠨ 44。12、57.25¨᠂ ᠵᠡᠭᠦᠨ ᠤᠷᠲᠤᠷᠢᠭ ᠤᠨ 119。39、28.29¨ | ᠲᠤ ᠪᠠᠶᠢᠷᠢᠯᠠᠵᠤ᠂ ᠳᠠᠯᠠᠢ ᠶᠢᠨ ᠲᠦᠪᠰᠢᠨ ᠠᠴᠠ 689 ᠮᠧᠲᠷ ᠡᠷᠭᠦᠭᠳᠡᠭᠰᠡᠨ ᠪᠠᠶᠢᠳᠠᠭ᠃ | 1955 ᠤᠨ ᠳᠤ᠂ ᠠᠣᠬᠠᠨ ᠬᠤᠰᠢᠭᠤᠨ ᠤ ᠭᠡᠭᠡᠨ ᠰᠦᠮ᠎ᠡ ᠳᠤ ᠭᠡᠪᠬᠦᠢ ᠪᠠᠶᠢᠭᠰᠠᠨ ᠮᠢᠨᠤ ᠡᠪᠦᠭᠡ ᠮᠠᠮᠠ | ᠳᠤᠭᠠᠷᠵᠠᠪ᠂ ᠲᠤᠰ ᠠᠶᠢᠯ ᠳᠤ ᠨᠡᠭᠦᠳᠡᠯᠯᠡᠨ ᠢᠷᠡᠭᠰᠡᠨ ᠤ ᠬᠤᠶᠠᠳᠤᠭᠠᠷ ᠵᠢᠯ ︵1954 ᠤᠨ ᠳᠤ ᠨᠡᠭᠦᠨ ᠢᠷᠡᠪᠡ︶ | ᠳᠤ ᠨᠢ ᠲᠤᠰ ᠤᠪᠤᠭᠠᠨ ᠳᠤ ᠰᠠᠩ ᠰᠢᠪᠰᠢᠯᠭᠡ ᠲᠠᠯᠪᠢᠨ ᠨᠤᠮ ᠭᠦᠷᠢᠮ ᠤᠩᠰᠢᠵᠤ ᠶᠡᠭᠡ ᠲᠠᠬᠢᠯᠭ᠎ᠠ ᠲᠠᠯᠪᠢᠯ᠎ᠠ | ᠭᠡᠵᠦ ᠮᠠᠭᠤᠬᠦᠦ ᠪᠠᠭᠰᠢ ᠨᠠᠳᠠᠳᠤ ᠬᠡᠯᠡᠵᠦ ᠦᠭᠭᠦᠭᠰᠡᠨ ᠶᠤᠮ᠃ | ᠪᠤᠯᠠᠭ ᠤᠨ ᠠᠶᠢᠯ ᠤᠨ ᠬᠢᠨ ᠲᠤᠰ ᠤᠪᠤᠭ᠎ᠠ ᠪᠠᠨ ᠪᠤᠯᠠᠭ ᠤᠨ ᠤᠪᠤᠭ᠎ᠠ ᠭᠡᠳᠡᠭ᠃ ᠤᠴᠢᠷ ᠨᠢ ᠡᠷᠲᠡ | ᠦᠶ᠎ᠡ ᠳᠤ ᠠᠳᠡ ᠠᠩᠬ᠎ᠠ ᠡᠬᠢᠯᠡᠵᠦ ᠠᠶᠢᠯ ᠰᠠᠭᠤᠷᠢᠰᠢᠯ ᠪᠤᠢ ᠪᠤᠯᠬᠤ ᠳᠤ ᠲᠤᠰ ᠤᠪᠤᠭ᠎ᠠ ᠶᠢᠨ ᠵᠡᠭᠦᠨ | ᠬᠤᠷᠮᠤᠢ ᠠᠴᠠ ᠦᠬᠡᠷ ᠤᠨ ᠨᠢᠳᠦᠨ ᠪᠤᠯᠠᠭ ᠤᠨᠳᠤᠷᠴᠤ ᠪᠠᠶᠢᠭᠰᠠᠨ ᠢᠶᠠᠷ ᠪᠤᠯᠠᠭ ᠤᠨ ᠤᠪᠤᠭ᠎ᠠ ᠭᠡᠵᠦ ᠨᠡᠷᠡᠶᠢᠳᠪᠡ᠃ | ᠤᠳᠤ ᠡᠨᠡ ᠦᠬᠡᠷ ᠤᠨ ᠨᠢᠳᠦᠨ ᠪᠤᠯᠠᠭ ᠤᠨ ᠬᠠᠵᠠᠭᠤ ᠬᠠᠪᠢ ᠪᠠᠷ ᠠᠶᠢᠯ ᠰᠠᠭᠤᠷᠢᠰᠢᠵᠤ᠂ ᠪᠤᠯᠠᠭ ᠤᠨᠳᠤᠷᠴᠤ | ᠪᠠᠶᠢᠭᠰᠠᠨ ᠭᠠᠵᠠᠷ ᠤᠨ ᠬᠠᠪᠢ ᠳᠤ ᠭᠦᠨ ᠬᠤᠳᠳᠤᠭ ᠮᠠᠯᠲᠠᠵᠤ ᠲᠤᠰ ᠠᠶᠢᠯ ᠤᠨ ᠴᠤᠷ ᠤᠨ ᠭᠠᠭᠴᠠ ᠰᠠᠶᠢᠨ ᠤᠰᠤ | ᠲᠠᠢ ᠬᠤᠳᠳᠤᠭ ᠪᠤᠯᠵᠤ ᠪᠦᠬᠦ ᠠᠶᠢᠯ ᠤᠨ ᠤᠰᠤ ᠤᠮᠳᠠ ᠶᠢ ᠬᠠᠩᠭᠠᠵᠤ ᠪᠤᠢ᠃ | ᠪᠤᠯᠠᠭ ᠤᠨ ᠤᠪᠤᠭ᠎ᠠ ᠶᠢ ᠵᠢᠯ ᠪᠦᠷᠢ ᠶᠢᠨ ᠪᠢᠯᠢᠭ ᠤᠨ ᠤᠯᠠᠷᠢᠯ ᠤᠨ 5 ᠰᠠᠷ᠎ᠠ ᠶᠢᠨ 13 ᠤ ᠡᠳᠦᠷ ᠲᠤ | ᠭᠠᠴᠠᠭ᠎ᠠ ᠠᠴᠠ ᠪᠠᠨ ᠵᠤᠬᠢᠶᠠᠨ ᠪᠠᠶᠢᠭᠤᠯᠵᠤ ᠠᠶᠢᠯ ᠤᠯᠠᠨ ᠢᠶᠠᠷ ᠢᠶᠠᠨ ᠬᠠᠮᠲᠤ ᠪᠠᠷ ᠲᠠᠬᠢᠳᠠᠭ᠃ ᠰᠤᠶᠤᠯ ᠤᠨ | ᠬᠤᠪᠢᠰᠬᠠᠯ ᠤᠨ ᠰᠠᠮᠠᠭᠤᠷᠠᠯ ᠳᠤᠮᠳᠠ ᠨᠢᠭᠡᠨ ᠦᠶ᠎ᠡ ᠲᠠᠬᠢᠯᠭ᠎ᠠ ᠲᠠᠰᠤᠷᠠᠭᠰᠠᠨ ᠪᠤᠯᠪᠠᠴᠤ ᠨᠠᠶᠠᠭᠠᠳ ᠤᠨ ᠠᠴᠠ | ᠡᠬᠢᠯᠡᠵᠦ ᠲᠠᠬᠢᠯᠭ᠎ᠠ ᠶᠢ ᠨᠢ ᠰᠡᠷᠭᠦᠭᠡᠵᠦ ᠲᠠᠬᠢᠵᠤ ᠪᠠᠶᠢᠨ᠎ᠠ᠃ | ᠰᠤᠶᠤᠯ ᠤᠨ ᠬᠤᠪᠢᠰᠬᠠᠯ ᠠᠴᠠ ᠡᠮᠦᠨᠡᠬᠢ ᠤᠪᠤᠭᠠᠨ ᠲᠠᠬᠢᠯᠭ᠎ᠠ ᠳᠤ ᠨᠢᠭᠡᠨ ᠰᠤᠨᠢᠷᠬᠠᠯ ᠲᠠᠢ ᠵᠠᠩ ᠦᠢᠯᠡ | ᠪᠠᠶᠢᠵᠠᠢ᠃ ᠤᠪᠤᠭᠠᠨ ᠲᠠᠬᠢᠯᠭ᠎ᠠ ᠳᠤ ᠤᠷᠤᠯᠴᠠᠬᠤ ᠬᠦᠮᠦᠨ ᠲᠤᠯᠤᠭᠠᠢ ᠳᠤ ᠪᠠᠨ ᠤᠳᠠ ᠮᠤᠳᠤᠨ ᠤ ᠤᠷᠭᠤᠭ᠎ᠠ | ᠮᠦᠴᠢᠷ ᠢᠶᠠᠷ ᠭᠦᠷᠦᠭᠰᠡᠨ ᠮᠠᠯᠠᠭᠠᠢ ᠵᠡᠭᠦᠵᠦ᠂ ᠲᠠᠬᠢᠯᠭ᠎ᠠ ᠶᠢᠨ ᠵᠦᠢᠯᠡᠰ ᠢᠶᠠᠨ ᠡᠭᠦᠷᠴᠦ ᠠᠶᠢᠯ ᠤᠨ ᠡᠭᠦᠳᠡ ᠪᠠᠷ | ᠦᠩᠭᠡᠷᠡᠬᠦ ᠦᠶᠡᠰ ᠠᠶᠢᠯ ᠪᠦᠷᠢ ᠶᠢᠨ ᠬᠢᠨ ᠤᠰᠤᠨ ᠬᠤᠯᠤ ᠳᠤ ᠪᠠᠨ ᠤᠰᠤ ᠬᠢᠵᠦ ᠤᠳᠠ ᠮᠤᠳᠤᠨ ᠤ ᠤᠷᠭᠤᠭ᠎ᠠ | ᠮᠦᠴᠢᠷ ᠢᠶᠠᠷ ᠲᠠᠬᠢᠯᠭ᠎ᠠ ᠳᠤ ᠤᠷᠤᠯᠴᠠᠬᠤ ᠬᠦᠮᠦᠨ ᠤ ᠲᠤᠯᠤᠭᠠᠢ ᠳᠡᠭᠡᠷ᠎ᠡ ᠤᠰᠤ ᠰᠢᠪᠰᠢᠳᠡᠭ ᠵᠠᠩᠰᠢᠯ ᠲᠠᠢ | ᠪᠠᠶᠢᠵᠠᠢ᠃ ᠡᠨᠡ ᠨᠢ ᠪᠤᠷᠬᠠᠨ ᠲᠡᠭᠷᠢ ᠶᠢᠨ ᠢᠪᠡᠭᠡᠯ ᠢᠶᠠᠷ ᠪᠤᠷᠤᠭᠠᠨ ᠬᠤᠷ᠎ᠠ ᠳᠠᠷᠤᠶᠢᠬᠠᠨ ᠪᠠᠭᠤᠵᠤ᠂ ᠪᠠᠶᠢᠭᠠᠯᠢ | ᠳᠡᠯᠡᠬᠡᠢ ᠪᠠᠨ ᠤᠮᠳᠠᠯᠠᠵᠤ ᠪᠦᠭᠦᠳᠡ ᠤᠯᠠᠨ ᠢᠶᠠᠨ ᠪᠠᠶᠠᠰᠬᠠᠬᠤ ᠪᠤᠯᠲᠤᠭᠠᠢ ᠭᠡᠵᠦ ᠬᠦᠰᠡᠭᠰᠡᠨ ᠰᠠᠨᠠᠭ᠎ᠠ ᠪᠢᠯᠡ᠃ | ᠪᠤᠯᠠᠭ ᠤᠨ ᠤᠪᠤᠭ᠎ᠠ ᠶᠢᠨ ᠡᠵᠡᠳ ᠰᠠᠬᠢᠭᠤᠰᠤ ᠨᠢ ᠦᠨᠡᠬᠡᠷ ᠷᠢᠳᠢ ᠰᠢᠳᠢ ᠲᠠᠢ ᠪᠠᠶᠢᠭᠰᠠᠨ ᠠᠵᠢ᠃ ᠤᠪᠤᠭᠠᠨ | ᠲᠠᠬᠢᠯᠭ᠎ᠠ ᠳᠤ ᠤᠷᠤᠯᠴᠠᠭᠰᠠᠨ ᠬᠦᠮᠦᠰ ᠡᠷᠭᠦᠴᠡ ᠲᠠᠬᠢᠯᠭ᠎ᠠ ᠪᠠᠨ ᠡᠷᠭᠦᠨ ᠰᠠᠩ ᠰᠢᠪᠰᠢᠯᠭᠡ ᠲᠠᠯᠪᠢᠵᠤ ᠨᠤᠮ | ᠭᠦᠷᠢᠮ ᠢᠶᠠᠨ ᠤᠩᠰᠢᠵᠤ ᠪᠠᠷᠠᠬᠤ ᠠᠴᠠ ᠡᠮᠦᠨ᠎ᠡ ᠴᠡᠯᠮᠡᠭ ᠤᠭᠲᠠᠷᠭᠤᠢ ᠳᠤ ᠪᠠᠷᠠᠭᠠᠨ ᠡᠭᠦᠯᠡᠰ ᠬᠤᠷᠠᠨ ᠨᠡᠶᠢᠳᠬᠡᠷᠡᠵᠦ | ᠂ ᠲᠠᠬᠢᠯᠭ᠎ᠠ ᠳᠤ ᠤᠷᠤᠯᠴᠠᠭᠰᠠᠨ ᠬᠦᠮᠦᠰ ᠤᠪᠤᠭᠠᠨ ᠠᠴᠠ ᠪᠠᠨ ᠪᠠᠭᠤᠵᠤ ᠠᠮᠵᠢᠬᠤ ᠠᠴᠠ ᠡᠮᠦᠨ᠎ᠡ ᠬᠤᠷ᠎ᠠ ᠪᠤᠷᠤᠭᠠᠨ | ᠪᠠᠭᠤᠵᠤ ᠱᠠᠪᠰᠢᠷᠠᠲᠠᠯᠠ ᠨᠤᠷᠤᠭᠳᠠᠵᠤ ᠢᠷᠡᠳᠡᠭ ᠤᠴᠢᠷ ᠵᠤᠩᠬᠢ ᠳᠤ ᠪᠠᠨ ᠭᠠᠷᠳᠠᠭ ᠭᠡᠵᠦ ᠠᠶᠢᠯ ᠤᠨ ᠨᠠᠰᠤᠲᠠᠨ | ᠲᠤᠮᠤᠭᠠᠲᠠᠳ ᠦᠷᠬᠦᠯᠵᠢ ᠶᠠᠷᠢᠳᠠᠭ᠃ ᠭᠡᠪᠡᠴᠦ ᠤᠳᠤ ᠪᠤᠯᠬᠤ ᠳᠤ ᠡᠨᠡ ᠬᠦ ᠵᠠᠩ ᠦᠢᠯᠡ ᠨᠢ ᠨᠢᠭᠡᠨᠲᠡ ᠤᠰᠠᠳᠤᠨ | ᠪᠠᠯᠠᠷᠠᠵᠠᠢ᠃ | ᠰᠤᠶᠤᠯ ᠤᠨ ᠶᠡᠭᠡ ᠬᠤᠪᠢᠰᠬᠠᠯ ᠡᠬᠢᠯᠡᠭᠰᠡᠨ ᠤ ᠳᠠᠷᠠᠭ᠎ᠠ᠂ ᠳᠦᠷᠪᠡᠨ ᠬᠠᠭᠤᠴᠢᠨ ᠢ ᠡᠪᠳᠡᠬᠦ ᠠᠵᠢᠯᠯᠠᠭ᠎ᠠ | ᠦᠷᠨᠢᠵᠦ ᠲᠤᠰ ᠤᠪᠤᠭ᠎ᠠ ᠡᠪᠳᠡᠭᠳᠡᠵᠦ᠂ ᠤᠪᠤᠭ᠎ᠠ ᠶᠢᠨ ᠳᠤᠤᠷ᠎ᠠ ᠳᠠᠷᠤᠵᠤ ᠲᠠᠯᠪᠢᠭᠰᠠᠨ ᠱᠦᠩ ᠤᠨ ᠵᠦᠢᠯᠡᠰ ᠴᠤ | ᠠᠭᠤᠳᠠᠯᠠᠭᠳᠠᠨ ᠰᠦᠢᠳᠬᠡᠭᠳᠡᠪᠡ᠃ ᠲᠤᠰ ᠤᠪᠤᠭ᠎ᠠ ᠶᠢᠨ ᠳᠤᠤᠷᠠᠬᠢ ᠱᠦᠩ ᠤᠨ ᠨᠦᠬᠡ ᠶᠢ ᠰᠢᠬᠠᠵᠤ ᠭᠠᠷᠭᠠᠭᠰᠠᠨ | ᠴᠢᠯᠠᠭᠤ ᠨᠢ ᠳᠠᠷᠤᠰᠢᠭᠠᠳ ᠪᠠᠷᠤᠭ ᠨᠢᠭᠡ ᠴᠤᠭᠴᠠ ᠪᠤᠯᠬᠤ ᠰᠢᠬᠠᠭᠰᠠᠨ ᠢ ᠨᠢ ᠦᠵᠡᠪᠡᠯ᠂ ᠲᠤᠰ ᠤᠪᠤᠭ᠎ᠠ ᠶᠢᠨ | ᠪᠤᠰᠬᠠᠭᠳᠠᠭᠰᠠᠨ ᠴᠠᠭ ᠦᠶ᠎ᠡ ᠨᠢ ᠲᠤᠶᠢᠯ ᠤᠨ ᠤᠷᠲᠤ ᠤᠳᠠᠭᠠᠨ ᠤᠨ ᠪᠤᠯᠤᠭᠰᠠᠨ ᠢ ᠭᠡᠷᠡᠴᠢᠯᠡᠨ᠎ᠡ᠃ | 2. ᠲᠦᠢᠮᠡᠷᠲᠦ ᠶᠢᠨ ᠳᠠᠪᠠᠭ᠎ᠠ ᠶᠢᠨ ︵ᠪᠠᠰᠠ ᠮᠦᠷᠭᠦᠴᠡᠭ ᠤᠨ ᠳᠠᠪᠠᠭ᠎ᠠ ᠶᠢᠨ ᠤᠪᠤᠭ᠎ᠠ ᠴᠤ ᠭᠡᠳᠡᠭ︶ | ᠤᠪᠤᠭ᠎ᠠ | | | | ᠪᠤᠯᠠᠭ ᠤᠨ ᠠᠶᠢᠯ ᠤᠨ ᠪᠠᠷᠠᠭᠤᠨ ᠳᠠᠬᠢ ᠲᠠᠪᠤᠨ ᠬᠠᠳᠠ ᠶᠢᠨ ᠬᠦᠨᠳᠡᠢ ᠪᠠᠷ ᠪᠠᠷᠠᠭᠤᠨ ᠡᠮᠦᠨᠡᠰᠢ 5 | ᠺᠢᠯᠤᠮᠧᠲᠷ ᠤᠷᠴᠢᠮ ᠶᠠᠪᠤᠪᠠᠯ ᠬᠦᠨᠳᠡᠢ ᠶᠢᠨ ᠦᠵᠦᠭᠦᠷ ᠲᠤᠯᠵᠤ᠂ ᠡᠮᠦᠨᠡᠰᠢ ᠳᠠᠪᠠᠭ᠎ᠠ ᠳᠠᠪᠠᠨ ᠦᠭᠰᠦᠬᠦ ᠪᠠ | ᠪᠠᠷᠠᠭᠤᠨᠰᠢ ᠳᠠᠪᠠᠭ᠎ᠠ ᠳᠠᠪᠠᠨ ᠦᠭᠰᠦᠬᠦ ᠬᠤᠶᠠᠷ ᠰᠠᠯᠠᠭ᠎ᠠ ᠡᠷᠲᠡᠨ ᠤ ᠠᠭᠤᠯᠠᠨ ᠵᠠᠮ ᠪᠠᠶᠢᠳᠠᠭ᠃ ᠡᠮᠦᠨ᠎ᠡ ᠪᠠᠶᠢᠭ᠎ᠠ | ᠴᠠᠷᠠᠰᠤᠲᠤ ᠤᠷᠤᠢ ᠶᠢᠨ ᠪᠠᠷᠠᠭᠤᠨ ᠮᠦᠷᠦ ᠪᠤᠯᠬᠤ ᠲᠦᠢᠮᠡᠷᠲᠦ ᠶᠢᠨ ᠳᠠᠪᠠᠭ᠎ᠠ ᠶᠢᠨ ᠡᠷᠲᠡᠨ ᠤ ᠵᠠᠮ ᠢᠶᠠᠷ ᠦᠭᠰᠦᠵᠦ | ᠬᠠᠭᠠᠰ ᠺᠢᠯᠤᠮᠧᠲᠷ ᠭᠠᠷᠤᠢ ᠶᠠᠪᠤᠵᠤ ᠳᠠᠪᠠᠭᠠᠨ ᠤᠷᠤᠢ ᠳᠤ ᠭᠠᠷᠪᠠᠯ ᠲᠦᠢᠮᠡᠷᠲᠦ ᠶᠢᠨ ᠳᠠᠪᠠᠭ᠎ᠠ ᠶᠢᠨ ᠤᠪᠤᠭ᠎ᠠ | ᠪᠠᠶᠢᠳᠠᠭ᠃ ᠡᠨᠡ ᠤᠪᠤᠭ᠎ᠠ ᠨᠢ ᠴᠠᠷᠠᠰᠤᠲᠤ ᠤᠷᠤᠢ ᠶᠢᠨ ᠪᠠᠷᠠᠭᠤᠨ ᠮᠦᠷ ᠪᠠ ᠲᠠᠪᠤᠨ ᠬᠠᠳᠠ ᠶᠢᠨ ᠵᠡᠭᠦᠨ ᠮᠦᠷᠦ | ᠲᠠᠢ ᠵᠤᠯᠭᠠᠭᠰᠠᠨ ᠠᠭᠤᠯᠠ ᠶᠢᠨ ᠤᠨᠤᠭᠤ ᠳᠤ ᠪᠠᠶᠢᠷᠢᠯᠠᠳᠠᠭ᠃ ᠡᠨᠡ ᠤᠪᠤᠭ᠎ᠠ ᠨᠢ ᠡᠷᠲᠡ ᠦᠶ᠎ᠡ ᠳᠤ | ᠪᠤᠰᠬᠠᠭᠳᠠᠭᠰᠠᠨ ᠲᠠᠬᠢᠯᠭ᠎ᠠ ᠦᠭᠡᠢ ᠤᠪᠤᠭ᠎ᠠ ᠪᠤᠯᠤᠨ᠎ᠠ᠃ | ᠲᠤᠰ ᠤᠪᠤᠭ᠎ᠠ ᠶᠢᠨ ᠭᠠᠵᠠᠷ ᠵᠦᠢ ᠶᠢᠨ ᠪᠠᠶᠢᠷᠢᠰᠢᠯ ᠨᠢ ᠤᠮᠠᠷᠠᠲᠤ ᠦᠷᠭᠡᠷᠢᠭ ᠤᠨ 44。10、36. | 02¨᠂ ᠵᠡᠭᠦᠨ ᠤᠷᠲᠤᠷᠢᠭ ᠤᠨ 119。38、27.73¨ ᠲᠤ ᠪᠠᠶᠢᠷᠢᠯᠠᠵᠤ᠂ ᠳᠠᠯᠠᠢ ᠶᠢᠨ ᠲᠦᠪᠰᠢᠨ ᠠᠴᠠ | 841 ᠮᠧᠲᠷ ᠡᠷᠭᠦᠭᠳᠡᠭᠰᠡᠨ ᠪᠠᠶᠢᠳᠠᠭ᠃ | 3. ᠱᠤᠷᠤᠩ ᠤᠨ ᠳᠠᠪᠠᠭ᠎ᠠ ᠶᠢᠨ ︵ᠪᠠᠰᠠ ᠲᠠᠪᠤᠨ ᠬᠠᠳᠠ ᠶᠢᠨ ᠳᠠᠪᠠᠭ᠎ᠠ ᠶᠢᠨ ᠤᠪᠤᠭ᠎ᠠ ᠴᠤ ᠭᠡᠳᠡᠭ︶ | ᠤᠪᠤᠭ᠎ᠠ | | | | ᠪᠤᠯᠠᠭ ᠤᠨ ᠠᠶᠢᠯ ᠤᠨ ᠪᠠᠷᠠᠭᠤᠨ ᠳᠠᠬᠢ ᠲᠠᠪᠤᠨ ᠬᠠᠳᠠ ᠶᠢᠨ ᠬᠦᠨᠳᠡᠢ ᠪᠠᠷ ᠪᠠᠷᠠᠭᠤᠨ ᠡᠮᠦᠨᠡᠰᠢ 5 | ᠺᠢᠯᠤᠮᠧᠲᠷ ᠤᠷᠴᠢᠮ ᠶᠠᠪᠤᠪᠠᠯ ᠬᠦᠨᠳᠡᠢ ᠶᠢᠨ ᠦᠵᠦᠭᠦᠷ ᠲᠤᠯᠵᠤ᠂ ᠡᠮᠦᠨᠡᠰᠢ ᠳᠠᠪᠠᠭ᠎ᠠ ᠳᠠᠪᠠᠨ ᠦᠭᠰᠦᠬᠦ ᠪᠠ | ᠪᠠᠷᠠᠭᠤᠨᠰᠢ ᠳᠠᠪᠠᠭ᠎ᠠ ᠳᠠᠪᠠᠨ ᠦᠭᠰᠦᠬᠦ ᠬᠤᠶᠠᠷ ᠰᠠᠯᠠᠭ᠎ᠠ ᠡᠷᠲᠡᠨ ᠤ ᠠᠭᠤᠯᠠᠨ ᠵᠠᠮ ᠪᠠᠶᠢᠳᠠᠭ᠃ ᠪᠠᠷᠠᠭᠤᠨᠰᠢ | ᠬᠠᠨᠳᠤᠭᠰᠠᠨ ᠱᠤᠷᠤᠩ ᠤᠨ ᠳᠠᠪᠠᠭ᠎ᠠ ᠶᠢᠨ ᠡᠷᠲᠡᠨ ᠤ ᠵᠠᠮ ᠢᠶᠠᠷ ᠬᠠᠭᠠᠰ ᠺᠢᠯᠤᠮᠧᠲᠷ ᠭᠠᠷᠤᠢ ᠶᠠᠪᠤᠵᠤ ᠳᠠᠪᠠᠭᠠᠨ | ᠤᠷᠤᠢ ᠳᠤ ᠭᠠᠷᠪᠠᠯ ᠱᠤᠷᠤᠩ ᠤᠨ ᠳᠠᠪᠠᠭ᠎ᠠ ᠶᠢᠨ ᠤᠪᠤᠭ᠎ᠠ ᠪᠠᠶᠢᠳᠠᠭ᠃ ᠡᠨᠡ ᠤᠪᠤᠭ᠎ᠠ ᠨᠢ ᠲᠠᠪᠤᠨ ᠬᠠᠳᠠ ᠶᠢᠨ | ᠬᠤᠶᠢᠰᠢ ᠪᠠᠭᠤᠭᠰᠠᠨ ᠮᠦᠷᠦ ᠪᠠ ᠱᠤᠷᠤᠩ ᠤᠨ ᠠᠭᠤᠯᠠ ᠶᠢᠨ ᠡᠮᠦᠨᠡᠰᠢ ᠪᠠᠭᠤᠭᠰᠠᠨ ᠮᠦᠷᠦ ᠲᠠᠢ ᠵᠤᠯᠭᠠᠭᠰᠠᠨ | ᠠᠭᠤᠯᠠ ᠶᠢᠨ ᠤᠨᠤᠭᠤ ᠳᠤ ᠪᠠᠶᠢᠷᠢᠯᠠᠳᠠᠭ᠃ ᠡᠨᠡ ᠤᠪᠤᠭ᠎ᠠ ᠨᠢ ᠡᠷᠲᠡ ᠦᠶ᠎ᠡ ᠳᠤ ᠪᠤᠰᠬᠠᠭᠳᠠᠭᠰᠠᠨ ᠲᠠᠬᠢᠯᠭ᠎ᠠ | ᠦᠭᠡᠢ ᠤᠪᠤᠭ᠎ᠠ ᠪᠤᠯᠤᠨ᠎ᠠ᠃ | ᠲᠤᠰ ᠤᠪᠤᠭ᠎ᠠ ᠶᠢᠨ ᠭᠠᠵᠠᠷ ᠵᠦᠢ ᠶᠢᠨ ᠪᠠᠶᠢᠷᠢᠰᠢᠯ ᠨᠢ ᠤᠮᠠᠷᠠᠲᠤ ᠦᠷᠭᠡᠷᠢᠭ ᠤᠨ 44。11、57. | 50¨᠂ ᠵᠡᠭᠦᠨ ᠤᠷᠲᠤᠷᠢᠭ ᠤᠨ 119。37、38.83¨ ᠲᠤ ᠪᠠᠶᠢᠷᠢᠯᠠᠵᠤ᠂ ᠳᠠᠯᠠᠢ ᠶᠢᠨ ᠲᠦᠪᠰᠢᠨ ᠠᠴᠠ | 818 ᠮᠧᠲᠷ ᠡᠷᠭᠦᠭᠳᠡᠭᠰᠡᠨ ᠪᠠᠶᠢᠳᠠᠭ᠃ | 4. ᠮᠦᠮᠦ ᠶᠢᠨ ︵ᠪᠠᠰᠠ ᠤᠯᠠᠭᠠᠨ ᠳᠠᠪᠠᠭ᠎ᠠ ᠶᠢᠨ ᠤᠪᠤᠭ᠎ᠠ ᠴᠤ ᠭᠡᠳᠡᠭ︶ ᠤᠪᠤᠭ᠎ᠠ | | | | ᠪᠤᠯᠠᠭ ᠤᠨ ᠠᠶᠢᠯ ᠤᠨ ᠪᠠᠷᠠᠭᠤᠨ ᠳᠠᠬᠢ ᠲᠠᠪᠤᠨ ᠬᠠᠳᠠ ᠶᠢᠨ ᠬᠦᠨᠳᠡᠢ ᠪᠠᠷ ᠪᠠᠷᠠᠭᠤᠨ ᠡᠮᠦᠨᠡᠰᠢ 5 | ᠺᠢᠯᠤᠮᠧᠲᠷ ᠤᠷᠴᠢᠮ ᠶᠠᠪᠤᠪᠠᠯ ᠬᠦᠨᠳᠡᠢ ᠶᠢᠨ ᠦᠵᠦᠭᠦᠷ ᠲᠤᠯᠵᠤ᠂ ᠡᠮᠦᠨᠡᠰᠢ ᠳᠠᠪᠠᠭ᠎ᠠ ᠳᠠᠪᠠᠨ ᠦᠭᠰᠦᠬᠦ ᠪᠠ | ᠪᠠᠷᠠᠭᠤᠨᠰᠢ ᠳᠠᠪᠠᠭ᠎ᠠ ᠳᠠᠪᠠᠨ ᠦᠭᠰᠦᠬᠦ ᠬᠤᠶᠠᠷ ᠰᠠᠯᠠᠭ᠎ᠠ ᠡᠷᠲᠡᠨ ᠤ ᠠᠭᠤᠯᠠᠨ ᠵᠠᠮ ᠪᠠᠶᠢᠳᠠᠭ᠃ ᠪᠠᠷᠠᠭᠤᠨᠰᠢ | ᠬᠠᠨᠳᠤᠭᠰᠠᠨ ᠱᠤᠷᠤᠩ ᠤᠨ ᠳᠠᠪᠠᠭ᠎ᠠ ᠶᠢᠨ ᠡᠷᠲᠡᠨ ᠤ ᠵᠠᠮ ᠢᠶᠠᠷ ᠬᠠᠭᠠᠰ ᠺᠢᠯᠤᠮᠧᠲᠷ ᠭᠠᠷᠤᠢ ᠶᠠᠪᠤᠵᠤ ᠳᠠᠪᠠᠭᠠᠨ | ᠤᠷᠤᠢ ᠳᠤ ᠭᠠᠷᠪᠠᠯ ᠱᠤᠷᠤᠩ ᠤᠨ ᠳᠠᠪᠠᠭ᠎ᠠ ᠶᠢᠨ ᠤᠪᠤᠭ᠎ᠠ ᠪᠠᠶᠢᠳᠠᠭ᠃ ᠡᠨᠡ ᠱᠤᠷᠤᠩ ᠤᠨ ᠳᠠᠪᠠᠭ᠎ᠠ ᠶᠢᠨ | ᠤᠪᠤᠭ᠎ᠠ ᠶᠢ ᠵᠦᠪ ᠢᠶᠠᠷ ᠭᠤᠷᠪᠠ ᠡᠷᠭᠢᠨ ᠱᠤᠷᠤᠩ ᠤᠨ ᠳᠠᠪᠠᠭ᠎ᠠ ᠠᠴᠠ ᠪᠠᠷᠠᠭᠤᠨᠰᠢ ᠪᠠᠭᠤᠵᠤ ᠬᠠᠭᠠᠰ ᠺᠢᠯᠤᠮᠧᠲᠷ | ᠭᠠᠷᠤᠢ ᠶᠠᠪᠤᠪᠠᠯ ᠤᠯᠠᠭᠠᠨ ᠱᠤᠷᠤᠩ ᠤᠨ ᠬᠦᠨᠳᠡᠢ ᠶᠢᠨ ᠢᠷᠤᠭᠠᠷ ᠲᠤ ᠲᠤᠯᠵᠤ ᠳᠠᠬᠢᠨ ᠪᠠᠷᠠᠭᠤᠨ ᠡᠮᠦᠨᠡᠰᠢ | ᠬᠠᠨᠳᠤᠭᠰᠠᠨ ᠡᠷᠲᠡᠨ ᠤ ᠵᠠᠮ ᠪᠤᠯᠬᠤ ᠤᠯᠠᠭᠠᠨ ᠱᠤᠷᠤᠩ ᠠᠭᠤᠯᠠ ᠶᠢᠨ ᠡᠮᠦᠨ᠎ᠡ ᠬᠤᠷᠮᠤᠢ ᠪᠠᠷ ᠳᠡᠭᠡᠭᠰᠢ ᠦᠭᠰᠦᠨ | ᠳᠠᠪᠠᠭᠠᠨ ᠤ ᠤᠷᠤᠢ ᠳᠤ ᠲᠤᠯᠪᠠᠯ ᠡᠮᠦᠨ᠎ᠡ ᠬᠤᠶᠢᠨ᠎ᠠ ᠪᠠᠶᠢᠷᠢᠰᠢᠭᠰᠠᠨ ᠬᠤᠶᠠᠷ ᠤᠪᠤᠭ᠎ᠠ ᠪᠠᠶᠢᠳᠠᠭ᠃ ᠡᠨᠡ ᠪᠤᠯ | ᠳᠠᠷᠤᠢ ᠤᠯᠠᠭᠠᠨ ᠳᠠᠪᠠᠭ᠎ᠠ ᠶᠢᠨ ᠮᠦᠮᠦ ᠶᠢᠨ ᠤᠪᠤᠭ᠎ᠠ ᠪᠤᠯᠤᠨ᠎ᠠ᠃ ᠡᠨᠡ ᠤᠪᠤᠭ᠎ᠠ ᠨᠢ ᠡᠷᠲᠡ ᠦᠶ᠎ᠡ ᠳᠤ | ᠪᠤᠰᠬᠠᠭᠳᠠᠭᠰᠠᠨ ᠲᠠᠬᠢᠯᠭ᠎ᠠ ᠦᠭᠡᠢ ᠤᠪᠤᠭ᠎ᠠ ᠪᠤᠯᠤᠨ᠎ᠠ᠃ ︵ᠮᠦᠮᠦ ᠶᠢᠨ ᠤᠪᠤᠭ᠎ᠠ ᠭᠡᠬᠦ ᠨᠡᠷᠡᠶᠢᠳᠦᠯ ᠢ ᠠᠷᠤ | ᠬᠤᠷᠴᠢᠨ ᠬᠤᠰᠢᠭᠤᠨ ᠤ ᠮᠤᠩᠭᠤᠯ ᠲᠡᠦᠬᠡ ᠶᠢᠨ ᠨᠡᠶᠢᠭᠡᠮᠯᠢᠭ ᠤᠨ ᠭᠡᠰᠢᠭᠦᠨ ᠷᠠ᠊᠂ ᠵᠢᠷᠭᠠᠯ ᠪᠠᠭᠰᠢ ᠠᠴᠠ ᠬᠠᠩᠭᠠᠪᠠ︶ | ᠲᠤᠰ ᠤᠪᠤᠭ᠎ᠠ ᠨᠢ ᠤᠳᠤᠬᠠᠨ ᠳᠤ ᠠᠷᠤ ᠬᠤᠷᠴᠢᠨ ᠬᠤᠰᠢᠭᠤ ᠪᠠ ᠪᠠᠭᠠᠷᠢᠨ ᠵᠡᠭᠦᠨ ᠬᠤᠰᠢᠭᠤ ᠶᠢᠨ | ᠵᠠᠭᠠᠭ ᠱᠤᠭᠤᠮ ᠪᠤᠯᠵᠤ ᠪᠤᠢ᠃ | ᠬᠠᠷᠠᠮᠰᠠᠯᠲᠠᠢ ᠨᠢ ᠠᠷᠤ ᠬᠤᠷᠴᠢᠨ ᠬᠤᠰᠢᠭᠤ ᠪᠠ ᠪᠠᠭᠠᠷᠢᠨ ᠵᠡᠭᠦᠨ ᠬᠤᠰᠢᠭᠤ ᠶᠢ ᠬᠤᠯᠪᠤᠭᠰᠠᠨ ᠱᠦᠢᠨᠢ | ᠵᠠᠮ ᠢ ᠳᠡᠪᠢᠰᠬᠦ ᠦᠶ᠎ᠡ ᠳᠤ ᠡᠨᠡ ᠬᠤᠶᠠᠷ ᠤᠪᠤᠭ᠎ᠠ ᠶᠢᠨ ᠬᠤᠶᠢᠨ᠎ᠠ ᠪᠠᠶᠢᠭ᠎ᠠ ᠤᠪᠤᠭ᠎ᠠ ᠶᠢ ᠨᠢ ᠲᠠᠯᠬᠢᠳᠠᠵᠤ | ᠬᠠᠶᠠᠭᠰᠠᠨ ᠪᠠᠶᠢᠨ᠎ᠠ᠃ | ᠲᠤᠰ ᠤᠪᠤᠭ᠎ᠠ ᠶᠢᠨ ᠭᠠᠵᠠᠷ ᠵᠦᠢ ᠶᠢᠨ ᠪᠠᠶᠢᠷᠢᠰᠢᠯ ᠨᠢ ᠤᠮᠠᠷᠠᠲᠤ ᠦᠷᠭᠡᠷᠢᠭ ᠤᠨ 44。10、39. | 02¨᠂ ᠵᠡᠭᠦᠨ ᠤᠷᠲᠤᠷᠢᠭ ᠤᠨ 119。36、42.82¨ ᠲᠤ ᠪᠠᠶᠢᠷᠢᠯᠠᠵᠤ᠂ ᠳᠠᠯᠠᠢ ᠶᠢᠨ ᠲᠦᠪᠰᠢᠨ ᠠᠴᠠ | 781 ᠮᠧᠲᠷ ᠡᠷᠭᠦᠭᠳᠡᠭᠰᠡᠨ ᠪᠠᠶᠢᠳᠠᠭ᠃ | ᠡᠨᠡ ᠤᠯᠠᠭᠠᠨ ᠳᠠᠪᠠᠭ᠎ᠠ ᠶᠢᠨ ᠬᠦᠨᠳᠡᠢ ᠳᠤ ᠠᠷᠤ ᠬᠤᠷᠴᠢᠨ ᠬᠤᠰᠢᠭᠤᠨ ᠤ ᠤᠶᠢᠷ᠎ᠠ ᠦᠶ᠎ᠡ ᠶᠢᠨ ᠲᠡᠦᠬᠡᠨ | ᠳᠤ᠂ ᠨᠠᠢᠮᠠᠳᠤᠭᠠᠷ ᠵᠠᠮ ᠤᠨ ᠴᠡᠷᠢᠭ ᠤᠨ 13 ᠪᠠᠶᠢᠯᠳᠤᠭᠴᠢ᠂ ᠠᠩᠰᠤ ᠵᠢᠮᠪᠠ ᠢᠶᠠᠷ ᠲᠦᠷᠦᠭᠦᠯᠡᠭᠦᠯᠦᠭᠰᠡᠨ | ᠠᠷᠪᠤᠩᠭ᠎ᠠ ᠶᠢᠨ ᠴᠡᠷᠢᠭ ᠲᠤ ᠬᠤᠤᠷᠯᠠᠭᠳᠠᠭᠰᠠᠨ ᠲᠡᠦᠬᠡᠲᠦ ᠬᠡᠷᠡᠭ ᠡᠭᠦᠰᠦᠭᠰᠡᠨ ᠶᠤᠮ᠃ 2016 ᠤᠨ ᠤ 7 | ᠰᠠᠷ᠎ᠠ ᠶᠢᠨ 1 ᠤ ᠡᠳᠦᠢ᠂ ᠠᠷᠤ ᠬᠤᠷᠴᠢᠨ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ 13 | ᠪᠠᠭᠠᠲᠤᠷᠴᠤᠳ ᠤᠨ ᠦᠷᠡᠭᠳᠡᠭᠰᠡᠨ ᠭᠠᠵᠠᠷ ᠪᠤᠯᠬᠤ ᠤᠯᠠᠭᠠᠨ ᠱᠤᠷᠤᠩ ᠤᠨ ᠬᠦᠨᠳᠡᠢ ᠶᠢᠨ ᠬᠤᠶᠢᠲᠤ ᠠᠮᠠ᠂ ᠬᠠᠷ᠎ᠠ | ᠱᠤᠷᠤᠩ ᠠᠭᠤᠯᠠ ᠶᠢᠨ ᠪᠠᠷᠠᠭᠤᠨ ᠬᠤᠶᠢᠲᠤ ᠬᠦᠯ ᠳᠡᠭᠡᠷ᠎ᠡ ᠦᠷᠡᠭᠳᠡᠭᠰᠡᠨ ᠪᠠᠭᠠᠲᠤᠷᠴᠤᠳ ᠤᠨ ᠬᠦᠰᠢᠶ᠎ᠡ ᠪᠤᠰᠬᠠᠵᠤ᠂ | ᠦᠷᠡᠭᠳᠡᠭᠰᠡᠨ ᠪᠠᠭᠠᠲᠤᠷᠴᠤᠳ ᠢᠶᠠᠨ ᠲᠤᠷᠠᠰᠬᠠᠬᠤ ᠤᠯᠤᠰ ᠢᠶᠠᠨ ᠬᠠᠶᠢᠷᠠᠯᠠᠬᠤ ᠬᠦᠮᠦᠵᠢᠯ ᠤᠨ ᠰᠠᠭᠤᠷᠢᠨ ᠭᠠᠵᠠᠷ ᠢ | ᠪᠠᠶᠢᠭᠤᠯᠤᠭᠰᠠᠨ ᠶᠤᠮ᠃ | 5. ᠮᠤᠰᠢᠭᠠᠢ ᠳᠠᠪᠠᠭ᠎ᠠ ᠶᠢᠨ ︵ᠪᠠᠰᠠ ᠬᠠᠷ᠎ᠠ ᠴᠢᠯᠠᠭᠤᠲᠤ ᠳᠡᠪᠰᠡᠭ ᠤᠨ ᠳᠠᠪᠠᠭ᠎ᠠ ᠶᠢᠨ ᠤᠪᠤᠭ᠎ᠠ ᠴᠤ | ᠭᠡᠳᠡᠭ︶ ᠤᠪᠤᠭ᠎ᠠ | | | | ᠪᠤᠯᠠᠭ ᠤᠨ ᠠᠶᠢᠯ ᠠᠴᠠ ᠪᠠᠷᠠᠭᠤᠨ ᠬᠤᠶᠢᠰᠢ 4 ᠺᠢᠯᠤᠮᠧᠲᠷ ᠶᠠᠪᠤᠪᠠᠯ ᠪᠠᠷᠠᠭᠤᠨ ᠶᠤᠤ ᠵᠢᠶᠠ ᠳ᠋ᠤᠸᠠᠨ | ᠠᠶᠢᠯ ᠬᠦᠷᠴᠦ᠂ ᠳᠠᠬᠢᠨ ᠡᠨᠡ ᠠᠶᠢᠯ ᠠᠴᠠ ᠪᠠᠷᠠᠭᠤᠨᠰᠢ 6 ᠺᠢᠯᠤᠮᠧᠲᠷ ᠭᠠᠷᠤᠢ ᠶᠠᠪᠤᠪᠠᠯ ᠮᠤᠰᠢᠭᠠᠢ ᠳᠠᠪᠠᠭ᠎ᠠ | ᠬᠦᠷᠴᠦ ᠡᠨᠡ ᠳᠠᠪᠠᠭ᠎ᠠ ᠶᠢᠨ ᠤᠷᠤᠢ ᠳᠡᠭᠡᠷ᠎ᠡ ᠮᠤᠰᠢᠭᠠᠢ ᠳᠠᠪᠠᠭ᠎ᠠ ᠶᠢᠨ ᠤᠪᠤᠭ᠎ᠠ ᠪᠠᠶᠢᠳᠠᠭ᠃ ᠳᠠᠪᠠᠭ᠎ᠠ ᠳᠠᠪᠠᠳᠠᠭ | ᠡᠷᠲᠡᠨ ᠤ ᠵᠠᠮ ᠨᠢ ᠮᠤᠰᠢᠭᠠᠢ ᠤᠴᠢᠷ ᠠᠴᠠ ᠮᠤᠰᠢᠭᠠᠢ ᠳᠠᠪᠠᠭ᠎ᠠ ᠭᠡᠵᠦ ᠨᠡᠷᠡᠶᠢᠳᠦᠭᠰᠡᠨ ᠪᠤᠯᠤᠯᠲᠠᠢ᠃ ᠡᠨᠡ ᠤᠪᠤᠭ᠎ᠠ | ᠨᠢ ᠡᠷᠲᠡ ᠦᠶ᠎ᠡ ᠳᠤ ᠪᠤᠰᠬᠠᠭᠳᠠᠭᠰᠠᠨ ᠲᠠᠬᠢᠯᠭ᠎ᠠ ᠦᠭᠡᠢ ᠤᠪᠤᠭ᠎ᠠ ᠪᠤᠯᠤᠨ᠎ᠠ᠃ | ᠲᠤᠰ ᠤᠪᠤᠭ᠎ᠠ ᠨᠢ ᠤᠳᠤᠬᠠᠨ ᠳᠤ ᠠᠷᠤ ᠬᠤᠷᠴᠢᠨ ᠬᠤᠰᠢᠭᠤ ᠪᠠ ᠪᠠᠭᠠᠷᠢᠨ ᠵᠡᠭᠦᠨ ᠬᠤᠰᠢᠭᠤ ᠶᠢᠨ | ᠵᠠᠭᠠᠭ ᠱᠤᠭᠤᠮ ᠪᠤᠯᠵᠤ ᠪᠤᠢ᠃ | ᠲᠤᠰ ᠤᠪᠤᠭ᠎ᠠ ᠶᠢᠨ ᠭᠠᠵᠠᠷ ᠵᠦᠢ ᠶᠢᠨ ᠪᠠᠶᠢᠷᠢᠰᠢᠯ ᠨᠢ ᠤᠮᠠᠷᠠᠲᠤ ᠦᠷᠭᠡᠷᠢᠭ ᠤᠨ 44。14、27. | 72¨᠂ ᠵᠡᠭᠦᠨ ᠤᠷᠲᠤᠷᠢᠭ ᠤᠨ 119。37、20.46¨ ᠲᠤ ᠪᠠᠶᠢᠷᠢᠯᠠᠵᠤ᠂ ᠳᠠᠯᠠᠢ ᠶᠢᠨ ᠲᠦᠪᠰᠢᠨ ᠠᠴᠠ | 636 ᠮᠧᠲᠷ ᠡᠷᠭᠦᠭᠳᠡᠭᠰᠡᠨ ᠪᠠᠶᠢᠳᠠᠭ᠃ | 6. ᠳᠤᠮᠳᠠ ᠳᠠᠪᠠᠭ᠎ᠠ ᠶᠢᠨ ︵ᠪᠠᠰᠠ ᠰᠢᠷᠠᠠᠦ᠋ᠨᠳᠦᠷ ᠤᠨ ᠳᠠᠪᠠᠭ᠎ᠠ ᠶᠢᠨ ᠤᠪᠤᠭ᠎ᠠ ᠴᠤ ᠭᠡᠳᠡᠭ︶ ᠤᠪᠤᠭ᠎ᠠ | | | | ᠪᠤᠯᠠᠭ ᠤᠨ ᠠᠶᠢᠯ ᠠᠴᠠ ᠵᠡᠭᠦᠨ ᠬᠤᠶᠢᠰᠢ 3 ᠺᠢᠯᠤᠮᠧᠲᠷ ᠶᠠᠪᠤᠪᠠᠯ ᠵᠡᠭᠦᠨ ᠶᠤᠤ ᠵᠢᠶᠠ ᠳ᠋ᠤᠸᠠᠨ ᠠᠶᠢᠯ | ᠬᠦᠷᠴᠦ᠂ ᠳᠠᠬᠢᠨ ᠡᠨᠡ ᠠᠶᠢᠯ ᠠᠴᠠ ᠪᠠᠷᠠᠭᠤᠨ ᠬᠤᠶᠢᠰᠢ 5 ᠺᠢᠯᠤᠮᠧᠲᠷ ᠭᠠᠷᠤᠢ ᠶᠠᠪᠤᠪᠠᠯ ᠳᠤᠮᠳᠠ ᠳᠠᠪᠠᠭ᠎ᠠ ᠶᠢᠨ | ᠤᠪᠤᠭ᠎ᠠ ᠪᠠᠶᠢᠳᠠᠭ᠃ ᠡᠨᠡ ᠬᠦ ᠳᠠᠪᠠᠭ᠎ᠠ ᠨᠢ ᠰᠢᠷ᠎ᠠ ᠨᠠᠪᠴᠢᠲᠤ ᠠᠭᠤᠯᠠ ᠪᠠ ᠰᠢᠷᠠᠠᠦ᠋ᠨᠳᠦᠷ ᠬᠠᠨ ᠠᠭᠤᠯᠠ ᠶᠢᠨ | ᠳᠤᠮᠳᠠ ᠨᠢ ᠪᠠᠶᠢᠷᠢᠯᠠᠳᠠᠭ ᠢᠶᠠᠷ ᠢᠶᠠᠨ ᠳᠤᠮᠳᠠ ᠳᠠᠪᠠᠭ᠎ᠠ ᠭᠡᠵᠦ ᠨᠡᠷᠡᠯᠡᠭᠰᠡᠨ ᠪᠤᠯᠤᠯᠲᠠᠢ᠃ ᠡᠨᠡ ᠤᠪᠤᠭ᠎ᠠ ᠨᠢ ᠡᠷᠲᠡ | ᠦᠶ᠎ᠡ ᠳᠤ ᠪᠤᠰᠬᠠᠭᠳᠠᠭᠰᠠᠨ ᠲᠠᠬᠢᠯᠭ᠎ᠠ ᠦᠭᠡᠢ ᠤᠪᠤᠭ᠎ᠠ ᠪᠤᠯᠤᠨ᠎ᠠ᠃ ᠡᠨᠡ ᠤᠪᠤᠭ᠎ᠠ ᠶᠢᠨ ᠪᠠᠶᠢᠷᠢᠰᠢᠯ ᠢ ᠵᠡᠭᠦᠨ | ᠲᠠᠯ᠎ᠠ ᠪᠠᠷ ᠨᠢ ᠲᠤᠳᠤᠷᠠᠭᠤᠯᠵᠤ ᠬᠡᠯᠡᠪᠡᠯ᠂ ᠠᠷᠤ ᠬᠤᠷᠴᠢᠨ ᠬᠤᠰᠢᠭᠤᠨ ᠤ ᠬᠠᠮᠤᠭ ᠠᠩᠬᠠᠨ ᠤ ᠰᠦᠮ᠎ᠡ ᠪᠤᠯᠬᠤ | ᠬᠡᠶᠢᠳ ᠤᠨ ᠰᠦᠮ᠎ᠡ ᠶᠢᠨ ᠪᠠᠭᠤᠷᠢ ᠠᠴᠠ ᠪᠠᠷᠠᠭᠤᠨᠳᠠᠬᠢ ᠬᠡᠶᠢᠳ ᠤᠨ ᠬᠤᠩᠰᠢᠶᠠᠷ ᠠᠴᠠ ᠪᠠᠷᠠᠭᠤᠨ ᠬᠤᠶᠢᠰᠢ | ᠠᠪᠳᠠᠷ᠎ᠠ ᠴᠢᠯᠠᠭᠤ ᠶᠢ ᠳᠠᠮᠵᠢᠵᠤ ᠳᠠᠬᠢᠨ ᠪᠠᠷᠠᠭᠤᠨ ᠬᠤᠶᠢᠰᠢ 6 ᠺᠢᠯᠤᠮᠧᠲᠷ ᠤᠨ ᠵᠠᠢ ᠳᠤ ᠪᠠᠶᠢᠷᠢᠯᠠᠳᠠᠭ᠃ | ᠬᠠᠷᠠᠮᠰᠠᠯᠲᠠᠢ ᠨᠢ ᠵᠡᠭᠦᠨ ᠶᠤᠤ ᠵᠢᠶᠠ ᠳ᠋ᠤᠸᠠᠨ ᠠᠶᠢᠯ ᠠᠴᠠ ᠰᠢᠷᠠᠠᠦ᠋ᠨᠳᠦᠷ ᠤᠢ ᠰᠢᠭᠤᠢ ᠶᠢᠨ ᠲᠠᠯᠠᠪᠠᠢ ᠬᠦᠷᠬᠦ | ᠱᠦᠢᠨᠢ ᠵᠠᠮ ᠢ ᠵᠠᠰᠠᠬᠤ ᠦᠶ᠎ᠡ ᠳᠤ ᠲᠤᠰ ᠤᠪᠤᠭ᠎ᠠ ᠮᠦᠨ ᠳᠠᠯᠬᠢᠭᠳᠠᠵᠤ ᠡᠪᠳᠡᠭᠳᠡᠭᠰᠡᠨ ᠪᠠᠶᠢᠨ᠎ᠠ᠃ | ᠲᠤᠰ ᠤᠪᠤᠭ᠎ᠠ ᠶᠢᠨ ᠭᠠᠵᠠᠷ ᠵᠦᠢ ᠶᠢᠨ ᠪᠠᠶᠢᠷᠢᠰᠢᠯ ᠨᠢ ᠤᠮᠠᠷᠠᠲᠤ ᠦᠷᠭᠡᠷᠢᠭ ᠤᠨ 44。15、36. | 55¨᠂ ᠵᠡᠭᠦᠨ ᠤᠷᠲᠤᠷᠢᠭ ᠤᠨ 119。40、13.32¨ ᠲᠤ ᠪᠠᠶᠢᠷᠢᠯᠠᠵᠤ᠂ ᠳᠠᠯᠠᠢ ᠶᠢᠨ ᠲᠦᠪᠰᠢᠨ ᠠᠴᠠ | 594 ᠮᠧᠲᠷ ᠡᠷᠭᠦᠭᠳᠡᠭᠰᠡᠨ ᠪᠠᠶᠢᠳᠠᠭ᠃ ︵ᠡᠳᠡᠭᠡᠷ ᠤᠪᠤᠭᠠᠳ ᠤᠨ ᠡᠷᠲᠡᠨ ᠤ ᠨᠡᠷᠡᠶᠢᠳᠦᠯ ᠢ ᠬᠤᠰᠢᠭᠤᠨ ᠤᠢ | ᠰᠢᠭᠤᠢ ᠶᠢᠨ ᠲᠤᠪᠴᠢᠶᠠᠨ ᠳᠤ ᠤᠳᠠᠭᠠᠨ ᠵᠢᠯ ᠠᠵᠢᠯᠯᠠᠭᠰᠠᠨ ᠲᠤᠰ ᠠᠶᠢᠯ ᠤᠨ ᠠᠬᠠᠮᠠᠳ ᠺᠠᠳ᠋ᠷ 93 ᠨᠠᠰᠤᠲᠠᠢ | ᠲᠢᠶᠧ ᠮᠢᠩ ᠨᠠᠰᠤᠲᠠᠨ ᠠᠴᠠ ᠤᠯᠵᠠᠭᠤᠷᠬᠠᠨ ᠰᠤᠨᠤᠰᠤᠭᠰᠠᠨ ᠢᠶᠠᠨ ᠠᠳᠡ ᠤᠨᠴᠠᠭᠠᠶᠢᠯᠠᠨ ᠲᠡᠮᠳᠡᠭᠯᠡᠵᠦ᠂ ᠨᠠᠰᠤᠲᠠᠨ | ᠠᠪᠤ ᠳᠤ ᠬᠦᠨᠳᠦᠳᠬᠡᠯ ᠲᠠᠯᠠᠷᠬᠠᠯ ᠳᠡᠪᠰᠢᠭᠦᠯᠵᠦ ᠪᠠᠶᠢᠬᠤ ᠰᠡᠳᠬᠢᠯᠭᠡ ᠪᠠᠨ ᠢᠯᠡᠳᠬᠡᠵᠦ ᠪᠠᠶᠢᠨ᠎ᠠ︶ | ᠪᠤᠯᠠᠭ ᠤᠨ ᠠᠶᠢᠯ ᠤᠨ ᠤᠶᠢᠷ᠎ᠠ ᠤᠷᠴᠢᠨ ᠳᠠᠬᠢ ᠡᠳᠡᠭᠡᠷ ᠤᠯᠠᠨ ᠡᠷᠲᠡᠨ ᠤ ᠤᠪᠤᠭᠠᠳ ᠬᠠᠮᠤᠭ ᠨᠠᠭᠠᠲᠤ | ᠵᠠᠬ᠎ᠠ ᠳᠤ ᠪᠠᠨ ᠴᠦᠮ ᠬᠡᠴᠦᠨᠡᠨ ᠵᠠᠭᠤᠨ ᠤ ᠰᠠᠯᠬᠢ ᠪᠤᠷᠤᠭᠠᠨ ᠢ ᠦᠩᠭᠡᠷᠡᠭᠡᠵᠦ᠂ ᠬᠡᠴᠦᠨᠡᠨ ᠮᠤᠩᠭᠤᠯᠴᠤᠳ ᠤᠨ | ᠰᠦᠰᠦᠭ ᠪᠢᠰᠢᠷᠠᠯ᠂ ᠮᠦᠷᠭᠦᠯ ᠳᠠᠭᠠᠳᠬᠠᠯ᠂ ᠬᠦᠰᠡᠯ ᠲᠡᠮᠡᠦᠯᠡᠯ ᠢ ᠰᠢᠩᠭᠡᠭᠡᠵᠦ ᠮᠤᠩᠭᠤᠯ ᠲᠤᠭᠤᠷᠭᠠᠲᠠᠨ ᠤ ᠠᠯᠠᠭᠠᠨ | ᠤᠷᠤᠮ ᠢᠶᠠᠷ ᠲᠠᠮᠠᠭᠠᠯᠠᠭᠳᠠᠭᠰᠠᠨ ᠠᠮᠢᠳᠤ ᠴᠢᠯᠠᠭᠤᠳ ᠢᠶᠠᠷ ᠪᠤᠰᠬᠠᠭᠳᠠᠭᠰᠠᠨ ᠨᠢ ᠶᠠᠷᠢᠶᠠᠨ ᠦᠭᠡᠢ︕ | ᠨᠤᠲᠤᠭ ᠤᠨ ᠤᠪᠤᠭᠠᠳ ᠠᠴᠠ ᠡᠷᠲᠡᠨ ᠤ ᠮᠤᠩᠭᠤᠯᠴᠤᠳ ᠤᠨ ᠠᠶᠠᠨ ᠤ ᠵᠢᠩ ᠲᠤᠭᠤᠯᠳᠠᠨ᠎ᠠ | ᠨᠤᠲᠤᠭ ᠤᠨ ᠤᠪᠤᠭᠠᠳ ᠠᠴᠠ ᠮᠤᠩᠭᠤᠯ ᠨᠤᠲᠤᠭ ᠤᠨ ᠠᠷᠢᠭᠤᠨ ᠪᠠᠶᠢᠭᠠᠯᠢ ᠦᠨᠦᠷᠲᠦᠭᠳᠡᠨ᠎ᠡ | ᠨᠤᠲᠤᠭ ᠤᠨ ᠤᠪᠤᠭᠠᠳ ᠠᠴᠠ ᠮᠤᠩᠭᠤᠯ ᠢᠳᠡᠭᠡᠨ ᠤ ᠡᠷᠬᠢᠮ ᠳᠡᠭᠡᠵᠢ ᠠᠮᠰᠠᠭᠳᠠᠨᠠ | ᠨᠤᠲᠤᠭ ᠤᠨ ᠤᠪᠤᠭᠠᠳ ᠠᠴᠠ ᠮᠤᠩᠭᠤᠯ ᠨᠤᠲᠤᠭ ᠤᠨ ᠳᠠᠷᠬᠠᠨ ᠲᠠᠮᠠᠭ᠎ᠠ ᠬᠠᠷᠠᠭᠳᠠᠨ᠎ᠠ | ᠨᠤᠲᠤᠭ ᠤᠨ ᠤᠪᠤᠭᠠᠳ ᠠᠴᠠ ᠨᠤᠲᠤᠭ ᠤᠨ ᠪᠤᠭᠤᠷᠤᠯ ᠲᠡᠦᠬᠡ ᠪᠢᠴᠢᠭᠯᠡᠭᠳᠡᠨᠡ | ᠨᠤᠲᠤᠭ ᠤᠨ ᠤᠪᠤᠭᠠᠳ ᠠᠴᠠ ᠨᠤᠲᠤᠭ ᠢᠶᠠᠨ ᠮᠠᠨᠠᠭᠰᠠᠨ ᠪᠠᠭᠠᠲᠤᠷ ᠬᠦᠴᠦᠲᠡᠨ ᠬᠠᠷᠠᠭᠳᠠᠨ᠎ᠠ | ᠨᠤᠲᠤᠭ ᠤᠨ ᠤᠪᠤᠭᠠᠳ ᠠᠴᠠ ᠮᠤᠩᠭᠤᠯ ᠲᠦᠮᠡᠨ ᠤ ᠬᠡᠶᠢᠮᠦᠷᠢ ᠰᠦᠯᠳᠡ ᠰᠡᠷᠭᠦᠨ᠎ᠡ | ᠨᠤᠲᠤᠭ ᠤᠨ ᠤᠪᠤᠭᠠᠳ ᠨᠤᠲᠤᠭ ᠤᠨ ᠪᠤᠭᠤᠷᠤᠯ ᠦᠲᠡᠭᠦᠰ | ᠨᠤᠲᠤᠭ ᠤᠨ ᠤᠪᠤᠭᠠᠳ ᠨᠤᠲᠤᠭ ᠤᠨ ᠬᠠᠶᠢᠷ᠎ᠠ ᠶᠢᠨ ᠤᠨᠳᠤᠷᠤᠯ | ᠨᠤᠲᠤᠭ ᠤᠨ ᠤᠪᠤᠭᠠᠳ ᠤᠷᠲᠤ ᠶᠢᠨ ᠠᠶᠠᠨ ᠤ ᠬᠦᠲᠦᠴᠢ | ᠨᠤᠲᠤᠭ ᠤᠨ ᠤᠪᠤᠭᠠᠳ ᠮᠤᠩᠭᠤᠯ ᠨᠤᠲᠤᠭ ᠤᠨ ᠲᠤᠤᠯᠢ | ᠨᠤᠲᠤᠭ ᠤᠨ ᠤᠪᠤᠭᠠᠳ ᠡᠩᠬᠡ ᠮᠡᠨᠳᠦ ᠶᠢᠨ ᠡᠯᠴᠢ | ᠨᠤᠲᠤᠭ ᠤᠨ ᠤᠪᠤᠭᠠᠳ ᠮᠤᠩᠭᠤᠯ ᠰᠤᠶᠤᠯ ᠤᠨ ᠪᠠᠭ᠋ᠠᠷᠬᠠᠯ | ᠨᠤᠲᠤᠭ ᠤᠨ ᠤᠪᠤᠭ᠎ᠠ ᠮᠦᠩᠭᠡ ᠶᠢᠨ ᠰᠢᠲᠦᠭᠡᠨᠲᠦ ᠮᠤᠩᠭᠤᠯ ᠤᠪᠤᠭ᠎ᠠ︕ | |