ᠨᠡᠭᠦᠳᠡᠯ  ᠮᠠᠯᠵᠢᠯ
ᠨᠡᠶᠢᠲᠡᠯᠡᠭᠰᠡᠨ ᠴᠠᠭ᠄
2018/6/11
       ᠪᠠᠶ᠋ᠬᠠᠦ᠋ᠨᠳᠦᠷ ᠰᠤᠮᠤ ᠨᠢ ᠠᠷᠤ ᠬᠤᠷᠴᠢᠨ ᠬᠤᠰᠢᠭᠤᠨ ᠤ ᠬᠠᠮᠤᠭ ᠬᠤᠶᠢᠲᠦ ᠵᠠᠬ᠎ᠠ ᠶᠡᠭᠡ ᠬᠢᠩᠭᠠᠨ ᠳᠠᠪᠠᠭᠠᠨ ᠤ ᠦᠷᠭᠦᠯᠵᠢᠯᠡᠯ ᠨᠢᠷᠤᠭᠤ ᠪᠤᠯᠬᠤ ᠭᠤᠭᠤᠰᠤᠲᠠᠢ ᠬᠠᠨ ᠠᠭᠤᠯᠠ ᠶᠢᠨ ᠡᠩᠭᠡᠷ ᠬᠤᠷᠮᠤᠢ ᠳᠤ ᠪᠠᠶᠢᠷᠢᠯᠠᠭ᠎ᠠ 23 ᠮᠠᠯᠵᠢᠬᠤ ᠭᠠᠴᠠᠭ᠎ᠠ᠂ 1.5 ᠲᠦᠮᠡ ᠭᠠᠷᠤᠢ ᠬᠦᠮᠦᠨ ᠠᠮᠠ  ᠂ 56 ᠲᠦᠮᠡᠨ ᠮᠤ᠋ ᠨᠤᠳᠤᠭ ᠪᠠᠯᠴᠢᠭᠡᠷ ᠲᠠᠢ ᠮᠠᠯ ᠠᠵᠦ ᠠᠬᠤᠢ ᠪᠠᠷ ᠭᠤᠤᠯᠯᠠᠭᠰᠠᠨ ᠴᠤᠯᠤ ᠮᠠᠯᠵᠢᠵᠤ ᠰᠤᠮᠤ ᠶᠤᠮ᠃ ᠠᠳᠡᠬᠢ ᠠᠷᠠᠳ ᠮᠠᠯᠴᠢᠳ ᠨᠢ ᠤᠷ᠎ᠠ ᠤᠬᠠᠭᠠᠨ᠂ ᠤᠶᠤᠨ ᠴᠢᠳᠠᠯ᠂ ᠠᠷᠢᠭᠤᠨ ᠬᠦᠳᠡᠯᠮᠤᠷᠢ᠂ ᠠᠴᠢᠯᠴᠢ ᠬᠤᠶᠠᠷ ᠭᠠᠷ ᠢᠶᠠᠷ ᠢᠶᠠᠨ ᠤᠯᠠᠮᠵᠢᠯᠯᠠᠲᠦ ᠮᠤᠩᠭᠤᠯ ᠮᠠᠯᠵᠢᠯ ᠰᠤᠶᠤᠯ ᠢᠶᠠᠨ ᠤᠳᠤ ᠳᠤ ᠲᠤᠯᠳᠠᠯ᠎ᠠ ᠦᠪᠯᠡᠨ ᠬᠠᠳᠠᠭᠠᠯᠠᠵᠦ ᠬᠦᠭᠵᠢᠭᠦᠯᠦᠭᠰᠡᠭᠡᠷ ᠪᠦᠬᠡᠳ ᠨᠠᠭᠦᠳᠠᠯ ᠮᠠᠯᠵᠢᠯ ᠤᠨ ᠤᠤᠷ ᠰᠤᠶᠤᠯ   ᠢᠶᠠᠨ ᠤᠩᠭᠤᠯᠠᠨ ᠲᠡᠭᠡᠵᠢᠯᠡᠵᠦ᠂ ᠪᠦᠬᠦ ᠤᠷᠤᠨ᠂ ᠪᠦᠬᠦ ᠤᠯᠤᠰ ᠴᠢᠨᠠᠭᠰᠢᠯᠠᠪᠠᠯ ᠪᠦᠬᠦ ᠲᠡᠯᠡᠬᠡᠢ ᠶᠢᠨ ᠬᠦᠮᠦᠰ ᠲᠤ ᠪᠠᠭ᠋ᠠᠳᠤᠨ ᠭᠠᠶᠢᠬᠠᠭᠤᠯᠬᠤ ᠶᠢᠨ ᠬᠠᠮᠳᠦ ᠪᠠᠶᠢᠭᠠᠯᠢᠯᠢᠭ ᠮᠠᠯᠵᠢᠯ ᠤᠨ ᠰᠠᠭᠤᠷᠢᠨ ᠭᠠᠵᠠᠷ᠂ ᠨᠡᠭᠦᠳᠡᠯ ᠮᠠᠯᠵᠢᠯ ᠤᠨ ᠲᠠᠷᠬᠠᠨ ᠤᠷᠤᠨ᠂ ᠠᠮᠢ ᠠᠬᠤᠢ ᠰᠤᠶᠤᠯ ᠵᠢᠭᠤᠯᠴᠢᠯᠠᠯ ᠤᠨ ᠲᠠᠭᠱᠠᠨ ᠤᠷᠤᠨ ᠭᠡᠰᠡᠨ ᠰᠠᠶᠢᠬᠠᠨ ᠴᠤᠯᠤ ᠬᠦᠷᠳᠡᠵᠦ᠂ ︽ᠦᠪᠦᠷ ᠮᠤᠩᠭᠤᠯ ᠤᠨ ᠠᠷᠤ ᠬᠤᠷᠴᠢᠨ ᠬᠤᠰᠢᠭᠤᠨ ᠤ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ︾ ᠨᠢ ᠳᠤᠮᠳᠠᠳᠤ ᠤᠯᠤᠰ ᠤᠨ ᠬᠦᠳᠡᠭᠡ ᠠᠵᠤ ᠠᠬᠤᠢ ᠶᠢᠨ ᠴᠢᠬᠤᠯᠠ ᠰᠤᠶᠣᠯ ᠤᠨ ᠦᠪ ᠢᠶᠠᠷ ᠳᠣᠭᠲᠠᠭᠠᠭᠳᠠᠪᠠ᠃        ᠵᠤᠨ ᠤ ᠰᠠᠶᠢᠬᠠᠨ ᠵᠢᠷᠭᠤᠭᠠᠨ ᠰᠠᠷ᠎ᠠ ᠬᠦᠷᠴᠦ ᠢᠷᠡᠬᠦ ᠪᠦᠷᠢ ᠪᠠᠶ᠋ᠬᠠᠦ᠋ᠨᠳᠦᠷ ᠰᠤᠮᠤ ᠶᠢᠨ 21 ᠭᠠᠴᠠᠭ᠎ᠠ  ᠶᠢᠨ ᠮᠢᠩᠭ᠎ᠠ ᠢᠯᠡᠭᠦᠦ ᠡᠷᠦᠬᠡ ᠶᠢᠨ 7 ᠲᠦᠮᠡ ᠢᠯᠡᠭᠦᠦ ᠪᠣᠳᠠ ᠮᠠᠯ᠂ 53 ᠲᠦᠮᠡᠨ ᠬᠤᠨᠢ᠂ ᠬᠡᠳᠦᠨ ᠮᠢᠩᠭᠠᠨ ᠠᠳᠤᠭᠤ ᠪᠠᠷᠳᠠᠭ᠎ᠠ ᠶᠢᠨ ᠬᠦᠨᠳᠡᠢ᠂ ᠴᠠᠭᠠᠨ ᠬᠦᠨᠳᠡᠢ ᠪᠠ ᠬᠠᠬᠢᠷ ᠤᠨ ᠬᠦᠨᠳᠡᠢ  ᠵᠢᠴᠢ ᠰᠦᠵᠢ ᠶᠢᠨ ᠭᠤᠤᠯ ᠤᠨ ᠤᠷᠤᠰᠬᠠᠯ ᠦᠭᠰᠦᠵᠦ᠂ ᠲᠠᠯ᠎ᠠ ᠶᠢᠨ ᠬᠤᠸᠠ᠂ ᠢᠳᠦᠭᠤᠳᠦ᠂ ᠮᠠᠯᠠᠭᠠᠢ ᠶᠢᠨ ᠳᠠᠪᠠᠭ᠎ᠠ ᠶᠢᠨ ᠠᠷᠤ᠂ ᠠᠷᠤ ᠬᠦᠨᠳᠡᠯᠡᠨ ᠵᠡᠷᠭᠡ ᠵᠤᠰᠠᠭᠠᠯ ᠤᠨ ᠭᠠᠵᠠᠷ ᠲᠠᠭᠠᠨ ᠤᠳᠤᠷᠯᠠᠨ ᠮᠠᠯᠵᠢᠬᠤ ᠪᠠᠷ ᠵᠢᠯ ᠪᠤᠯᠭᠠᠨ ᠬᠡᠳᠦᠨ ᠡᠳᠦᠷ ᠤᠨ ᠶᠡᠭᠡ ᠨᠡᠭᠦᠳᠡᠯ ᠬᠢᠳᠡᠭ ᠪᠠᠶᠢᠨ᠎ᠠ᠃
 
                                              ᠠᠴᠢᠯᠠᠯᠲᠣ ᠰᠡᠭᠦᠳᠡᠷᠯᠡᠨ ᠮᠡᠳᠡᠭᠡᠯᠡᠪᠡ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号