ᠬᠤᠶᠠᠷ ᠠᠮᠠᠨ ᠠᠷᠢᠬᠢ ᠤᠤᠭᠤᠬᠤ ᠬᠤᠷᠢᠮ | ᠠᠳᠡ ᠭᠤᠤᠯᠳᠠᠭᠤ ᠬᠡᠦᠬᠡᠨ ᠤ ᠲᠠᠯ᠎ᠠ ᠶᠢᠨ ᠠᠪᠤ ᠡᠵᠢ ᠨᠢ ᠲᠤᠰ ᠤᠨ ᠲᠠᠯ᠎ᠠ ᠳᠠᠭᠠᠨ ᠨᠠᠷᠢᠪᠴᠢᠯᠠᠵᠤ | ᠬᠡᠦᠬᠡᠨ ᠤ ᠪᠠᠨ ᠦᠩᠭᠡ ᠲᠠᠯ᠎ᠠ ᠶᠢ ᠠᠳᠠᠯᠢᠳᠬᠠᠨ ᠲᠦᠯᠭᠡᠳᠡᠭᠦᠯᠵᠦ᠂ ᠪᠦᠬᠦᠶᠢᠯᠡ ᠠᠶᠢᠮᠠᠭ ᠲᠥᠷᠦᠯ ᠲᠠᠢ ᠪᠠᠨ | ᠵᠦᠪᠳᠡᠵᠦ ᠪᠦᠷᠢᠮᠦᠰᠦᠨ ᠰᠢᠭᠤᠳᠤᠭᠰᠠᠨ ᠦᠶ᠎ᠡ ᠳᠤ᠂ ᠬᠦᠷᠭᠡᠨ ᠤ ᠲᠠᠯ᠎ᠠ ᠶᠢᠨ ᠵᠠᠭᠤᠴᠢ ᠢᠷᠡᠵᠦ ᠠᠪᠤ ᠡᠵᠢ ᠳᠤᠨᠢ | ᠤᠴᠠᠷᠠᠵᠤ ᠵᠣᠬᠢᠬᠤ ᠬᠤᠷᠢᠮ ᠬᠢᠵᠦ ᠬᠡᠦᠬᠡᠨ ᠢᠶᠠᠨ ᠥᠭᠬᠦ ᠪᠡᠷᠢ ᠠᠪᠬᠤ ᠤᠴᠢᠷ ᠢ ᠵᠢᠩᠬᠢᠨᠢ ᠲᠣᠭᠲᠠᠨ᠎ᠠ᠃ ᠠᠪᠴᠤ | ᠦᠭᠬᠦ ᠮᠠᠯ ᠪᠡᠯᠡᠭ ᠤᠨ ᠲᠤᠭ᠎ᠠ ᠪᠠᠨ ᠲᠤᠭᠳᠠᠨ᠎ᠠ᠃ | ᠣᠷᠴᠢᠨ ᠦᠶ᠎ᠡ ᠪᠣᠯᠵᠤ ᠢᠷᠡᠭᠡᠳ ︽ᠠᠮᠠᠨ ᠠᠷᠢᠬᠢ ᠤᠤᠭᠤᠬᠤ ᠬᠤᠷᠢᠮ︾ ᠳᠤ ᠬᠦᠷᠭᠡᠨ ᠬᠦᠦ ᠶᠢ ᠳᠠᠭᠠᠭᠤᠯᠵᠤ᠂ | ᠬᠠᠳᠠᠮ ᠤᠨ ᠪᠣᠷᠬᠠᠨ ᠳᠤ ᠵᠤᠯᠠ ᠶᠢᠨ ᠲᠣᠰᠤ ᠲᠠᠢ ᠢᠷᠡᠵᠦ᠂ ᠬᠦᠷᠭᠡᠨ ︽ᠪᠡᠶ᠎ᠡ ᠦᠵᠡᠭᠦᠯᠬᠦ︾᠂ ︽ᠬᠦᠷᠭᠡᠨ | ᠬᠡᠦᠬᠡᠨ ᠠᠯᠴᠢᠭᠤᠷ ᠪᠦᠯᠡᠵᠡᠭ ᠰᠣᠯᠢᠯᠴᠠᠵᠤ︾ ︽ᠬᠦᠷᠭᠡᠨ ᠬᠡᠦᠬᠡᠨ ᠤᠴᠠᠷᠠᠭᠤᠯᠬᠤ︾ ᠶᠤᠰᠣ ᠭᠠᠷᠤᠭᠰᠠᠨ ᠪᠠᠶᠢᠨ᠎ᠠ | ᠃ | | | ᠭᠤᠷᠪᠠ ᠰᠣᠮᠣᠨ ᠪᠡᠯᠭᠡᠲᠦ ᠶᠡᠭᠡ ᠠᠷᠢᠬᠢᠨ ᠬᠤᠷᠢᠮ | ᠤᠷᠤᠭ ᠪᠣᠯᠤᠯᠴᠠᠬᠤ ᠬᠤᠶᠠᠷ ᠲᠠᠯ᠎ᠠ ᠪᠠᠷ ᠢᠶᠠᠨ ᠵᠢᠩᠬᠢᠨᠢ ᠠᠮᠠ ᠲᠤᠭᠲᠠᠭᠰᠠᠨ ᠬᠤᠶᠢᠨ᠎ᠠ ᠵᠣᠬᠢᠰ ᠲᠠᠢ | ᠴᠠᠭ ᠲᠤ ᠬᠦᠷᠭᠡᠨ ᠤ ᠲᠠᠯ᠎ᠠ ᠠᠴᠠ ᠬᠡᠦᠬᠡᠨ ᠤ ᠭᠡᠷ ᠲᠤ ᠣᠴᠢᠵᠤ᠂ ︽ᠰᠣᠮᠣᠨ ᠪᠡᠯᠭᠡᠲᠦ ᠶᠡᠭᠡ ᠠᠷᠢᠬᠢᠨ ᠬᠤᠷᠢᠮ︾ | ᠢ ᠭᠦᠢᠴᠡᠳᠬᠡᠨ᠎ᠡ᠃ | ᠡᠨᠡ ᠬᠤᠷᠢᠮ ᠳᠤ ᠬᠦᠷᠭᠡᠨ ᠤ ᠲᠠᠯ᠎ᠠ ᠠᠴᠠ ᠭᠤᠤᠯ ᠮᠡᠳᠡᠬᠦ ᠠᠬᠠᠮᠠᠳ ᠬᠢᠭᠡᠳ ᠵᠠᠭᠤᠴᠢ᠂ ᠬᠡᠯᠡᠮᠦᠷᠴᠢ ᠵᠡᠷᠭᠡ | ᠲᠠᠪᠤ ᠠᠴᠠ ᠳᠣᠯᠤᠭᠠᠨ ᠬᠦᠮᠦᠨ ᠨᠢ ᠰᠣᠮᠣᠨ ᠪᠡᠯᠡᠭ ᠮᠣᠷᠢ ᠶᠢ ᠬᠦᠲᠦᠯᠵᠦ᠂ ᠠᠷᠢᠬᠢ᠂ ᠬᠠᠳᠠᠭ᠂ ᠪᠤᠤᠪᠤ ᠪᠤᠭᠤᠷᠰᠤᠭ | ᠵᠡᠷᠭᠡ ᠪᠡᠯᠡᠭ ᠰᠡᠯᠲᠡ ᠲᠠᠢ ᠣᠴᠢᠨ᠎ᠠ᠃ ᠬᠡᠦᠬᠡᠨ ᠤ ᠲᠠᠯ᠎ᠠ ᠠᠴᠠ ᠭᠤᠤᠯ ᠬᠠᠮᠢᠶᠠᠲᠠᠨ᠂ ᠣᠶᠢᠷ᠎ᠠ ᠲᠦᠷᠦᠯ᠂ ᠡᠴᠢᠬᠡ | ᠡᠬᠡ᠂ ᠠᠬ᠎ᠠ ᠪᠡᠷᠭᠡᠳ ᠣᠷᠤᠯᠴᠠᠨ᠎ᠠ᠃ | ᠬᠤᠷᠢᠮ ᠨᠠᠶᠢᠷ ᠬᠢᠵᠦ᠂ ᠠᠷᠢᠬᠢ ᠬᠠᠳᠠᠭ ᠪᠠᠷᠢᠬᠤ ᠳᠤ ᠬᠡᠯᠡᠮᠦᠷᠴᠢ ᠠᠴᠠ ᠬᠤᠨᠳᠠᠭᠠᠨ ᠢᠷᠦᠭᠡᠯ ᠬᠡᠯᠡᠬᠦ ᠢᠨᠤ᠄ | ᠤᠸ᠋ᠮ ᠰᠠᠶᠢᠨ ᠠᠮᠤᠭᠤᠯᠠᠩ ᠪᠣᠯᠲᠤᠭᠠᠢ | ᠡᠩᠬᠡ ᠰᠠᠶᠢᠨ ᠵᠢᠷᠭᠠᠯᠠᠩ ᠪᠤᠯᠲᠤᠭᠠᠢ | ᠬᠤᠷᠸ᠎ᠠ ᠶᠢ ᠭᠡᠶᠢᠭᠦᠯᠦᠭᠴᠢ ᠨᠠᠷᠠᠨ ᠮᠡᠲᠦ | ᠬᠠᠰ ᠤᠨ ᠲᠥᠷᠦ ᠶᠢᠨ ᠡᠮᠦᠨ᠎ᠡ ᠠᠴᠠ | ᠬᠠᠮᠤᠭ ᠢ ᠭᠡᠲᠦᠯᠭᠡᠭᠴᠢ ᠠᠪᠤᠷᠠᠯᠲᠤ ᠱᠠᠰᠢᠨ | ᠡᠩᠬᠡ ᠲᠥᠷᠦ ᠶᠢᠨ ᠲᠣᠪᠴᠢ ᠪᠣᠯᠵᠤ | ᠲᠦᠮᠡᠨ ᠳᠡᠭᠡᠨ ᠰᠦᠯᠳᠡ ᠪᠣᠯᠵᠤ ᠪᠠᠶᠢᠬᠤᠢ ᠳᠤᠷ | ᠬᠠᠪᠤᠲᠤ ᠬᠠᠰᠠᠷ ᠤᠨ ᠬᠤᠶᠢᠴᠢ ᠶᠢᠨ | ︵ ︶ ᠳ᠋ᠦ᠋ᠭᠡᠷ ᠦᠶ᠎ᠡ ᠶᠢᠨ | ᠬᠤᠲᠠᠯᠠ ᠠᠯᠳᠠᠷᠰᠢᠭᠰᠠᠨ ᠲᠡᠦᠬᠡᠲᠦ ᠠᠷᠤ ᠬᠤᠷᠴᠢᠨ ᠤ | ᠠᠷᠪᠠᠨ ᠰᠣᠮᠣ ᠨᠣᠲᠤᠭ ᠲᠤ | ︵ ︶ ᠭᠡᠷ ᠲᠤᠷ | ᠡᠯᠪᠡᠭ ᠶᠡᠭᠡ ᠪᠣᠶᠠᠨ ᠲᠠᠢ | ᠳᠡᠯᠭᠡᠷ ᠶᠡᠭᠡ ᠬᠡᠰᠢᠭ ᠲᠠᠢ | ᠡᠷᠳᠡᠨᠢ ᠶᠢᠨ ᠮᠡᠲᠦ ᠡᠪᠳᠡᠷᠡᠯ ᠦᠭᠡᠢ | ᠡᠯᠢᠭᠡ ᠪᠠᠷ ᠢᠶᠠᠨ ᠡᠩᠬᠡ ᠮᠡᠨᠳᠦ | ᠲᠦᠷᠦᠯ ᠢᠶᠠᠷ ᠢᠶᠠᠨ ᠳᠡᠭᠦᠰ ᠮᠡᠨᠳᠦ ᠪᠣᠯᠬᠤ ᠶᠢᠨ | ᠶᠡᠭᠡ ᠰᠣᠮᠣᠨ ᠪᠡᠯᠭᠡᠳᠦ ᠨᠠᠶᠢᠷ ᠪᠣᠯᠵᠤ | ᠪᠡᠯᠭᠡᠲᠦ ᠬᠤᠨᠳᠠᠭ᠎ᠠ ᠡᠷᠭᠦᠬᠦᠢ ᠳᠤᠷ | ᠴᠡᠩᠬᠡᠨ ᠵᠢᠷᠭᠠᠬᠤ ᠶᠢᠨ ᠪᠡᠯᠭᠡ ᠪᠠᠷ | ᠲᠦᠭᠡᠮᠡᠯ ᠶᠡᠭᠡ ᠰᠠᠷᠬᠤᠳ ᠤᠨ ᠳᠡᠭᠡᠵᠢ ᠶᠢ | ᠡᠷᠭᠦᠨ ᠠᠶᠢᠯᠠᠳᠬᠠᠵᠤ ᠪᠠᠶᠢᠨ᠎ᠠ | ᠭᠡᠬᠦ ᠮᠡᠲᠦ ᠪᠠᠷ ᠡᠬᠢᠯᠡᠵᠦ ᠢᠷᠦᠭᠡᠯ ᠲᠠᠯᠪᠢᠵᠤ᠂ ᠰᠣᠮᠣᠨ ᠪᠡᠯᠡᠭ ᠤᠨ ᠣᠴᠢᠷ ᠶᠣᠰᠣ ᠶᠢ ᠭᠦᠢᠴᠡᠳᠬᠡᠨ᠎ᠡ᠃ ᠠᠳᠡ᠂ | ᠬᠤᠷᠢᠮ ᠤᠨ ᠶᠠᠪᠤᠳᠠᠯ᠂ ᠬᠤᠷᠢᠮ ᠤᠨ ᠰᠠᠷ᠎ᠠ᠂ ᠡᠳᠦᠷ ᠤᠨ ᠲᠦᠯᠦᠪ᠂ ᠬᠡᠦᠬᠡᠨ ᠳᠤ ᠪᠡᠯᠡᠳᠬᠡᠬᠦ ᠲᠣᠯᠤᠭᠠᠢ ᠶᠢᠨ | ᠵᠠᠰᠠᠯ ᠡᠳ᠋ ᠲᠠᠸᠠᠷ᠂ ᠬᠤᠪᠴᠠᠰᠤ ᠬᠦᠷᠦᠩᠬᠡ ᠲᠡᠷᠢᠭᠦᠲᠡᠨ ᠢ ᠬᠡᠯᠡᠯᠴᠡᠵᠦ᠂ ᠮᠠᠯ ᠪᠡᠯᠡᠭ ᠥᠭᠬᠦ ᠡᠳᠦᠷ ᠢ ᠲᠤᠭᠲᠠᠨ᠎ᠠ᠃ | ᠦᠷ᠎ᠡ ᠬᠡᠦᠬᠡᠳ ᠤᠨ ᠢᠶᠠᠨ ᠦᠯᠵᠡᠢ ᠪᠡᠯᠭᠡ ᠶᠢ ᠪᠣᠳᠣᠵᠣ᠂ ᠬᠡᠦᠬᠡᠨ ᠤ ᠲᠠᠯ᠎ᠠ ᠨᠢ᠄ | ᠡᠵᠡᠨ ᠴᠢᠩᠬᠢᠰ ᠤᠨ ᠦᠶ᠎ᠡ ᠠᠴᠠ ᠲᠤᠭᠲᠠᠭᠰᠠᠨ | ᠶᠢᠰᠦ ᠶᠢᠰᠦ ᠶᠢᠨ ᠨᠠᠶᠠᠨ ᠨᠢᠭᠡ ᠶᠢᠨ ᠪᠡᠯᠡᠭ ᠲᠡᠷᠢᠭᠦᠯᠡᠨ | ᠬᠠᠪᠤᠲᠤ ᠬᠠᠰᠠᠷ ᠤᠨ ᠦᠶ᠎ᠡ ᠠᠴᠠ ᠵᠠᠩᠰᠢᠭᠰᠠᠨ | ᠬᠠᠯᠠᠭᠤᠨ ᠬᠤᠰᠢᠭᠤᠲᠤ ᠬᠤᠨᠢ ᠳᠠᠷᠠᠭᠠᠯᠠᠨ ᠁ | ᠡᠯᠪᠡᠭ ᠪᠣᠶᠠᠨ ᠤ ᠲᠤᠭ᠎ᠠ ᠭᠦᠢᠴᠡᠳ ᠠᠪᠤᠨ᠎ᠠ | ᠭᠡᠳᠡᠭ ᠪᠣᠯᠪᠠᠴᠣ ᠲᠡᠷᠡ ᠪᠦᠬᠦᠨ ᠢ ᠠᠪᠬᠤ ᠪᠢᠰᠢ᠂ ᠪᠠᠶᠢᠳᠠᠯ ᠢ ᠨᠢ ᠦᠵᠡᠵᠦ ︽ᠠᠳᠤᠭᠤᠨ ᠤ ᠠᠶᠠᠲᠠᠢ ᠠᠴᠠ᠂ | ᠦᠬᠡᠷ ᠤᠨ ᠦᠨ᠎ᠡ ᠲᠠᠢ ᠠᠴᠠ᠂ ᠬᠤᠨᠢ ᠶᠢᠨ ᠬᠤᠪᠢᠲᠠᠢ ᠠᠴᠠ︾ ᠭᠡᠵᠦ ᠲᠣᠭᠲᠠᠳᠠᠭ ᠪᠠᠶᠢᠨ᠎ᠠ᠃ ᠢᠩᠬᠢᠭᠡᠳ ︽ | ᠶᠢᠰᠦ ᠶᠢᠰᠦ ᠶᠢᠨ ᠪᠡᠯᠡᠭ ᠤᠨ ᠶᠣᠰᠣ︾᠂ ︽ᠶᠢᠰᠦ ᠲᠠᠪᠤ ᠶᠢᠨ ᠪᠡᠯᠡᠭ ᠤᠨ ᠶᠤᠰᠤ︾ ᠭᠡᠬᠦ ᠮᠡᠲᠦ ᠪᠠᠷ | ᠬᠡᠯᠡᠯᠴᠡᠭᠰᠡᠭᠡᠷ᠂ ᠬᠦᠷᠭᠡᠨ ᠤ ᠲᠠᠯ᠎ᠠ ᠨᠢ ︽ᠠᠮᠠᠯᠠᠭᠰᠠᠨ ᠳᠤᠨᠢ ᠠᠶᠠᠳᠠᠭᠤᠯᠵᠤ᠂ ᠬᠦᠰᠡᠭᠰᠡᠨ ᠳᠤᠨᠢ ᠬᠦᠷᠦᠭᠦᠯᠵᠦ | ᠴᠢᠳᠠᠬᠤᠶᠢᠴᠠ︾ ᠪᠡᠯᠡᠭ ᠰᠡᠯᠲᠡ ᠶᠢ ᠥᠭᠬᠦ ᠪᠠᠷ ᠪᠣᠯᠳᠠᠭ ᠪᠠᠶᠢᠨ᠎ᠠ᠃ ᠠᠪᠴᠤ ᠥᠭᠬᠦ ᠶᠢ ᠲᠤᠭᠲᠠᠬᠤ ᠶᠢᠨ ᠶᠤᠰᠤᠨ | ᠡᠶᠢᠮᠦ ᠪᠣᠯᠪᠠᠴᠣ᠂ ᠬᠡᠦᠬᠡᠨ ᠤ ᠲᠠᠯ᠎ᠠ ᠠᠴᠠ ᠬᠡᠦᠬᠡᠨ ᠳᠡᠭᠡᠨ ︽ᠦᠬᠢᠨ ᠤ ᠥᠮᠴᠢ︾ ᠭᠡᠵᠦ ᠢᠨᠵᠢ ᠮᠠᠯ ᠥᠭᠬᠦ᠂ | ᠪᠦᠷᠢᠨ ᠲᠥᠬᠦᠷ ᠮᠣᠩᠭᠤᠯ ᠭᠡᠷ ᠥᠭᠬᠦ᠂ ᠡᠳ᠋ᠯᠡᠯ ᠬᠡᠷᠡᠭᠰᠡᠯ ᠠᠪᠳᠠᠷ᠎ᠠ ᠬᠤᠷᠭᠤ ᠮᠦᠷᠭᠦᠯᠲᠡ ᠶᠢᠨ ᠡᠳ᠋ ᠪᠦᠷᠢᠨ | ᠳᠠᠭᠠᠭᠤᠯᠵᠣ ᠥᠭᠬᠦ ᠶᠤᠰᠤ ᠪᠤᠢ᠃ ᠡᠨᠡ ᠶᠤᠰᠤ ᠵᠢᠩᠬᠢᠨᠢ ᠬᠤᠷᠢᠮ ᠳᠤᠷ ᠶᠠᠪᠤᠭᠳᠠᠨ᠎ᠠ᠃ | ᠰᠣᠮᠣᠨ ᠪᠡᠯᠭᠡᠲᠦ ᠶᠡᠭᠡ ᠠᠷᠢᠬᠢᠨ ᠬᠤᠷᠢᠮ ᠶᠡᠭᠡ ᠲᠦᠯᠦᠪ ᠡᠶᠢᠮᠦ᠃ | | | ᠳᠥᠷᠪᠡ ᠳᠦᠭᠦᠷᠡᠩ ᠪᠡᠯᠡᠭ ᠬᠦᠷᠭᠡᠬᠦ ᠮᠠᠯ ᠤᠨ ᠬᠤᠷᠢᠮ | ᠮᠦᠨ ᠬᠦ ᠥᠭᠡᠳᠡ ᠰᠠᠷ᠎ᠠ ᠶᠢᠨ ᠦᠯᠵᠡᠶᠢᠲᠡᠢ ᠡᠳᠦᠷ᠂ ᠬᠦᠷᠭᠡᠨ ᠬᠦᠦ ᠶᠢᠨ ᠲᠠᠯ᠎ᠠ ᠶᠢᠨ ᠭᠡᠷ ᠲᠤ ᠠᠮᠠᠯᠠᠨ | ᠲᠤᠭᠲᠠᠭᠰᠠᠨ ᠰᠠᠭᠠᠯᠢ ᠪᠡᠯᠡᠭ ᠢ ᠥᠭᠬᠦ ᠬᠤᠷᠢᠮ ᠬᠢᠨ᠎ᠡ᠃ ᠡᠭᠦᠨ ᠢ ︽ᠮᠠᠯ ᠪᠡᠯᠡᠭ ᠤᠨ ᠬᠤᠷᠢᠮ︾ ᠭᠡᠵᠦ ᠪᠠᠰᠠ | ᠬᠡᠯᠡᠳᠡᠭ᠃ ᠡᠨᠡ ᠬᠦ ᠡᠳᠦᠷ ᠢ ᠪᠣᠯ ᠶᠡᠭᠡ ᠠᠷᠢᠬᠢᠨ ᠬᠤᠷᠢᠮ ᠳᠡᠭᠡᠷ᠎ᠡ ᠲᠣᠭᠲᠠᠴᠢᠬᠠᠭᠰᠠᠨ ᠪᠠᠶᠢᠳᠠᠭ᠃ ᠬᠡᠦᠬᠡᠨ ᠤ | ᠲᠠᠯ᠎ᠠ ᠠᠴᠠ ᠳᠥᠷᠪᠡ ᠠᠴᠠ ᠵᠢᠷᠭᠤᠭᠠᠨ ᠬᠦᠮᠦᠨ ᠬᠦᠷᠴᠦ ᠢᠷᠡᠨ᠎ᠡ᠃ ᠬᠡᠦᠬᠡᠨ ᠤ ᠲᠤᠯᠤᠭᠠᠢ ᠶᠢᠨ ᠡᠳ᠋ᠯᠡᠯ᠂ ᠡᠳ᠋ | ᠡᠷᠳᠡᠨᠢᠰ᠂ ︵ᠲᠠᠪᠤ᠂ ᠭᠤᠷᠪᠠᠨ︶ ᠬᠠᠳᠬᠤᠭᠤᠷ᠂ ᠦᠰᠦᠨ ᠲᠤᠯᠤᠭᠠᠰᠤ ᠲᠦᠩᠽᠢ᠂ ᠤᠨᠵᠢᠯᠠᠭ᠎ᠠ ᠰᠢᠪᠢᠭᠡ᠂ | ᠪᠤᠤᠲ᠋ᠤ᠂ ᠲᠠᠳᠠᠭᠤᠷ᠂ ᠰᠦᠢᠬᠡ᠂ ᠪᠠᠭᠤᠤ ᠪᠦᠯᠡᠵᠡᠭ᠂ ᠲᠣᠷᠭ᠎ᠠ ᠳᠣᠷᠳᠤᠩ ᠭᠠᠳᠠᠷ᠂ ᠬᠤᠷᠠᠭ᠎ᠠ ᠰᠠᠩᠰᠠ ᠶᠢᠨ | ᠳᠡᠪᠡᠯ᠂ ᠡᠩ ᠤᠨ ᠨᠠᠷᠢᠨ ᠦᠰᠦᠲᠡᠢ ᠳᠡᠪᠡᠯ ᠵᠡᠷᠭᠡ ᠳᠦᠷᠪᠡᠨ ᠴᠠᠭ ᠤᠨ ᠬᠤᠪᠴᠠᠯᠠᠭ᠎ᠠ ᠪᠠ ᠥᠭᠬᠦ ᠪᠡᠯᠡᠭ ᠤᠨ | ᠮᠠᠯ ᠤᠳ ᠢ ᠥᠭᠬᠦ ᠪᠣᠯᠤᠨ᠎ᠠ᠃ ᠮᠠᠯ ᠤᠳ ᠢ ᠪᠦᠷ ᠵᠡᠯ᠎ᠡ ᠲᠠᠲᠠᠵᠣ ᠤᠶᠠᠭᠰᠠᠨ ᠪᠠᠶᠢᠳᠠᠭ᠃ | ᠬᠦᠦ ᠶᠢᠨ ᠲᠠᠯ᠎ᠠ ᠶᠢᠨ ᠮᠠᠯ ᠤᠨ ᠬᠤᠷᠢᠮ ᠤᠨ ᠲᠦᠷᠦᠭᠦᠦ ᠨᠣᠶᠠᠨ ᠨᠢ ᠠᠷᠢᠬᠢ ᠬᠠᠳᠠᠭ ᠲᠠᠢ ᠪᠠᠨ ᠬᠡᠦᠬᠡᠨ ᠤ | ᠠᠪᠤ ᠡᠵᠢ ᠳᠤ ᠪᠠᠷᠢᠭᠠᠳ᠄ | ᠵᠠ︕ | ᠲᠣᠭᠲᠠᠭᠰᠠᠨ ᠢ ᠲᠤᠭ᠎ᠠ ᠪᠠᠷ ᠨᠢ | ᠬᠦᠰᠡᠭᠰᠡᠨ ᠢ ᠬᠥᠯ ᠢᠶᠠᠷ ᠨᠢ | ᠬᠦᠷᠭᠡᠵᠦ ᠢᠷᠡᠪᠡ ᠡᠨᠡ ᠡᠳᠦᠷ | ᠡᠷᠬᠢᠨ ᠬᠤᠳᠠ ᠡᠨᠡᠷᠢᠯᠲᠦ ᠬᠤᠳᠠᠭᠠᠢ | ᠲᠣᠭᠲᠠᠭᠠᠨ ᠠᠪᠳᠤᠭᠠᠢ | ᠭᠡᠵᠦ ᠬᠡᠯᠡᠭᠡᠳ ︽ᠰᠠᠭᠠᠯᠢ ᠪᠡᠯᠡᠭ ᠠᠪᠳᠠᠷ᠎ᠠ ᠳᠡᠭᠡᠷ᠎ᠡ᠂ ᠮᠠᠯ ᠪᠡᠯᠡᠭ ᠵᠡᠯ᠎ᠡ ᠳᠡᠭᠡᠷ᠎ᠡ︾ ᠭᠡᠵᠦ ᠲᠤᠰᠢᠶᠠᠨ᠎ᠠ᠃ | ᠪᠡᠯᠡᠭ ᠢ ᠲᠤᠰᠢᠶᠠᠵᠤ᠂ ᠮᠠᠯ ᠤᠨ ᠬᠤᠷᠢᠮ ᠡᠬᠢᠯᠡᠬᠦ ᠳᠤ ᠰᠠᠷᠬᠤᠳ ᠤᠨ ᠢᠷᠦᠭᠡᠯ ᠲᠠᠯᠪᠢᠬᠤ ᠶᠤᠰᠤᠨ ᠤ ᠦᠭᠡ᠄ | ︵ᠬᠦᠷᠭᠡᠨ ᠤ ᠲᠠᠯ᠎ᠠ ᠬᠡᠯᠡᠨ᠎ᠡ︶ | ᠡᠷᠲᠡ ᠲᠦᠷᠦᠯ ᠤᠨ ᠢᠷᠦᠭᠡᠯ ᠢᠶᠠᠷ | ᠡᠨᠡ ᠡᠳᠦᠷ ᠤᠨ ᠵᠣᠬᠢᠶᠠᠯ ᠢᠶᠠᠷ | ᠡᠷᠬᠢᠮ ᠤᠷᠤᠭ ᠪᠤᠯᠤᠯᠴᠠᠬᠤᠢ ᠳᠤᠷ | ᠡᠳ᠋ ᠡᠷᠳᠡᠨᠢᠰ ᠮᠠᠯ ᠪᠡᠯᠡᠭ ᠢ | ᠵᠠᠩ ᠵᠢᠷᠤᠮ ᠤᠨ ᠶᠤᠰᠤᠭᠠᠷ ᠲᠤᠰᠢᠶᠠᠵᠣ ᠪᠠᠶᠢᠨ᠎ᠠ᠃ | ᠡᠷᠲᠡ ᠮᠠᠬᠠᠰᠠᠮᠳᠢ ᠬᠠᠭᠠᠨ | ᠡᠷᠬᠡᠲᠦ ᠰᠤᠷᠤᠭᠼᠢᠨ ᠭᠤᠮᠪᠤ ᠲᠡᠷᠢᠭᠦᠲᠡᠨ | ᠡᠯᠳᠡᠪ ᠨᠣᠮᠲᠣ ᠰᠠᠶᠢᠨ ᠬᠠᠳ ᠤᠨ | ᠵᠢᠷᠤᠮ ᠶᠣᠰᠣ ᠬᠢᠭᠡᠳ | ᠡᠵᠡᠨ ᠴᠢᠩᠬᠢᠰ ᠡᠪᠦᠭᠡ ᠬᠠᠰᠠᠷ ᠤᠨ | ᠡᠳ᠋ ᠢ ᠶᠣᠰᠣᠨ ᠤ ᠲᠡᠳᠦᠢ | ᠪᠡᠯᠭᠡ ᠶᠢ ᠨᠠᠶᠢᠷ ᠤᠨ ᠲᠡᠷᠢᠭᠦᠨ ᠬᠡᠮᠡᠳᠡᠭ | ᠡᠨᠡ ᠦᠯᠢᠭᠡᠷ ᠢᠶᠠᠷ | ᠡᠩ ᠶᠡᠭᠡ ᠬᠠᠨ ᠠᠭᠤᠯᠠ ᠶᠢᠨ ᠡᠩᠭᠡᠷ | ᠡᠷᠭᠢᠨ ᠠᠷᠪᠠᠨ ᠰᠣᠮᠣ ᠭᠤᠷᠪᠠᠨ ᠭᠤᠤᠯ ᠳᠤᠷ | ᠡᠶᠢᠮᠦ ᠶᠣᠰᠣ ᠤᠯᠠᠮᠵᠢᠯᠠᠯ ᠲᠠᠢ ᠪᠣᠯᠬᠤᠷ | ᠡᠪᠡᠢ ᠬᠤᠩᠭᠤᠷ ᠬᠤᠶᠠᠷ ᠦᠷ᠎ᠡ ᠶᠢᠨ ᠢᠶᠠᠨ | ᠡᠶᠢᠨᠬᠦ ᠪᠠᠶᠠᠷ ᠲᠤᠷ | ᠡᠨᠡ ᠬᠤᠨᠳᠠᠭ᠎ᠠ ᠶᠢ ᠪᠢᠯᠭᠡᠭᠦᠯᠵᠦ ᠪᠠᠶᠢᠨ᠎ᠠ | ᠭᠡᠬᠦ ᠮᠡᠲᠦ ᠪᠠᠷ ᠰᠠᠶᠢᠨ ᠦᠭᠡ ᠶᠢ ᠬᠡᠯᠡᠵᠦ᠂ ᠨᠠᠶᠢᠷ ᠤᠨ ᠶᠤᠰᠤ ᠶᠢ ᠶᠠᠪᠤᠭᠤᠯᠤᠨ᠎ᠠ᠃ ᠲᠥᠷᠦ ᠶᠢᠨ ᠳᠠᠭᠤᠤ ᠶᠢ | ᠪᠠᠶᠢᠳᠠᠯ ᠳᠤ ᠵᠤᠬᠢᠴᠠᠭᠤᠯᠤᠨ ᠳᠠᠭᠤᠯᠠᠵᠤ ᠪᠣᠯᠤᠨ᠎ᠠ᠃ ᠪᠠᠰᠠ ᠳᠠᠷᠠᠭᠠᠴᠢ ᠶᠢ ᠭᠤᠤᠯ ᠬᠤᠷᠢᠮ ᠤᠨ ᠶᠠᠪᠣᠳᠠᠯ᠂ ᠡᠳᠦᠷ | ᠬᠤᠭᠤᠴᠠᠭ᠎ᠠ ᠶᠢ ᠶᠠᠷᠢᠯᠴᠠᠨ᠎ᠠ᠃ ᠡᠭᠦᠨ ᠳᠤ᠄ | ᠰᠠᠷ᠎ᠠ ᠣᠯᠠᠨ ᠪᠠᠶᠢᠪᠠᠴᠤ | ᠡᠳᠦᠷ ᠦᠯᠡᠮᠵᠢ ᠪᠠᠶᠢᠪᠠᠴᠤ | ᠦᠨᠡᠨ ᠨᠤᠮ ᠤᠨ ᠭᠤᠷᠪᠠᠨ ᠡᠷᠳᠡᠨᠢ ᠠᠴᠠ | ᠦᠯᠵᠡᠢ ᠲᠠᠢ ᠶᠢ ᠳᠠᠭᠠᠳᠬᠠᠨ ᠡᠷᠢᠳᠡᠭ ᠤᠴᠢᠷ ᠠᠴᠠ ᠭᠡᠵᠦ ᠬᠤᠶᠠᠷ ᠲᠠᠯ᠎ᠠ ᠪᠠᠷ ᠵᠦᠪᠳᠡᠯᠴᠡᠵᠦ᠂ | ᠬᠤᠷᠢᠮ ᠤᠨ ᠡᠳᠦᠷ ᠢ ᠰᠦᠮ᠎ᠡ ᠳᠠᠬᠢ ᠦᠵᠡᠯᠭᠡᠴᠢ ᠯᠠᠮᠠ ᠪᠠ ᠶᠤᠰᠤ ᠡᠷᠳᠡᠮ ᠲᠠᠢ ᠰᠤᠷᠲᠠᠯ ᠠᠷᠢᠭᠤᠨ ᠬᠠᠷ᠎ᠠ | ᠬᠦᠮᠦᠨ ᠢᠶᠠᠷ ᠦᠵᠡᠭᠦᠯᠵᠦ ᠲᠤᠭᠲᠠᠭᠠᠬᠤ ᠶᠢ ᠪᠤᠯᠵᠤᠨᠠ᠃ ᠬᠡᠦᠬᠡᠨ ᠬᠦᠷᠭᠡᠨ ᠤ ᠲᠠᠯ᠎ᠠ ᠰᠠᠷ᠎ᠠ᠂ ᠡᠳᠦᠷ᠂ ᠴᠠᠭ ᠢ | ᠬᠦᠷᠲᠡᠯ᠎ᠡ ᠪᠣᠳᠣᠵᠣ᠂ ᠵᠢᠷᠭᠤᠭᠠᠨ ᠵᠢᠷᠤᠬᠠᠢ᠂ ᠦᠯᠵᠡᠶᠢᠲᠦ ᠰᠢᠷ᠎ᠠ ᠵᠠᠮ ᠭᠡᠬᠦ ᠵᠡᠷᠭᠡ ᠬᠤᠷᠢᠮ ᠤᠨ ᠦᠵᠡᠯᠭᠡ | ᠰᠤᠳᠤᠷ ᠢ ᠦᠵᠡᠭᠦᠯᠦᠨ᠎ᠡ᠃ ᠡᠳᠡᠭᠡᠷ ᠢ ᠬᠦᠷᠭᠡᠨ ᠤ ᠲᠠᠯ᠎ᠠ ᠬᠠᠷᠢᠭᠤᠴᠠᠵᠤ ᠳᠤᠭᠲᠠᠭᠰᠠᠨ ᠡᠳᠦᠷ ᠰᠠᠷ᠎ᠠ ᠶᠢᠨ | ᠪᠢᠴᠢᠭ ᠢ ᠬᠡᠦᠬᠡᠨ ᠤ ᠲᠠᠯ᠎ᠠ ᠳᠤ ᠢᠯᠡᠭᠡᠨ᠎ᠡ᠃ | ᠳᠦᠭᠦᠷᠡᠩ ᠪᠡᠯᠡᠭ ᠬᠦᠷᠭᠡᠬᠦ ᠮᠠᠯ ᠤᠨ ᠬᠤᠷᠢᠮ ᠶᠡᠭᠡ ᠲᠥᠯᠦᠪ ᠡᠶᠢᠮᠦ᠃ | ︵ᠬᠤᠷᠢᠮ ᠤᠨ ᠭᠤᠣᠯ ᠶᠣᠰᠣᠨ ᠳᠤ ᠳᠠᠭᠠᠯᠳᠤᠭᠤᠯᠵᠤ ︽ᠬᠡᠦᠬᠡᠨ ᠴᠠᠶᠢᠯᠠᠬᠤ ᠵᠠᠩᠰᠢᠯ︾ ᠢ ᠲᠡᠮᠳᠡᠭᠯᠡᠵᠦ | ᠦᠯᠡᠳᠡᠭᠡᠬᠦ ᠤᠴᠢᠷ ᠪᠠᠶᠢᠨ᠎ᠠ᠃ ᠬᠤᠷᠢᠮ ᠤᠨ ᠡᠳᠦᠷ ᠭᠠᠷᠤᠭᠰᠠᠨ ᠤ ᠬᠤᠶᠢᠨ᠎ᠠ᠂ ᠬᠡᠦᠬᠡᠨ ᠤ ᠣᠶᠢᠷ᠎ᠠ ᠲᠦᠷᠦᠯ ᠭᠡᠷ | ᠠᠶᠢᠮᠠᠭ ᠤᠳ ᠨᠢ ᠬᠡᠦᠬᠡᠨ ᠢᠶᠠᠨ ᠴᠠᠶᠢᠯᠠᠮᠤᠢ ᠭᠡᠵᠦ ᠬᠤᠨᠤᠭ ᠢᠶᠠᠷ ᠵᠠᠯᠠᠵᠤ᠂ ᠬᠤᠪᠴᠠᠰᠤ ᠬᠤᠨᠠᠷ ᠬᠢᠵᠦ ᠥᠭᠬᠦ ᠪᠠ | ᠦᠶ᠎ᠡ ᠶᠢᠨ ᠡᠭᠡᠴᠢ ᠳᠡᠭᠦᠦ ᠨᠠᠷ ᠲᠠᠢ ᠨᠢ ᠨᠠᠭᠠᠳᠤᠭᠤᠯᠵᠤ ᠬᠦᠬᠡᠷᠦᠭᠦᠯᠦᠨᠡ᠃ ᠡᠮᠡᠭᠡᠳ ᠬᠥᠭᠰᠢᠳ ᠠᠴᠠ ᠬᠠᠷᠢ ᠳᠤ | ᠥᠭᠬᠦ ᠪᠠᠷ ᠲᠣᠭᠲᠠᠭᠰᠠᠨ ᠬᠡᠦᠬᠡᠨ ᠤ ᠰᠡᠳᠬᠢᠯ ᠢ ᠲᠠᠶᠢᠳᠬᠤᠷᠠᠭᠤᠯᠵᠤ᠂ ᠡᠷᠲᠡ ᠣᠷᠢᠳᠣ ᠠᠴᠠ ᠲᠣᠭᠲᠠᠭᠰᠠᠨ ᠵᠠᠩ | ᠵᠢᠷᠤᠮ ᠢ ᠬᠡᠯᠡᠵᠦ ᠥᠭᠬᠦ ᠣᠴᠢᠷ ᠪᠠᠶᠢᠨ᠎ᠠ᠃ ︵ᠣ · ᠪᠣᠶ᠋ᠬᠠᠦ᠋ᠯᠵᠡᠢ ᠡᠮᠬᠢᠳᠬᠡᠪᠡ︶ | | |