ᠠᠷᠦ ᠬᠤᠷᠴᠢᠨ ᠬᠤᠰᠢᠭᠤᠨ ᠤ ᠱᠤᠤ ᠰᠤᠮᠤ ᠶᠢᠨ ᠪᠠᠶᠠᠨᠴᠠᠭᠠᠨ ︽ᠵᠢᠭᠠᠬᠠᠨ ᠰᠢᠷᠭ᠎ᠠ︾ ᠬᠡᠬᠦ ᠤᠷᠳᠤ ᠶᠢᠨ | ᠳᠠᠭᠤᠤ ᠪᠠᠷ ᠢᠶᠠᠨ ᠳᠦᠪ ᠲᠧᠯᠸᠢᠰ ᠤᠨ ᠶᠡᠭᠡ ᠱᠠᠩᠨᠠᠯᠳᠤ ᠤᠷᠤᠯᠳᠤᠭᠠᠨ ᠳᠤ ᠳᠡᠷᠢᠬᠦᠯᠡᠨ ᠠᠯᠳᠠᠨ ᠮᠧᠳᠠᠯ ᠳᠤᠰᠴᠤ | ᠠᠯᠳᠠᠷ ᠨᠡᠷ᠎ᠡ ᠪᠠᠨ ᠳᠠᠶᠠᠩ ᠳᠤ ᠳᠠᠭᠤᠷᠢᠰᠬᠠᠵᠠᠢ᠃ ᠳᠠᠭᠤᠴᠢᠨ ᠪᠠᠶᠠᠨᠴᠠᠭᠠᠨ ︽ᠵᠠᠩ ᠮᠦᠷᠡᠨ ᠤ ᠤᠰᠤ︾᠂ ︽ | ᠪᠦᠮᠪᠡᠢ ᠶᠢᠨ ᠰᠢᠯᠢ︾᠂ ︽ᠨᠠᠮᠤᠭ ᠴᠡᠬᠡᠯ ᠤᠨ ᠪᠤᠷᠭᠠᠰᠤ︾ ᠵᠡᠷᠬᠡ ᠤᠯᠠᠨ ᠰᠠᠶᠢᠬᠠᠨ ᠠᠷᠦ ᠬᠤᠷᠴᠢᠨ ᠳᠠᠭᠤᠤ ᠶᠢ | ᠳᠠᠭᠤᠯᠠᠨ ᠤᠯᠠᠮᠵᠢᠯᠠᠪᠠ᠃ | ᠠᠷᠦ ᠬᠤᠷᠴᠢᠨ ᠬᠤᠰᠢᠭᠤᠨ ᠤ ᠪᠠᠯᠴᠢᠷᠤᠳ ᠰᠤᠮᠤ ᠳᠤ ᠨᠤᠳᠤᠭ ᠲᠠᠢ ᠳᠦᠮᠬᠠᠦ᠋ᠯᠵᠡᠢ ᠮᠠᠯ ᠠᠵᠤ ᠠᠬᠤᠢ | ᠶᠢᠨ ᠰᠢᠨ᠎ᠡ ᠮᠡᠷᠬᠡᠵᠢᠯ ᠢ ᠰᠤᠳᠤᠯᠤᠨ ᠠᠵᠤ ᠠᠬᠤᠢ ᠶᠢᠨ ᠦᠷ᠎ᠡ ᠠᠰᠢᠭ ᠢ ᠳᠡᠬᠡᠭᠰᠢᠯᠡᠬᠦᠯᠦᠨ ᠬᠠᠷᠢ ᠬᠦᠷᠦᠨ ᠤ | ᠠᠩᠬᠠᠷᠤᠯ ᠢ ᠳᠠᠳᠠᠵᠤ ︽ᠤᠬᠢ ᠰᠠᠶᠢᠨ ᠰᠢᠨᠵᠢᠯᠡᠬᠦ ᠤᠬᠠᠭᠠᠨᠳᠠᠨ︾ ᠬᠡᠬᠦ ᠴᠤᠯᠠ ᠬᠦᠷᠳᠡᠪᠡ᠃ | ᠠᠷᠤ ᠬᠤᠷᠴᠢᠨ ᠨᠤᠳᠤᠭ ᠲᠠᠢ ᠮᠢᠩᠭᠠᠨᠴᠤᠭᠳᠤ ᠤᠯᠠᠨ ᠵᠢᠯ ᠤᠨ ᠴᠦᠬᠦᠷᠡᠯ ᠦᠬᠡᠢ ᠰᠤᠳᠤᠯᠭᠠᠨ ᠢᠶᠠᠷ | ᠳᠡᠯᠡᠬᠡᠢ ᠶᠢᠨ ᠰᠢᠮ᠎ᠡ ᠳᠡᠵᠢᠬᠡᠯ ᠤᠨ ᠤᠬᠠᠭᠠᠨ ᠤ ᠵᠠᠯᠠᠭᠤ ᠡᠷᠳᠡᠮᠳᠡᠨ ᠤ ᠴᠤᠯᠠ ᠪᠠᠷ ᠠᠯᠳᠠᠷᠰᠢᠵᠠᠢ᠃ | | ᠨᠠ᠊ · ᠵᠢᠷᠭᠠᠯ ᠤᠨ ᠵᠤᠬᠢᠶᠠᠭᠰᠠᠨ ︽ᠨᠤᠲᠤᠭ ᠢᠶᠠᠨ | ᠲᠠᠨᠢᠬᠤᠢ︾ ᠭᠡᠬᠦ ᠨᠤᠮ ᠠᠴᠠ ᠰᠣᠩᠭᠤᠨ ᠨᠡᠶᠢᠲᠡᠯᠡᠪᠡ |