︽ᠨᠣᠳᠤᠭ ᠢᠶᠠᠨ ᠳᠠᠨᠢᠬᠤᠢ︾ ︵ᠠᠷᠪᠠᠨ ᠳᠣᠯᠤᠭ᠎ᠠ︶
ᠨᠡᠶᠢᠲᠡᠯᠡᠭᠰᠡᠨ ᠴᠠᠭ᠄
2018/9/18
     ᠠᠷᠦ ᠬᠤᠷᠴᠢᠨ ᠬᠤᠰᠢᠭᠤᠨ ᠤ ᠬᠤᠭᠤᠷᠴᠢ ᠭᠤᠩᠭ᠎ᠠ ᠪᠤᠯ ᠳᠦᠷᠦᠬᠦᠤ ᠵᠠᠭᠤᠨ ᠤ ᠳᠦᠴᠢ ᠳᠠᠪᠢᠭᠠᠳ ᠤᠨ  ᠳᠤ ︽ᠰᠠᠬᠢᠭᠤᠯᠰᠤᠨ ᠡᠷᠬᠦᠮᠵᠢᠯᠡᠭᠰᠡᠨ ᠦᠯᠢᠬᠡᠷ︾ ᠢ ᠬᠠᠮᠤᠭ ᠤᠯᠠᠨ ᠬᠡᠯᠡᠭᠰᠡᠨ ᠮᠤᠩᠭᠤᠯ ᠤᠷᠤᠨ ᠳᠤ ᠠᠯᠳᠠᠷᠳᠠᠢ ᠶᠡᠭᠡ ᠬᠤᠭᠤᠷᠴᠢ ᠶᠤᠮ᠃ ᠬᠤᠭᠤᠷᠴᠢ ᠭᠤᠩᠭ᠎ᠠ   ᠶᠢ ᠰᠢᠨ᠎ᠡ ᠬᠠᠭᠤᠴᠢᠨ ᠴᠠᠭ ᠦᠶ᠎ᠡ ᠶᠢᠨ ᠬᠤᠭᠤᠷ ᠤᠨ ᠦᠯᠢᠬᠡᠷ  ᠢ ᠵᠤᠯᠭᠠᠯᠴᠠᠭᠤᠯᠤᠭᠰᠠ ᠰᠤᠶᠤᠯ ᠤᠨ ᠵᠢᠳᠬᠦᠯᠳᠡᠨ ᠬᠡᠵᠦ ᠦᠨᠡᠯᠡᠳᠡᠭ᠃      ᠮᠤᠩᠭᠤᠯ ᠦᠨᠳᠦᠰᠦᠳᠡᠨ ᠤ ᠠᠯᠳᠠᠷᠳᠤ ᠬᠤᠭᠤᠷᠴᠢ ᠮᠤᠤᠠᠦ᠋ᠬᠢᠨ ᠤ ᠳᠦᠷᠦᠭᠰᠡᠨ ᠨᠤᠳᠤᠭ ᠪᠤᠯ ᠠᠷᠦ ᠬᠤᠷᠴᠢᠨ ᠬᠤᠰᠢᠭᠤᠨ ᠤ ᠱᠤᠤ ᠰᠤᠮᠤ ᠶᠢᠨ ᠳᠠᠪᠢᠨ ᠭᠠᠴᠠᠭ᠎ᠠ ᠪᠢᠯᠡ᠃ ᠬᠤᠵᠢᠮ ᠨᠢ ᠵᠠᠷᠣᠳ ᠬᠤᠰᠢᠭᠤᠨ ᠳᠤ ᠨᠡᠭᠦᠨ ᠰᠠᠭᠤᠷᠢᠰᠢᠵᠠᠢ᠃      ᠠᠷᠦ ᠬᠤᠷᠴᠢᠨ ᠬᠤᠰᠢᠭᠤᠨ ᠤ ᠰᠠᠶᠢᠬᠠᠨᠳᠠᠯ᠎ᠠ ᠰᠤᠮᠤ ᠶᠢᠨ ᠪᠠᠶᠠᠠᠨᠠᠭᠤᠷ ᠭᠠᠴᠠᠭ᠎ᠠ ᠳᠤ ᠨᠤᠳᠤᠭ ᠲᠠᠢ ᠬᠤᠭᠤᠷᠴᠢ ᠪᠠᠯᠵᠢᠨᠢᠮ᠎ᠠ ᠪᠤᠯ ᠬᠤᠭᠤᠷ ᠤᠨ ᠦᠯᠢᠬᠡᠷ ᠢ ᠳᠡᠯᠡᠬᠡᠢ ᠶᠢᠨ ᠤᠯᠠᠨ ᠤᠯᠤᠰ ᠲᠤ ᠮᠡᠳᠡᠬᠦᠯᠦᠨ ᠳᠡᠯᠬᠡᠷᠡᠬᠦᠯᠦᠭᠰᠡᠨ ᠬᠦᠮᠦᠨ ᠶᠤᠮ᠃ ᠲᠡᠭᠦᠨ ᠤ ᠬᠡᠯᠡᠭᠰᠡᠨ ︽ᠭᠠᠷᠣᠳᠢ ᠭᠠᠯᠪᠢᠩᠭ᠎ᠠ ᠶᠢᠨ ᠲᠣᠭᠤᠵᠢ︾᠂ ︽ᠤᠯᠤᠰ  ᠤᠨ ᠡᠬᠡ ᠵᠦᠩ ᠭᠦᠸᠧ ᠮᠦ︾ ᠵᠡᠷᠭᠡ ᠦᠯᠢᠭᠡᠷ ᠨᠢ ᠤᠯᠠᠨ ᠤ ᠪᠠᠭ᠋ᠠᠷᠬᠠᠯ ᠢ ᠲᠠᠳᠠᠭᠰᠠᠠᠨ ᠶᠤᠮ᠃      ᠠᠷᠦ ᠬᠤᠷᠴᠢᠨ ᠬᠤᠰᠢᠭᠤᠨ ᠤ ᠤᠯᠠᠭᠠᠠᠮᠦ᠋ᠴᠢᠷ ᠤᠨ ᠲᠤᠭᠯᠠᠭᠴᠢ ᠵᠢᠭᠮᠢᠳ ᠪᠤᠯ ᠳᠦᠷᠦᠬᠦᠤ ᠵᠠᠭᠤᠨ ᠤ ᠳᠠᠯᠠᠭᠠᠳ ᠤᠨ ᠳᠤ ᠠᠯᠳᠠᠷ ᠮᠠᠨᠳᠤᠭᠰᠠᠨ ᠨᠢᠬᠡᠨ ᠦᠶ᠎ᠡ ᠶᠢᠨ ᠨᠡᠷᠡᠳᠣ ᠮᠤᠷᠢᠨ ᠬᠤᠭᠤᠷᠴᠢ ᠪᠢᠯᠡ᠃                                            ᠨᠠ᠊ · ᠵᠢᠷᠭᠠᠯ ᠤᠨ ᠵᠤᠬᠢᠶᠠᠭᠰᠠᠨ ︽ᠨᠤᠲᠤᠭ ᠢᠶᠠᠨ                                            ᠲᠠᠨᠢᠬᠤᠢ︾ ᠭᠡᠬᠦ ᠨᠤᠮ ᠠᠴᠠ ᠰᠣᠩᠭᠤᠨ ᠨᠡᠶᠢᠲᠡᠯᠡᠪᠡ
 
ᠢᠷᠡᠯᠲᠡ᠄ ᠠᠷᠣ ᠬᠤᠷᠴᠢᠨ ᠬᠤᠰᠢᠭᠤᠨ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号