ᠤᠪᠤᠭᠠᠨ ᠲᠠᠬᠢᠯᠭ᠎ᠠ ᠪᠤᠯ ᠮᠤᠩᠭᠤᠯᠴᠤᠳ ᠴᠢᠯᠠᠭᠤ᠂ ᠮᠤᠳᠤ᠂ ᠪᠤᠷᠭᠠᠰᠤ᠂ ᠵᠦᠯᠭᠡ᠂ ᠰᠢᠷᠤᠢ᠂ | ᠲᠤᠭᠤᠰᠬ᠎ᠠ ᠪᠠ ᠴᠠᠰᠤ ᠪᠠᠷ ᠤᠪᠤᠭ᠎ᠠ ᠪᠤᠰᠬᠠᠵᠤ᠂ ᠲᠡᠭᠷᠢ᠂ ᠭᠠᠵᠠᠷ᠂ ᠯᠤᠤᠰ᠂ ᠠᠭᠤᠯᠠ ᠤᠰᠤᠨ ᠤ ᠨᠠᠪᠳᠠᠭ | ᠰᠠᠪᠳᠠᠭ ᠢ ᠰᠢᠳᠤᠨ ᠲᠠᠬᠢᠳᠠᠭ ᠵᠠᠩ ᠦᠢᠯᠡ ᠶᠤᠮ᠃ | ᠤᠪᠤᠭ᠎ᠠ ᠪᠤᠯ ᠮᠤᠩᠭᠤᠯᠴᠤᠳ ᠤᠨ ᠡᠷᠳᠡ ᠢᠵᠠᠭᠤᠷ᠂ ᠡᠪᠦᠭᠡ ᠲᠡᠭᠡᠳᠤᠰ ᠠᠴᠠ ᠪᠠᠨ ᠤᠯᠠᠮᠵᠢᠯᠠᠭᠰᠠᠨ | ᠵᠦᠭ ᠴᠢᠭ᠂ ᠠᠭᠤᠯᠠ ᠤᠰᠤᠨ ᠤ ᠬᠠᠭᠠᠯᠪᠤᠷᠢ᠂ ᠭᠤᠤ ᠭᠠᠩᠭ᠎ᠠ ᠪᠡᠷᠭᠡ ᠪᠠᠷᠳᠠᠭᠠᠨ ᠤ ᠲᠡᠮᠳᠡᠭ ᠶᠤᠮ᠃ ᠮᠦᠨᠴᠤ | ᠲᠡᠭᠷᠢ᠂ ᠭᠠᠵᠠᠷ᠂ ᠯᠤᠤᠰ᠂ ᠪᠤᠷᠬᠠᠨ ᠰᠠᠬᠢᠭᠤᠯᠰᠤᠨ ᠳᠤ ᠲᠠᠬᠢᠯ ᠲᠠᠪᠢᠭ ᠡᠷᠭᠦᠳᠡᠭ ᠶᠡᠨᠳᠡᠷ ᠪᠤᠯᠤᠨ᠎ᠠ᠃ | ᠮᠤᠩᠭᠤᠯᠴᠤᠳ ᠤᠨ ᠤᠪᠤᠭ᠎ᠠ ᠲᠠᠬᠢᠬᠤ ᠨᠢ ᠠᠭᠤᠯᠠ ᠬᠠᠶᠢᠷᠬᠠᠨ᠂ ᠭᠤᠤᠯ ᠤᠰᠤ᠂ ᠡᠪᠡᠰᠤ ᠮᠤᠳᠤ ᠪᠠᠨ | ᠬᠠᠶᠢᠷᠠᠯᠠᠨ ᠬᠠᠮᠠᠭᠠᠯᠠᠬᠤ ᠴᠢᠬᠤᠯᠠ ᠠᠵᠢᠯᠯᠠᠭᠠᠨ ᠪᠤᠯᠬᠤ ᠪᠦᠭᠡᠳ ᠡᠨᠡᠬᠦ ᠠᠵᠢᠯᠯᠠᠭᠠᠨ ᠢᠶᠠᠷ ᠢᠶᠠᠨ ᠲᠠᠮᠵᠢᠭᠤᠯᠵᠤ᠂ | ᠬᠦᠮᠤᠨ ᠪᠠᠶᠢᠭᠠᠯᠢ ᠡᠶ᠎ᠡ ᠵᠤᠬᠢᠴᠠᠯ ᠲᠠᠢ᠂ ᠴᠠᠭ ᠠᠭᠠᠷ ᠰᠠᠶᠢᠬᠠᠨ᠂ ᠬᠤᠷ᠎ᠠ ᠪᠤᠷᠤᠭᠠᠨ ᠬᠠᠩᠭᠠᠯᠳᠠᠳᠠᠢ᠂ ᠠᠮᠢ ᠠᠬᠤᠢ | ᠲᠡᠩᠴᠡᠭᠦᠷᠢᠲᠠᠢ᠂ ᠮᠠᠯ ᠠᠬᠤᠢ ᠦᠨᠢᠷ ᠦᠰᠴᠤ᠂ ᠬᠦᠮᠤᠨ ᠠᠷᠠᠳ ᠦᠭᠡᠳᠡ ᠡᠰᠡᠷᠡᠭ ᠦᠯᠵᠡᠢ ᠪᠡᠯᠭᠡ ᠲᠠᠢ᠂ ᠪᠠᠶᠠᠨ | ᠲᠠᠷᠭᠤᠨ ᠠᠮᠢᠳᠤᠷᠠᠬᠤ ᠶᠢ ᠲᠡᠭᠷᠢ᠂ ᠭᠠᠵᠠᠷ᠂ ᠯᠤᠤᠰ ᠬᠢᠭᠡᠳ ᠠᠭᠤᠯᠠ ᠤᠰᠤᠨ ᠤ ᠨᠠᠪᠳᠠᠭ ᠰᠠᠪᠳᠠᠭ ᠲᠠᠭᠠᠨ | ᠰᠦᠰᠦᠭᠯᠡᠨ ᠲᠠᠭᠠᠳᠬᠠᠳᠠᠭ ᠵᠦᠢ ᠶᠤᠰᠤᠨ ᠤ ᠤᠯᠠᠮᠵᠢᠯᠠᠯᠳᠤ ᠵᠠᠩ ᠵᠢᠷᠤᠮ ᠪᠤᠯᠬᠤ ᠶᠤᠮ᠃ | ᠪᠢᠳᠡ ᠤᠪᠤᠭ᠎ᠠ ᠪᠠᠨ ᠰᠠᠶᠢᠨ ᠰᠠᠨᠠᠭᠠᠨ ᠤ ᠡᠭᠦᠳᠡᠨ ᠠᠴᠠ ᠡᠶᠡᠷᠬᠦ ᠰᠡᠳᠬᠢᠯ ᠢᠶᠠᠷ ᠲᠠᠬᠢᠳᠠᠭ ᠰᠠᠶᠢᠨ | ᠰᠠᠶᠢᠬᠠᠨ ᠤᠳᠤᠮᠰᠢᠯ ᠢᠶᠠᠨ ᠦᠶ᠎ᠡ ᠶᠢᠨ ᠦᠶ᠎ᠡ ᠳᠡᠭᠡᠨ ᠵᠦᠪ ᠢᠶᠠᠷ ᠤᠯᠠᠮᠵᠢᠯᠠᠶ᠎ᠠ᠃ ᠬᠡᠯᠪᠡᠷᠢ ᠶᠢ ᠬᠦᠭᠡᠭᠡᠴᠡᠯᠳᠤᠭᠦ | ᠮᠠᠶ᠋ᠢᠭ ᠤᠨ᠂ ᠠᠯᠪᠠ ᠬᠠᠰᠢᠬᠤ ᠮᠠᠶ᠋ᠢᠭ ᠤᠨ᠂ ᠠᠰᠢᠭ ᠬᠤᠨᠵᠢᠶ᠎ᠠ ᠤᠯᠬᠤ ᠶᠢᠨ ᠲᠦᠯᠦᠭᠡᠨ ᠤ᠂ ᠪᠠᠶᠢᠭᠠᠯᠢ ᠤᠷᠴᠢᠨ | ᠲᠤᠭᠤᠷᠢᠨ ᠢ ᠡᠪᠳᠡᠵᠤ ᠰᠦᠢᠳᠭᠡᠬᠦ ᠬᠡᠯᠪᠡᠷᠢ ᠪᠠᠷ ᠲᠠᠬᠢᠬᠤ ᠶᠢ ᠡᠷᠡᠰ ᠲᠡᠪᠴᠢᠶ᠎ᠡ᠃ | ᠠᠷᠤ ᠬᠤᠷᠴᠢᠨ ᠬᠤᠰᠢᠭᠤᠨ ᠤ ᠬᠤᠨᠳᠤ ᠶᠢᠨ ᠪᠤᠭᠳᠠ ᠠᠭᠤᠯᠠ ᠶᠢᠨ ᠬᠠᠪᠤᠳᠤ ᠬᠠᠰᠠᠷ ᠤᠨ ᠲᠠᠬᠢᠯᠭ᠎ᠠ | ᠶᠢᠨ ᠤᠪᠤᠭ᠎ᠠ ᠪᠤᠯ ᠠᠷᠤ ᠬᠤᠷᠴᠢᠨ ᠬᠤᠰᠢᠭᠤᠨ ᠤ ᠲᠤᠯᠤᠳᠤᠭᠠᠷ ᠦᠶ᠎ᠡ ᠶᠢᠨ ᠵᠠᠰᠠᠭ ᠲᠠᠭᠳᠠᠨᠸᠠᠩᠴᠤᠭ ᠪᠡᠶᠢᠯᠡ | 1745 ᠤᠨ ᠳᠤ ᠲᠤᠰ ᠠᠭᠤᠯᠠ ᠶᠢᠨ ᠡᠩᠭᠡᠷ ᠲᠤ ᠸᠠᠩ ᠤᠨ ᠤᠷᠳᠤᠨ ᠢᠶᠠᠨ ᠪᠠᠶᠢᠭᠤᠯᠵᠤ᠂ ᠲᠠᠷᠠᠭ᠎ᠠ ᠵᠢᠯ ︵ | 1746 ᠤᠨ︶ ᠳᠤᠨᠢ ᠠᠭᠤᠯᠠᠨ ᠤᠷᠤᠢ ᠳᠤ ᠤᠪᠤᠭ᠎ᠠ ᠪᠤᠰᠬᠠᠵᠤ᠂ ᠲᠠᠶᠢᠯ ᠪᠤᠭᠳᠠ ᠬᠠᠪᠤᠳᠤ ᠬᠠᠰᠠᠷ ᠢ | ᠬᠦᠷᠦᠭᠯᠡᠨ ᠲᠠᠭᠢᠭᠰᠠᠨ ᠠᠴᠠ ᠡᠬᠢᠯᠡᠨ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠳᠤᠭᠠᠷ ᠰᠠᠷ᠎ᠠ ᠶᠢᠨ ᠰᠢᠨ᠎ᠡ | ᠶᠢᠨ ᠬᠤᠶᠠᠷ ᠲᠤ ᠬᠤᠰᠢᠭᠤᠨ ᠤ ᠵᠠᠰᠠᠭ ᠨᠤᠶᠠᠳ᠂ ᠭᠡᠭᠡᠨ ᠬᠤᠪᠢᠯᠭᠠᠳ ᠲᠡᠷᠢᠭᠦᠳᠡᠢ ᠮᠠᠯᠴᠢᠨ ᠠᠷᠠᠳ ᠬᠠᠮᠳᠤᠪᠠᠷ | ᠲᠤᠰ ᠤᠪᠤᠭ᠎ᠠ ᠶᠢ ᠲᠠᠭᠢᠳᠠᠭ ᠪᠤᠯᠤᠭᠰᠠᠨ ᠢᠶᠠᠷ ︽ᠪᠤᠭᠳᠠ ᠠᠭᠤᠯᠠ ᠶᠢᠨ ᠬᠠᠪᠤᠳᠤ ᠬᠠᠰᠠᠷ ᠤᠨ ᠲᠠᠬᠢᠯᠭ᠎ᠠ ᠶᠢᠨ | ᠤᠪᠤᠭ᠎ᠠ︾ ᠭᠡᠵᠤ ᠬᠤᠯᠠ ᠤᠶᠢᠷ᠎ᠠ ᠳᠠᠭᠠᠨ ᠠᠯᠳᠠᠷᠰᠢᠵᠠᠢ᠃ ᠲᠡᠬᠢᠯᠭ᠎ᠠ ᠶᠢᠨ ᠶᠤᠰᠤ ᠪᠠᠨ ᠭᠦᠢᠴᠡᠳᠭᠡᠭᠰᠡᠨ ᠤ | ᠲᠠᠷᠠᠭ᠎ᠠ ᠲᠤᠬᠤᠮᠳᠠᠢ ᠶᠢᠨ ᠭᠤᠤᠯ ᠤᠨ ᠪᠠᠷᠠᠭᠤᠨ ᠲᠡᠨᠵᠢᠨ ᠳᠤ ᠶᠡᠭᠡ ᠨᠠᠶᠢᠷ ᠬᠢᠵᠤ ᠮᠠᠯᠴᠢᠨ ᠲᠦᠮᠡᠨ ᠢᠶᠠᠨ | ᠪᠠᠶᠠᠰᠬᠠᠳᠠᠭ ᠪᠠᠶᠢᠵᠠᠢ᠃ 1944 ᠤᠨ ᠳᠤ ᠲᠠᠬᠢᠯᠭ᠎ᠠ ᠨᠢ ᠵᠤᠭᠰᠤᠵᠤ᠂ 1990 ᠤᠨ ᠳᠤ ᠲᠠᠬᠢᠯᠭ᠎ᠠ ᠶᠢ ᠨᠢ | ᠰᠡᠷᠭᠦᠭᠡᠪᠡ᠃ ᠤᠳᠤ ᠬᠤᠨᠳᠤ ᠪᠠᠯᠭᠠᠰᠤᠨ ᠤ ᠡᠯ᠎ᠡ ᠭᠠᠴᠠᠭ᠎ᠠ ᠨᠢ ᠵᠢᠯ ᠪᠦᠷᠢ ᠡᠭᠡᠯᠵᠢᠯᠡᠨ ᠲᠠᠭᠢᠯᠭ᠎ᠠ ᠶᠢᠨ ᠶᠤᠰᠤ ᠶᠢ | ᠭᠦᠢᠴᠡᠳᠭᠡᠵᠤ ᠪᠠᠶᠢᠨ᠎ᠠ᠃ ᠠᠷᠤ ᠬᠤᠷᠴᠢᠨ ᠬᠤᠰᠢᠭᠤᠨ ᠳᠠᠬᠢ ︽ᠬᠠᠪᠤᠳᠤ ᠬᠠᠰᠠᠷ ᠤᠨ ᠲᠠᠬᠢᠯᠭ᠎ᠠ ᠶᠢᠨ ᠤᠪᠤᠭ᠎ᠠ︾ | ᠪᠤᠯ ᠲᠠᠷᠤᠢ ᠡᠨᠡ ᠪᠤᠭᠳᠠ ᠠᠭᠤᠯᠠ ᠶᠢᠨ ᠲᠠᠬᠢᠯᠭ᠎ᠠ ᠶᠢᠨ ᠤᠪᠤᠭ᠎ᠠ ᠪᠤᠯᠤᠨ᠎ᠠ᠃ | ᠲᠠᠬᠢᠯᠭᠠᠴᠢᠳ ᠡᠷᠬᠡᠪᠰᠢ ᠦᠨᠳᠤᠰᠤᠳᠡᠨ ᠤ ᠬᠤᠪᠴᠠᠰᠤ ᠵᠠᠰᠠᠯ ᠢᠶᠠᠷ ᠢᠶᠠᠨ ᠭᠤᠶᠤᠯᠠᠵᠤ᠂ ᠤᠪᠤᠭᠠᠨ ᠤ | ᠡᠮᠤᠨ᠎ᠡ ᠡᠮᠬᠢ ᠲᠢᠭᠯᠢᠮ ᠲᠠᠢ ᠵᠤᠭᠰᠤᠵᠤ᠂ ᠲᠠᠬᠢᠯᠭ᠎ᠠ ᠶᠢᠨ ᠲᠠᠭᠠᠭᠠᠮᠠᠯ ᠤᠨ ᠵᠢᠯᠤᠭᠤᠳᠤᠯᠭ᠎ᠠ ᠲᠤᠤᠷ᠎ᠠ ᠲᠠᠬᠢᠯᠭ᠎ᠠ ᠶᠢᠨ | ᠶᠤᠰᠤ ᠪᠠᠨ ᠭᠦᠢᠴᠡᠳᠬᠡᠨ᠎ᠡ᠃ ᠲᠦᠪ ᠬᠢᠴᠢᠶᠡᠩᠭᠦᠢ᠂ ᠲᠠᠷᠤᠤ ᠪᠤᠯᠭᠤᠮᠵᠢᠳᠠᠢ᠂ ᠴᠢᠭᠡᠴᠢ ᠰᠢᠳᠤᠷᠭᠤ ᠰᠡᠳᠬᠢᠯ ᠢ | ᠪᠠᠷᠢᠵᠤ ᠲᠠᠶᠢᠯ ᠪᠤᠭᠳᠠ ᠬᠠᠪᠤᠳᠤ ᠬᠠᠰᠠᠷ ᠡᠪᠦᠭᠡ ᠶᠢᠨ ᠢᠶᠠᠨ ᠰᠦᠷ ᠰᠠᠬᠢᠭᠤᠰᠤ ᠳᠤ ᠰᠢᠳᠤᠵᠤ᠂ ᠦᠨᠳᠤᠰᠤᠳᠡᠨ | ᠶᠠᠰᠤᠳᠠᠨ ᠤ ᠪᠠᠨ ᠦᠭᠡᠳᠡᠯᠡᠯ ᠮᠠᠨᠳᠤᠯ ᠬᠢᠭᠡᠳ ᠲᠦᠪᠰᠢᠨ ᠠᠮᠤᠭᠤᠯᠠᠩ᠂ ᠬᠦᠮᠤᠨ ᠠᠷᠠᠳ ᠤᠨ ᠢᠶᠠᠨ ᠡᠶ᠎ᠡ | ᠵᠤᠬᠢᠴᠠᠯ᠂ ᠪᠠᠶᠢᠭᠠᠯᠢ ᠠᠮᠢ ᠠᠬᠤᠢ ᠶᠢᠨ ᠰᠡᠷᠭᠦᠨ ᠰᠠᠶᠢᠵᠢᠷᠠᠬᠤ ᠶᠢ ᠦᠨᠡᠨᠴᠢ ᠰᠡᠳᠬᠢᠯ ᠢᠶᠠᠷ ᠰᠦᠰᠦᠭᠯᠡᠨ | ᠲᠠᠭᠠᠳᠬᠠᠨ᠎ᠠ᠃ | ᠠᠷᠤ ᠬᠤᠷᠴᠢᠨ ᠬᠤᠰᠢᠭᠤᠨ ᠤ ᠬᠤᠨᠳᠤ ᠶᠢᠨ ᠪᠤᠭᠳᠠ ᠠᠭᠤᠯᠠ ᠶᠢᠨ ᠬᠠᠪᠤᠳᠤ ᠬᠠᠰᠠᠷ ᠤᠨ ᠤᠪᠤᠭᠠᠨ | ᠲᠠᠬᠢᠯᠭ᠎ᠠ ᠳᠤ ᠲᠤᠤᠷᠠᠬᠢ ᠮᠡᠳᠤ ᠶᠢᠨ ᠴᠡᠭᠡᠷ ᠶᠤᠰᠤ ᠶᠢ ᠪᠠᠷᠢᠮᠳᠠᠯᠠᠵᠤ ᠢᠷᠡᠵᠡᠢ᠃ ︵1︶ ᠤᠪᠤᠭᠠᠨ ᠲᠠᠬᠢᠯᠭ᠎ᠠ ᠨᠢ | ᠦᠨᠡᠨ ᠳᠤ ᠪᠠᠨ ᠠᠭᠤᠯᠠ ᠤᠰᠤᠨ ᠤ ᠲᠠᠬᠢᠯᠭ᠎ᠠ ᠶᠢ ᠬᠠᠮᠳᠤᠳᠬᠠᠵᠤ᠂ ᠠᠭᠤᠯᠠ ᠬᠠᠶᠢᠷᠬᠠᠨ᠂ ᠭᠤᠦᠯ ᠤᠰᠤ᠂ | ᠠᠮᠢᠳᠠᠨ ᠤᠷᠭᠤᠮᠠᠯ ᠢ ᠬᠠᠶᠢᠷᠠᠯᠠᠨ ᠬᠠᠮᠠᠭᠠᠯᠠᠬᠤ ᠠᠭᠤᠯᠭ᠎ᠠ ᠲᠠᠢ ᠲᠤᠯᠠ ᠮᠦᠷᠭᠦᠯᠴᠢᠳ ᠶᠠᠭᠤᠨ ᠤ ᠡᠮᠤᠨ᠎ᠡ ᠤᠢ | ᠮᠤᠳᠤ᠂ ᠡᠪᠡᠰᠤ ᠪᠡᠯᠴᠢᠭᠡᠷ ᠢ ᠲᠠᠯᠬᠢᠳᠠᠨ ᠰᠤᠶᠢᠳᠬᠡᠵᠤ ᠪᠤᠯᠬᠤ ᠦᠭᠡᠢ᠃ ︵2︶ ᠨᠠᠭᠤᠷ᠂ ᠪᠤᠯᠠᠭ ᠱᠠᠩᠳᠠ᠂ | ᠭᠤᠦᠯ ᠭᠤᠷᠤᠬ᠎ᠠ ᠶᠢ ᠪᠤᠬᠢᠷᠳᠠᠭᠤᠯᠬᠤ ᠶᠢ ᠴᠢᠩᠭ᠎ᠠ ᠴᠡᠭᠡᠷᠯᠡᠵᠤ᠂ ᠴᠢᠯᠠᠭᠤ ᠰᠢᠷᠤᠢ ᠶᠢ ᠲᠤᠷ᠎ᠠ ᠪᠠᠷ ᠢᠶᠠᠨ | ᠬᠦᠳᠡᠯᠭᠡᠵᠤ ᠪᠤᠯᠬᠤ ᠦᠭᠡᠢ᠃ ︵3︶ ᠠᠷᠢᠶᠠᠳᠠᠨ ᠵᠢᠭᠦᠷᠳᠡᠨ ᠢ ᠦᠷᠭᠦᠭᠡᠵᠤ ᠰᠤᠴᠢᠭᠠᠬᠤ ᠪᠤᠶᠤ ᠠᠩᠨᠠᠵᠤ ᠪᠤᠯᠬᠤ | ᠦᠭᠡᠢ᠃ ︵4︶ ᠴᠠᠭᠠᠨ ᠢᠳᠡᠭᠡ᠂ ᠠᠷᠢᠬᠢ ᠰᠠᠷᠬᠤᠳ ᠵᠡᠷᠭᠡ ᠲᠠᠬᠢᠯᠭ᠎ᠠ ᠲᠠᠶᠢᠯᠭ᠎ᠠ ᠶᠢᠨ ᠡᠷᠭᠦᠴᠡ ᠶᠢᠨ ᠵᠦᠢᠯ | ᠢᠶᠠᠨ ᠤᠪᠤᠭᠠᠨ ᠲᠡᠭᠡᠷ᠎ᠡ ᠲᠤᠷ᠎ᠠ ᠪᠠᠷ ᠢᠶᠠᠨ ᠰᠠᠴᠤᠬᠤ ᠪᠤᠶᠤ ᠬᠠᠶᠠᠬᠤ ᠶᠢ ᠴᠡᠭᠡᠷᠯᠡᠨ᠎ᠡ᠃ ︵5︶ ᠤᠪᠤᠭᠠᠨ ᠤ | ᠤᠷᠴᠢᠨ ᠲᠤᠭᠤᠷᠢᠨ ᠳᠤ ᠪᠡᠶ᠎ᠡ ᠵᠠᠰᠠᠬᠤ ᠪᠤᠶᠤ ᠡᠯᠳᠡᠪ ᠵᠦᠢᠯ ᠤᠨ ᠶᠠᠭᠤᠮ᠎ᠠ ᠬᠡᠤᠮ᠎ᠡ ᠤᠷᠬᠢᠵᠤ ᠤᠷᠴᠢᠨ ᠲᠤᠭᠤᠷᠢᠨ | ᠢ ᠪᠤᠬᠢᠷᠳᠣᠭᠤᠯᠬᠤ ᠶᠢ ᠡᠷᠡᠰ ᠴᠡᠭᠡᠷᠯᠡᠨ᠎ᠡ᠃ ︵6︶ ᠲᠠᠬᠢᠯᠭᠠᠴᠢᠳ ᠨᠠᠮ ᠵᠢᠮ ᠪᠠᠶᠢᠵᠤ ᠠᠯᠢᠪᠠ ᠰᠠᠶᠢᠨ ᠰᠠᠶᠢᠬᠠᠨ | ᠢᠶᠠᠨ ᠲᠠᠭᠠᠳᠬᠠᠨ᠎ᠠ᠃ ᠤᠪᠤᠭ᠎ᠠ ᠬᠠᠶᠢᠷᠬᠠᠨ ᠢᠶᠠᠨ ᠬᠦᠨᠳᠤᠳᠭᠡᠵᠤ᠂ ᠲᠡᠷᠭᠡᠳᠡ ᠨᠢ ᠨᠡᠷ᠎ᠡ ᠶᠢ ᠨᠢ ᠬᠡᠯᠡᠬᠦ ᠶᠢ | ᠴᠡᠭᠡᠷᠯᠡᠨ᠎ᠡ᠃ ᠴᠡᠪᠡᠷ ᠮᠤᠩᠭᠤᠯ ᠢᠶᠠᠷ ᠢᠶᠠᠨ ᠶᠠᠷᠢᠯᠴᠠᠬᠤ ᠶᠢ ᠪᠠᠷᠢᠮᠳᠠᠯᠠᠵᠤ᠂ ᠦᠢᠮᠡᠵᠤ ᠱᠤᠤᠬᠢᠬᠤ᠂ ᠪᠠᠷᠬᠢᠷᠠᠵᠤ | ᠴᠠᠷᠬᠢᠷᠠᠬᠤ ᠪᠤᠶᠤ ᠪᠤᠵᠠᠷ ᠪᠤᠯᠬᠢ ᠭᠠᠵᠢᠭᠤ ᠰᠤᠯᠢᠭᠠᠢ ᠦᠭᠡ ᠶᠠᠷᠢᠶ᠎ᠠ ᠭᠠᠷᠭᠠᠵᠤ ᠪᠤᠯᠬᠤ ᠦᠭᠡᠢ᠃ ︵7︶ | ᠤᠪᠤᠭᠠᠨ ᠳᠤ ᠠᠷᠢᠭᠤᠨ ᠲᠠᠬᠢᠯ ᠮᠦᠷᠭᠦᠯ ᠬᠢᠬᠦ ᠦᠶ᠎ᠡ ᠳᠤ ᠠᠷᠠᠯᠵᠢᠶ᠎ᠠ ᠬᠤᠳᠠᠯᠳᠤᠭ᠎ᠠ ᠶᠢ ᠤᠶᠢᠷᠠᠳᠣᠭᠤᠯᠳᠠᠭ ᠦᠭᠡᠢ | ᠂ ᠠᠯᠢᠪᠠ ᠶᠠᠪᠤᠭᠤᠯ ᠬᠦᠮᠤᠨ᠂ ᠶᠠᠯ᠎ᠠ ᠨᠢᠭᠦᠯ ᠦᠢᠯᠡᠳᠦᠭᠰᠡᠨ ᠬᠦᠮᠤᠨ ᠢ ᠤᠷᠤᠯᠴᠠᠭᠤᠯᠳᠠᠭ ᠦᠭᠡᠢ ᠴᠡᠭᠡᠷ ᠲᠠᠢ | ᠪᠠᠶᠢᠳᠠᠭ᠃ ︵8︶ ᠤᠪᠤᠭᠠᠨ ᠲᠠᠬᠢᠯᠭ᠎ᠠ ᠳᠤ ᠤᠷᠢᠳᠤ ᠳᠤ ᠪᠠᠨ ᠡᠮᠡᠭᠳᠡᠢ ︵ᠪᠦᠰᠡᠭᠦᠶᠢᠴᠤᠤᠯ︶ ᠬᠦᠮᠤᠨ ᠢ | ᠤᠷᠤᠯᠴᠠᠭᠤᠯᠳᠠᠭ ᠦᠭᠡᠢ ᠵᠠᠩᠰᠢᠯ ᠲᠠᠢ᠃ | ᠠᠷᠤ ᠬᠤᠷᠴᠢᠨ ᠬᠤᠰᠢᠭᠤᠨ ᠤ ᠬᠤᠨᠳᠤ ᠶᠢᠨ ᠪᠤᠭᠳᠠ ᠠᠭᠤᠯᠠ ᠶᠢᠨ ᠬᠠᠪᠤᠳᠤ ᠬᠠᠰᠠᠷ ᠤᠨ ᠤᠪᠤᠭᠠᠨ | ᠲᠠᠬᠢᠯᠭ᠎ᠠ ᠨᠢ ᠲᠤᠤᠷᠠᠬᠢ ᠮᠡᠳᠤ ᠲᠡᠰ ᠲᠠᠷᠠᠭᠠᠯᠠᠯ ᠢᠶᠠᠷ ᠶᠠᠪᠤᠭᠳᠠᠳᠠᠭ᠃ | ︵ᠨᠢᠭᠡ︶ ᠲᠠᠬᠢᠯᠭ᠎ᠠ ᠶᠢᠨ ᠪᠡᠯᠡᠳᠭᠡᠯ᠄ 1. ᠮᠡᠳᠡᠭᠳᠡᠯ ᠲᠠᠷᠬᠠᠭᠠᠬᠤ᠄ ︵1︶ ᠤᠪᠤᠭᠠᠨ ᠲᠠᠬᠢᠯᠭ᠎ᠠ ᠶᠢ | ᠲᠠᠭᠠᠭᠠᠴᠢᠯᠠᠨ ᠬᠢᠬᠦ ᠨᠢᠭᠡᠴᠡ ᠪᠤᠶᠤ ᠵᠤᠬᠢᠶᠠᠨ ᠪᠠᠶᠢᠭᠤᠯᠬᠤ ᠵᠦᠪᠯᠡᠯ ᠠᠴᠠ ᠤᠪᠤᠭᠠᠨ ᠲᠠᠬᠢᠯᠭ᠎ᠠ ᠶᠢᠨ ᠴᠠᠭ | ᠬᠤᠭᠤᠴᠠᠭ᠎ᠠ᠂ ᠠᠭᠤᠯᠭ᠎ᠠ ᠬᠢᠭᠡᠳ ᠵᠤᠷᠢᠯᠳᠠ ᠪᠠᠨ ᠲᠤᠭᠳᠠᠭᠠᠭᠰᠠᠨ ᠤ ᠲᠠᠷᠠᠭ᠎ᠠ ᠮᠡᠳᠡᠭᠳᠡᠯ ᠤᠨ ᠪᠢᠴᠢᠭ ᠭᠠᠷᠭᠠᠵᠤ᠂ | ᠬᠤᠯᠪᠤᠭᠳᠠᠯ ᠪᠦᠬᠦᠢ ᠬᠠᠷᠢᠶ᠎ᠠ ᠪᠠᠶᠢᠭᠤᠯᠭ᠎ᠠ ᠪᠤᠶᠤ ᠰᠤᠮᠤ ᠪᠠᠯᠭᠠᠰᠤ᠂ ᠵᠢᠴᠢ ᠬᠠᠮᠢᠶ᠎ᠠ ᠪᠦᠬᠦᠢ ᠬᠦᠮᠤᠰ ᠲᠤ | ᠮᠡᠳᠡᠭᠳᠡᠨ᠎ᠡ᠃ 2. ᠤᠪᠤᠭ᠎ᠠ ᠲᠠᠬᠢᠬᠤ ᠶᠢᠨ ᠡᠮᠤᠨ᠎ᠡ ᠡᠳᠤᠷ ᠪᠤᠶᠤ ᠲᠤᠰ ᠡᠳᠤᠷ ᠤᠨ ᠦᠷᠯᠦᠭᠡ ᠡᠷᠳᠡ | ᠲᠠᠭᠠᠭᠠᠴᠢᠯᠠᠨ ᠡᠷᠬᠢᠯᠡᠬᠦ ᠨᠢᠭᠡᠴᠡ ᠪᠤᠶᠤ ᠵᠤᠬᠢᠶᠠᠨ ᠪᠠᠶᠢᠭᠤᠯᠬᠤ ᠵᠦᠪᠯᠡᠯ ᠠᠴᠠ ᠨᠢᠭᠡ ᠪᠦᠯᠦᠭ ᠬᠦᠮᠤᠰ ᠢ ᠵᠤᠬᠢᠶᠠᠨ | ᠪᠠᠶᠢᠭᠤᠯᠵᠤ᠂ ᠤᠪᠤᠭ᠎ᠠ ᠪᠠ ᠤᠪᠤᠭᠠᠨ ᠤ ᠤᠷᠴᠢᠨ ᠲᠤᠭᠤᠷᠢᠨ ᠢ ᠴᠡᠪᠡᠷᠯᠡᠨ ᠠᠷᠢᠯᠭᠠᠵᠤ᠂ ᠡᠪᠳᠡᠷᠡᠵᠤ | ᠴᠤᠴᠠᠷᠠᠭᠰᠠᠨ ᠪᠠᠶᠢᠪᠠᠯ ᠵᠠᠰᠠᠵᠤ ᠲᠠᠯᠪᠢᠨ᠎ᠠ᠃ 3. ᠤᠪᠤᠭ᠎ᠠ ᠲᠠᠬᠢᠬᠤ ᠶᠢᠨ ᠡᠮᠤᠨ᠎ᠡ ᠡᠳᠤᠷ ᠪᠤᠶᠤ ᠲᠤᠰ ᠡᠳᠤᠷ ᠤᠨ | ᠦᠷᠯᠦᠭᠡ ᠡᠷᠳᠡᠯᠡᠨ ᠳᠠᠭᠠᠭᠠᠴᠢᠯᠠᠨ ᠡᠷᠬᠢᠯᠡᠬᠦ ᠨᠢᠭᠡᠴᠡ ᠪᠤᠶᠤ ᠵᠤᠬᠢᠶᠠᠨ ᠪᠠᠶᠢᠭᠤᠯᠬᠤ ᠵᠦᠪᠯᠡᠯ ᠤᠨ ᠬᠢᠨ ᠤᠪᠤᠭᠠᠨ | ᠲᠠᠬᠢᠯᠭ᠎ᠠ ᠳᠤ ᠬᠡᠷᠡᠭᠰᠡᠬᠦ ᠵᠤᠶᠢᠯ ᠢ ᠪᠡᠯᠡᠳᠬᠡᠨ᠎ᠡ᠃ ᠲᠠᠷᠤᠢ ᠲᠠᠶᠢᠯ ᠪᠤᠭᠳᠠ ᠬᠠᠪᠤᠳᠤ ᠬᠠᠰᠠᠷ ᠤᠨ ᠬᠦᠷᠦᠭ ᠵᠢᠴᠢ | ᠪᠤᠷᠭᠠᠰᠤ᠂ ᠢᠳᠡᠭᠡ ᠰᠢᠭᠦᠰᠤ᠂ ᠲᠠᠬᠢᠯ ᠲᠠᠪᠢᠯᠭ᠎ᠠ ᠶᠢᠨ ᠡᠳ᠋᠂ ᠲᠠᠬᠢᠯ ᠤᠨ ᠰᠢᠷᠡᠭᠡ᠂ ᠬᠠᠳᠠᠭ ᠰᠠᠮᠪᠠᠢ᠂ ᠲᠠᠪᠤᠨ | ᠦᠡᠭᠭᠡ ᠶᠢᠨ ᠬᠡᠶᠢᠮᠤᠷᠢ᠂ ᠵᠡᠯ᠎ᠡ ᠵᠡᠷᠭᠡ ᠃ | ︵ᠬᠤᠶᠠᠷ︶ ᠤᠪᠤᠭᠠᠨ ᠳᠤ ᠭᠠᠷᠬᠤ᠄ ᠤᠪᠤᠭ᠎ᠠ ᠶᠢ ᠲᠠᠬᠢᠬᠤ ᠳᠤ ᠤᠪᠤᠭᠠᠨ ᠳᠤ ᠭᠠᠷᠬᠤ ᠶᠤᠰᠤᠨ ᠭᠡᠵᠤ | ᠪᠠᠶᠢᠳᠠᠭ᠃ ᠤᠯᠠᠩᠭᠢ ᠳᠤ ᠪᠠᠨ ᠤᠷᠭᠤᠬᠤ ᠨᠠᠷᠠ ᠪᠠᠷ ᠭᠠᠷᠤᠨ᠎ᠠ᠂ ᠤᠪᠤᠭᠠᠨ ᠤ ᠪᠠᠨ ᠪᠠᠷᠠᠭᠤᠨ ᠡᠮᠤᠨ᠎ᠡ ᠲᠠᠯ᠎ᠠ | ᠠᠴᠠ ᠤᠪᠤᠭᠠᠨ ᠳᠤ ᠪᠠᠨ ᠭᠠᠷᠴᠤ᠂ ᠤᠪᠤᠭᠠᠨ ᠤ ᠪᠠᠨ ᠪᠠᠷᠠᠭᠤᠨ ᠲᠠᠯ᠎ᠠ ᠠᠴᠠ ᠵᠠᠯᠪᠠᠷᠢᠨ ᠨᠠᠷᠠᠨ ᠵᠦᠪ ᠢᠶᠠᠷ ᠨᠢᠭᠡ | ᠡᠷᠬᠢᠵᠤ ᠤᠪᠤᠭᠠᠨ ᠤ ᠪᠠᠨ ᠡᠩᠭᠡᠷ ᠲᠤ ᠨᠠᠮ ᠵᠢᠮ ᠵᠤᠭᠰᠤᠨ᠎ᠠ ᠃ ᠤᠪᠤᠭᠠᠨ ᠤ ᠪᠠᠶᠢᠷᠢᠰᠢᠯ ᠬᠢᠭᠡᠳ ᠵᠠᠮ | ᠬᠠᠷᠢᠯᠴᠠᠭᠠᠨ ᠤ ᠨᠦᠬᠦᠴᠡᠯ ᠠᠴᠠ ᠪᠤᠯᠤᠭᠠᠳ ᠠᠯᠢ ᠲᠠᠯ᠎ᠠ ᠠᠴᠠ ᠨᠢ ᠢᠷᠡᠭᠰᠡᠨ ᠴᠦ ᠤᠪᠤᠭᠠᠨ ᠳᠤ ᠬᠦᠷᠦᠭᠰᠡᠨ ᠤ | ᠰᠡᠭᠦᠯᠡᠷ ᠤᠷᠢᠳᠠᠪᠠᠷ ᠵᠠᠪᠠᠯ ᠤᠪᠤᠭ᠎ᠠ ᠪᠠᠨ ᠨᠠᠷᠠᠨ ᠵᠦᠪ ᠢᠶᠠᠷ ᠨᠢᠭᠡ ᠡᠷᠬᠢᠵᠤ ᠡᠮᠤᠨ᠎ᠡ ᠲᠠᠯ᠎ᠠ ᠳᠤ ᠨᠢ ᠵᠤᠭᠰᠤᠨ᠎ᠠ | | ︵ᠭᠤᠷᠪᠠ︶᠂ ᠤᠪᠤᠭ᠎ᠠ ᠪᠠᠨ ᠵᠠᠰᠠᠨ ᠴᠢᠮᠡᠬᠦ᠄ ᠲᠠᠬᠢᠯᠭᠠᠴᠢᠳ ᠲᠠᠬᠢᠯᠭ᠎ᠠ ᠶᠢᠨ ᠲᠠᠭᠠᠭᠠᠮᠠᠯ ᠤᠨ | ᠵᠢᠯᠤᠭᠤᠳᠤᠯᠭ᠎ᠠ ᠲᠤᠤᠷ᠎ᠠ ᠤᠪᠤᠭᠠᠨ ᠳᠤ ᠪᠠᠨ ᠬᠠᠳᠠ ᠴᠢᠯᠠᠭᠤ ᠨᠡᠮᠡᠵᠤ᠂ ᠨᠠᠷᠠᠰᠤ ᠪᠤᠷᠭᠠᠰᠤ ᠶᠢ ᠨᠢ ᠰᠡᠷᠭᠦᠭᠡᠨ | ᠰᠢᠨᠡᠳᠭᠡᠵᠤ᠂ ᠤᠪᠤᠭᠠᠨ ᠳᠤ ᠪᠠᠨ ᠬᠠᠳᠠᠭ ᠰᠠᠮᠪᠠᠢ᠂ ᠬᠦᠬᠡ᠂ ᠴᠠᠭᠠᠨ᠂ ᠤᠯᠠᠭᠠᠨ᠂ ᠰᠢᠷ᠎ᠠ᠂ ᠨᠤᠭᠤᠭᠠᠨ ᠲᠠᠪᠤᠨ | ᠦᠡᠭᠭᠡ ᠶᠢᠨ ᠬᠡᠶᠢᠮᠤᠷᠢ ᠵᠡᠭᠦᠯᠭᠡᠨ᠎ᠡ᠃ | ᠲᠠᠷᠤᠢ ᠤᠪᠤᠭᠠᠨ ᠤ ᠪᠠᠨ ᠭᠤᠦᠯ ᠮᠤᠳᠤᠨ ᠠᠴᠠ ᠲᠦᠷᠪᠡᠨ ᠵᠦᠭ ᠲᠤ ᠵᠡᠯ᠎ᠡ ᠲᠠᠳᠠᠵᠤ ᠬᠠᠳᠠᠭ ᠰᠠᠮᠪᠠᠢ | ᠪᠤᠶᠤ ᠬᠡᠶᠢᠮᠤᠷᠢ ᠪᠠᠨ ᠵᠡᠭᠦᠯᠭᠡᠬᠦ ᠪᠤᠶᠤ ᠬᠡᠶᠢᠰᠭᠡᠨᠡ᠃ | ᠡᠳᠡᠭᠡᠷ ᠶᠠᠪᠤᠴᠠ ᠶᠢ ᠪᠡᠶᠡᠯᠡᠭᠦᠯᠬᠦ ᠳᠤ ᠪᠠᠨ ᠠᠯᠪᠠᠨ ᠤ ᠲᠠᠯ᠎ᠠ ᠶᠢᠨ ᠪᠤᠶᠤ ᠲᠠᠬᠢᠯᠭᠠᠴᠢᠳ ᠨᠢᠭᠡᠪᠦᠷᠢ | ᠵᠤᠬᠢᠶᠠᠨ ᠪᠠᠶᠢᠭᠤᠯᠤᠭᠴᠢᠳ ᠤᠨ ᠵᠢᠯᠤᠭᠤᠳᠤᠯᠭ᠎ᠠ ᠪᠠᠷ ᠲᠤᠰ ᠲᠤᠰ ᠤᠨ ᠠᠪᠴᠢᠷᠠᠭᠰᠠᠨ ᠪᠤᠷᠭᠠᠰᠤ ᠪᠠᠨ ᠡᠮᠬᠢ | ᠲᠠᠷᠠᠭ᠎ᠠ ᠲᠠᠢ ᠪᠠᠷ ᠤᠪᠤᠭᠠᠨ ᠳᠤ ᠪᠠᠨ ᠬᠠᠳᠬᠤᠵᠤ᠂ ᠬᠠᠳᠠᠭ ᠰᠠᠮᠪᠠᠢ᠂ ᠬᠡᠶᠢᠮᠤᠷᠢ ᠵᠡᠷᠭᠡ ᠪᠠᠨ ᠵᠡᠭᠦᠯᠭᠡᠨ᠎ᠡ᠃ | ︵ᠲᠦᠷᠪᠡ︶᠂ ᠲᠠᠬᠢᠯᠭ᠎ᠠ ᠶᠢᠨ ᠲᠠᠯᠠᠪᠤᠷ᠄ ᠤᠪᠤᠭᠠᠨ ᠲᠠᠬᠢᠯᠭ᠎ᠠ ᠡᠬᠢᠯᠡᠭᠦ ᠠᠴᠠ ᠡᠮᠤᠨ᠎ᠡ ᠲᠠᠬᠢᠯᠭ᠎ᠠ ᠶᠢᠨ | ᠪᠡᠯᠡᠳᠬᠡᠯ ᠬᠢᠬᠦ᠂ ᠵᠢᠴᠢ ᠲᠠᠬᠢᠯᠭ᠎ᠠ ᠶᠢᠨ ᠲᠠᠯᠠᠪᠤᠷ ᠢ ᠲᠤᠬᠢᠷᠠᠭᠤᠯᠤᠨ᠎ᠠ᠃ ᠲᠠᠷᠤᠢ ᠲᠠᠬᠢᠯᠭ᠎ᠠ ᠶᠢᠨ ᠰᠢᠷᠡᠭᠡ ᠶᠢ | ᠤᠪᠤᠭᠠᠨ ᠤ ᠡᠩᠭᠡᠷ ᠲᠤ ᠭᠤᠦᠯᠳᠠᠭᠤᠯᠤᠨᠠ᠃ | ᠪᠠᠷᠠᠭᠤᠨ ᠭᠠᠷ ᠲᠠᠯ᠎ᠠ ᠶᠢ ᠯᠠᠮᠠ ᠨᠠᠷ ᠤᠨ ᠰᠠᠭᠤᠳᠠᠯ ᠪᠤᠯᠭᠠᠵᠤ᠂ 4 ᠪᠤᠶᠤ 8 ᠯᠠᠮᠠ ᠶᠢ ᠵᠠᠯᠠᠵᠤ | ᠰᠠᠭᠤᠯᠭᠠᠨ᠎ᠠ ︵ᠤᠷᠢᠳᠤ ᠳᠤ ᠪᠠᠨ ᠤᠪᠤᠭᠠᠨ ᠲᠠᠭᠢᠯᠭ᠎ᠠ ᠶᠢ ᠪᠦᠭᠡ ᠨᠠᠷ ᠡᠷᠬᠢᠯᠡᠨ ᠶᠠᠪᠤᠭᠳᠠᠭᠤᠯᠵᠤ ᠪᠠᠶᠢᠵᠠᠢ᠃ | ᠬᠤᠵᠢᠮ ᠨᠢ ᠯᠠᠮᠠ ᠵᠠᠯᠠᠵᠤ ᠰᠠᠩ ᠤᠩᠰᠢᠭᠤᠯᠬᠤ ᠪᠤᠯᠪᠠ᠃︶ | ᠵᠡᠭᠦᠨ ᠭᠠᠷ ᠲᠠᠯ᠎ᠠ ᠶᠢᠨ ᠡᠬᠢᠨ ᠳᠤ ᠲᠠᠭᠠᠭᠠᠴᠢᠯᠠᠨ ᠡᠷᠬᠢᠯᠡᠬᠦ ᠨᠢᠭᠡᠴᠡ᠂ ᠲᠤᠮᠳᠠ ᠬᠡᠰᠡᠭ ᠢ ᠲᠠᠬᠢᠯᠭ᠎ᠠ | ᠶᠢᠨ ᠲᠠᠭᠠᠭᠠᠮᠠᠯ ᠨᠠᠷ ᠤᠨ ᠤᠷᠤᠨ ᠪᠤᠯᠭᠠᠨ᠎ᠠ᠃ | ᠪᠦᠬᠦ ᠲᠠᠬᠢᠯᠭᠠᠴᠢᠳ ᠤᠪᠤᠭᠠᠨ ᠤ ᠡᠮᠤᠨ᠎ᠡ ᠲᠠᠯ᠎ᠠ ᠳᠤ ᠠᠬᠠᠮᠠᠳ ᠲᠤᠮᠤᠭᠠᠳᠠᠳ ᠲᠡᠷᠢᠭᠦᠯᠡᠨ ᠤᠪᠤᠭᠠᠨ ᠵᠦᠭ | ᠬᠠᠨᠳᠤᠵᠤ ᠵᠤᠭᠰᠤᠨ᠎ᠠ᠄ | ︵ᠲᠠᠪᠤ︶᠂ ᠲᠠᠬᠢᠯᠭ᠎ᠠ ᠶᠠᠪᠤᠭᠳᠠᠬᠤ᠄ 1. ᠬᠠᠪᠤᠳᠤ ᠬᠠᠰᠠᠷ ᠪᠤᠭᠳᠠ ᠶᠢᠨ ᠬᠦᠷᠦᠭ ᠢ ᠤᠪᠤᠭᠠᠨ ᠳᠠᠭᠠᠨ | ᠵᠠᠯᠠᠨ᠎ᠠ᠃ ᠤᠪᠤᠭᠠᠨ ᠲᠠᠬᠢᠯᠭ᠎ᠠ ᠶᠢ ᠲᠠᠭᠠᠭᠠᠴᠢᠯᠠᠨ ᠡᠷᠬᠢᠯᠡᠬᠦ ᠨᠢᠭᠡᠴᠡ ᠶᠢᠨ ᠲᠠᠭᠠᠭᠠᠮᠠᠯ ᠪᠤᠶᠤ ᠤᠪᠤᠭᠠᠨ ᠲᠠᠭᠠᠭᠠᠮᠠᠯ | ᠠᠴᠠ ᠤᠪᠤᠭᠠᠨ ᠲᠠᠬᠢᠯᠭ᠎ᠠ ᠡᠬᠢᠯᠡᠬᠦ ᠶᠢ ᠵᠠᠷᠯᠠᠭᠰᠠᠨ ᠤ ᠲᠠᠷᠠᠭ᠎ᠠ ᠬᠤᠶᠠᠷ ᠪᠤᠶᠤ ᠲᠦᠷᠪᠡᠨ ᠬᠦᠮᠤᠨ ᠬᠠᠪᠤᠳᠤ ᠬᠠᠰᠠᠷ | ᠪᠤᠭᠳᠠ ᠶᠢᠨ ᠬᠦᠷᠦᠭ ᠢ ᠵᠠᠯᠠᠨ ᠠᠪᠴᠢᠷᠠᠵᠤ᠂ ᠤᠪᠤᠭᠠᠨ ᠤ ᠡᠩᠭᠡᠷ ᠲᠠᠯ᠎ᠠ ᠳᠤ ᠲᠠᠬᠢᠳᠠᠭ ᠤᠷᠤᠨ ᠳᠤ ᠨᠢ ᠵᠠᠯᠠᠨ᠎ᠠ᠃ | 2. ᠤᠪᠤᠭᠠᠨ ᠳᠤ ᠪᠠᠨ ᠡᠷᠭᠦᠴᠡ ᠡᠷᠭᠦᠨ᠎ᠡ᠃ ᠤᠪᠤᠭᠠᠨ ᠳᠤ ᠲᠠᠬᠢᠯᠭ᠎ᠠ ᠲᠠᠪᠢᠯᠭ᠎ᠠ ᠡᠷᠭᠦᠴᠡ ᠡᠷᠭᠦᠳᠡᠭ ᠴᠢᠯᠠᠭᠤ | ᠪᠤᠶᠤ ᠲᠤᠰᠬᠠᠢ ᠠᠪᠴᠢᠷᠠᠵᠤ ᠲᠠᠯᠪᠢᠭᠰᠠᠨ ᠲᠠᠬᠢᠯᠭ᠎ᠠ ᠶᠢᠨ ᠰᠢᠷᠡᠭᠡᠨ ᠲᠡᠭᠡᠷ᠎ᠡ ᠲᠠᠬᠢᠯᠭ᠎ᠠ ᠶᠢ ᠲᠠᠭᠠᠭᠠᠴᠢᠯᠠᠨ ᠡᠷᠬᠢᠯᠡᠵᠤ | ᠪᠠᠶᠢᠭ᠎ᠠ ᠨᠢᠭᠡᠴᠡ ᠠᠴᠠ ᠪᠡᠯᠡᠳᠭᠡᠭᠰᠡᠨ ᠰᠢᠭᠦᠰᠤ᠂ ᠴᠠᠭᠠᠨ ᠢᠳᠡᠭᠡ ᠵᠡᠷᠭᠡ ᠪᠠᠨ ᠲᠠᠯᠪᠢᠭᠰᠠᠨ ᠤ ᠲᠠᠷᠠᠭ᠎ᠠ ᠬᠤᠶᠠᠷ | ᠬᠠᠵᠠᠭᠤ ᠪᠠᠷ ᠨᠢ ᠬᠤᠰᠢᠭᠤᠨ ᠤ ᠤᠪᠤᠭᠠᠨ ᠰᠤᠶᠤᠯ ᠤᠨ ᠨᠡᠶᠢᠭᠡᠮᠯᠢᠭ᠂ ᠬᠤᠰᠢᠭᠤ ᠬᠠᠷᠢᠶ᠎ᠠ ᠪᠠᠶᠢᠭᠤᠯᠭ᠎ᠠ᠂ ᠰᠤᠮᠤ | ᠪᠠᠯᠭᠠᠰᠤᠨ ᠠᠴᠠ ᠢᠷᠡᠭᠰᠡᠳ ᠵᠢᠴᠢ ᠪᠦᠬᠦ ᠲᠠᠬᠢᠯᠭᠠᠴᠢᠳ ᠤᠪᠤᠭᠠᠨ ᠳᠤ ᠪᠠᠨ ᠡᠷᠭᠦᠬᠦ ᠪᠠᠷ ᠭᠡᠷ ᠠᠴᠠ ᠪᠠᠨ | ᠠᠪᠴᠢᠷᠠᠭᠰᠠᠨ ᠴᠠᠭᠠᠨ ᠢᠳᠡᠭᠡ᠂ ᠰᠢᠭᠦᠰᠤ᠂ ᠪᠤᠦᠪᠤ ᠪᠤᠭᠤᠷᠰᠤᠭ᠂ ᠲᠤᠰᠤ ᠬᠤᠷᠤᠳ᠂ ᠠᠷᠢᠬᠢ ᠲᠠᠷᠠᠰᠤ᠂ | ᠴᠢᠪᠠᠭ᠎ᠠ᠂ ᠦᠵᠦᠮ᠂ ᠰᠢᠬᠢᠷ ᠪᠤᠷᠠᠮ᠂ ᠴᠠᠢ ᠵᠡᠷᠭᠡ ᠪᠠᠨ ᠦᠷᠦᠵᠤ ᠲᠠᠯᠪᠢᠨ᠎ᠠ᠃ 3. ᠠᠷᠢᠭᠤᠨ ᠬᠦᠵᠢᠰ | ᠰᠢᠳᠠᠭᠠᠵᠤ᠂ ᠵᠤᠯᠠ ᠠᠰᠠᠭᠠᠨ ᠤᠪᠤᠭᠠᠨ ᠰᠠᠬᠢᠭᠤᠯᠰᠤᠨ ᠤ ᠰᠠᠩ ᠤᠡᠭᠰᠢᠨ᠎ᠠ᠃ ᠯᠠᠮᠠ ᠨᠠᠷ ᠠᠷᠴᠠ᠂ ᠠᠷᠢᠭᠤᠨ | ᠬᠦᠵᠢᠰ ᠰᠢᠳᠠᠭᠠᠵᠤ᠂ ᠵᠤᠯᠠ ᠠᠰᠠᠭᠠᠨ ᠠᠷᠢᠭᠤᠳᠬᠠᠯ ᠤᠨ ᠰᠠᠩ ᠤᠩᠰᠢᠨ ᠠᠯᠢᠪᠠ ᠲᠡᠭᠡᠵᠢ ᠪᠠᠨ ᠠᠷᠢᠭᠤᠳᠬᠠᠵᠤ᠂ | ᠬᠤᠰᠢᠭᠤ ᠨᠤᠲᠤᠭ ᠤᠨ ᠢᠶᠠᠨ ᠰᠢᠳᠤᠨ ᠲᠠᠬᠢᠳᠠᠭ ᠤᠪᠤᠭᠠᠨ ᠰᠠᠬᠢᠭᠤᠯᠰᠤᠨ ᠤ ᠰᠠᠩ ᠢ ᠤᠡᠭᠰᠢᠨ᠎ᠠ᠃ ᠡᠳᠡᠭᠡᠷ | ᠰᠠᠩ ᠤᠳ ᠲᠤ ︽ᠡᠷᠳᠡᠨᠢ ᠶᠢᠨ ᠡᠷᠢᠬᠡ ᠬᠡᠮᠡᠬᠦ ᠰᠠᠩ︾᠂ ︽ᠭᠠᠵᠠᠷ ᠤᠰᠤᠨ ᠤ ᠰᠠᠩ︾ ︽ᠤᠪᠤᠭᠠᠨ | ᠰᠠᠬᠢᠭᠤᠯᠰᠤᠨ ᠤ ᠰᠠᠩ︾ ᠵᠡᠷᠭᠡ ᠪᠤᠢ᠃ 4. ︽ᠬᠠᠪᠤᠳᠤ ᠬᠠᠰᠠᠷ ᠤᠨ ᠲᠠᠬᠢᠯᠭ᠎ᠠ ᠶᠢᠨ ᠰᠠᠩ︾ ᠢ ᠮᠤᠩᠭᠤᠯ ᠢᠶᠠᠷ | ᠤᠡᠭᠰᠢᠨ᠎ᠠ᠃ ᠯᠠᠮᠠ ᠨᠠᠷ ᠨᠤᠮ ᠤᠡᠭᠰᠢᠵᠤ ᠲᠤᠩ ᠲᠠᠳᠠᠨ ᠬᠤᠨᠭ᠍ᠬᠤ ᠲᠠᠮᠠᠷᠠᠤ ᠲᠤᠦᠭᠠᠷᠭᠠᠵᠤ᠂ ᠬᠡᠨᠭᠭᠡᠷᠭᠡ ᠴᠠᠩ | ᠲᠡᠯᠡᠳᠴᠤ᠂ ᠪᠦᠷᠢᠶ᠎ᠡ ᠪᠢᠰᠭᠢᠭᠦᠷ ᠦᠯᠢᠶᠡᠬᠦ ᠳᠤ ᠵᠡᠷᠭᠡ ᠬᠡᠷᠬᠢᠮ ᠢᠯᠭᠠᠯ ᠦᠭᠡᠢ ᠲᠠᠶᠠᠭᠠᠷ ᠢᠶᠠᠨ ᠤᠪᠤᠭᠠᠨ ᠵᠦᠭ | ᠬᠠᠨᠳᠤᠵᠤ ᠬᠤᠷᠮᠤᠢ ᠪᠠᠨ ᠲᠡᠪᠢᠰᠴᠤ ᠨᠠᠮᠠᠨᠴᠢᠯᠠᠨ ᠭᠤᠷᠪᠠᠨ ᠭᠤᠷᠪᠠ ᠶᠢᠰᠦᠨᠳᠡ ᠮᠦᠷᠭᠦᠯ ᠭᠦᠶᠢᠴᠡᠳᠬᠡᠨᠡ᠃ 5. | ᠰᠠᠴᠤᠯᠢ ᠡᠷᠭᠦᠵᠤ᠂ ᠲᠠᠯᠠᠯᠭ᠎ᠠ ᠠᠪᠤᠨ᠎ᠠ᠃ ᠯᠠᠮᠠ ᠨᠠᠷ ᠤᠪᠤᠭᠠᠨ ᠰᠠᠴᠤᠯᠢ ᠶᠢᠨ ᠰᠠᠩ᠂ ᠬᠡᠶᠢᠮᠤᠷᠢ ᠶᠢᠨ ᠰᠠᠩ᠂ | ᠲᠠᠯᠠᠯᠭ᠎ᠠ ᠶᠢᠨ ᠰᠠᠩ ᠵᠡᠷᠭᠡ ᠶᠢ ᠤᠡᠭᠰᠢᠬᠤ ᠳᠤ ᠰᠦ᠂ ᠰᠠᠷᠬᠤᠳ᠂ ᠴᠠᠢ ᠶᠢᠨ ᠠᠯᠢ ᠨᠢᠭᠡ ᠪᠠᠷ ᠨᠢ ᠤᠪᠤᠭᠠᠨ ᠳᠤ | ᠪᠠᠨ ᠰᠠᠴᠤᠯᠢ ᠡᠷᠭᠦᠨ᠎ᠡ᠃ ᠤᠪᠤᠭᠠᠨ ᠲᠠᠭᠠᠭᠠᠮᠠᠯ ᠪᠤᠶᠤ ᠲᠤᠰ ᠤᠳᠠᠭᠠᠨ ᠤ ᠲᠠᠬᠢᠯᠭ᠎ᠠ ᠶᠢᠨ ᠲᠠᠭᠠᠭᠠᠮᠠᠯ ᠨᠢ | ᠤᠪᠤᠭᠠᠨ ᠲᠠᠯᠠᠯᠭᠠᠨ ᠰᠤᠮᠤ ᠶᠢ ᠪᠠᠷᠢᠵᠤ ᠶᠢᠰᠦᠨ ᠴᠦᠡᠭᠭᠦᠯ ᠲᠠᠢ ᠰᠠᠴᠤᠭᠤᠷ ᠢᠶᠠᠷ ᠰᠠᠴᠤᠯᠢ ᠶᠢ ᠤᠳᠬᠤᠵᠤ | ᠠᠪᠤᠭᠠᠳ ᠤᠪᠤᠭ᠎ᠠ ᠪᠠᠨ ᠨᠠᠷᠠᠨ ᠵᠦᠪ ᠢᠶᠠᠷ ᠡᠷᠭᠢᠵᠤ ᠰᠠᠴᠤᠯᠢ ᠪᠠᠨ ᠡᠷᠭᠦᠵᠤ ᠲᠠᠯᠠᠯᠭ᠎ᠠ ᠠᠪᠤᠨ᠎ᠠ᠂ ᠲᠠᠬᠢᠯᠭ᠎ᠠ ᠳᠤ | ᠤᠷᠤᠯᠴᠠᠭ᠎ᠠ ᠪᠦᠬᠦ ᠲᠠᠬᠢᠯᠭᠠᠭᠴᠢᠳ ᠠᠷᠤ ᠠᠴᠠ ᠨᠢ ᠲᠠᠭᠠᠵᠤ ᠰᠠᠴᠤᠯᠢ ᠪᠠᠨ ᠡᠷᠭᠦᠵᠤ ᠤᠪᠤᠭ᠎ᠠ ᠪᠠᠨ ᠭᠤᠷᠪᠠ | ᠲᠤᠭᠤᠷᠢᠨ ᠲᠠᠯᠠᠯᠭ᠎ᠠ ᠠᠪᠤᠨ᠎ᠠ᠃ ᠰᠠᠴᠤᠯᠢ ᠪᠠᠨ ᠡᠷᠭᠦᠵᠤ ᠲᠡᠭᠦᠰᠬᠦ ᠦᠶ᠎ᠡ ᠪᠠᠷ ᠬᠤᠪᠢ ᠬᠤᠪᠢ ᠪᠠᠷ ᠢᠶᠠᠨ ᠡᠷᠭᠦᠬᠦ | ᠬᠠᠳᠠᠭ ᠬᠡᠶᠢᠮᠤᠷᠢ ᠵᠡᠷᠭᠡ ᠪᠠᠨ ᠤᠪᠤᠭᠠᠨ ᠤ ᠲᠤᠭ ᠤᠨ ᠮᠤᠳᠤ᠂ ᠵᠡᠯ᠎ᠡ ᠬᠡᠶᠢᠮᠤᠷᠢ᠂ ᠪᠤᠷᠭᠠᠰᠤ ᠵᠡᠷᠭᠡ ᠠᠴᠠ | ᠵᠡᠭᠦᠯᠭᠡᠵᠤ ᠲᠤᠰ ᠲᠤᠰ ᠢᠶᠠᠷ ᠢᠶᠠᠨ ᠵᠠᠯᠪᠠᠷᠢᠨ ᠦᠪᠡᠷ ᠦᠪᠡᠷ ᠤᠨ ᠬᠦᠰᠡᠯ ᠡᠷᠡᠮᠡᠯᠵᠡᠯᠡᠯ ᠢᠶᠠᠨ ᠲᠠᠭᠠᠳᠬᠠᠨ | ᠵᠠᠯᠪᠠᠷᠢᠨ᠎ᠠ᠃ 6. ᠤᠪᠤᠭᠠᠨ ᠤ ᠬᠡᠰᠢᠭ ᠲᠦᠭᠡᠭᠡᠬᠦ ᠲᠠᠯᠠᠯᠭ᠎ᠠ ᠲᠡᠭᠦᠰᠦᠭᠰᠡᠨ ᠤ ᠲᠠᠷᠠᠭ᠎ᠠ ᠤᠪᠤᠭᠠᠨ ᠲᠠᠭᠠᠭᠠᠮᠠᠯ ᠨᠢ | ᠲᠠᠭᠠᠭᠠᠴᠢᠯᠠᠨ ᠡᠷᠬᠢᠯᠡᠭᠰᠡᠨ ᠨᠢᠭᠡᠴᠡ ᠠᠴᠠ ᠡᠷᠭᠦᠭᠰᠡᠨ ᠬᠤᠨᠢᠨ ᠰᠢᠭᠦᠰᠤ ᠠᠴᠠ ᠨᠢᠭᠡ ᠲᠠᠯᠤ ᠲᠦᠷᠪᠡᠨ ᠦᠨᠳᠤᠷ ᠢ | ᠰᠠᠯᠭᠠᠵᠤ ᠠᠪᠤᠭᠠᠳ ᠨᠠᠶᠢᠷ ᠤᠨ ᠢᠳᠡᠭᠡ ᠰᠢᠭᠦᠰᠤ ᠳᠤ ᠲᠡᠭᠡᠵᠢᠯᠡᠬᠦ ᠪᠠᠷ ᠪᠡᠯᠡᠳᠬᠡᠵᠤ᠂ ᠦᠯᠡᠳᠡᠭᠰᠡᠨ ᠠᠯᠪᠠᠨ ᠤ ᠪᠠ | ᠬᠤᠪᠢᠨ ᠤ ᠲᠠᠯ᠎ᠠ ᠠᠴᠠ ᠡᠷᠭᠦᠭᠰᠡᠨ ᠪᠦᠬᠦ ᠡᠷᠭᠦᠴᠡ ᠶᠢ ᠲᠠᠶᠠᠭᠠᠷ ᠲᠤ ᠤᠪᠤᠭᠠᠨ ᠬᠡᠰᠢᠭ ᠬᠡᠮᠡᠨ ᠲᠦᠭᠡᠭᠡᠨ᠎ᠡ᠃ | | ᠵᠤᠬᠢᠶᠠᠭᠴᠢ᠄ ᠰ᠊᠂ ᠵᠠᠮᠢᠶᠠᠨ ︵ᠵᠠᠮᠢᠶᠠᠨᠯᠤᠷᠤᠢ︶ | ᠵᠤᠬᠢᠶᠠᠭᠴᠢ ᠶᠢᠨ ᠬᠠᠶ᠋ᠢᠭ᠄ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠴᠢᠪᠠᠭ᠎ᠠ | ᠪᠠᠯᠭᠠᠰᠤᠨ ᠤ ᠲᠢᠶᠠᠨ ᠱᠦᠸᠧ ᠬᠤᠷᠢᠶᠠᠯᠠᠯ ᠤᠨ ᠶᠢᠰᠦᠳᠦᠭᠡᠷ ᠠᠰᠠᠷ ᠤᠨ ᠭᠤᠷᠪᠠᠳᠤᠭᠠᠷ ᠡᠭᠦᠳᠡᠨ ᠤ 701 ᠭᠡᠷ᠃ | | |