ᠤᠯᠠᠭᠠᠨ ᠭᠤᠲᠤᠯᠲᠦ ᠴᠣᠤᠲᠤ ᠪᠦᠬᠡ ᠭᠤᠮᠪᠤᠵᠠᠪ ᠪᠤᠯ ᠠᠷᠤ ᠬᠤᠷᠴᠢᠨ ᠬᠤᠰᠢᠭᠤᠨ ᠤ ᠬᠠᠨ ᠰᠦᠮ᠎ᠡ ᠶᠢᠨ | ᠯᠠᠮᠠ ᠶᠤᠮ᠃ | 1885 ᠣᠨ ᠤ ︵ᠰᠢᠷ᠎ᠠ ᠬᠤᠯᠤᠭᠠᠨ᠎ᠠ ᠵᠢᠯ︶ ᠰᠢᠯᠢ ᠶᠢᠨ ᠭᠤᠤᠯ ᠤᠨ ᠴᠢᠭᠤᠯᠭᠠᠨ ᠤ ᠬᠡᠶᠢᠪᠡᠩ | ᠬᠠᠯᠢᠭᠤᠲᠠᠢ ᠶᠢᠨ ᠰᠦᠮ᠎ᠡ ᠳᠤ ᠶᠠᠪᠤᠭᠳᠠᠭᠰᠠᠨ ᠠᠷᠪᠠᠨ ᠨᠠᠢᠮᠠᠳᠤᠭᠠᠷ ᠳᠦᠷᠢ ᠶᠢᠨ ᠵᠠᠩᠭᠢᠶ᠎ᠠ ᠬᠤᠲᠤᠭᠲᠦ | ᠯᠤᠪᠰᠠᠩᠳᠠᠨᠽᠠᠨᠵᠠᠮᠰᠤ ᠶᠢᠨ ᠳ᠋ᠠᠩᠰᠢᠭ ᠡᠷᠭᠦᠭᠰᠡᠨ 1024 ᠪᠦᠬᠡ ᠶᠢᠨ ᠶᠡᠭᠡ ᠨᠠᠶᠢᠷ ᠲᠤ ᠠᠷᠤ ᠬᠤᠷᠴᠢᠨ | ᠬᠤᠰᠢᠭᠤᠨ ᠬᠠᠨ ᠰᠦᠮ᠎ᠡ ᠶᠢᠨ ᠤᠯᠠᠭᠠᠨ ᠭᠤᠲᠤᠯᠲᠦ ᠪᠦᠬᠡ ᠭᠤᠮᠪᠤᠵᠠᠪ ᠴᠦ ᠬᠦᠷᠦᠯᠴᠡᠨ ᠤᠴᠢᠭᠰᠠᠨ ᠭᠡᠨ᠎ᠡ᠃ | ᠪᠦᠬᠡ ᠭᠤᠮᠪᠤᠵᠠᠪ ᠤᠯᠠᠨ ᠬᠤᠰᠢᠭᠤᠨ ᠤ ᠠᠯᠳᠠᠷ ᠴᠣᠤᠲᠤ ᠪᠦᠬᠡ ᠶᠢ ᠨᠤᠭᠤᠯᠤᠭ᠎ᠠ ᠪᠦᠷᠢ ᠳᠤ | ᠤᠶᠢᠴᠢᠭᠤᠯᠤᠨ ᠨᠠᠶᠢᠷ ᠤᠨ ᠤᠯᠠᠨ ᠢ ᠳᠦᠷᠭᠢᠭᠦᠯᠵᠦ᠂ ᠸᠠᠩ ᠨᠤᠶᠠᠳ ᠢ ᠰᠤᠴᠢᠭᠠᠨ ᠰᠠᠭᠤᠳᠠᠯ ᠪᠠᠶᠢᠷᠢ ᠶᠢ ᠨᠢ | ᠠᠯᠳᠠᠭᠤᠯᠵᠠᠢ᠃ | ᠡᠴᠦᠰ ᠰᠡᠭᠦᠯ ᠤᠨ ᠲᠡᠷᠢᠭᠦᠨ ᠳᠡᠳ᠋ ᠰᠢᠯᠭᠠᠷᠠᠭᠤᠯᠬᠤ ᠳᠤ ᠨᠤᠲᠤᠭ ᠤᠰᠤᠨ ᠤ ᠬᠢᠨᠢ ᠵᠤᠷᠰᠢᠯ ᠢᠶᠠᠷ ᠳᠡᠳ᠋ | ᠱᠠᠩ ᠢ ᠬᠦᠷᠲᠡᠨ ᠠᠷᠤ ᠭᠡᠷ ᠲᠤ ᠪᠠᠨ ᠪᠤᠴᠠᠨ ᠢᠷᠡᠪᠡ ᠭᠡᠨ᠎ᠡ᠃ | ᠡᠨᠡ ᠲᠤᠬᠠᠢ ᠰᠢᠯᠤᠭᠤᠨ ᠬᠦᠬᠡ ᠬᠤᠰᠢᠭᠤᠨ ᠤ ᠲᠡᠤᠬᠡ ᠰᠤᠶᠤᠯ ᠤᠨ ᠮᠠᠲ᠋ᠧᠷᠢᠶᠠᠯ ᠳᠤ ᠴᠦ ᠪᠢᠴᠢᠵᠦ ᠪᠤᠢ᠃ | ︵ ᠨᠠ᠊ · ᠵᠢᠷᠭᠠᠯ︶ | |