ᠳᠠᠯ᠎ᠠ ᠨᠤᠳᠤᠭ ᠴᠡᠯᠭᠡᠷᠡᠨ ᠳᠠᠭᠠᠨ᠎ᠠ ᠬᠦᠮᠡᠯᠢ ᠶᠢᠨ ᠦᠨᠦᠷ ᠬᠠᠩᠬᠤᠯᠤᠭᠰᠠᠨ ᠳᠠᠪᠤᠨ ᠰᠠᠷ᠎ᠠ ᠶᠢᠨ ᠡᠬᠢᠨ᠎ᠡ | ᠣᠤ ᠮᠦᠷᠡᠨ ᠤ ᠡᠬᠢ — ᠶᠠᠩᠽᠢ ᠶᠢᠨ ᠭᠤᠤᠯ ᠤᠨ ᠪᠠᠷᠠᠭᠤᠨ ᠳᠡᠨᠵᠢ᠂ ᠰᠦᠷᠯᠢᠭ ᠰᠠᠶᠢᠬᠠᠨ ᠰᠢᠷ᠎ᠠ ᠦᠨᠳᠦᠷ | ᠠᠭᠤᠯᠠᠨ ᠤ ᠬᠤᠷᠮᠤᠢ ᠳᠤ ᠭᠡᠭᠡᠨ ᠤᠪᠤᠭᠠᠨ ᠤ ᠨᠠᠶᠢᠷ ᠦᠪᠡᠳᠡᠭᠰᠢ ᠰᠠᠶᠢᠬᠠᠨ ᠶᠠᠪᠤᠭᠳᠠᠨ᠎ᠠ᠃ | ᠭᠡᠭᠡᠨ ᠤᠪᠤᠭ᠎ᠠ᠂ ᠡᠷᠳᠡ ᠦᠶ᠎ᠡ ᠶᠠᠩᠽᠢ ᠭᠤᠤᠯ ᠤᠨ ᠡᠪᠴᠢᠭᠦᠴᠢᠨ ᠠᠶᠢᠮᠠᠭ ᠤᠨ ᠬᠦᠪᠡᠭᠦᠨ ᠭᠧᠯᠢᠭ ᠢ ᠯᠠᠪᠷᠤᠩ | ᠬᠡᠶᠢᠳ ᠤᠨ ᠵᠠᠮᠢᠶᠠᠨᠱᠠᠳᠪᠠ ᠶᠢᠨ ᠶᠡᠭᠡ ᠭᠡᠭᠡᠨ ᠪᠠᠷ ᠳᠡᠭᠦᠨ ᠢ ︽ᠦᠯᠵᠡᠶᠢᠳᠦ ᠨᠤᠮ ᠤᠨ ᠬᠦᠷᠳᠦᠳᠦ︾ ᠰᠦᠮ᠎ᠡ | ᠶᠢᠨ ᠭᠤᠷᠪᠠᠳᠤᠭᠠᠷ ᠲᠦᠷᠢ ᠶᠢᠨ ᠭᠡᠭᠡᠨ ᠤ ᠬᠤᠪᠢᠯᠭᠠᠨ ᠭᠡᠵᠦ ᠳᠤᠳᠤᠯᠠᠭᠠᠳ ᠵᠠᠮᠢᠶᠠᠨᠳᠠᠮᠪᠢᠨᠢᠮᠠ ᠭᠡᠰᠡᠨ ᠨᠤᠮ ᠤᠨ | ᠨᠡᠷ᠎ᠡ ᠰᠤᠶᠤᠷᠬᠠᠭᠰᠠᠨ ᠶᠤᠮ ᠭᠡᠨ᠎ᠡ᠃ ᠢᠩᠭᠢᠭᠡᠳ ᠳᠤᠯᠤᠭᠠᠨ ᠨᠠᠰᠤᠨ ᠳᠤᠨᠢ ᠰᠦᠮ᠎ᠡ ᠶᠢᠨ ᠨᠤᠮ ᠤᠨ ᠰᠢᠷᠡᠭᠡ ᠳᠤ | ᠵᠠᠯᠠᠬᠤ ᠦᠶ᠎ᠡ ᠠᠳᠡ ᠤᠪᠤᠭ᠎ᠠ ᠪᠤᠰᠬᠠᠵᠤ ᠦᠪᠡᠳᠡᠭᠰᠢ ᠶᠡᠭᠡ ᠨᠠᠶᠢᠷ ᠨᠠᠭᠠᠳᠤᠮ ᠬᠢᠭᠰᠡᠨ ᠳᠡᠦᠬᠡ ᠲᠠᠢ ᠶᠤᠮ᠃ | ᠪᠦᠬᠦ ᠶᠠᠩᠽᠢ ᠶᠢᠨ ᠠᠶᠢᠯ ᠤᠨ ᠬᠢᠨ ᠪᠤᠯᠤᠨ ᠡᠪᠴᠢᠭᠦᠴᠢᠨ ᠠᠶᠢᠮᠠᠭ ᠡᠨᠡ ᠤᠪᠤᠭ᠎ᠠ ᠶᠢ ᠭᠡᠭᠡᠨ ᠤᠪᠤᠭ᠎ᠠ | ᠭᠡᠵᠦ ᠡᠷᠭᠦᠨ ᠳᠠᠭᠤᠳᠠᠳᠠᠭ ᠪᠤᠯᠪᠠ᠃ ᠡᠨᠡ ᠬᠦ ᠦᠪᠦᠷ ᠲᠦᠴᠢ ᠶᠢᠰᠦ᠂ ᠠᠷᠤ ᠳᠠᠪᠢᠨ ᠳᠤᠯᠤᠭᠠᠨ ᠬᠤᠰᠢᠭᠤ᠂ | ᠴᠢᠨᠠᠭᠰᠢᠯᠠᠭᠠᠳ ᠯᠾᠠᠰᠠ᠂ ᠯᠠᠪᠷᠤᠩ᠂ ᠤᠳᠠᠢ ᠤᠷᠤᠨ ᠢᠶᠠᠷ ︽ᠪᠤᠬᠤᠠᠠ ᠵᠠᠮᠢᠶᠠᠨᠳᠠᠮᠪᠢᠨᠢᠮᠠ︾ ᠭᠡᠵᠦ ᠠᠯᠳᠠᠷ | ᠴᠤᠯᠠ ᠮᠠᠨᠳᠤᠵᠤ ᠰᠢᠳᠦᠭᠳᠡᠭᠰᠡᠨ ᠪᠯᠠᠮ᠎ᠠ ᠪᠠᠨ ᠤᠷᠤᠨ ᠨᠤᠳᠤᠭ ᠪᠠ ᠠᠶᠢᠮᠠᠭ ᠶᠠᠰᠤᠳᠠᠨ ᠨᠢ ᠦᠪᠡᠷ ᠤᠨ ᠢᠶᠠᠨ | ᠤᠮᠤᠭᠰᠢᠯ ᠪᠤᠯᠭᠠᠨ ᠲᠤᠷᠠᠰᠴᠤ ᠳᠡᠮᠳᠡᠭᠯᠡᠬᠦ ᠶᠢᠨ ᠳᠠᠭᠠᠤ ᠳᠡᠭᠦᠨ ᠤ ᠤᠨᠠᠭᠰᠠᠨ ᠨᠤᠳᠤᠭ ᠤᠤᠭᠤᠭᠰᠠᠨ ᠤᠰᠤ | ᠭᠤᠤᠯ ᠤᠨ ᠭᠠᠩᠭᠠᠨ ᠭᠠᠯᠪᠢᠷ ᠳᠡᠯᠡᠬᠡᠢ ᠡᠵᠢ ᠶᠢᠨ ᠠᠮᠢ ᠠᠬᠤᠢ ᠶᠢ ᠴᠦ ᠬᠠᠶᠢᠷᠠᠯᠠᠵᠤ ᠬᠠᠮᠠᠭᠠᠯᠠᠳᠠᠭ ᠮᠤᠩᠭᠤᠯ ᠤᠨ | ᠰᠠᠶᠢᠬᠠᠨ ᠵᠠᠩ ᠵᠢᠷᠦᠮ᠂ ᠰᠠᠨᠠᠭ᠎ᠠ ᠵᠤᠷᠢᠯᠭ᠎ᠠ ᠪᠠᠷ ᠵᠢᠯ ᠪᠦᠷᠢ ᠶᠢᠨ ᠪᠢᠯᠢᠭ ᠤᠨ ᠤᠯᠠᠷᠢᠯ ᠤᠨ ᠳᠠᠪᠤᠳᠤᠭᠠᠷ ᠰᠠᠷ᠎ᠠ | ᠶᠢᠨ ᠰᠢᠨ᠎ᠡ ᠶᠢᠨ ᠵᠢᠷᠭᠤᠭᠠᠨ ᠤ ᠦᠯᠵᠡᠶᠢᠳᠦ ᠡᠳᠦᠷ ᠤᠪᠤᠭ᠎ᠠ ᠶᠢ ᠬᠠᠯᠠᠨ ᠰᠢᠨᠡᠳᠬᠡᠵᠦ ᠬᠡᠶᠢᠮᠦᠷᠢ ᠶᠢᠨ ᠳᠠᠷᠴᠤᠭ | ᠳᠠᠯᠪᠠᠭ᠎ᠠ ᠶᠢ ᠮᠠᠨᠳᠤᠭᠤᠯᠤᠨ ᠡᠷ᠎ᠡ ᠶᠢᠨ ᠭᠤᠷᠪᠠᠨ ᠡᠷᠳᠡᠮ ᠮᠦᠷᠦᠶᠢᠴᠡᠬᠦ ᠨᠠᠭᠠᠳᠤᠮ ᠨᠠᠶᠢᠷ ᠢ ᠡᠭᠦᠰᠬᠡᠳᠡᠭ ᠤᠷᠳᠤ | ᠤᠳᠠᠭᠠᠨ ᠳᠡᠦᠬᠡ ᠲᠠᠢ ᠪᠤᠯᠪᠠ᠃ ᠭᠡᠳᠡᠯ᠎ᠡ ᠤᠷᠴᠢᠮ ᠤᠨ ᠵᠢᠯ ᠤᠳ ᠲᠤ ᠬᠠᠤᠯᠢ ᠪᠤᠰᠤ ᠡᠳᠡᠭᠡᠳ ᠰᠠᠮᠠᠭᠤᠷᠠᠨ | ᠠᠭᠤᠯᠠ ᠤᠰᠤᠨ ᠤ ᠮᠢᠨᠢ ᠬᠡᠶᠢᠮᠦᠷᠢ ᠰᠦᠯᠳᠡ᠂ ᠤᠪᠤᠭ᠎ᠠ ᠱᠠᠩᠰᠢ ᠶᠢᠨ ᠰᠦᠭ ᠰᠦᠨᠡᠰᠦ ᠶᠢ ᠴᠦ ᠦᠯᠡᠳᠡᠭᠡᠬᠦ | ᠦᠭᠡᠢ ᠶᠢ ᠪᠠᠶᠢᠳᠤᠭᠠᠢ᠂ ᠡᠪᠦᠭᠡᠳ ᠳᠡᠭᠡᠳᠦᠰ ᠤᠨ ᠮᠦᠩᠭᠡ ᠣᠷᠤᠰᠢᠯ — ᠤᠩᠭᠤᠨ ᠬᠠᠭᠤᠴᠢᠳ ᠴᠦ ᠠᠮᠤᠷ | ᠠᠮᠤᠷᠯᠢᠩᠭᠤᠢ ᠪᠠᠨ ᠨᠠᠯᠳᠠᠵᠤ ᠠᠭᠤᠳᠠᠯᠤᠨ ᠬᠤᠯᠠᠭᠠᠶᠢᠯᠠᠭᠳᠠᠬᠤ ᠳᠤ ᠲᠤᠯᠪᠠ᠃ ᠡᠨᠡ ᠬᠦ ᠰᠠᠮᠠᠭᠤᠨ ᠴᠦᠪ ᠲᠤ | ᠡᠪᠴᠢᠭᠦᠴᠢᠨ ᠠᠶᠢᠮᠠᠭ ᠤᠨ ᠭᠡᠭᠡᠨ ᠤᠪᠤᠭ᠎ᠠ ᠴᠦ ᠭᠠᠳᠠᠭᠤᠷ ᠭᠠᠷᠤᠭᠰᠠᠨ ᠦᠭᠡᠢ᠂ ᠡᠯᠢᠭᠡ ᠵᠢᠷᠦᠬᠡ ᠪᠠᠨ ᠠᠮᠢᠳᠤ | ᠪᠠᠷ ᠢᠶᠠᠨ ᠤᠩᠭᠤᠴᠢᠭᠳᠠᠨ ᠠᠭᠤᠳᠠᠯᠤᠭᠳᠠᠬᠤ ᠳᠤ ᠠᠶᠢᠮᠠᠭ ᠶᠠᠰᠤᠳᠠᠨ᠂ ᠤᠰᠤ ᠭᠤᠤᠯ ᠤᠨ ᠰᠦᠭ ᠰᠦᠯᠳᠡ᠂ | ᠪᠡᠯᠭᠡ ᠳᠡᠮᠪᠡᠷᠢᠯ ᠢᠶᠠᠨ ᠢᠩᠭᠢᠵᠦ ᠳᠠᠯᠬᠢᠭᠳᠠᠭᠤᠯᠬᠤ ᠳᠤ ᠶᠠᠭᠠᠬᠢᠵᠤ ᠳᠡᠰᠴᠦ ᠴᠢᠳᠠᠬᠤ ᠪᠤᠢ︖ ᠬᠦᠯᠢᠴᠡᠬᠦ ᠦᠭᠡᠢ | ᠭᠡᠳ ᠬᠡᠨ ᠳᠤ ᠭᠡᠯᠡᠵᠦ ᠬᠡᠨ ᠢᠶᠠᠷ ᠰᠢᠢᠳᠬᠡᠬᠦᠯᠬᠦ ᠪᠤᠢ︖ ᠠᠷᠭ᠎ᠠ ᠪᠤᠶᠤ︖ ᠳᠠᠬᠢᠨ ᠠᠮᠢᠯᠠᠭᠤᠯᠤᠨ ᠪᠤᠰᠬᠠᠬᠤ | ᠠᠴᠠ ᠦᠭᠡᠷ᠎ᠡ ᠶᠠᠮᠠᠷ ᠠᠷᠭ᠎ᠠ ᠪᠠᠶᠢᠬᠤ ᠪᠤᠢ᠃ ᠨᠡᠭᠦᠳᠡᠯᠴᠢᠨ ᠮᠤᠩᠭᠤᠯᠴᠤᠳ ᠨᠡᠭᠦᠳᠡᠯ ᠰᠤᠶᠤᠯ ᠢᠶᠠᠨ ᠦᠪᠡᠷ ᠢᠶᠠᠨ | ᠯᠡ ᠬᠠᠮᠠᠭᠠᠯᠠᠬᠤ ᠬᠡᠷᠡᠭᠲᠠᠢ᠃ ᠢᠩᠭᠢᠭᠡᠳ ᠡᠨᠡ ᠵᠢᠯ ᠤᠨ ᠳᠠᠬᠢᠯᠭ᠎ᠠ ᠨᠠᠶᠢᠷ ᠡᠷᠬᠢᠯᠡᠬᠦ ᠵᠤᠷᠰᠢᠯ ᠢᠶᠠᠨ ᠮᠦᠷᠳᠡᠨ | ᠵᠢᠷᠤᠮᠯᠠᠵᠤ ᠡᠪᠴᠢᠭᠦᠴᠢᠨ ᠠᠶᠢᠮᠠᠭ ᠤᠨ ᠲᠤᠨᠤᠷᠤᠪ᠂ ᠱᠠᠭᠳᠠᠷ᠂ ᠰᠢᠨᠡᠪᠠᠶᠠᠷ ᠵᠡᠷᠭᠡ 16 ᠡᠷᠦᠬᠡ ᠬᠠᠮᠳᠤᠷᠠᠯᠴᠠᠨ | ᠤᠪᠤᠭ᠎ᠠ ᠶᠢᠨ ᠰᠦᠭ ᠰᠦᠯᠳᠡ ᠪᠠᠨ ᠳᠠᠬᠢᠨ ᠠᠮᠢᠯᠠᠭᠤᠯᠬᠤ ᠳᠤ᠂ ᠠᠷᠤ ᠬᠤᠷᠴᠢᠨ ᠤ ᠬᠠᠯᠬᠠᠴᠤᠤᠯ ᠠᠶᠢᠮᠠᠭ ᠤᠨ | ᠸᠠᠭᠠ ᠪᠤᠶᠢᠳᠠᠢ ᠶᠢᠨ ᠠᠬᠠᠮᠠᠳ ᠬᠦᠪᠡᠭᠦᠨ ᠪᠤᠯᠵᠤ ᠵᠠᠶᠠᠭᠠᠭᠰᠠᠨ ᠳᠠᠪᠤᠳᠤᠭᠠᠷ ᠲᠦᠷᠢ ᠶᠢᠨ ᠲᠤᠶᠢᠩᠬᠤᠷ ᠭᠡᠭᠡᠨ — | ᠭᠠᠯᠰᠠᠩᠷᠠᠪᠵᠠᠢ — ᠯᠤᠪᠰᠠᠩᠳᠠᠮᠪᠠᠷᠠᠪᠵᠠᠢ ᠪᠠᠷ ᠤᠪᠤᠭ᠎ᠠ ᠶᠢᠨ ᠰᠦᠭ ᠰᠦᠨᠡᠰᠦ ᠶᠢ ᠤᠷᠢᠵᠤ ᠳᠠᠯᠠᠯᠭ᠎ᠠ | ᠬᠤᠷᠤᠶᠢᠯᠠᠭᠠ ᠠᠪᠴᠤ ᠠᠮᠢᠯᠠᠭᠤᠯᠤᠨ ᠨᠠᠶᠢᠷ ᠨᠠᠭᠠᠳᠤᠮ ᠬᠦᠷ ᠬᠦᠭᠵᠢᠶᠡᠨ ᠲᠠᠢ ᠡᠷᠬᠢᠯᠡᠭᠰᠡᠨ ᠨᠢ ᠡᠨᠡ ᠪᠠᠶᠢᠵᠠᠢ᠃ | ᠡᠨᠡ ᠤᠳᠠᠭᠠᠨ ᠤ ᠨᠠᠶᠢᠷ ᠲᠤ ᠪᠦᠬᠡ 64 ᠬᠤᠤᠰ ᠳᠠᠯᠪᠢᠭᠠᠳ ᠰᠠᠶᠢᠬᠠᠨᠳᠠᠯ᠎ᠠ ᠰᠤᠮᠤ ᠶᠢᠨ ᠰᠡᠴᠡᠨᠪᠠᠳᠤ | ᠲᠡᠷᠢᠭᠦᠯᠡᠨ᠂ ᠬᠤᠨᠳᠤ ᠪᠠᠯᠭᠠᠰᠤᠨ ᠤ ᠴᠢᠯᠠᠭᠤᠨᠪᠠᠭᠠᠳᠤᠷ ᠳᠡᠳ᠋ᠯᠡᠪᠡ᠃ ᠬᠤᠷᠳᠤᠨ ᠮᠤᠷᠢᠨ ᠤ ᠤᠷᠤᠯᠳᠤᠭᠠᠨ ᠳᠤ | ᠶᠠᠩᠽᠢ ᠭᠠᠴᠠᠭ᠎ᠠ ᠶᠢᠨ ᠠᠮᠤᠭᠤᠯᠠᠩ ᠤᠨ ᠬᠤᠷᠳᠤᠨ ᠭᠡᠬᠡᠷ ᠮᠠᠩᠯᠠᠶᠢᠯᠠᠭᠰᠠᠨᠠ ᠲᠤᠰ ᠲᠤᠰ ᠬᠠᠯᠠᠭᠤᠨ ᠬᠤᠰᠢᠭᠤᠳᠤ | ᠬᠤᠨᠢ ᠪᠠᠷ ᠱᠠᠩᠨᠠᠭᠳᠠᠪᠠ᠃ ᠪᠠᠰᠠ ᠪᠠᠭᠠᠴᠤᠳ ᠤᠨ ᠪᠦᠬᠡ 16 ᠬᠤᠤᠰ ᠪᠠᠷᠢᠯᠳᠤᠭᠤᠯᠤᠭᠰᠠᠨ ᠤ ᠵᠡᠷᠭᠡ ᠪᠠᠷ ᠨᠠᠶᠢᠷ | ᠤᠨ ᠳᠠᠯᠠᠪᠠᠢ ᠳᠤ ᠲᠦᠷᠪᠡᠨ ᠦᠨᠴᠦᠭ ᠪᠤᠯᠢᠶᠠᠯᠳᠤᠬᠤ ᠮᠦᠷᠦᠶᠢᠴᠡᠭᠡᠨ ᠬᠦᠭᠵᠢᠶᠡᠨ ᠲᠠᠢ ᠶᠠᠪᠤᠭᠳᠠᠭᠰᠠᠨ᠃ ᠨᠠᠶᠢᠷ | ᠲᠤ ᠴᠤᠭᠯᠠᠷᠠᠨ ᠢᠷᠡᠭᠰᠡᠨ ᠪᠠᠭᠠᠴᠤᠳ ᠬᠡᠦᠬᠡᠳ ᠲᠤ ᠰᠢᠬᠢᠷ ᠤᠨ ᠬᠤᠷ᠎ᠠ ᠪᠠᠭᠤᠯᠭᠠᠵᠤ ᠬᠦᠬᠡᠷᠦᠯᠳᠦᠭᠦᠯᠦᠨ | ᠪᠤᠯᠢᠶᠠᠯᠳᠤᠭᠤᠯᠵᠤ᠂ ᠨᠠᠶᠢᠷ ᠲᠤ ᠨᠠᠰᠤᠳᠠᠢ᠂ ᠵᠠᠯᠠᠭᠤ᠂ ᠬᠡᠦᠬᠡᠳ ᠪᠦᠬᠦᠨ ᠢ ᠪᠠᠶᠠᠰᠤᠭᠤᠯᠪᠠ᠃ | ᠨᠠᠶᠢᠷ ᠲᠤ ᠮᠤᠷᠢᠯᠠᠨ ᠪᠠᠭᠤᠭᠰᠠᠨ ᠨᠠᠰᠤᠳᠠᠨ ᠪᠤᠭᠤᠷᠤᠯᠴᠤᠳ ᠪᠠ ᠬᠦᠨᠳᠦᠳᠦ ᠵᠤᠴᠢᠳ ᠴᠤᠭᠭᠠᠷ | ᠬᠤᠨᠳᠠᠭ᠎ᠠ ᠡᠷᠭᠦᠯᠴᠡᠨ ᠠᠷᠢᠬᠢ ᠳᠠᠷᠠᠰᠤ ᠬᠡᠮᠨᠡᠨ᠂ ᠬᠢᠳᠤᠭ᠎ᠠ ᠳᠠᠯᠪᠢᠯ ᠦᠭᠡᠢ ᠰᠢᠭᠦᠰᠦ ᠵᠤᠭᠤᠭᠯᠠᠨ᠂ ᠨᠠᠶᠢᠷ ᠲᠤ | ᠢᠷᠡᠵᠦ ᠰᠠᠭᠤᠭᠰᠠᠨ ᠳᠠᠶᠠᠭᠠᠷ ᠢᠶᠠᠷ ᠢᠶᠠᠨ ᠬᠦᠬᠡ ᠮᠤᠩᠭᠤᠯ ᠤᠨ ᠵᠠᠩᠰᠢᠯ ᠢᠶᠠᠷ ᠬᠦᠰᠢᠮᠡ ᠦᠬᠡᠬᠦ ᠮᠢᠬ᠎ᠠ ᠲᠠᠢ — | ᠬᠠᠷᠤᠮ ᠠᠮᠤᠰᠤ ᠤᠪᠤᠭ᠎ᠠ ᠶᠢᠨ ᠬᠡᠰᠢᠭ ᠢ ᠬᠦᠷᠳᠡᠪᠡ᠃ | ᠭᠤᠷᠪᠠᠳᠤᠭᠠᠷ ᠲᠦᠷᠢ ᠶᠢᠨ ᠲᠤᠶᠢᠩᠬᠤᠷ ᠭᠡᠭᠡᠨ ᠤ ᠳᠡᠦᠬᠡ ᠨᠠᠮᠳᠠᠷ᠂ ᠡᠷᠳᠡᠮ ᠪᠢᠰᠢᠯᠭᠠᠯ ᠢ ᠡᠷᠭᠢᠴᠡᠭᠦᠯᠦᠨ | ᠳᠤᠷᠠᠳᠬᠠᠭᠰᠠᠨ ᠪᠦᠭᠡᠳ ᠳᠠᠪᠤᠳᠤᠭᠠᠷ ᠲᠦᠷᠢ ᠶᠢᠨ ᠲᠤᠶᠢᠩᠬᠤᠷ ᠭᠡᠭᠡᠨ ᠢᠶᠠᠷ ᠴᠦ ᠲᠦᠷᠬᠦᠮ ᠳᠡᠭᠡᠨ ᠵᠠᠯᠠᠭᠳᠠᠵᠤ | ᠢᠷᠡᠭᠡᠳ ᠤᠪᠤᠭᠠᠨ ᠨᠠᠶᠢᠷ ᠲᠤ ᠪᠢᠯᠢᠭ ᠤᠨ ᠵᠡᠭᠡᠷᠳᠡ ᠮᠤᠷᠢ ᠪᠡᠯᠡᠭᠯᠡᠵᠦ ᠲᠦᠷᠬᠦᠮ ᠨᠤᠳᠤᠭ᠂ ᠬᠠᠮᠤᠭ ᠠᠮᠢᠳᠠᠨ | ᠵᠢᠷᠭᠤᠭᠠᠨ ᠵᠦᠢᠯ ᠳᠤ ᠵᠢᠷᠭᠠᠯ ᠪᠠᠶᠠᠰᠤᠯ ᠢ ᠵᠦᠩᠨᠡᠭᠰᠡᠨᠡ᠂ ᠲᠦᠷᠬᠦᠮ ᠤᠨ ᠬᠢᠨᠢ ᠴᠦ ᠭᠡᠭᠡᠨ ᠳᠤ ᠬᠡᠭᠡᠷ ᠮᠤᠷᠢ | ᠤᠨᠤᠭᠤᠯᠵᠤ ᠭᠡᠭᠡᠨ ᠤ ᠯᠠᠭᠰᠢᠨ ᠲᠤᠩᠭᠠᠯᠠᠭ ᠢ ᠨᠠᠮᠠᠨᠴᠢᠯᠠᠨ ᠳᠠᠭᠠᠳᠬᠠᠵᠤ ᠨᠠᠶᠢᠷ ᠬᠤᠪᠢ ᠶᠢᠨ ᠭᠠᠳᠠᠨ᠎ᠠ ᠬᠠᠷᠢᠯᠴᠠᠨ | ᠬᠦᠨᠳᠦᠳᠬᠡᠯ ᠪᠢᠰᠢᠷᠡᠯ ᠲᠠᠢ ᠪᠠᠷ ᠬᠡᠳᠦ ᠶᠢᠨ ᠤᠳᠬ᠎ᠠ ᠠᠭᠤᠯᠭ᠎ᠠ ᠲᠠᠢ᠂ ᠬᠦᠮᠦᠵᠢᠯ ᠬᠦᠷᠳᠡᠭᠡᠯ ᠲᠠᠢ ᠰᠠᠶᠢᠬᠠᠨ | ᠶᠠᠪᠤᠭᠳᠠᠪᠠ᠃ | ᠭᠤᠷᠪᠠᠳᠤᠭᠠᠷ ᠲᠦᠷᠢ ᠶᠢᠨ ᠲᠤᠶᠢᠩᠬᠤᠷ ᠭᠡᠭᠡᠨ — ᠵᠠᠮᠢᠶᠠᠨᠳᠠᠮᠪᠢᠨᠢᠮᠠ ᠶᠢᠨ ᠬᠤᠶᠢᠴᠢᠰ — ᠲᠤᠮᠪᠤᠯᠤ | ᠬᠡᠦᠬᠡᠳ ᠪᠤᠯᠬᠤ ᠲᠤᠨᠤᠷᠤᠪ ᠨᠠᠷ ᠤᠨ ᠳᠠᠨᠢᠯᠴᠠᠭᠤᠯᠭ᠎ᠠ ᠪᠠᠷ᠂ ᠵᠠᠮᠢᠶᠠᠨᠳᠠᠮᠪᠢᠨᠢᠮᠠ ᠭᠡᠭᠡᠨ ᠤ ᠡᠴᠢᠭᠡ ᠱᠤᠨᠤᠳᠠᠸᠠ | ᠭᠡᠵᠦ ᠵᠠᠷᠢᠮᠠᠳ ᠨᠢ ᠨᠤᠮ ᠪᠢᠴᠢᠭ᠂ ᠵᠤᠬᠢᠶᠠᠯ ᠦᠭᠦᠯᠡᠯᠭᠡ ᠳᠤ ᠳᠡᠮᠳᠡᠭᠯᠡᠨᠡᠮ᠂ ᠡᠨᠡ ᠪᠤᠯ ᠪᠤᠷᠤᠭᠤ᠃ ᠡᠴᠢᠭᠡ ᠨᠢ | ᠲᠤᠭᠤᠨᠳᠡᠮᠦᠷ᠂ ᠡᠬᠡ ᠨᠢ ᠨᠤᠭᠤᠭᠠᠨᠴᠡᠴᠡᠭ᠃ ᠭᠡᠭᠡᠨ ᠤ ᠪᠠᠭ᠎ᠠ ᠶᠢᠨ ᠨᠡᠷ᠎ᠡ ᠭᠧᠯᠢᠭ ᠭᠡᠳᠡᠭ᠃ ᠭᠡᠭᠡᠨ ᠠᠬ᠎ᠠ ᠳᠡᠭᠦᠦ | ᠭᠤᠷᠪᠠᠭᠤᠯᠠ᠃ ᠶᠡᠭᠡ ᠠᠬ᠎ᠠ ᠨᠢ ᠰᠢᠷᠠᠬᠤᠳᠤᠭ᠂ ᠬᠤᠶᠠᠳᠤᠭᠠᠷ ᠠᠬ᠎ᠠ ᠨᠢ ᠵᠠᠯᠰᠠᠩ ᠮᠦᠨ᠂ ᠦᠯᠵᠡᠶᠢᠳᠦ ᠨᠤᠮ ᠤᠨ | ᠬᠦᠷᠳᠦᠳᠦ ᠰᠦᠮ᠎ᠡ ᠶᠢᠨ ᠪᠯᠠᠮ᠎ᠠ᠃ ᠰᠢᠷᠠᠬᠤᠳᠤᠭ ᠠᠴᠠ ᠮᠦᠨ ᠭᠤᠷᠪᠠᠨ ᠬᠦᠪᠡᠭᠦᠨ ᠲᠠᠢ᠂ ᠰᠤᠨᠤᠳᠠᠸᠠ᠂ ᠲᠡᠷᠵᠢ᠂ | ᠶᠦᠩᠷᠦᠪ ᠭᠡᠳᠡᠭ᠃ ᠭᠡᠭᠡᠨ ᠡᠪᠦᠭᠡ ᠵᠠᠮᠢᠶᠠᠨᠳᠠᠮᠪᠢᠨᠢᠮᠠ ᠪᠤᠯ ᠰᠤᠨᠤᠳᠠᠸᠠ ᠳᠤ ᠠᠪᠠᠭ᠎ᠠ ᠪᠯᠠᠮ᠎ᠠ ᠦᠶ᠎ᠡ ᠲᠠᠢ ᠪᠤᠯᠬᠤ | ᠶᠤᠮ ᠭᠡᠵᠦ ᠰᠠᠶᠢᠬᠠᠨ ᠳᠠᠨᠢᠯᠴᠠᠭᠤᠯᠪᠠ᠃ ᠵᠤᠬᠢᠶᠠᠭᠴᠢ ᠪᠢ ᠡᠨᠡ ᠤᠳᠠᠭ᠎ᠠ ᠭᠡᠭᠡᠨ ᠭᠠᠯᠰᠠᠩᠷᠠᠪᠵᠠᠢ ᠳᠤ ᠪᠠᠷ᠎ᠠ ᠪᠤᠯᠵᠤ | ᠨᠠᠶᠢᠷ ᠲᠤ ᠰᠠᠭᠤᠭᠰᠠᠨ ᠬᠠᠮᠤᠭ ᠶᠡᠭᠡ ᠤᠯᠤᠯᠳᠠ ᠪᠤᠯ ᠡᠨᠡ ᠪᠠᠶᠢᠨ᠎ᠠ᠃ ᠦᠩᠭᠡᠷᠡᠭᠰᠡᠨᠡ ᠪᠢ ᠴᠦ ᠵᠠᠷᠢᠮ ᠵᠤᠬᠢᠶᠠᠯ | ᠳᠠᠭᠠᠨ ᠭᠡᠭᠡᠨ ᠤ ᠠᠪᠤ ᠶᠢᠨ ᠨᠡᠷ᠎ᠡ ᠶᠢ ᠠᠨᠳᠠᠭᠤ ᠰᠤᠯᠢᠭᠤ ᠳᠡᠮᠳᠡᠭᠯᠡᠵᠦ ᠪᠠᠶᠢᠭᠰᠠᠨ ᠤ ᠨᠢᠭᠡ ᠨᠢ ᠪᠤᠯᠬᠤ ᠶᠢ ᠠᠳᠡ | ᠳᠡᠮᠳᠡᠭᠯᠡᠶ᠎ᠡ᠃ | ︵︽ᠠᠷᠤ ᠬᠤᠷᠴᠢᠨ ᠰᠤᠨᠢᠨ︾ 2000.6.21︶ | | ᠠ᠊᠂ ᠬᠤᠳᠤᠷᠠᠩᠭ᠎ᠠ ᠶᠢᠨ ᠨᠠᠶᠢᠷᠠᠭᠤᠯᠤᠨ ᠵᠤᠬᠢᠶᠠᠭᠰᠠᠨ ︽ᠳᠤᠷᠠᠰᠤᠯ ᠳᠤ | ᠮᠦᠩᠬᠡᠷᠡᠬᠦ ᠬᠤᠷᠸ᠎ᠠ︾ ᠭᠡᠬᠦ ᠨᠤᠮ ᠠᠴᠠ ᠰᠤᠩᠭᠤᠨ ᠨᠡᠶᠢᠳᠡᠯᠡᠪᠡ | |