1973 ᠤᠨ ᠳᠤ ᠬᠤᠨᠳᠤ ᠪᠠᠯᠭᠠᠰᠤ ᠶᠢᠨ ᠤᠩᠭᠤᠨ ᠮᠤᠳᠤ ᠭᠠᠴᠠᠭ᠎ᠠ ᠮᠠᠯ ᠳᠠᠷᠢᠶᠠᠯᠠᠩ ᠤᠨ | ᠦᠢᠯᠡᠳᠪᠦᠷᠢᠯᠡᠯ ᠨᠢ ᠯᠢᠶᠤᠤᠨᠢᠩ ᠮᠤᠵᠢ ᠶᠢᠨ ᠨᠡᠶᠢᠳᠡᠯᠢᠭ ᠵᠢᠱᠢᠶ᠎ᠡ ᠪᠤᠯᠤᠭᠰᠠᠨ ᠢᠶᠠᠷ ᠳᠤᠰᠬᠠᠢ ᠺᠢᠨᠤ᠋ ᠶᠢ | ᠰᠡᠬᠦᠳᠡᠷᠯᠡᠵᠦ ᠦᠩᠬᠡᠷᠡᠪᠡ᠃ | ᠳᠤᠬᠠᠢ ᠶᠢᠨ ᠦᠶ᠎ᠡ ᠳᠤ ᠮᠠᠯ ᠠᠵᠤ ᠠᠬᠤᠢ ᠶᠢᠨ ᠦᠨᠢᠷ ᠦᠰᠦᠯᠳᠡ᠂ ᠳᠠᠷᠢᠶᠠᠯᠠᠩ ᠤᠨ ᠬᠤᠷᠢᠶᠠᠯᠳᠠ ᠨᠢ | ᠬᠤᠰᠢᠭᠤ ᠰᠤᠮᠤᠨ ᠳᠤ ᠪᠠᠨ ᠤᠷᠤᠶᠢᠯᠠᠵᠤ ᠪᠠᠶᠢᠵᠠᠢ᠃ | ᠠᠷᠦ ᠬᠤᠷᠴᠢᠨ ᠬᠤᠰᠢᠭᠤᠨ ᠤ ᠬᠠᠨᠰᠦ᠋ᠮ᠎ᠡ ᠰᠤᠮᠤ ᠶᠢᠨ ᠪᠡᠷᠬᠡ ᠭᠠᠴᠠᠭ᠎ᠠ ᠶᠢᠨ ᠮᠠᠯᠴᠢᠳ ᠰᠤᠶᠤᠯ ᠢ | ᠬᠦᠨᠳᠦᠳᠬᠡᠳᠡᠭ ᠠᠴᠠ 20 ᠳ᠋ᠤᠭᠠᠷ ᠵᠠᠭᠤᠨ ᠳᠤ 100 ᠭᠠᠷᠤᠢ ᠬᠦᠮᠦᠨ ᠶᠡᠭᠡ ᠳᠡᠬᠡᠳᠦ ᠰᠤᠷᠭᠠᠭᠤᠯᠢ ᠳᠤ ᠰᠢᠯᠭᠠᠨ | ᠤᠷᠤᠵᠤ᠂ ᠪᠦᠬᠦ ᠬᠤᠰᠢᠭᠤᠨ ᠳᠤ ᠬᠠᠮᠤᠭ ᠤᠨ ᠤᠯᠠᠨ ᠤᠶᠤᠳᠠᠨ ᠴᠤᠯᠭᠤᠷᠠᠭᠰᠠᠨ ᠠᠶᠢᠯ ᠪᠤᠯᠪᠠ᠃ ᠳᠤᠰ | ᠭᠠᠴᠠᠭ᠎ᠠ ᠠᠴᠠ ᠴᠤᠯᠭᠤᠷᠠᠨ ᠭᠠᠷᠤᠭᠰᠠᠨ ᠰᠤᠳᠤᠨ ᠬᠦᠪᠡᠬᠦᠳ ᠦᠬᠢᠳ ᠡᠬᠡ ᠤᠷᠤᠨ ᠤ ᠡᠯ᠎ᠡ ᠭᠠᠵᠠᠷ ᠤᠨ ᠠᠵᠢᠯ | ᠦᠢᠯᠡᠰ ᠤᠨ ᠹᠷᠤᠨᠲ ᠲᠤ ᠡᠷᠳᠡᠮ ᠰᠤᠶᠤᠯ ᠢᠶᠠᠷ ᠬᠢᠯᠠᠷᠠᠭᠤᠯᠵᠤ ᠪᠤᠢ᠃ | | ᠨᠠ᠊ · ᠵᠢᠷᠭᠠᠯ ᠤᠨ ᠵᠤᠬᠢᠶᠠᠭᠰᠠᠨ ︽ᠨᠤᠲᠤᠭ ᠢᠶᠠᠨ | ᠲᠠᠨᠢᠬᠤᠢ︾ ᠭᠡᠬᠦ ᠨᠤᠮ ᠠᠴᠠ ᠰᠣᠩᠭᠤᠨ ᠨᠡᠶᠢᠲᠡᠯᠡᠪᠡ | |