ᠶᠠᠵᠢ ᠶᠢᠨ ᠭᠤᠤᠯ
ᠨᠡᠶᠢᠲᠡᠯᠡᠭᠰᠡᠨ ᠴᠠᠭ᠄
2019/10/18
     ᠶᠠᠵᠢ ᠶᠢᠨ ᠭᠤᠤᠯ ᠴᠢᠪᠠᠭᠠᠳᠤ ᠠᠭᠤᠯᠠ ᠶᠢᠨ ᠪᠠᠷᠠᠭᠤᠨ ᠰᠤᠭᠤ ᠶᠢ ᠪᠠᠷᠢᠵᠤ᠂ ᠤᠳᠤ ᠶᠢᠨ ᠬᠤᠰᠢᠭᠤᠨ ᠲᠦᠪ ᠴᠢᠪᠠᠭ᠎ᠠ ᠪᠠᠯᠭᠠᠰᠤᠨ ᠤ ᠡᠮᠦᠨᠡᠭᠦᠷ ᠵᠡᠭᠦᠨᠰᠢ ᠤᠷᠤᠰᠢᠨ᠎ᠠ᠃ ᠭᠤᠤᠯ ᠤᠨ ᠡᠬᠢ ᠤᠨᠳᠤᠷᠤᠯ ᠨᠢ ᠴᠢᠪᠠᠭᠠᠳᠤ ᠠᠭᠤᠯᠠᠨ ᠠᠴᠠ ᠪᠠᠷᠠᠭᠤᠨ ᠬᠤᠶᠢᠰᠢ ᠵᠠᠭᠤ ᠳᠠᠪᠢᠨ ᠭᠠᠵᠠᠷ ᠬᠤᠯᠠᠬᠢ ᠦᠨᠳᠦᠷ ᠪᠦᠷᠬᠦᠭᠡᠰᠦᠳᠠᠢ ︵ᠯᠤᠤ ᠲᠸᠦ ᠱᠠᠨ︶ ᠠᠭᠤᠯᠠᠨ ᠤ ᠵᠡᠭᠦᠨ ᠡᠪᠦᠳᠦᠭ ᠤᠨ ᠪᠤᠷᠭᠠᠰᠤᠳᠤ ᠶᠢᠨ ᠬᠦᠨᠳᠡᠢ ᠠᠴᠠ ᠢᠪᠢᠯᠦᠨ ᠤᠷᠤᠰᠤᠭᠠᠳ ᠳᠡᠪᠡᠭᠡ ᠤᠰᠤ ᠭᠡᠰᠡᠨ ᠨᠡᠷᠡᠶᠢᠳᠦᠯᠳᠠᠢ᠃ ᠤᠶᠢᠷ᠎ᠠ ᠬᠠᠪᠢ ᠬᠢᠳᠠᠳ ᠠᠶᠢᠯ ᠰᠠᠭᠤᠭᠠᠳ ᠳᠡᠪᠡᠭᠡ ᠤᠰᠤ ᠶᠢ ᠬᠢᠳᠠᠳ ᠢᠶᠠᠷ ︽ᠳ᠋ᠠᠢ ᠪᠠᠢ ᠦ ᠰᠤ᠋︾ ᠭᠡᠵᠦ ᠨᠡᠷᠡᠯᠡᠵᠦ ᠳᠠᠭᠤᠳᠠᠵᠠᠢ᠃ ᠳᠡᠪᠡᠭᠡ ᠤᠰᠤ ᠳᠤᠷᠤᠭᠰᠢ ᠭᠤᠷᠭᠤᠤᠯᠳᠠᠢ ᠠᠭᠤᠯᠠ   ᠶᠢᠨ ᠵᠡᠭᠦᠨ ᠬᠤᠷᠮᠤᠢ ᠢᠶᠠᠷ ᠰᠢᠷᠭᠤᠨ ᠮᠦᠷᠭᠦᠴᠡᠭ ᠤᠨ ᠪᠤᠯᠠᠭ ᠤᠨ ᠬᠠᠳᠠ ᠶᠢ ᠲᠦᠰᠢᠨ ᠡᠮᠦᠨᠡᠰᠢᠯᠡᠵᠦ ᠮᠦᠷᠭᠦᠴᠡᠭ ᠤᠪᠤᠭ᠎ᠠ  ᠶᠢᠨ ᠪᠠᠷᠠᠭᠤᠨ ᠡᠮᠦᠨ᠎ᠡ ᠢᠷᠡᠭᠡᠳ ᠠᠷᠤ ᠠᠴᠠ ᠢᠷᠡᠭᠰᠡᠨ ᠬᠠᠷ᠎ᠠ ᠪᠠᠶᠢᠴᠠ ᠶᠢᠨ ᠭᠤᠤᠯ ᠲᠠᠢ ᠨᠡᠶᠢᠯᠡᠵᠦ ᠬᠠᠨ ᠵᠢᠶᠠ ᠱᠤᠤ ᠭᠦᠸᠧ ᠠᠶᠢᠯ᠂ ᠳ᠋ᠦᠩ ᠱᠢ ᠶᠧ ᠶᠢᠨ ᠠᠶᠢᠯ ᠢᠶᠠᠷ ᠬᠠᠶ᠋ᠢᠭ ᠤᠨ ᠳᠠᠯ᠎ᠠ ᠶᠢ ᠵᠦᠰᠦᠨ ᠬᠠᠯᠢᠰᠤᠭᠠᠢ ︵ᠪᠠᠢ ᠵᠢᠶᠠ ᠳ᠋ᠤᠸᠠᠨ︶ ᠶᠢᠨ ᠳᠤᠤᠷ᠎ᠠ ᠬᠦᠯ ᠳᠤ ᠵᠡᠭᠦᠨ ᠡᠮᠦᠨᠡᠰᠢ ᠬᠠᠨᠳᠤᠨ ᠶᠠᠵᠢ ᠶᠢᠨ ᠤᠯᠠᠭᠠᠨ ᠬᠠᠳᠠ ᠶᠢ ᠴᠢᠭᠯᠡᠨ ᠤᠷᠤᠰᠤᠨ᠎ᠠ᠃      ᠬᠠᠷ᠎ᠠ ᠪᠠᠶᠢᠴᠠ ᠶᠢᠨ ᠤᠰᠤ — ᠦᠨᠳᠦᠷ ᠪᠦᠷᠭᠦᠭᠡᠰᠦᠳᠠᠢ ᠠᠭᠤᠯᠠ ᠶᠢᠨ ᠪᠠᠷᠠᠭᠤᠨ ᠲᠦᠰᠢᠶ᠎ᠡ ᠴᠤᠬᠤᠷ ᠮᠤᠷᠢᠨ ᠳᠠᠪᠠᠭ᠎ᠠ ᠶᠢᠨ ᠬᠦᠨᠳᠡᠢ ᠠᠴᠠ ᠢᠪᠢᠯᠦᠭᠰᠡᠨ ᠤᠰᠤ᠃ ᠡᠷᠳᠡ ᠬᠤᠷᠢᠳᠤᠭᠠᠷ ᠵᠠᠭᠤᠨ ᠤ ᠳᠤᠮᠳᠠᠴᠢ ᠪᠤᠯᠳᠠᠯ᠎ᠠ ᠡᠨᠡ ᠬᠦᠨᠳᠡᠢ ᠳᠤ ᠨᠢᠭᠡᠨ ᠵᠢᠵᠢᠭ ᠬᠤᠤᠱᠠᠩ ᠤᠨ ᠰᠦᠮ᠎ᠡ ᠪᠠᠶᠢᠭᠰᠠᠨ ᠠᠴᠠ ᠵᠠᠷᠢᠮ ᠨᠢ ᠬᠤᠤᠱᠠᠩᠳᠤ ᠶᠢᠨ ᠬᠦᠨᠳᠡᠢ ᠴᠦ ᠭᠡᠵᠦ ᠨᠡᠷᠡᠯᠡᠳᠡᠭ᠃ ᠠᠳᠡ ᠠᠴᠠ ᠤᠨᠳᠤᠷᠤᠭᠰᠠᠨ ᠤᠰᠤ ᠡᠮᠦᠨᠡᠰᠢᠯᠡᠨ ᠠᠯᠠᠭ ᠮᠤᠷᠢᠨ ᠳᠠᠪᠠᠭ᠎ᠠ ᠠᠴᠠ ᠪᠠᠭᠤᠭᠰᠠᠨ ᠤᠰᠤ ᠶᠢ ᠡᠯᠭᠦᠨ ᠡᠷᠳᠡᠨᠢᠳᠦ ᠠᠭᠤᠯᠠ ︵ᠪᠤᠤᠱᠠᠨ︶ ᠢᠶᠠᠷ ᠦᠩᠭᠡᠷᠡᠬᠦ ᠳᠡᠭᠡᠨ ᠤᠬᠤᠮᠠᠯ ᠳᠠᠪᠠᠭ᠎ᠠ ᠶᠢᠨ ᠤᠰᠤ ᠲᠠᠢ ᠮᠦᠷᠭᠦᠴᠡᠭ ᠤᠨ ᠡᠮᠡᠭᠡᠯ ᠬᠤᠸᠠ ᠳᠤ ᠤᠷᠤᠰᠬᠠᠯ ᠨᠡᠶᠢᠯᠡᠵᠦ᠂ ᠳᠠᠬᠢᠨ ᠵᠡᠭᠦᠨ ᠮᠦᠷᠭᠦᠴᠡᠭ ᠠᠭᠤᠯᠠ  ᠶᠢᠨ ᠪᠠᠷᠠᠭᠤᠨ ᠳᠤ ᠳᠡᠪᠡᠭᠡ ᠤᠰᠤ ᠲᠠᠢ ᠤᠷᠤᠰᠬᠠᠯ ᠬᠤᠯᠪᠤᠭᠠᠳ ᠮᠦᠷᠭᠦᠴᠡᠭ ᠭᠤᠤᠯ ᠭᠡᠰᠡᠨ ᠨᠡᠷ᠎ᠡ ᠠᠪᠴᠤ᠂ ᠡᠮᠦᠨᠡᠰᠢ ᠬᠠᠯᠢᠰᠤᠭᠠᠢ ᠶᠢ ᠡᠷᠢᠨ ᠤᠷᠤᠰᠤᠨ᠎ᠠ᠃      ᠮᠦᠷᠭᠦᠴᠡᠭ ᠭᠤᠤᠯ᠂ ᠮᠦᠷᠭᠦᠴᠡᠭ ᠬᠠᠳᠠᠨ ᠤ ᠠᠷᠤ ᠳᠠᠬᠢ ᠬᠦᠬᠡ ᠦᠬᠡᠷ ᠴᠢᠯᠠᠭᠤᠨ ᠠᠴᠠ ᠤᠨᠳᠤᠷᠤᠭᠰᠠᠨ ᠪᠤᠯᠠᠭ᠃ ᠬᠢᠶᠠᠭ ᠤᠨ ᠳᠠᠯ᠎ᠠ᠂ ᠶᠡᠭᠡ ᠪᠠᠭ᠎ᠠ ᠬᠠᠯᠢᠰᠤᠭᠠᠢ ᠪᠠᠷ ᠳᠠᠮᠵᠢᠨ ᠢᠷᠡᠭᠰᠡᠨ ᠤᠷᠤᠰᠬᠠᠯ ᠲᠠᠢ ᠨᠡᠶᠢᠯᠡᠵᠦ ᠶᠠᠵᠢ  ᠶᠢᠨ ᠤᠯᠠᠭᠠᠨ ᠬᠠᠳᠠ ᠶᠢ ᠵᠤᠷᠢᠨ ᠤᠷᠤᠰᠤᠨ᠎ᠠ᠃      ᠶᠠᠵᠢ ᠶᠢᠨ ᠤᠯᠠᠭᠠᠨ ᠬᠠᠳᠠ ᠶᠢᠨ ᠪᠠᠷᠠᠭᠤᠨ ᠬᠤᠶᠢᠨ᠎ᠠ ᠨᠡᠶᠢᠯᠡᠭᠰᠡᠨ ᠤᠯᠠᠨ ᠤᠰᠤ᠂ ᠠᠳᠡ ᠠᠴᠠ ᠡᠬᠢᠯᠡᠵᠦ ᠤᠯᠠᠨ ᠤᠯᠠᠨ ᠨᠡᠷ᠎ᠡ ᠳᠠᠭᠤᠳᠠᠯᠭ᠎ᠠ ᠪᠠᠨ ᠤᠷᠬᠢᠵᠤ ᠶᠠᠵᠢ ᠶᠢᠨ ᠤᠯᠠᠭᠠᠨ ᠬᠠᠳᠠ ᠶᠢᠨ ᠭᠤᠤᠯ ᠭᠡᠰᠡᠨ ᠨᠡᠷ᠎ᠡ ᠪᠠᠷ ᠵᠡᠭᠦᠨᠰᠢ ᠤᠷᠤᠰᠤᠨ᠎ᠠ᠃ ᠡᠨᠡ ᠦᠶ᠎ᠡ ᠳᠤ ᠬᠠᠯᠢᠰᠤᠭᠠᠢ ᠶᠢᠨ ᠵᠡᠭᠦᠨ ᠠᠴᠠ ᠢᠷᠡᠬᠦ ᠤᠳᠤᠭ᠎ᠠ ᠶᠢᠨ ᠳᠠᠪᠠᠭ᠎ᠠ ᠴᠦ ᠡᠩᠭᠡᠷ ᠵᠠᠪᠢ ᠶᠢᠨ ᠤᠷᠤᠰᠬᠠᠯ ᠴᠦ ᠮᠦᠨ ᠠᠳᠡ ᠬᠦᠷᠴᠦ ᠨᠡᠶᠢᠯᠡᠨ ᠵᠡᠭᠦᠨᠰᠢ ᠴᠢᠭᠯᠡᠨ᠎ᠡ᠃      ᠶᠠᠵᠢ ᠶᠢᠨ ᠤᠯᠠᠭᠠᠨ ᠬᠠᠳᠠ ᠶᠢᠨ ᠠᠷᠤ ᠰᠢᠨᠠ ᠠᠭᠤᠯᠠ ᠶᠢᠨ ᠬᠤᠯᠤᠰᠤᠳᠠᠢ ᠬᠦᠨᠳᠡᠢ ᠶᠢᠨ ᠡᠬᠢ ᠤᠰᠤ ᠴᠦ ᠭᠠᠷᠤᠳᠢ ᠶᠢᠨ ᠳᠠᠪᠠᠭ᠎ᠠ ᠶᠢ ᠳᠠᠮᠵᠢᠨ ᠶᠠᠵᠢ ᠶᠢᠨ ᠤᠯᠠᠭᠠᠨ ᠬᠠᠳᠠ ᠶᠢᠨ ᠭᠤᠤᠯ ᠲᠠᠢ ᠨᠡᠶᠢᠯᠡᠨ ᠵᠡᠭᠦᠨᠰᠢ ᠶᠠᠵᠢ ᠶᠢᠨ ᠤᠪᠤᠭ᠎ᠠ ᠳᠤ ᠤᠨᠳᠤᠷᠬᠤ ᠭᠤᠤᠯ ᠲᠠᠢ ᠨᠡᠶᠢᠯᠡᠨ᠎ᠡ᠃      ᠤᠨᠳᠤᠷᠬᠤ ᠭᠤᠤᠯ ᠭᠡᠪᠡᠯ᠂ ᠶᠠᠵᠢ ᠶᠢᠨ ᠤᠪᠤᠭ᠎ᠠ ᠶᠢᠨ ᠦᠯᠡᠭᠡ ᠠᠴᠠ ᠡᠬᠢ ᠲᠠᠢ᠂ ᠡᠨᠡ ᠭᠤᠤᠯ ᠤᠨᠳᠤᠷᠬᠤ ᠭᠡᠰᠡᠨ ᠨᠡᠷ᠎ᠡ ᠡᠷᠭᠦᠨ ᠪᠠᠷᠠᠭᠤᠨ ᠠᠴᠠ ᠳᠠᠪᠬᠢᠭᠤᠯᠤᠨ ᠢᠷᠡᠬᠦ ᠶᠠᠵᠢ ᠶᠢᠨ ᠤᠯᠠᠭᠠᠨ ᠬᠠᠳᠠ ᠶᠢᠨ ᠭᠤᠤᠯ ᠢ ᠴᠢᠭᠯᠡᠬᠦ ᠦᠶ᠎ᠡ ᠶᠠᠵᠢ ᠶᠢᠨ ᠤᠪᠤᠭ᠎ᠠ ᠶᠢᠨ ᠵᠡᠭᠦᠨ ᠬᠦᠨᠳᠡᠢ — ᠴᠢᠯᠠᠭᠤᠳᠤ ᠳᠠᠪᠠᠭ᠎ᠠ ︵ᠸᠠᠩ ᠱᠢ ᠵᠢᠶᠠᠩ ᠭᠸᠦ︶ ᠠᠶᠢᠯ ᠤᠨ ᠪᠠᠷᠠᠭᠤᠨ ᠮᠦᠷᠦ ᠶᠢ ᠳᠠᠷᠤᠵᠤ ᠪᠠᠭᠤᠭᠰᠠᠨ ᠤᠰᠤ ᠴᠦ ᠶᠠᠵᠢ ᠶᠢᠨ ᠤᠪᠤᠭ᠎ᠠ ᠶᠢᠨ ᠵᠡᠭᠦᠨ ᠡᠮᠦᠨ᠎ᠡ ᠪᠤᠶᠢᠷ ᠲᠤ ᠤᠨᠳᠤᠷᠬᠤ ᠭᠤᠤᠯ ᠲᠠᠢ ᠵᠤᠤᠵᠠᠢ ᠬᠤᠯᠪᠤᠨ ᠶᠠᠵᠢ ᠶᠢᠨ ᠤᠯᠠᠭᠠᠨ ᠬᠠᠳᠠ ᠶᠢᠨ ᠭᠤᠤᠯ ᠲᠠᠢ ᠤᠷᠤᠰᠬᠠᠯ ᠨᠡᠶᠢᠯᠡᠵᠦ ᠤᠨᠳᠤᠷᠬᠤ ᠭᠤᠤᠯ ᠭᠡᠰᠡᠨ ᠨᠡᠷ᠎ᠡ ᠪᠠᠷ ᠴᠠᠬᠢᠭᠤᠷᠳᠤ ᠠᠭᠤᠯᠠ ︵ᠴᠧ ᠭᠦ᠋ ᠯᠤ᠋ ᠲᠠᠢ︶ — ᠯᠢᠦᠢ ᠱᠠᠨ ᠤ ᠪᠠᠷᠠᠭᠤᠨ  ᠳᠠᠬᠢ ᠠᠭᠤᠳᠠᠮ ᠰᠠᠷᠠᠭᠤᠯ ᠳᠠᠯ᠎ᠠ ᠶᠢᠨ ᠳᠤᠮᠳᠠᠭᠤᠷ ᠬᠦᠨᠳᠡᠯᠢᠰᠤᠨ ᠤᠷᠤᠰᠤᠭᠰᠠᠭᠠᠷ ᠴᠢᠪᠠᠭᠠᠳᠤ ᠠᠭᠤᠯᠠᠨ ᠤ ᠪᠠᠷᠠᠭᠤᠨ ᠬᠤᠶᠢᠨ᠎ᠠ ᠴᠢᠭᠯᠡᠯ ᠢᠶᠠᠨ ᠦᠭᠡᠷᠡᠴᠢᠯᠡᠨ ᠡᠮᠦᠨᠡᠰᠢ ᠬᠠᠨᠳᠤᠭᠠᠳ ᠴᠢᠪᠠᠭᠠᠳᠤ ᠠᠭᠤᠯᠠ ᠶᠢᠨ ᠪᠠᠷᠠᠭᠤᠨ ᠰᠤᠭᠤ  ᠪᠠᠷ ᠰᠢᠷᠭᠤᠨ ᠳᠠᠬᠢᠨ ᠵᠡᠭᠦᠨᠰᠢ ᠳᠠᠬᠢᠷᠯᠠᠨ ᠴᠢᠪᠠᠭᠠᠳᠤ ᠠᠭᠤᠯᠠᠨ ᠡᠩᠭᠡᠷ ᠤᠨ 1664 ᠤᠨ ᠳᠤ ᠪᠠᠶᠢᠭᠤᠯᠤᠭᠳᠠᠭᠰᠠᠨ ᠬᠤᠯᠠ ᠳ᠋ᠠᠬᠢᠨ ᠤ ᠲᠤᠬᠤᠨᠢᠭᠤᠯᠤᠭᠴᠢ ᠬᠡᠶᠢᠳ — ︽ᠴᠢᠪᠠᠭ᠎ᠠ ᠶᠢᠨ ᠰᠦᠮ᠎ᠡ︾ ᠶᠢᠨ ᠦᠯᠮᠡᠢ  ᠳᠠᠬᠢ ᠴᠢᠪᠠᠭᠠᠳᠤ ᠨᠠᠭᠤᠷ ᠲᠤ ᠤᠰᠤ ᠤᠮᠳᠠᠭ᠎ᠠ ᠪᠢᠯᠬᠠᠭᠤᠯᠤᠨ ᠴᠠᠯᠭᠢᠭᠤᠯᠤᠭᠰᠠᠭᠠᠷ ᠳᠠᠬᠢᠨ ᠠᠰ ᠵᠡᠭᠦᠨᠰᠢ ᠳᠠᠷᠠᠰᠤᠳᠤ ᠪᠤᠯᠤᠩ ᠲᠤᠰᠬᠤᠨ ᠤ ᠡᠮᠦᠨ᠎ᠡ ᠳᠤ᠂ ᠤᠮᠠᠷ᠎ᠠ ᠠᠴᠠ ᠢᠷᠡᠭᠰᠡᠨ ᠲᠤᠩᠭᠠᠯᠠᠭ ᠤᠷᠤᠰᠬᠠᠯᠳᠤ ᠣᠤ ᠮᠦᠷᠡᠨ  ᠢ ᠤᠭᠳᠤᠵᠤ ᠠᠯᠢ ᠲᠡᠷᠡ ᠪᠦᠬᠦᠢ ᠨᠡᠷ᠎ᠡ ᠪᠠᠨ ᠠᠳᠡ ᠤᠷᠬᠢᠭᠠᠳ ᠣᠤ ᠮᠦᠷᠡᠨ ᠨᠡᠷ᠎ᠡ ᠪᠠᠷ ᠡᠮᠦᠨᠡᠰᠢᠯᠡᠨ ᠤᠭᠠᠯᠵᠠᠨ ᠬᠠᠳᠠ ᠶᠢ ᠡᠷᠢᠨ ᠤᠳᠤᠨ᠎ᠠ᠃      ᠶᠠᠵᠢ ᠶᠢᠨ ᠭᠤᠤᠯ ᠡᠷᠳᠡ ᠦᠶ᠎ᠡ ᠴᠢᠪᠠᠭ᠎ᠠ ᠶᠢᠨ ᠰᠦᠮ᠎ᠡ ᠶᠢᠨ ᠡᠭᠦᠳᠡᠨ ᠡᠮᠦᠨᠡᠭᠦᠷ ᠴᠢᠪᠠᠭᠠᠳᠤ ᠨᠠᠭᠤᠷ ᠢ ᠳᠠᠮᠵᠢᠨ ᠬᠦᠨᠳᠡᠯᠡᠨ ᠤᠷᠤᠰᠴᠤ ᠪᠠᠶᠢᠭᠰᠠᠨ ᠶᠤᠮ᠃ ᠬᠤᠷᠢᠳᠤᠭᠠᠷ ᠵᠠᠭᠤᠨ ᠤ ᠡᠬᠢ ᠠᠴᠠ ᠶᠠᠵᠢ ᠶᠢᠨ ᠭᠤᠤᠯ ᠳᠠᠭᠠᠤ ᠬᠦᠮᠦᠨ ᠠᠮᠢᠳᠠᠨ ᠤᠯᠠᠰᠢᠷᠠᠵᠤ ᠬᠦᠷᠦᠰᠦ ᠰᠢᠷᠤᠢ ᠡᠪᠳᠡᠭᠳᠡᠨ᠂ ᠠᠮᠢ ᠠᠬᠤᠢ ᠪᠤᠬᠢᠷᠳᠤᠨ ᠪᠡᠯᠴᠢᠭᠡᠷ ᠨᠤᠳᠤᠭ ᠳᠠᠴᠢᠷᠳᠠᠭᠰᠠᠨ ᠠᠴᠠ ᠦᠶᠡᠷ ᠭᠠᠮᠰᠢᠭ ᠵᠠᠯᠭᠠᠭ᠎ᠠ ᠵᠠᠯᠭᠠᠭ᠎ᠠ ᠪᠠᠷ ᠭᠠᠷᠴᠤ ᠴᠢᠪᠠᠭ᠎ᠠ ᠶᠢᠨ ᠵᠡᠭᠡᠯᠢ ᠳᠠᠷᠠᠭ᠎ᠠ ᠪᠠᠷ ᠬᠡᠳᠦᠨ ᠤᠳᠠᠭ᠎ᠠ ᠦᠶᠡᠷ ᠤᠰᠤᠨ ᠳᠤ ᠠᠪᠳᠠᠭᠳᠠᠭᠰᠠᠨ᠎ᠠ ᠲᠤᠬᠠᠢ ᠶᠢᠨ ᠦᠶ᠎ᠡ ᠶᠢᠨ ᠵᠠᠰᠠᠭ ᠲᠦᠷᠦ ᠠᠴᠠ 1939 ᠤᠨ ᠠᠴᠠ ᠡᠬᠢᠯᠡᠨ ᠶᠠᠵᠢ ᠶᠢᠨ ᠭᠤᠤᠯ ᠤᠨ ᠤᠷᠤᠰᠬᠠᠯ ᠬᠡᠪᠡᠯᠢ ᠶᠢ ᠦᠭᠡᠷᠡᠴᠢᠯᠡᠨ ᠵᠠᠰᠠᠬᠤ ᠶᠢ ᠪᠢᠰᠢᠯᠭᠠᠨ ᠵᠢᠷᠤᠭᠯᠠᠵᠤ᠂ 1942 ᠤᠨ ᠳᠤ ᠴᠢᠪᠠᠭ᠎ᠠ ᠪᠠᠯᠭᠠᠰᠤᠨ ᠤ ᠡᠮᠦᠨᠡᠭᠦᠷ ᠤᠭᠠᠯᠵᠠᠨ ᠬᠠᠳᠠᠨ ᠤ ᠠᠷᠤ ᠳᠤ ᠵᠠᠯᠠᠵᠤ ᠴᠢᠳᠬᠤᠭᠤᠯᠪᠠ᠃ ᠡᠨᠡ ᠪᠤᠯ ᠳᠠᠷᠤᠢ ᠤᠳᠤᠬᠢ ᠤᠷᠤᠰᠬᠠᠯ ᠬᠡᠪᠡᠯᠢ ᠪᠢᠯᠡ᠃      ᠶᠠᠵᠢ ᠶᠢᠨ ᠭᠤᠤᠯ ᠪᠤᠯ ᠠᠷᠤ ᠬᠤᠷᠴᠢᠨ ᠬᠤᠰᠢᠭᠤᠨ ᠤ ᠳᠤᠮᠳᠠᠳᠤ ᠪᠡᠶ᠎ᠡ ᠶᠢᠨ ᠤᠯᠠᠨ ᠤᠷᠤᠰᠬᠠᠯ ᠨᠡᠶᠢᠯᠡᠭᠰᠡᠨ ᠭᠤᠤᠯ ᠶᠤᠮ᠂ ᠮᠦᠨ ᠴᠦ ᠣᠤ ᠮᠦᠷᠡᠨ ᠤ ᠨᠢᠭᠡᠨ ᠶᠡᠭᠡ ᠰᠠᠯᠪᠤᠷᠢ ᠤᠷᠤᠰᠬᠠᠯ ᠪᠤᠯᠤᠨ᠎ᠠ᠃ ᠭᠤᠤᠯ ᠢ ᠳᠠᠭᠠᠭᠰᠠᠨ ᠳᠡᠨᠢᠭᠡᠷ ᠠᠭᠤᠳᠠᠮ ᠲᠤᠷᠭᠠᠨ ᠪᠡᠯᠴᠢᠬᠡᠷ ᠨᠤᠳᠤᠭ ᠢ ᠠᠷᠤ ᠬᠤᠷᠴᠢᠨ ᠠᠶᠢᠮᠠᠭ 1630 ᠤᠨ ᠳᠤ ᠳᠡᠭᠡᠳᠦ ᠶᠢᠨ ᠦᠯᠦᠭᠡᠢ ᠨᠤᠳᠤᠭ ᠡᠷᠭᠦᠨ᠎ᠡ ᠬᠠᠶᠢᠯᠠᠷ ᠭᠤᠤᠯ ᠠᠴᠠ ᠪᠠᠨ ᠰᠠᠯᠵᠤ ᠡᠨᠡ ᠨᠤᠳᠤᠭ ᠲᠤ ᠨᠤᠳᠤᠭᠰᠢᠭᠰᠠᠨ  ᠠᠴᠠ ᠡᠬᠢᠯᠡᠨ ᠮᠠᠯᠴᠢᠳ ᠤᠳᠤᠷ ᠨᠡᠭᠦᠳᠡᠯ ᠢᠶᠠᠷ ᠣᠷᠤᠩᠨᠠᠨ ᠠᠩ ᠠᠩᠨᠠᠯ ᠬᠢᠵᠦ ᠠᠮᠢᠳᠤᠷᠠᠭᠰᠠᠨ ᠡᠭᠡᠯᠢᠳᠠᠢ ᠰᠠᠶᠢᠬᠠᠨ ᠨᠤᠳᠤᠭ ᠤᠰᠤ ᠪᠦᠯᠦᠭᠡ᠃ ᠮᠦᠨ ᠴᠦ ᠡᠨᠡ ᠨᠤᠳᠤᠭ ᠤᠨ ᠬᠦᠷᠦᠰᠦ ᠰᠢᠷᠤᠢ ᠬᠠᠮᠤᠭ ᠡᠷᠳᠡ ᠡᠪᠳᠡᠭᠳᠡᠨ ᠬᠦᠮᠦᠨ ᠠᠮᠢᠳᠠᠨ ᠵᠤᠵᠠᠭᠠᠷᠠᠵᠤ ᠪᠡᠯᠴᠢᠭᠡᠷ ᠨᠤᠳᠤᠭ ᠲᠠᠴᠢᠷᠳᠠᠭᠰᠠᠨ ᠤᠷᠤᠨ ᠪᠤᠯᠬᠤᠷ ᠮᠠᠯᠴᠢᠳ ᠨᠡᠭᠦᠳᠡᠯ᠂ ᠤᠳᠤᠷ ᠢᠶᠠᠷ ᠠᠮᠢᠳᠤᠷᠠᠬᠤ ᠤᠷᠤᠨ ᠵᠠᠢ ᠪᠠᠨ ᠡᠷᠳᠡ ᠠᠯᠳᠠᠵᠤ ᠲᠦᠷᠪᠡᠨ ᠵᠦᠭ ᠲᠤ ᠪᠤᠳᠠᠷᠠᠨ ᠰᠠᠷᠨᠢᠨ ᠲᠡᠨᠦᠭᠦᠴᠢᠯᠡᠵᠠᠢ᠃ ᠡᠶᠢᠨ ᠬᠦ ᠠᠳᠡᠬᠢ ᠨᠤᠳᠤᠭ ᠤᠰᠤᠨ ᠤ ᠨᠡᠷ᠎ᠡ ᠳᠠᠭᠤᠳᠠᠯᠭ᠎ᠠ᠂ ᠦᠯᠢᠭᠡᠷ ᠲᠤᠮᠤᠭ᠂ ᠲᠡᠦᠬᠡ ᠰᠤᠶᠤᠯ ᠴᠦ ᠡᠯᠡᠷ ᠪᠠᠯᠠᠷ ᠪᠤᠯᠵᠤ ᠰᠠᠭᠤᠷᠢᠰᠢᠯ ᠰᠤᠶᠤᠯ ᠢᠶᠠᠷ ᠤᠷᠤᠯᠠᠭᠳᠠᠨ ᠪᠠᠯᠠᠷᠠᠵᠤ ᠪᠠᠷᠠᠭᠳᠠᠬᠤ ᠳᠤ ᠲᠤᠯᠭᠠᠷᠠᠪᠠ᠃ ᠡᠷᠳᠡ ᠳᠤ ᠠᠳᠡ  ᠠᠴᠠ ᠵᠡᠭᠡᠷᠭᠡᠨᠳᠦ᠂ ᠭᠠᠩᠳᠠᠢ᠂ ᠵᠢᠷᠠ ᠳᠠᠬᠢᠯ ᠪᠠ ᠶᠠᠵᠢ ᠶᠢᠨ ᠤᠯᠠᠭᠠᠨ ᠬᠠᠳᠠ ᠠᠴᠠ ᠰᠤᠪᠠᠢ ᠠᠭᠤᠯᠠ ᠬᠦᠷᠳᠡᠯ᠎ᠡ ᠰᠢᠯᠢ ᠵᠤ ᠪᠠᠷ ᠠᠩ ᠬᠦᠷᠦᠭᠡ ᠶᠡᠭᠡ ᠲᠠᠢ ᠪᠠᠶᠢᠭᠰᠠᠨ ᠠᠴᠠ ᠮᠠᠯᠴᠢᠳ ᠠᠳᠡᠬᠢ ᠨᠤᠳᠤᠭ ᠤᠰᠤᠨ ᠤ ᠨᠡᠷ᠎ᠡ ᠳᠠᠭᠤᠳᠠᠯᠭ᠎ᠠ ᠦᠯᠢᠭᠡᠷ ᠳᠤᠮᠤᠭ᠂ ᠦᠨᠡᠨ ᠲᠡᠦᠬᠡ ᠶᠢ ᠦᠷ᠎ᠡ ᠬᠤᠶᠢᠴᠢᠰ ᠲᠠᠭᠠᠨ ᠦᠯᠢᠭᠡᠷ ᠪᠤᠯᠭᠠᠭᠰᠠᠭᠠᠷ ᠢᠷᠡᠪᠡ᠃      ᠶᠠᠵᠢ ᠭᠡᠰᠡᠨ ᠨᠡᠷ᠎ᠡ ᠶᠢᠨ ᠢᠷᠡᠯᠳᠡ ᠪᠠ ᠳᠡᠭᠦᠨ ᠤ ᠦᠯᠢᠭᠡᠷ ᠭᠡᠪᠡᠯ᠂ ᠤᠨᠳᠤᠷᠬᠤ ᠭᠤᠤᠯ ᠬᠢᠭᠡᠳ ᠴᠢᠯᠠᠭᠤᠳᠤ ᠳᠠᠪᠠᠭ᠎ᠠ ᠶᠢᠨ ᠬᠤᠶᠠᠷ ᠤᠰᠤ ᠶᠢᠨ ᠠᠭᠤᠯᠵᠠᠷ ᠤᠨ ᠠᠷᠤ ᠳᠤ ᠨᠢᠭᠡᠨ ᠪᠤᠮᠪᠤᠭᠤᠷ ᠰᠠᠶᠢᠬᠠᠨ ᠰᠢᠷᠤᠢ ᠶᠢᠨ ᠠᠭᠤᠯᠠᠨ ᠳᠤ᠂ ᠡᠷᠳᠡ ᠦᠶ᠎ᠡ ᠡᠨᠡ ᠬᠠᠪᠢ ᠶᠢᠨ ᠮᠠᠯᠴᠢᠳ ᠤᠪᠤᠭ᠎ᠠ ᠪᠤᠰᠬᠠᠬᠤ ᠦᠶ᠎ᠡ ᠨᠢᠭᠡ ᠭᠠᠯ ᠠᠶᠠᠨ — ᠳᠠᠪᠤᠰᠤᠴᠢᠨ ᠪᠠᠭᠤᠭᠰᠠᠨ᠎ᠠ᠂ ᠵᠤᠴᠢᠨᠰᠠᠭ ᠮᠤᠩᠭᠤᠯᠴᠤᠳ ᠤᠪᠤᠭᠠᠨ ᠳᠠᠬᠢᠯᠭ᠎ᠠ ᠳᠤ ᠳᠠᠪᠤᠰᠤᠨ ᠠᠶᠠᠨᠴᠢᠳ ᠢ ᠵᠠᠯᠠᠵᠤ ᠨᠠᠶᠢᠷᠠᠯᠠᠬᠤ ᠵᠠᠭᠤᠷ᠎ᠠ ᠠᠶᠠᠨ ᠤ ᠭᠠᠯ ᠤᠨ ᠠᠬ᠎ᠠ ᠪᠠᠷ ᠤᠪᠤᠭ᠎ᠠ ᠶᠢᠨ ᠱᠦᠩ ᠳᠠᠷᠤᠬᠤ ᠪᠠᠷ ᠪᠤᠯᠤᠯᠴᠠᠪᠠ᠃ ᠮᠤᠩᠭᠤᠯᠴᠤᠳ᠂ ᠠᠭᠤᠯᠠ ᠤᠪᠤᠭ᠎ᠠ ᠶᠢᠨ ᠱᠦᠩ ᠳᠤ ᠬᠤᠯᠠ ᠶᠢᠨ ᠬᠤᠯᠠᠬᠢ ᠵᠤᠴᠢᠨ ᠨᠡᠷ᠎ᠡ ᠴᠤᠤᠳᠠᠢ ᠬᠦᠮᠦᠨ ᠢᠶᠠᠷ ᠱᠦᠩ ᠳᠠᠷᠤᠬᠤ ᠨᠢ ᠪᠡᠯᠭᠡ ᠳᠡᠮᠪᠡᠷᠢᠯ ᠲᠠᠢ ᠦᠩᠭᠡ ᠦᠭᠡᠳᠡ ᠭᠡᠵᠦ ᠡᠷᠬᠢᠮᠯᠡᠨ᠎ᠡ᠃ ᠱᠦᠩ ᠳᠤ ᠭᠠᠷᠤᠭᠰᠠᠨ ᠬᠦᠮᠦᠨ ᠴᠦ ᠡᠨᠡ ᠤᠷᠤᠨ ᠤ ᠳᠠᠷᠬᠠᠨ ᠬᠦᠮᠦᠨ ᠬᠡᠮᠡᠭᠳᠡᠨ ᠤᠷᠤᠨ ᠭᠠᠵᠠᠷ ᠭᠠᠶᠢᠯᠢ ᠭᠤᠪᠴᠢᠭᠤᠷ᠂ ᠠᠯᠪᠠ ᠠᠴᠠ ᠭᠠᠳᠠᠭᠤᠷ ᠪᠤᠯᠵᠤ ᠦᠨᠡᠨ ᠬᠦ ᠳᠠᠷᠬᠠᠨ ᠴᠢᠯᠦᠭᠡᠳᠦ ᠠᠷᠠᠳ ᠪᠤᠯᠳᠠᠭ ᠶᠤᠰᠤ ᠲᠠᠢ ᠪᠠᠶᠢᠭᠰᠠᠨ ᠪᠦᠯᠦᠭᠡ᠃ ᠲᠤᠬᠠᠶᠢᠯᠠᠪᠠᠯ᠂ ᠡᠷᠳᠡ ᠠᠷᠤ ᠬᠤᠷᠴᠢᠨ ᠤ ᠠᠷᠤ ᠵᠠᠬ᠎ᠠ ᠶᠢᠨ ᠬᠤᠰᠢᠭᠤ ᠳᠠᠬᠢᠯᠭ᠎ᠠ ᠲᠠᠢ ᠶᠡᠭᠡ ᠬᠠᠨ ᠬᠠᠶᠢᠷᠬᠠᠨ ︵ᠵᠠᠷᠢᠮ ᠨᠢ ᠭᠤᠭᠤᠰᠤᠳᠠᠢ ᠬᠡᠮᠡᠨ ᠳᠠᠭᠤᠳᠠᠳᠠᠭ︶ ᠢ ᠳᠠᠬᠢᠬᠤ ᠳᠤ ᠤᠨᠳᠤᠷᠬᠤ ᠮᠠᠶᠢᠷᠠᠨ ᠢᠶᠠᠷ ᠱᠦᠩ ᠳᠠᠷᠤᠭᠰᠠᠨ  ᠠᠴᠠ ᠡᠨᠡ ᠠᠭᠤᠯᠠ ᠶᠢ ᠤᠳᠤ ᠴᠦ ᠤᠨᠳᠤᠷᠬᠤ ᠬᠠᠨ ᠬᠠᠶᠢᠷᠬᠠᠨ ᠭᠡᠵᠦ ᠳᠠᠭᠤᠳᠠᠳᠠᠭ᠃      ᠶᠠᠵᠢ ᠶᠢᠨ ᠤᠪᠤᠭ᠎ᠠ ᠶᠢᠨ ᠱᠦᠩ ᠳᠤ ᠭᠠᠷᠤᠭᠰᠠᠨ ᠬᠦᠮᠦᠨ ᠰᠤᠭᠳᠤᠭᠤ ᠬᠦᠯᠴᠦᠭᠦᠦ ᠪᠠᠷ ︽ᠶᠠᠭᠠᠬᠢᠵᠤ ᠪᠠᠶᠢᠨ᠎ᠠ᠂ ᠶᠠᠭᠠᠬᠢᠵᠤ ᠪᠠᠶᠢᠨ᠎ᠠ︾ ᠭᠡᠰᠡᠨ ᠠᠮᠠᠨ ᠤ ᠪᠡᠯᠭᠡᠳᠡᠯ ᠢᠶᠠᠷ ᠨᠢ ︽ᠶᠠᠵᠢ ᠶᠢᠨ ᠤᠪᠤᠭ᠎ᠠ︾ ᠭᠡᠵᠦ ᠤᠪᠤᠭ᠎ᠠ  ᠶᠢᠨ ᠨᠡᠷ᠎ᠡ ᠪᠤᠯᠭᠠᠭᠰᠠᠨ ᠢᠶᠠᠷ ᠪᠠᠷᠠᠬᠤ ᠦᠭᠡᠢ ᠡᠨᠡ ᠬᠠᠪᠢ ᠶᠢᠨ ᠠᠭᠤᠯᠠ ᠤᠰᠤ ᠴᠦ ︽ᠶᠠᠵᠢ︾ ᠭᠡᠰᠡᠨ ᠳᠤᠳᠤᠳᠬᠠᠯ ᠲᠠᠢ ᠪᠤᠯᠤᠬᠰᠠᠨ ᠭᠡᠨ᠎ᠡ᠃      ᠡᠨᠡ ᠲᠤᠬᠠᠢ ᠪᠠᠯᠴᠢᠷᠤᠳ ᠠᠶᠢᠮᠠᠭ ᠤᠨ ᠳᠠᠶᠢᠵᠢ ᠨᠠᠰᠤᠳᠠᠨ ᠨᠠᠶᠠᠨ ᠨᠠᠰᠤ ᠰᠢᠬᠠᠭᠰᠠᠨ ᠪᠠᠶ᠋ᠬᠠᠦ᠋ᠨᠳᠦᠷ ᠤᠨ ᠬᠡᠷᠡᠮ ᠭᠠᠴᠠᠭ᠎ᠠ ᠶᠢᠨ ᠮᠠᠯᠴᠢᠨ ᠲᠤᠮᠤᠭᠠᠳᠠᠨ ᠵᠤᠳᠪᠤ ᠠᠴᠠ᠄ ᠬᠤᠷᠢᠳᠤᠭᠠᠷ ᠵᠠᠭᠤᠨ ᠤ ᠭᠤᠴᠢᠭᠠᠳ ᠤᠨ ᠪᠤᠯᠳᠠᠯ᠎ᠠ ᠪᠢᠳᠡ ᠪᠠᠯᠴᠢᠷᠤᠳ᠂ ᠪᠠᠶᠠᠨᠪᠤᠳᠤ ᠪᠠ ᠡᠨᠡ ᠬᠠᠪᠢ ᠪᠠᠷ ᠦᠭᠰᠦᠨ ᠤᠷᠤᠭᠤᠳᠠᠵᠤ ᠤᠳᠤᠷ ᠨᠡᠭᠦᠳᠡᠯ ᠢᠶᠠᠷ ᠮᠠᠯᠵᠢᠵᠤ ᠪᠠᠶᠢᠪᠠ᠃ ᠭᠠᠩᠳᠠᠢ᠂ ᠶᠠᠵᠢ ᠶᠢᠨ ᠤᠯᠠᠭᠠᠨ ᠬᠠᠳᠠ᠂ ᠵᠢᠷᠠ ᠳᠠᠬᠢᠯ ᠵᠡᠷᠭᠡ ᠭᠠᠵᠠᠷ ᠪᠤᠯ ᠰᠢᠯᠢ ᠵᠤ ᠲᠤᠯᠠ ᠮᠠᠯᠵᠢᠵᠤ ᠠᠮᠢᠳᠤᠷᠠᠬᠤ ᠪᠠᠷ ᠪᠠᠷᠠᠬᠤ ᠦᠭᠡᠢ᠂ ᠠᠩ ᠬᠦᠷᠦᠭᠡ ᠶᠡᠬᠡᠳᠠᠢ ᠤᠷᠤᠨ᠃ ᠲᠡᠭᠦᠨ ᠤ ᠡᠴᠢᠬᠡ ᠨᠠᠰᠤᠨᠪᠠᠶᠠᠷ ᠤᠨ ᠬᠠᠭᠤᠴᠢᠯᠠᠭᠰᠠᠨ ᠢᠶᠠᠷ᠂ ᠤᠳᠤ ᠠᠴᠠ ᠵᠠᠭᠤ ᠳᠠᠪᠢᠭᠠᠳ ᠵᠢᠯ ᠤᠨ ᠡᠮᠦᠨ᠎ᠡ ᠳᠡᠭᠦᠨ ᠤ ᠡᠴᠢᠭᠡ ᠮᠡᠷᠭᠡᠨ ᠳᠠᠶᠢᠵᠢ ᠬᠠᠩᠭᠠᠷ᠎ᠠ ᠭᠡᠵᠦ ᠤᠪᠤᠭ᠎ᠠ ᠱᠠᠩᠰᠢ ᠨᠠᠶᠢᠷ ᠨᠠᠭᠠᠳᠤᠮ ᠳᠤ ᠳᠤᠷ᠎ᠠ ᠪᠠᠭ᠋ᠠᠳᠠᠢ ᠨᠤᠳᠤᠭ ᠤᠨ ᠡᠷᠬᠡᠳᠡᠨ ᠪᠠᠶᠢᠵᠠᠢ᠃ ᠲᠡᠷᠡ ᠶᠠᠵᠢ ᠶᠢᠨ ᠤᠪᠤᠭ᠎ᠠ ᠶᠢᠨ ᠤᠷᠤᠰᠢᠯ᠂ ᠤᠷᠴᠢᠨ ᠲᠤᠭᠤᠷᠢᠨ ᠬᠢᠭᠡᠳ ᠤᠪᠤᠭ᠎ᠠ ᠶᠢᠨ ᠱᠦᠩ ᠳᠠᠷᠤᠭᠰᠠᠨ ᠢ ᠨᠢᠭᠡ ᠠᠯᠳᠠᠯ ᠦᠭᠡᠢ ᠨᠠᠷᠢᠯᠢᠭ ᠰᠠᠶᠢᠬᠠᠨ ᠬᠠᠭᠤᠴᠢᠯᠠᠳᠠᠭ ᠶᠤᠮ ᠭᠡᠨ᠎ᠡ᠃ ᠵᠤᠬᠢᠶᠠᠭᠴᠢ ᠶᠢᠨ ᠨᠠᠭᠠᠴᠤ ᠡᠮᠡᠭᠡ ᠡᠬᠡ ᠰᠤᠪᠤᠳ ᠴᠦ ᠢᠩᠭᠢᠵᠦ ᠬᠠᠭᠤᠴᠢᠯᠠᠨ ᠶᠠᠷᠢᠵᠤ ᠪᠠᠶᠢᠭᠰᠠᠨ ᠭᠡᠨ᠎ᠡ᠃      ᠠᠳᠡᠬᠢ ᠮᠠᠯᠴᠢᠳ 1927 ᠤᠨ ᠤ ᠶᠡᠭᠡ ᠲᠤᠷᠭᠢᠯᠳᠠ ᠳᠤ ᠶᠡᠭᠡ ᠨᠡᠭᠦᠳᠡᠯ ᠪᠤᠯᠵᠤ ᠠᠳᠡ ᠠᠴᠠ ᠤᠮᠠᠷᠠᠰᠢ᠂ ᠬᠤᠨᠳᠤ ᠪᠠ ᠠᠷᠪᠠᠨ ᠰᠤᠮᠤ ᠭᠤᠷᠪᠠᠨ ᠭᠤᠤᠯ ᠵᠢᠴᠢ ᠲᠦᠭᠦᠷᠡᠨᠳᠠᠯ᠎ᠠ᠂ ︽ᠮᠠᠨᠵᠤ ᠶᠢᠨ ᠮᠠᠩᠬ᠎ᠠ︾ ᠵᠦᠭ ᠨᠡᠭᠦᠳᠡᠯᠯᠡᠵᠠᠢ᠃ ᠤᠴᠢᠷ ᠨᠢ 1926 ᠤᠨ ᠳᠤ ᠠᠷᠤ ᠬᠤᠷᠴᠢᠨ ᠳᠤ ︽ᠲᠢᠶᠠᠨᠱᠠᠨ ᠤ ᠵᠠᠰᠠᠵᠤ ᠪᠠᠶᠢᠭᠤᠯᠬᠤ ᠲᠤᠪᠴᠢᠶ᠎ᠠ︾ ᠭᠡᠵᠦ ᠭᠠᠷᠴᠤ ᠪᠡᠯᠴᠢᠭᠡᠷ ᠬᠠᠳᠤᠯᠠᠩ ᠢ ᠡᠵᠡᠨ ᠡᠰᠢ ᠦᠭᠡᠢ ᠶᠡᠬᠡᠪᠡᠷ ᠬᠠᠭᠠᠯᠪᠤᠷᠢᠯᠠᠭᠰᠠᠨ ᠪᠠ ᠬᠠᠷ᠎ᠠ ᠴᠡᠷᠢᠭ ᠤᠨ ᠪᠤᠯᠢᠶᠠᠨ ᠳᠡᠭᠡᠷᠡᠮᠳᠡᠯ᠂ ᠰᠦᠮ᠎ᠡ ᠬᠡᠶᠢᠳ ᠢ ᠭᠠᠯᠳᠠᠨ ᠨᠤᠷᠠᠭᠠᠭᠰᠠᠨ ᠵᠡᠷᠭᠡ ᠪᠠ ᠤᠳᠤ ᠶᠢᠨ ᠪᠠᠶᠠᠨᠬᠤᠸᠠ ᠪᠠᠯᠭᠠᠰᠤᠨ ᠤ ᠪᠠᠶᠢᠭᠠᠯᠢ ᠶᠢᠨ ᠠᠶᠢᠯ ᠠᠴᠠ ᠡᠮᠦᠨᠡᠬᠢ ᠶᠢ ᠪᠦᠷ ᠲᠢᠶᠠᠨᠱᠠᠨ ᠰᠢᠶᠠᠨ ᠪᠠᠶᠢᠭᠤᠯᠵᠤ ᠬᠠᠮᠢᠶᠠᠬᠤ ᠪᠤᠯᠪᠠ ᠬᠡᠰᠡᠨ ᠴᠤᠤ ᠴᠢᠮᠡᠭᠡ ᠠᠴᠠ ᠮᠠᠯᠴᠢᠳ ᠵᠠᠶᠢᠯᠠᠵᠤ ᠨᠡᠭᠦᠭᠰᠡᠨ ᠶᠤᠮ ᠭᠡᠨ᠎ᠡ᠃ ᠠᠳᠡ ᠬᠠᠮᠤᠭ ᠰᠡᠭᠦᠯᠴᠢ ᠨᠤᠳᠤᠭ ᠢᠶᠠᠨ ᠰᠠᠬᠢᠵᠤ ᠮᠠᠯᠵᠢᠵᠤ ᠪᠠᠶᠢᠭᠰᠠᠨ ᠨᠢ ᠮᠦᠨ ᠪᠠᠯᠴᠢᠷᠤᠳ ᠠᠶᠢᠮᠠᠭ ᠤᠨ ᠳᠠᠶᠢᠵᠢ ᠲᠤᠳᠢᠭᠢᠪᠠᠯᠵᠤᠤᠷ᠂ ᠠᠮᠢᠳᠠᠨ᠂ ᠳ᠋ᠦᠩᠴᠢᠨᠪᠤᠤ ᠨᠠᠷ ᠶᠠᠵᠢ ᠶᠢᠨ ᠭᠤᠤᠯ ᠤᠨ ᠤᠷᠤᠰᠬᠠᠯ ᠢ ᠳᠠᠭᠠᠵᠤ ᠴᠠᠬᠢᠭᠤᠷᠳᠤ ᠳᠠᠯ᠎ᠠ ︵ᠴᠢᠶᠤᠤᠮᠢᠨᠳᠠᠯ᠎ᠠ︶ ᠪᠠᠷ ᠮᠠᠯᠵᠢᠵᠤ ᠪᠠᠶᠢᠭᠰᠠᠨ ᠠᠴᠠ ᠪᠠᠨ ᠤᠩᠭᠤᠨ ᠮᠤᠳᠤ ᠵᠦᠭ ᠨᠡᠭᠦᠭᠰᠡᠨ ᠶᠤᠮ ᠭᠡᠵᠦ ᠶᠡᠷᠡᠨ ᠨᠠᠰᠤᠳᠠᠢ ᠤᠯᠤᠰ ᠤᠨ ᠺᠠᠳ᠋ᠷ ᠫᠠᠰᠠ ᠭᠤᠸᠠᠢ ᠶᠠᠷᠢᠭᠰᠠᠨ ᠪᠠᠶᠢᠳᠠᠭ ᠪᠢᠯᠡ᠃      ᠬᠠᠷᠠᠮᠰᠠᠯᠳᠠᠢ ᠨᠢ᠂ ᠶᠠᠵᠢ ᠶᠢᠨ ᠭᠤᠤᠯ ᠢ ᠤᠳᠤᠬᠠᠨ ᠳᠤ ᠶᠠᠭᠤᠨ ᠤ ︽ᠭᠤᠷᠭᠤᠤᠯᠳᠠᠢ ᠶᠢᠨ ᠭᠤᠤᠯ︾᠂ ︽ᠤᠯᠢᠶᠠᠰᠤᠳᠠᠢ ᠭᠤᠤᠯ︾᠂ ︽ᠴᠢᠪᠠᠭ᠎ᠠ ᠶᠢᠨ ᠪᠠᠷᠠᠭᠤᠨ ᠭᠤᠤᠯ︾ ᠭᠡᠳᠡᠯ᠎ᠡ ︽ᠢᠮᠠᠭᠠᠨ ᠭᠡᠳᠡᠰᠦᠨ ᠭᠤᠤᠯ︾ ᠭᠡᠵᠦ ᠲᠤᠷ᠎ᠠ ᠪᠠᠷ ᠢᠶᠠᠨ ᠦᠭᠦᠯᠡᠯᠴᠡᠨ᠎ᠡ᠃      ︽ᠲᠢᠶᠠᠨᠱᠠᠨ ᠤ ᠵᠠᠰᠠᠵᠤ ᠪᠠᠶᠢᠭᠤᠯᠬᠤ ᠲᠤᠪᠴᠢᠶ᠎ᠠ︾ ᠶᠢᠨ ᠭᠡᠰᠢᠭᠦᠨ ᠢᠦᠢ ᠱᠸᠦ ᠷᠧᠨ ᠭᠠᠵᠠᠷ ᠲᠠᠷᠢᠶ᠎ᠠ ᠭᠠᠷᠭᠠᠵᠤ ᠪᠡᠯᠴᠢᠭᠡᠷ ᠬᠠᠳᠤᠯᠠᠩ ᠢ ᠬᠠᠭᠠᠯᠪᠤᠷᠢᠯᠠᠬᠤ ᠭᠱᠠᠨ᠎ᠠ᠂ ᠬᠤᠰᠢᠭᠤᠨ ᠵᠠᠰᠠᠭ ᠸᠠᠩᠴᠢᠨᠫᠧᠷᠯᠠᠢ ᠬᠤᠷᠢᠭᠯᠠᠭᠠᠳ ᠵᠠᠮ ᠦᠭᠡᠢ ᠳᠤ ᠠᠷᠭ᠎ᠠ ᠪᠤᠰᠤ ᠣᠤ ᠮᠦᠷᠡᠨ ᠤ ᠵᠡᠭᠦᠨ ᠳᠤ ᠭᠠᠷᠭᠠᠭᠰᠠᠨ ᠦᠭᠡᠢ ᠣᠤ ᠮᠦᠷᠡᠨ ᠤ ᠪᠠᠷᠠᠭᠤᠨ ᠡᠬᠢ ᠶᠠᠵᠢ ᠶᠢᠨ ᠭᠤᠤᠯ ᠳᠠᠭᠠᠤ ᠭᠠᠵᠠᠷ ᠢᠦᠢ ᠱᠸᠦ ᠷᠧᠨ ᠤ ᠲᠦᠷᠪᠡᠨ ᠠᠵᠢᠯᠯᠠᠭᠴᠢ ᠬᠠᠨ ᠱᠢ ᠶᠧ ︵ᠬᠠᠨ ᠢᠦᠢ ᠰᠢᠶᠠᠩ ᠴᠦ ᠭᠡᠳᠡᠭ︶ ᠶᠠᠵᠢ ᠶᠢᠨ ᠭᠤᠤᠯ ᠤᠨ ᠳᠡᠭᠡᠳᠦ ᠤᠷᠤᠰᠬᠠᠯ ᠪᠤᠯᠬᠤ ᠤᠳᠤᠭ᠎ᠠ ᠶᠢᠨ ᠠᠭᠤᠯᠠ ᠶᠢᠨ ᠪᠠᠷᠠᠭᠤᠨ ᠰᠤᠭᠤ ᠳᠤ︔ ᠳ᠋ᠦᠩ ᠱᠢ ᠶᠧ ᠨᠢ ᠳᠤᠤᠷ᠎ᠠ ᠬᠦᠯ ᠳᠤᠨᠢ︔ ᠾᠧ ᠸᠧᠨ ᠬᠦᠢ ᠭᠠᠷᠤᠳᠢ ᠶᠢᠨ ᠳᠠᠪᠠᠭ᠎ᠠ ᠶᠢᠨ ᠪᠠᠷᠠᠭᠤᠨ ᠳᠤ᠂ ᠦᠭᠡᠷ᠎ᠡ ᠪᠠᠷ ᠬᠡᠯᠡᠪᠡᠯ ᠶᠡᠵᠢ ᠶᠢᠨ ᠤᠯᠠᠭᠠᠨ ᠬᠠᠳᠠ ᠶᠢᠨ ᠪᠠᠷᠠᠭᠤᠨ ᠬᠤᠶᠢᠨᠠᠬᠢ ᠤᠯᠠᠨ ᠤᠰᠤ ᠶᠢᠨ ᠪᠠᠭᠠᠯᠵᠤᠤᠷ ᠲᠤ︔ ᠭᠠᠷᠤᠳᠢ ᠶᠢᠨ ᠳᠠᠪᠠᠭ᠎ᠠ ᠶᠢᠨ ᠡᠩᠭᠡᠷ ᠶᠠᠵᠢ ᠶᠢᠨ ᠤᠯᠠᠭᠠᠨ ᠬᠠᠳᠠ ᠭᠤᠤᠯ ᠤᠨ ᠠᠷᠤ ᠲᠡᠨᠵᠢ  ᠳᠤ ᠳᠠᠨ ᠱᠢ ᠷᠧᠨ ︵ᠳᠠᠨ ᠰᠤᠬᠤᠷ︶ ᠲᠤᠰ ᠲᠤᠰ ᠶᠡᠭᠡ ᠬᠡᠮᠵᠢᠶ᠎ᠡ ᠶᠢᠨ ᠭᠠᠵᠠᠷ ᠳᠠᠷᠢᠶ᠎ᠠ ᠭᠠᠷᠭᠠᠵᠤ ᠡᠵᠡᠷᠬᠡᠪᠡ᠃      ︽ᠲᠢᠶᠠᠨᠱᠠᠨ ᠤ ᠵᠠᠰᠠᠵᠤ ᠪᠠᠶᠢᠭᠤᠯᠬᠤ ᠲᠤᠪᠴᠢᠶ᠎ᠠ︾ ᠶᠢᠨ ᠭᠡᠰᠢᠭᠦᠨ ᠢᠦᠢ ᠱᠸᠦ ᠷᠧᠨ᠂ ᠬᠤᠰᠢᠭᠤ ᠵᠠᠰᠠᠭ ᠸᠠᠩ ᠤᠨ ᠬᠤᠷᠢᠭ᠎ᠠ ᠴᠡᠭᠡᠷ ᠢ ᠨᠢᠳᠦᠨ ᠳᠡᠭᠡᠨ ᠬᠠᠪᠴᠢᠬᠤ ᠦᠭᠡᠢ ᠪᠠᠶᠢᠭᠠᠯᠢ ᠤᠪᠤᠭ᠎ᠠ ᠠᠴᠠ ᠲᠤᠷᠤᠭᠰᠢ ᠨᠢᠳᠦ ᠠᠯᠳᠠᠮ᠎ᠠ ᠳᠡᠨᠢᠭᠡᠷ ᠠᠭᠤᠳᠠᠮ ᠨᠤᠳᠤᠭ ᠢ ᠡᠵᠡᠷᠭᠡᠭᠯᠡᠨ ᠲᠦᠮᠡᠳ ᠪᠠᠷᠠᠭᠤᠨ ᠬᠤᠰᠢᠭᠤᠨ ᠠᠴᠠ ᠢᠷᠡᠵᠦ ᠭᠠᠯ ᠠᠨᠵᠢᠰᠤ ︵ᠲᠷᠠᠺᠲ᠋ᠤᠷ︶ ᠪᠠᠷ ᠭᠠᠵᠠᠷ ᠬᠠᠭᠠᠯᠪᠤᠷᠢᠯᠠᠭᠰᠠᠨ ᠶᠤᠨᠳᠤᠨ᠂ ᡁᠢ ᠯᠢᠶᠠᠨ ᠯᠢᠨ ᠲᠠᠢ ᠠᠮᠢᠰᠬᠤᠭ᠎ᠠ ᠨᠢᠭᠡᠳᠵᠦ ᠠᠷᠰᠯᠠᠨ ᠠᠭᠤᠯᠠ ᠶᠢᠨ ᠡᠩᠭᠡᠷ᠂ ᠬᠤᠸᠠᠬᠤᠰᠢᠭᠤ ᠶᠢᠨ ᠠᠷᠤ ᠳᠤ ᠤᠷᠳᠤᠨ ᠬᠠᠷᠰᠢ ᠪᠠᠶᠢᠭᠤᠯᠤᠨ ᠭᠠᠵᠠᠷ ᠳᠠᠷᠢᠶ᠎ᠠ ᠳᠠᠷᠢᠪᠠ᠃      ᠶᠠᠵᠢ ᠶᠢᠨ ᠭᠤᠤᠯ ᠤᠨ ᠨᠡᠷ᠎ᠡ ᠶᠢᠨ ᠢᠷᠡᠯᠳᠡ ᠪᠠ ᠳᠡᠦᠬᠡ ᠪᠠᠶᠢᠳᠠᠯ ᠭᠡᠪᠡᠯ ᠡᠶᠢᠮᠦ ᠪᠠᠶᠢᠨ᠎ᠠ᠃                                ︵︽ᠠᠷᠤ ᠬᠤᠷᠴᠢᠨ ᠰᠤᠨᠢᠨ︾ 2009.7.15︶                               ᠠ᠊᠂ ᠬᠤᠳᠤᠷᠠᠩᠭ᠎ᠠ ᠶᠢᠨ ᠨᠠᠶᠢᠷᠠᠭᠤᠯᠤᠨ ᠵᠤᠬᠢᠶᠠᠭᠰᠠᠨ ︽ᠲᠤᠷᠠᠰᠤᠯ                               ᠳᠤ ᠮᠦᠩᠬᠡᠷᠡᠬᠦ ᠬᠤᠷᠸ᠎ᠠ︾ ᠭᠡᠬᠦ ᠨᠤᠮ ᠠᠴᠠ ᠰᠤᠩᠭᠤᠨ ᠨᠡᠶᠢᠳᠡᠯᠡᠪᠡ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号