ᠲᠠᠪᠤ ᠲᠥᠷᠦ ᠶᠣᠰᠣᠨ ᠤ ᠶᠡᠭᠡ ᠬᠤᠷᠢᠮ | ᠲᠥᠷᠦ ᠶᠣᠰᠣᠨ ᠤ ᠶᠡᠭᠡ ᠬᠤᠷᠢᠮ ᠢ ᠪᠠᠰᠠ ︽ᠲᠥᠪᠰᠢᠨ ᠪᠡᠯᠭᠡᠲᠦ ᠬᠤᠷᠢᠮ︾ ᠭᠡᠵᠦ ᠬᠡᠯᠡᠳᠡᠭ᠃ | ᠬᠤᠷᠢᠮ ᠤᠨ ᠡᠳᠦᠷ ᠢ ᠠᠯᠢ ᠡᠷᠲᠡ ᠦᠵᠡᠯᠭᠡ ᠲᠥᠯᠭᠡᠴᠢ ᠪᠠᠷ ᠦᠵᠡᠭᠦᠯᠵᠦ ᠬᠡᠦᠬᠡᠨ ᠤ ᠲᠠᠯ᠎ᠠ ᠳᠤ ᠮᠡᠳᠡᠭᠳᠡᠴᠢᠬᠡᠭᠰᠡᠨ | ᠪᠠᠶᠢᠳᠠᠭ᠃ ᠬᠡᠦᠬᠡᠨ ᠬᠢᠭᠡᠳ ᠬᠦᠷᠭᠡᠨ ᠤ ᠲᠤᠰ ᠲᠤᠰ ᠤᠨ ᠮᠣᠷᠳᠠᠬᠤ ᠴᠠᠭ᠂ ᠵᠦᠭ᠂ ᠤᠨᠤᠬᠤ ᠮᠣᠷᠢ᠂ ᠮᠣᠷᠢ | ᠬᠦᠲᠦᠯᠬᠦ ᠬᠦᠮᠦᠨ ᠤ ᠵᠢᠯ ᠢᠪᠡᠭᠡᠯ ᠵᠡᠷᠭᠡ ᠶᠢ ᠪᠦᠷ ᠲᠤᠭᠲᠠᠴᠢᠬᠠᠭᠰᠠᠨ ᠪᠠᠶᠢᠳᠠᠭ᠃ | ᠶᠡᠭᠡ ᠬᠤᠷᠢᠮ ᠤᠨ ᠶᠠᠪᠤᠴᠠ ᠨᠢ ᠬᠦᠷᠭᠡᠨ ᠰᠠᠭᠠᠳᠠᠭ ᠮᠣᠷᠳᠠᠵᠤ ᠬᠡᠦᠬᠡᠨ ᠢᠶᠠᠨ ᠮᠣᠷᠳᠠᠭᠤᠯᠵᠤ ᠠᠪᠴᠢᠷᠠᠬᠤ᠂ | ᠬᠡᠦᠬᠡᠨ ᠤ ᠲᠠᠯ᠎ᠠ ᠠᠴᠠ ᠬᠡᠦᠬᠡᠨ ᠢᠶᠠᠨ ᠬᠦᠷᠭᠡᠵᠦ ᠣᠴᠢᠬᠤ ︽ᠨᠢᠭᠡ ᠲᠦᠷᠥ ᠬᠤᠶᠠᠷ ᠬᠠᠷᠢ︾ ᠭᠡᠭᠴᠢ ᠶᠢᠨ | ᠬᠠᠷᠢᠴᠠᠭ᠎ᠠ ᠬᠤᠷᠢᠮ ᠪᠣᠯᠣᠨ᠎ᠠ᠃ ᠡᠭᠦᠨ ᠢ ᠠᠷᠪᠠᠨ ᠰᠣᠮᠣ ᠨᠣᠲᠤᠭ ᠲᠤ ᠪᠣᠯ ︽ᠲᠤᠭᠤᠨᠤ ᠲᠠᠢ ᠭᠡᠷ ᠲᠤ ᠲᠤᠯᠤᠭᠠᠢ | ᠬᠤᠯᠪᠤᠭᠤᠯᠵᠤ᠂ ᠲᠣᠭᠤᠭ᠎ᠠ ᠲᠠᠢ ᠱᠥᠯᠦ ᠳᠤ ᠬᠤᠰᠢᠭᠤ ᠬᠤᠯᠪᠤᠭᠰᠠᠨ︾ ᠲᠦᠪᠰᠢᠨ ᠨᠠᠶᠢᠷ ᠤᠨ ᠶᠡᠭᠡ ᠬᠤᠷᠢᠮ | ᠭᠡᠵᠦ ᠰᠢᠯᠦᠭᠯᠡᠳᠡᠭ ᠪᠠᠶᠢᠨ᠎ᠠ᠃ ︽ᠬᠤᠷᠢᠮ ᠲᠥᠷᠦ ᠶᠢᠨ ᠠᠷᠪᠠᠨ ᠨᠠᠢᠮᠠᠨ ᠬᠠᠳᠠ︾ ᠬᠡᠮᠡᠬᠦ ᠪᠢᠴᠢᠭ ᠤᠨ ᠡᠬᠢᠨ ᠳᠤ | ᠡᠭᠦᠨ ᠢ ︽ᠬᠡᠢ ᠠᠭᠠᠷ ᠡᠭᠦᠰᠴᠦ᠂ ᠬᠥᠷᠦᠰᠦ ᠰᠢᠷᠤᠢ ᠪᠦᠷᠢᠯᠳᠦᠵᠦ᠂ ᠬᠥᠪᠴᠢ ᠶᠢᠨ ᠳᠡᠯᠡᠬᠡᠢ ᠲᠣᠭᠲᠠᠵᠤ᠂ ᠰᠠᠷ᠎ᠠ | ᠨᠠᠷᠠᠨ ᠭᠡᠷᠡᠯᠳᠦᠵᠦ᠂ ᠽᠠᠮᠪᠤᠲᠢᠪ ᠨᠡᠷᠡᠶᠢᠳᠦᠭᠳᠡᠵᠦ᠂ ᠰᠠᠪᠠ ᠰᠢᠮ᠎ᠡ ᠶᠢᠨ ᠬᠦᠴᠦᠨ ᠪᠠᠷ ᠬᠦᠮᠦᠨ ᠬᠠᠷ᠎ᠠ ᠲᠡᠷᠢᠭᠦᠲᠡᠨ | ᠡᠭᠦᠰᠴᠦ᠂ ᠰᠠᠶᠢᠨ ᠤ ᠦᠷ᠎ᠡ ᠶᠢ ᠣᠯᠭᠤᠬᠤ ᠶᠢᠨ ᠲᠤᠯᠠᠳᠠ ᠱᠠᠭᠱᠠᠪᠠᠳ ᠪᠣᠷᠬᠠᠨ ᠪᠠᠭᠰᠢ ᠰᠠᠮᠠᠭ᠎ᠠ ᠯᠢᠩᠬᠸ᠎ᠠ ᠶᠢᠨ | ᠲᠠᠪᠴᠠᠩ ᠳᠤᠷ ᠮᠡᠨᠳᠦᠯᠡᠵᠦ ᠱᠠᠰᠲᠢᠷ ᠲᠡᠦᠬᠡ ᠶᠢᠨ ᠬᠠᠭᠤᠳᠠᠰᠣᠨ ᠳᠤ ᠲᠥᠮᠡ ᠨᠢᠭᠡ ᠮᠢᠩᠭ᠎ᠠ ᠭᠤᠷᠪᠠᠨ ᠵᠠᠭᠤᠨ | ᠨᠠᠶᠠᠨ ᠣᠨ ᠢᠶᠠᠷ ᠲᠡᠮᠳᠡᠭᠯᠡᠪᠡᠢ ︵ᠡᠨᠡ ᠢᠨᠤ ᠳᠤᠮᠤᠭ ᠲᠤᠤᠯᠢᠰ ᠠᠴᠠ ᠦᠨᠳᠦᠰᠦᠯᠡᠭᠰᠡᠨ ᠪᠠᠶᠢᠵᠤ ᠮᠡᠳᠡᠨ᠎ᠡ᠃ | ᠡᠰᠡᠪᠡᠯᠡ ᠬᠦᠮᠦᠨ ᠠᠮᠢᠲᠠᠨ ᠡᠭᠦᠰᠦᠭᠰᠡᠨ ᠰᠢᠨ᠎ᠡ ᠠᠮᠢᠳᠤᠷᠠᠯ ᠤᠨ ᠭᠠᠯᠪᠠ ᠶᠢᠨ ᠰᠡᠭᠦᠯᠴᠢ ᠶᠢ ᠬᠡᠯᠡᠭᠰᠡᠨ ᠮᠠᠭᠠᠳ— | ᠨᠠᠶᠢᠷᠠᠭᠤᠯᠤᠭᠴᠢ︶ ᠠᠷᠭ᠎ᠠ ᠪᠢᠯᠢᠭ ᠤᠨ ᠡᠬᠢᠯᠡᠭᠰᠡᠨ᠂ ᠠᠰᠣᠷᠣ ᠡᠨᠡ ᠴᠠᠭ ᠠᠴᠠ ᠠᠴᠢᠷ ᠦᠷ᠎ᠡ ᠳᠡᠯᠭᠡᠷᠡᠵᠦ᠂ | ᠠᠶᠢᠮᠠᠭ ᠲᠥᠷᠦᠯ ᠢᠯᠭᠠᠷᠠᠵᠣ ︵ᠢᠯᠡᠷᠡᠵᠦ) ᠁ ᠦᠷ᠎ᠡ ᠬᠡᠦᠬᠡᠳ ᠢᠶᠠᠨ ᠬᠤᠷᠢᠮᠯᠠᠵᠤ᠂ ᠡᠭᠦᠳᠡ ᠡᠷᠦᠭᠡ | ᠵᠠᠯᠭᠠᠬᠤ ᠨᠢᠭᠡ ᠲᠥᠷᠦ ᠬᠤᠶᠠᠷ ᠬᠠᠷᠢ ᠶᠢᠨ ᠨᠡᠶᠢᠭᠡᠮ ᠤᠨ ᠶᠤᠰᠣ ᠬᠦᠭᠵᠢᠨ ᠢᠷᠡᠭᠰᠡᠭᠡᠷ ᠁ ᠠᠯᠲᠠᠨ | ᠲᠥᠷᠦ ᠶᠢᠨ ᠡᠵᠡᠨ᠂ ᠠᠷᠪᠠᠨ ᠨᠠᠢᠮᠠᠨ ᠬᠠᠳ ᠤᠨ ᠶᠣᠰᠣ ᠶᠢ ᠲᠣᠭᠲᠠᠭᠠᠵᠣ᠂ ᠬᠤᠷᠢᠮ ᠨᠠᠶᠢᠷ ᠤᠨ ᠳᠥᠷᠢᠮ ᠬᠡᠮᠡᠵᠦ | ᠬᠡᠷᠡᠭᠵᠢᠭᠦᠯᠦᠨ ᠲᠣᠭᠲᠠᠭᠠᠭᠰᠠᠨ ᠪᠢᠯᠡ︾ ᠭᠡᠵᠦ ᠡᠬᠢᠯᠡᠭᠰᠡᠨ ᠪᠠᠶᠢᠨ᠎ᠠ᠃ | ᠬᠡᠦᠬᠡᠨ᠂ ᠬᠦᠷᠭᠡᠨ ᠮᠣᠷᠳᠠᠭᠤᠯᠬᠤ ᠶᠢᠨ ᠲᠦᠷᠦᠭᠦᠦ ᠡᠳᠦᠷ ᠨᠢ ᠬᠤᠶᠠᠷ ᠲᠠᠯ᠎ᠠ ᠨᠢ ᠲᠤᠰ ᠲᠤᠰ ᠲᠠᠭᠠᠨ | ᠬᠤᠪᠢ ᠬᠤᠪᠢ ᠶᠢᠨ ᠬᠠᠮᠢᠶᠠᠳᠠᠨ ᠰᠠᠳᠤᠨ᠂ ᠲᠥᠷᠦᠯ ᠭᠡᠷ ᠣᠶᠢᠷ᠎ᠠ ᠰᠠᠳᠣᠨ᠂ ᠬᠠᠷᠢᠴᠠᠭ᠎ᠠ ᠶᠠᠪᠤᠯᠴᠠᠭ᠎ᠠ ᠲᠠᠢ | ᠠᠶᠢᠯ ᠳᠠᠭᠠᠨ ᠬᠤᠷᠢᠮ ᠤᠨ ᠤᠷᠢᠯᠭ᠎ᠠ ᠬᠦᠷᠭᠡᠵᠦ ᠡᠭᠦᠨ ᠢᠶᠠᠨ ︽ᠬᠤᠷᠢᠮ ᠳᠤ ᠵᠠᠯᠠᠮᠣᠢ︾ ᠭᠡᠳᠡᠭ᠃ ᠮᠦᠨ | ᠡᠳᠦᠷ ᠤᠨ ᠰᠦᠨᠢ ᠨᠢ ᠤᠷᠢᠵᠤ ᠵᠠᠯᠠᠭᠰᠠᠨ ᠬᠦᠮᠦᠰ ᠲᠠᠢ ᠬᠡᠦᠬᠡᠨ ᠤ ᠲᠠᠯ᠎ᠠ ᠨᠢ ︽ᠰᠦᠨᠢ ᠶᠢᠨ ᠰᠠᠭᠤᠳᠠᠯ︾ ᠭᠡᠬᠦ | ᠬᠤᠷᠢᠮ ᠲᠠᠯᠪᠢᠨ᠎ᠠ᠃ ᠬᠦᠷᠭᠡᠨ ᠤ ᠲᠠᠯ᠎ᠠ ᠨᠢ ᠪᠠᠰᠠ ᠰᠦᠨᠢ ᠶᠢᠨ ᠬᠤᠷᠢᠮ ᠬᠢᠨ᠎ᠡ᠃ ᠤᠷᠢᠭᠳᠠᠵᠤ ᠢᠷᠡᠭᠰᠡᠨ ᠬᠦᠮᠦᠰ | ᠭᠡᠷ ᠭᠡᠷ ᠢᠶᠠᠨ ᠲᠦᠯᠦᠭᠡᠯᠡᠵᠦ ᠬᠠᠷᠢᠭᠤ ᠲᠠᠯ᠎ᠠ ᠪᠠᠨ ᠭᠦᠢᠴᠡᠳᠬᠡᠵᠦ ︽ᠬᠤᠷᠢᠮ ᠤᠨ ᠨᠡᠮᠡᠷᠢ︾ ᠪᠡᠯᠡᠭ ᠲᠠᠢ ᠢᠷᠡᠵᠦ | ᠭᠡᠷ ᠤᠨ ᠡᠵᠡᠨ ᠳᠤ ᠪᠠᠷᠢᠨ᠎ᠠ᠃ ᠪᠠᠰᠠ ᠲᠤᠰᠬᠠᠶᠢᠯᠠᠨ ᠬᠡᠦᠬᠡᠨ ᠳᠤᠨᠢ ᠲᠤᠰᠬᠠᠢ ᠪᠡᠯᠡᠭ ᠲᠠᠢ ᠢᠷᠡᠬᠦ᠂ ᠬᠦᠦ ᠳᠤᠨᠢ | ᠲᠤᠰᠬᠠᠢ ᠳᠤᠷᠠᠰᠬᠠᠯ ᠲᠠᠢ ᠢᠷᠡᠬᠦ ᠴᠣ᠋ ᠪᠣᠢ᠃ ᠡᠨᠡ ᠪᠣᠯ ᠳᠤᠷ᠎ᠠ ᠪᠠᠷ ᠢᠶᠠᠨ ᠤᠤᠭᠤᠬᠤ ᠳᠣᠲᠤᠷ᠎ᠠ ᠶᠢᠨ ᠬᠤᠷᠢᠮ | ᠪᠤᠯᠤᠨ᠎ᠠ᠃ | ᠰᠦᠨᠢ ᠶᠢᠨ ᠰᠠᠭᠤᠳᠠᠯ ᠤᠨ ᠬᠤᠷᠢᠮ ᠡᠬᠢᠯᠡᠬᠦ ᠳᠤ ᠭᠤᠤᠯ ᠰᠢᠷᠡᠭᠡᠨ ᠳᠡᠭᠡᠷ᠎ᠡ ︽ᠰᠦᠩ ᠵᠠᠰᠠᠬᠤ︾ ᠶᠣᠰᠣᠨ | ᠪᠣᠢ᠃ ᠬᠤᠣᠰ ᠲᠣᠮᠣ ᠬᠤᠨᠳᠠᠭ᠎ᠠ ᠳᠤ ᠪᠡᠯᠭᠡᠲᠦ ᠰᠠᠷᠬᠤᠳ ᠪᠢᠯᠭᠡᠭᠦᠯᠵᠦ᠂ ᠳᠠᠪᠢᠰᠭᠡᠷ ᠬᠠᠳᠠᠭ ᠢ ᠰᠢᠷᠡᠭᠡᠨ | ᠭᠤᠤᠯ ᠳᠤ ᠲᠠᠯᠪᠢᠵᠤ ᠳᠡᠭᠡᠷ᠎ᠡ ᠨᠢ ᠰᠦᠩ ᠤᠨ ᠬᠤᠶᠠᠷ ᠬᠤᠨᠳᠠᠭ᠎ᠠ ᠶᠢ ᠲᠠᠯᠪᠢᠵᠤ ᠪᠣᠰᠣᠳ ᠬᠤᠨᠳᠠᠭ᠎ᠠ ᠪᠠᠨ | ᠲᠤᠭᠤᠷᠢᠭᠤᠯᠤᠨ ᠵᠠᠰᠠᠵᠤ ᠰᠦᠩᠨᠡᠭᠡᠳ ᠵᠣᠴᠢᠳ ᠲᠤ ᠡᠷᠭᠦᠵᠦ᠂ ᠭᠤᠤᠯ ᠰᠦᠩ ᠢ ᠶᠡᠭᠡ ᠬᠤᠷᠢᠮ ᠳᠡᠭᠦᠰᠲᠡᠯᠡ ᠶᠡᠷᠦ | ᠬᠦᠳᠡᠯᠭᠡᠬᠦ ᠦᠭᠡᠢ ᠪᠠᠶᠢᠳᠠᠭ᠃ ︽ᠰᠦᠨᠢ ᠶᠢᠨ ᠰᠠᠭᠤᠳᠠᠯ︾ ᠤᠨ ᠬᠤᠷᠢᠮ ᠨᠢ ᠵᠣᠴᠢᠳ ᠴᠠᠶᠢᠯᠠᠵᠤ ᠪᠠᠷᠠᠭᠰᠠᠨ ᠤ | ᠳᠠᠷᠠᠭ᠎ᠠ ᠣᠷᠢᠭᠳᠠᠭᠰᠠᠨ ᠬᠦᠮᠦᠰ ᠢᠷᠡᠵᠦ ᠭᠦᠢᠴᠡᠭᠰᠡᠨ ᠤ ᠬᠤᠶᠢᠨ᠎ᠠ ᠨᠠᠷᠠ ᠰᠢᠩᠭᠡᠬᠦ ᠶᠢᠨ ᠠᠶᠠᠰ ᠢᠶᠠᠷ ᠠᠷᠢᠬᠢ | ᠰᠦᠩᠨᠡᠵᠦ᠂ ᠢᠷᠡᠭᠰᠡᠨ ᠵᠣᠴᠢᠳ ᠨᠢ ᠰᠠᠭᠤᠬᠤ ᠶᠣᠰᠤᠲᠠᠢ ᠰᠠᠭᠤᠳᠠᠯ ᠳᠠᠭᠠᠨ ᠳᠡᠰ ᠳᠠᠷᠠᠭ᠎ᠠ ᠲᠠᠢ ᠶᠣᠰᠤ ᠵᠢᠷᠦᠮ | ᠲᠠᠢ ᠰᠠᠭᠤᠵᠠᠭᠠᠨ᠎ᠠ᠃ ᠪᠣᠷᠵᠢᠨ ᠣᠪᠤᠭᠲᠠᠨ ︵ᠲᠠᠶᠢᠵᠢ︶ ᠭᠤᠣᠯ ᠳᠤ ᠰᠠᠭᠤᠬᠤ ᠶᠣᠰᠣ ᠪᠣᠢ᠃ ᠡᠮᠡᠭᠲᠡᠢ | ᠵᠣᠴᠢᠳ ᠢ ᠲᠤᠰᠬᠠᠢ ᠭᠡᠷ ᠲᠤ ᠬᠤᠷᠢᠮ ᠵᠠᠰᠠᠬᠤ ᠴᠣ᠋ ᠪᠣᠢ᠃ ᠬᠡᠷᠪᠡ ᠨᠢᠭᠡ ᠯᠡ ᠭᠡᠷ ᠲᠤ ᠰᠠᠭᠤᠯᠴᠠᠪᠠᠯ | ᠡᠷᠡᠭᠲᠡᠶᠢᠴᠣᠣᠯ ᠨᠢ ᠬᠤᠶᠢᠮᠤᠷ ᠠᠴᠠ ᠪᠠᠷᠠᠭᠤᠨ ᠲᠡᠰᠢ ᠡᠮᠡᠭᠲᠡᠶᠢᠴᠣᠣᠯ ᠨᠢ ᠬᠤᠶᠢᠮᠤᠷ ᠠᠴᠠ ᠵᠡᠭᠦᠨ ᠲᠡᠰᠢ | ᠰᠠᠭᠤᠯᠴᠠᠨ᠎ᠠ᠃ ᠡᠨᠡ ᠶᠣᠰᠣ ᠨᠢ ᠪᠦᠬᠦᠶᠢᠯᠡ ᠬᠤᠷᠢᠮ ᠳᠤ ᠶᠠᠪᠤᠭᠳᠠᠨ᠎ᠠ᠃ | ᠰᠦᠨᠢ ᠶᠢᠨ ᠰᠠᠭᠤᠳᠠᠯ ᠨᠢ ᠠᠷᠢᠬᠢ ᠬᠡᠮᠨᠡᠵᠦ ᠰᠦᠩᠴᠢ ᠨᠠᠷ ᠠᠷᠢᠬᠢ ᠪᠠᠷᠢᠵᠤ ᠬᠡᠳᠦ ᠡᠷᠭᠢᠭᠰᠡᠨ ᠤ ᠬᠤᠶᠢᠨ᠎ᠠ | ᠂ ᠬᠤᠷᠢᠮ ᠤᠨ ᠲᠦᠷᠦᠬᠦᠦ ᠶᠢᠨ ᠤᠷᠢᠯᠭ᠎ᠠ ᠪᠠᠷ ᠳᠠᠭᠤᠴᠢ ᠨᠠᠷ ︽ᠲᠥᠷᠦ ᠶᠢᠨ ᠳᠠᠭᠤᠤ︾ ᠳᠠᠭᠤᠯᠠᠨ᠎ᠠ᠃ | ᠣᠯᠠᠨ ᠢᠶᠠᠷ ᠢᠶᠠᠨ ᠳᠥᠷᠢᠯᠭᠡ ᠳᠠᠭᠤᠯᠠᠨ᠎ᠠ᠃ ᠳᠠᠭᠤᠴᠢ ᠳᠤ ᠬᠤᠷᠢᠮ ᠤᠨ ᠲᠦᠷᠦᠭᠦᠦ ᠨᠢ ᠳᠠᠭᠤᠤ ᠶᠢᠨ ᠱᠠᠩᠨᠠᠯ ᠳᠤ | ᠬᠠᠳᠠᠭ ᠱᠠᠩᠨᠠᠨ᠎ᠠ᠃ ᠡᠨᠡ ᠶᠣᠰᠣ ᠬᠤᠷᠢᠮ ᠪᠦᠬᠦᠨ ᠳᠤ ᠠᠳᠠᠯᠢ ᠪᠣᠢ᠃ ᠠᠷᠢᠬᠢᠨ ᠰᠦᠩᠴᠢ ᠨᠠᠷ ᠬᠤᠨᠳᠠᠭ᠎ᠠ | ᠪᠠᠷᠢᠭᠠᠳ ᠮᠦᠷᠭᠦᠭᠦ ᠦᠶ᠎ᠡ ᠳᠤ ᠬᠤᠷᠢᠮ ᠤᠨ ᠲᠦᠷᠦᠬᠦᠦ ᠪᠣᠶᠣ ᠬᠡᠯᠡᠮᠦᠷᠴᠢ ᠠᠴᠠ ᠶᠣᠰᠣᠨ ᠤ ᠢᠷᠦᠭᠡᠯ ᠲᠠᠯᠪᠢᠨ᠎ᠠ᠃ | ᠢᠷᠦᠭᠡᠯ ᠨᠢ ᠣᠯᠠᠨ ᠵᠦᠢᠯ ᠤᠨ ᠪᠣᠢ᠃ ᠭᠤᠤᠯᠳᠠᠭᠤ ᠬᠡᠰᠢᠭ ᠬᠤᠳᠤᠭ᠂ ᠦᠯᠵᠡᠢ ᠬᠡᠶᠢᠮᠦᠷᠢ᠂ ᠪᠠᠶᠠᠨ ᠲᠠᠷᠭᠤᠨ ᠢ | ᠪᠡᠯᠭᠡᠳᠡᠬᠦ ᠪᠤᠯᠤᠨ᠎ᠠ᠃ ᠠᠳᠡ ᠨᠡᠶᠢᠲᠡ ᠮᠣᠩᠭᠤᠯ ᠤᠨ ᠢᠷᠦᠭᠡᠯ ᠠᠴᠠ ᠡᠰᠢ ᠲᠠᠳᠠᠪᠠᠰᠤ᠄ | ᠬᠤᠨᠳᠠᠨ ᠴᠠᠭᠠᠨ ᠬᠤᠨᠢ ᠪᠠᠷ | ᠬᠤᠲᠠ ᠪᠠᠨ ᠳᠦᠭᠦᠷᠭᠡᠵᠦ | ᠬᠤᠯᠠ ᠪᠠᠷᠠᠭᠠᠠ ᠠᠳᠤᠭᠤ ᠪᠠᠷ | ᠲᠠᠯ᠎ᠠ ᠪᠠᠨ ᠳᠦᠭᠦᠷᠭᠡᠵᠦ | ᠬᠡᠢ ᠰᠢᠷ᠎ᠠ ᠦᠭᠡᠢ ᠴᠡᠭᠡᠵᠢ ᠲᠤᠩᠭᠠᠯᠠᠭ | ᠬᠡᠯᠡ ᠠᠮᠠ ᠦᠭᠡᠢ ᠰᠡᠳᠬᠢᠯ ᠲᠤᠩᠭᠠᠯᠠᠭ | ᠬᠢᠪᠡᠰᠦ ᠦᠢᠯᠡ ᠴᠢᠨᠢ ᠪᠦᠲᠦᠭᠡᠳ | ᠶᠠᠪᠤᠪᠠᠰᠣ ᠶᠠᠪᠤᠳᠠᠯ ᠴᠢᠨᠢ ᠡᠰᠡᠷᠡᠭ ᠪᠤᠯᠵᠤ | ᠦᠷ᠎ᠡ ᠬᠡᠦᠬᠡᠳ ᠢᠶᠠᠷ ᠦᠨᠢᠷ | ᠦᠷᠢᠶ᠎ᠡ ᠳᠠᠭ᠎ᠠ ᠪᠠᠷ ᠪᠠᠶᠠᠨ | ᠲᠥᠷᠦ ᠣᠯᠣᠰ ᠲᠠᠭᠠᠨ ᠲᠥᠪᠰᠢᠨ ᠬᠡᠮᠡᠭᠳᠡᠵᠦ | ᠲᠦᠮᠡᠨ ᠣᠯᠠᠨ ᠳᠠᠭᠠᠨ ᠲᠤᠮᠤᠭᠠᠳᠠᠨ ᠬᠡᠮᠡᠭᠳᠡᠵᠦ | ᠪᠠᠳᠠᠷᠠᠨ ᠳᠡᠯᠭᠡᠷᠡᠵᠦ ᠶᠠᠪᠤᠲᠤᠭᠠᠢ | ᠭᠡᠬᠦ ᠮᠡᠲᠦ ᠪᠣᠢ᠃ | ᠮᠠᠷᠭᠠᠰᠢ ᠦᠷᠯᠦᠭᠡ ᠨᠢ ᠬᠦᠷᠭᠡᠨ ᠤ ᠲᠠᠯ᠎ᠠ ᠰᠠᠭᠠᠳᠠᠭ ᠮᠣᠷᠳᠠᠬᠤ᠂ ᠬᠡᠦᠬᠡᠨ ᠤ ᠲᠠᠯ᠎ᠠ ᠰᠠᠭᠠᠳᠠᠭ ᠣᠭᠲᠤᠬᠤ | ᠮᠡᠲᠦ ᠶᠢᠨ ᠵᠠᠩ ᠦᠢᠯᠡ ᠦᠷᠭᠦᠯᠵᠢᠯᠡᠨ᠎ᠡ᠃ ᠡᠨᠡ ᠬᠡᠳᠦᠨ ᠶᠠᠪᠤᠴᠠ ᠶᠢ ᠳᠡᠰ ᠳᠠᠷᠠᠭ᠎ᠠ ᠪᠠᠷ ᠦᠭᠦᠯᠡᠨ᠎ᠡ᠄ | ︵ᠨᠢᠭᠡ︶ ᠰᠠᠭᠠᠳᠠᠭ ᠮᠣᠷᠳᠠᠬᠤ ︵ᠬᠦᠷᠭᠡᠨ ᠮᠣᠷᠳᠠᠬᠤ︶ | ᠬᠦᠷᠭᠡᠯᠡᠬᠦ ᠬᠦᠦ ᠬᠤᠷᠤᠮᠰᠠᠭ᠎ᠠ ᠰᠠᠭᠠᠳᠠᠭ ᠠᠭᠰᠠᠵᠤ᠂ ᠪᠡᠯᠭᠡᠲᠦ ᠵᠢᠰᠦᠮ ᠤᠨ ᠰᠠᠶᠢᠨ ᠮᠣᠷᠢ ᠤᠨᠤᠵᠤ᠂ | ᠬᠤᠷᠢᠮ ᠤᠨ ᠲᠦᠷᠦᠭᠦᠦ ᠨᠣᠶᠠᠨ ︵ᠬᠤᠳᠠ ᠲᠡᠷᠢᠭᠦᠯᠡᠨ︶ ᠬᠤᠷᠢᠮ ᠤᠨ ᠮᠡᠳᠡᠭᠡᠴᠢᠨ᠂ ᠬᠦᠷᠭᠡᠨ ᠳᠠᠭᠠᠬᠤ ᠬᠦᠮᠦᠨ᠂ | ᠬᠡᠯᠡᠮᠦᠷᠴᠢ᠂ ᠰᠦᠩᠴᠢ ᠨᠠᠷ ᠳᠠᠭᠠᠯᠳᠣᠵᠣ ᠬᠠᠷᠢᠴᠠᠭ᠎ᠠ ᠲᠠᠯ᠎ᠠ ᠶᠢᠨ ᠪᠣᠰᠣᠳ ᠰᠠᠳᠣᠨ ᠲᠥᠷᠦᠯ ᠵᠡᠷᠭᠡ ᠨᠡᠯᠢᠶᠡᠳ | ᠬᠦᠮᠦᠰ ᠳᠠᠭᠠᠯᠴᠠᠵᠤ ᠮᠣᠷᠳᠠᠨ᠎ᠠ᠃ ᠰᠠᠭᠠᠳᠠᠭ ᠮᠣᠷᠳᠠᠬᠤ ᠴᠠᠭ ᠢ ᠣᠷᠢᠳᠠᠪᠠᠷ ᠲᠤᠭᠲᠠᠭᠰᠠᠨ ᠶᠤᠰᠤᠭᠠᠷ ᠴᠠᠭ᠂ | ᠵᠦᠭ ᠢ ᠠᠯᠳᠠᠵᠤ ᠪᠣᠯᠬᠤ ᠦᠭᠡᠢ ᠪᠠᠶᠢᠳᠠᠭ᠃ ᠬᠦᠷᠭᠡᠯᠡᠬᠦ ᠬᠤᠪᠴᠠᠰᠤ ᠪᠣᠯᠪᠠᠰᠣ ᠮᠠᠨᠵᠤ ᠮᠠᠶ᠋ᠢᠭ ᠤᠨ ᠣᠷᠳᠣ ᠲᠡᠷᠯᠢᠭ | ᠂ ᠳᠤᠭᠤᠢ ᠮᠠᠯᠠᠭᠠᠢ᠂ ᠲᠣᠷᠭᠠᠨ ᠰᠠᠴᠤᠭᠲᠤ ᠪᠦᠰᠡ᠂ ᠰᠡᠶᠢᠯᠪᠤᠷᠢᠲᠡᠢ ᠦᠭᠡᠳᠡᠩ ᠭᠤᠲᠤᠯ ᠡᠮᠦᠰᠴᠦ᠂ ᠮᠦᠩᠬᠦᠨ | ᠬᠤᠢ ︵ᠬᠡ︶ ᠲᠠᠢ ᠮᠣᠩᠭᠤᠯ ᠬᠢᠲᠤᠭ᠎ᠠ᠂ ᠬᠡᠲᠡ ᠵᠡᠭᠦᠵᠦ ᠬᠥᠬᠡ ᠪᠥᠰ ᠢᠶᠠᠷ ᠣᠷᠢᠶᠠᠭᠰᠠᠨ ᠬᠤᠷᠤᠮᠰᠠᠭ᠎ᠠ ᠠᠭᠰᠠᠨᠠ | ᠃ | ᠬᠦᠲᠦᠯ ᠮᠠᠶᠢᠬᠠᠨ ᠲᠡᠭᠡᠭᠡᠭᠰᠡᠨ ᠬᠦᠰᠬᠡ ᠲᠡᠷᠭᠡ ᠲᠠᠢ ᠮᠣᠷᠳᠠᠨ᠎ᠠ᠃ ᠰᠠᠭᠠᠳᠠᠭ ᠮᠣᠷᠳᠠᠬᠤ ᠶᠢᠨ ᠡᠮᠦᠨ᠎ᠡ | ᠮᠣᠷᠳᠠᠭᠤᠯ ᠬᠦᠮᠦᠰ ᠲᠤ ᠬᠦᠷᠭᠡᠨ ᠪᠡᠶ᠎ᠡ ᠪᠠᠷ ᠢᠶᠠᠨ ᠠᠷᠢᠬᠢ ᠪᠠᠷᠢᠨ᠎ᠠ᠃ ᠳᠠᠷᠠᠭ᠎ᠠ ᠨᠢ ᠱᠥᠯᠦ ᠪᠤᠳᠠᠭ᠎ᠠ ᠣᠷᠤᠳᠠᠭ᠃ | ᠮᠣᠷᠳᠠᠭᠰᠠᠨ ᠤ ᠬᠤᠶᠢᠨ᠎ᠠ ᠨᠡᠯᠢᠶᠡᠳ ᠮᠣᠷᠢ ᠬᠠᠯᠠᠰᠬᠠᠵᠤ ᠢᠷᠡᠪᠡᠯ ᠬᠦᠨᠡᠰᠦᠨ ᠠᠷᠢᠬᠢ ᠤᠤᠭᠤᠵᠤ ᠳᠦᠷᠦᠭᠡ | ᠴᠢᠩᠭᠠᠷᠠᠭᠤᠯᠤᠨ᠎ᠠ᠃ ᠭᠡᠦᠬᠡᠨ ᠤ ᠭᠡᠷ ᠲᠤ ᠣᠶᠢᠷᠠᠳᠤᠪᠠᠯ ᠳᠦᠷᠪᠡᠨ ᠮᠣᠷᠢᠲᠠᠨ ᠢ ᠲᠣᠮᠢᠯᠠᠵᠣ ︽ᠮᠡᠨᠳᠦ ᠶᠢᠨ ᠤᠷᠤᠭ︾ | ᠢᠶᠠᠷ ᠣᠷᠢᠳᠠᠪᠠᠷ ᠶᠠᠪᠤᠭᠤᠯᠤᠨ᠎ᠠ᠃ ᠮᠡᠨᠳᠦ ᠶᠢᠨ ᠤᠷᠤᠭ ᠢ ᠭᠤᠤᠯ ᠦᠷᠦᠭᠡ ᠭᠡᠷ ᠲᠤ ᠣᠷᠤᠭᠤᠯᠵᠤ᠂ ᠠᠮᠤᠷ ᠮᠡᠨᠳᠦ | ᠠᠰᠠᠭᠤᠯᠴᠠᠨᠠ᠃ ᠠᠷᠢᠬᠢ ᠬᠠᠳᠠᠭ ᠢ ᠨᠢ ᠲᠤᠭᠲᠠᠭᠠᠨ ᠠᠪᠴᠤ ᠲᠣᠮᠤ ᠬᠤᠨᠳᠠᠭ᠎ᠠ ᠪᠠᠷ ᠠᠷᠢᠬᠢ ᠱᠠᠯᠠᠵᠤ ᠳᠠᠶᠢᠯᠠᠭᠠᠳ | ᠪᠠᠶᠢᠬᠤ ᠳᠤ ᠰᠠᠭᠠᠳᠠᠭ ᠬᠦᠷᠴᠦ ᠢᠷᠡᠭᠡᠳ ᠬᠡᠦᠬᠡᠨ ᠤ ᠭᠡᠷ ᠤᠨ ᠡᠭᠦᠳᠡ ᠣᠶᠢᠷᠠᠬᠠᠨ ᠪᠠᠭᠤᠵᠠᠭᠠᠵᠤ᠂ ᠬᠦᠷᠭᠡᠨ ᠤ | ᠲᠠᠯ᠎ᠠ ᠶᠢᠨ ᠲᠦᠷᠦᠭᠦᠦ ᠬᠢᠭᠡᠳ ᠪᠣᠰᠣᠳ ᠬᠦᠮᠦᠰ ᠤᠷᠤᠭ ᠤᠨ ᠮᠡᠨᠳᠦ ᠳᠤ ᠢᠷᠡᠭᠰᠡᠨ ᠬᠦᠮᠦᠨ ᠢᠶᠠᠨ ᠬᠦᠯᠢᠶᠡᠵᠦ | ᠠᠪᠤᠭᠠᠳ ᠪᠠᠶᠢᠬᠤ ᠳᠤ ᠬᠦᠷᠭᠡᠨ ᠬᠢᠭᠡᠳ ᠬᠦᠷᠭᠡᠨ ᠳᠠᠭᠠᠭᠴᠢ ᠨᠢ ᠮᠣᠷᠢᠨ ᠠᠴᠠ ᠪᠠᠭᠤᠯ ᠦᠭᠡᠢ ᠪᠠᠷ ᠬᠡᠦᠬᠡᠨ ᠤ ᠭᠡᠷ | ᠬᠤᠷᠤᠭ᠎ᠠ ᠶᠢ ᠵᠦᠪ ᠨᠢᠭᠡ ᠡᠷᠭᠢᠵᠦ ᠠᠪᠤᠭᠠᠳ ᠰᠠᠶ᠋ᠢ ᠪᠠᠭᠤᠨ᠎ᠠ᠃ ᠰᠠᠭᠠᠳᠠᠭ ᠤᠨ ᠬᠦᠮᠦᠰ ᠬᠤᠷᠢᠮ ᠤᠨ ᠲᠦᠷᠦᠭᠦᠦ | ᠨᠣᠶᠠᠨ ᠨᠢ ᠭᠡᠷ ᠲᠤ ᠣᠷᠣᠭᠰᠠᠨ ᠬᠤᠶᠢᠨ᠎ᠠ ᠬᠡᠦᠬᠡᠨ ᠤ ᠲᠠᠯ᠎ᠠ ᠶᠢᠨ ᠲᠦᠷᠦᠭᠦᠦ ᠳᠦᠷᠪᠡᠨ ᠪᠡᠷᠭᠡᠨ ᠬᠦᠷᠭᠡᠨ ᠢ | ᠬᠠᠰᠢᠨᠠ᠃ ᠬᠥᠰᠬᠡ ᠲᠡᠷᠭᠡ ᠨᠢ ᠬᠦᠷᠴᠦ ᠢᠷᠡᠮᠡᠭᠴᠡ ᠬᠡᠦᠬᠡᠨ ᠤ ᠭᠡᠷ ᠤᠨ ᠪᠠᠷᠠᠭᠤᠨ ᠡᠮᠦᠨ᠎ᠡ ᠨᠢ ᠮᠠᠶᠢᠬᠠᠨ | ᠪᠣᠰᠬᠠᠨ᠎ᠠ᠃ ︵ᠣ · ᠪᠣᠶ᠋ᠬᠠᠦ᠋ᠯᠵᠡᠢ ᠡᠮᠬᠢᠳᠬᠡᠪᠡ︶ | |