︽ᠠᠷᠪᠠᠨ ᠰᠣᠮᠣ︾ ᠶᠢᠨ ᠬᠤᠷᠢᠮ ᠤᠨ ᠶᠣᠰᠣᠨ ︵ᠳᠤᠯᠤᠭ᠎ᠠ︶
ᠨᠡᠶᠢᠲᠡᠯᠡᠭᠰᠡᠨ ᠴᠠᠭ᠄
2019/12/16
     ︵ᠲᠤᠯᠤᠭ᠎ᠠ︶ ᠨᠠᠶᠢᠵᠠ ᠶᠢᠨ ᠬᠤᠷᠢᠮ      ᠡᠨᠡ ᠬᠤᠷᠢᠮ ᠪᠣᠯ ᠮᠦᠷᠬᠦᠬᠦᠯᠤᠭ᠍ᠰᠡᠨ ᠠᠪᠤ ᠠᠴᠠ ᠭᠤᠤᠯᠯᠠᠵᠣ ᠬᠢᠬᠦ ᠬᠤᠷᠢᠮ ᠪᠤᠯᠤᠨ᠎ᠠ᠃ ᠤᠷᠤᠯᠴᠠᠬᠤ ᠬᠦᠮᠤᠰ ᠢ ᠨᠠᠶᠢᠵᠠ ᠠᠪᠤ ᠤᠷᠢᠨ᠎ᠠ᠃ ᠮᠦᠷᠬᠦᠬᠦᠯᠤᠭ᠍ᠰᠡᠨ ᠡᠴᠢᠭᠡ ᠶᠢᠨ ᠲᠠᠯ᠎ᠠ᠂ ᠲᠦᠷᠬᠦᠮ ᠤᠨ ᠲᠠᠯ᠎ᠠ᠂ ᠪᠡᠷᠢ ᠪᠠᠭᠤᠯᠭᠠᠡᠡᠰᠡᠨ ᠲᠠᠯ᠎ᠠ ᠵᠡᠷᠭᠡ ᠠᠴᠠ ᠤᠷᠤᠯᠴᠡᠨ᠎ᠠ᠃      ᠨᠠᠶᠢᠵᠠ ᠶᠢᠨ ᠲᠠᠯ᠎ᠠ ᠠᠴᠠ ᠡᠨᠠᠬᠦ ᠬᠤᠷᠢᠮ ᠳᠤ ᠤᠷᠤᠯᠴᠬᠠᠰᠡᠨ ᠬᠦᠮᠤᠰ ᠪᠣᠯ ᠦᠬᠢᠨ ᠤ ᠡᠷᠭᠢᠯᠳᠠ ᠶᠢᠨ ᠬᠤᠷᠢᠮ ᠳᠤ ︽ᠡᠷᠭᠢᠯᠳᠠ ᠶᠢᠨ ᠪᠡᠯᠡᠭ︾ ᠲᠠᠢ ᠢᠷᠡᠬᠦ ᠶᠤᠰᠤᠳᠠᠢ᠃      ᠬᠤᠷᠢᠮ ᠤᠨ ᠲᠠᠶᠢᠯᠠᠯᠭ᠎ᠠ ᠨᠢ ᠴᠠᠢ᠂ ᠠᠷᠢᠬᠢ᠂ ᠬᠠᠯᠠᠭᠤᠨ ᠲᠤᠭᠤᠭ᠎ᠠ ᠭᠡᠬᠦ ᠬᠡᠳᠣᠨ ᠵᠦᠢᠯ ᠪᠤᠯᠤᠨ᠎ᠠ᠃ ᠬᠠᠯᠠᠭᠤᠨ ᠲᠤᠭᠤᠭ᠎ᠠ ᠶᠢᠨ ᠡᠮᠤᠨ᠎ᠠ ᠭᠤᠯᠢᠷ ᠪᠤᠶᠤ ᠰᠢᠩᠭᠡᠨ ᠪᠤᠳᠠᠭᠠᠨ ᠤ ᠱᠦᠯᠣ ᠤᠷᠤᠭᠤᠯᠤᠨ᠎ᠠ᠃      ᠬᠦᠷᠭᠡᠨ ᠬᠡᠤᠬᠡᠨ ᠬᠤᠶᠡᠷ ᠢ ᠬᠤᠷᠢᠮ ᠳᠤ ᠰᠠᠭᠤᠡᠡᠰᠡᠨ ᠬᠦᠮᠤᠰ ᠲᠤ ᠠᠷᠢᠬᠢ ᠬᠠᠳᠠᠭ ᠲᠠᠢ ᠮᠦᠷᠭᠦᠬᠦᠯᠵᠤ᠂ ᠬᠡᠤᠬᠡᠨ ᠤ ᠡᠬᠡ ᠨᠢ ᠳᠤᠨᠢ ᠪᠦᠬᠦᠯᠢ ︵ᠪᠠᠷᠠᠭ᠎ᠠ︶ ᠭᠠᠳᠡᠷ ᠲᠠᠯᠪᠢᠵᠤ ᠬᠦᠷᠭᠡᠨ ᠤ ᠭᠡᠷ ᠤᠨ ᠠᠬᠠᠮᠠᠤᠨ ᠨᠢ ᠬᠦᠷᠭᠡᠨ ᠢᠶᠠᠷ ᠰᠦ ᠬᠢᠭᠰᠡᠨ ᠬᠤᠨᠳᠠᠭ᠎ᠠ ᠪᠠ ᠬᠠᠳᠠᠭ ᠪᠠᠷᠢᠭᠤᠯᠵᠤ ᠡᠬᠡ ᠶᠢᠨ ᠴᠠᠭᠠᠨ ᠰᠦ ᠬᠠᠷᠢᠭᠤᠯᠬᠤ ᠪᠤᠳᠡ ᠪᠤᠶᠤ ᠬᠤᠨᠢ ᠶᠢ ᠵᠢᠰᠤᠯᠡᠵᠤ ᠬᠡᠯᠡᠨ᠎ᠡ᠃ ᠡᠬᠡ ᠶᠢᠨ ᠴᠠᠭᠠᠨ ᠰᠦ ᠬᠠᠷᠢᠭᠤᠯᠬᠤ ᠦᠭᠡ ᠬᠡᠯᠡᠨ᠎ᠠ᠃      ᠨᠠᠶᠢᠵᠠ ᠠᠪᠤ ᠳᠤ ᠬᠦᠷᠭᠡᠨ ᠦᠬᠢᠨ ᠬᠤᠶᠡᠷ ᠤᠨ ᠡᠳᠡᠯᠵᠤ ᠪᠠᠶᠢᠭ᠎ᠠ ᠬᠤᠪᠴᠡᠰᠣ ᠠᠴᠠ ᠨᠢᠵᠡᠭᠡᠤᠨ ᠵᠠᠬ᠎ᠠ᠂ ᠬᠦᠷᠭᠡᠨ ᠤ ᠮᠠᠯᠠᠭᠠᠢ ᠬᠦᠷᠮ᠎ᠡ᠂ ᠦᠬᠢᠨ ᠤ ᠨᠢᠭᠡ ᠵᠠᠬ᠎ᠠ ᠬᠤᠪᠴᠡᠰᠣ ᠭᠤᠳᠣᠯ ᠠᠴᠠ ᠨᠢᠭᠡ ᠵᠦᠢᠯ ᠵᠡᠷᠭᠡ ᠲᠠᠯᠪᠢᠵᠣ ᠮᠦᠷᠭᠦᠨ᠎ᠡ᠃ ᠭᠡᠬᠦ ᠳᠡᠭᠡᠨ ᠨᠠᠶᠢᠵᠠ ᠠᠪᠤ ᠨᠢ ᠲᠡᠷᠡ ᠪᠦᠬᠦᠨ ᠢ ᠠᠪᠬᠤ ᠪᠢᠰᠢ ᠲᠤᠰᠬᠠᠶᠢᠯᠡᠨ ᠲᠠᠯᠪᠢᠡᠡᠰᠡᠨ ᠮᠦᠷᠭᠦᠯᠳᠡ ᠶᠢ ᠯᠠ ᠬᠦᠯᠢᠶᠡᠵᠣ ᠠᠪᠤᠭᠠᠤᠨ ᠬᠡᠤᠬᠡᠨ ᠬᠦᠷᠭᠡᠨ ᠤ ᠡᠳ᠋ᠯᠡᠯ ᠤᠳ ᠢ ᠪᠦᠷ ᠪᠤᠴᠠᠭᠠᠵᠣ ᠱᠠᠩᠨᠠᠨ᠎ᠠ᠃      ᠮᠦᠷᠭᠦᠬᠦᠯᠤᠭ᠍ᠰᠡᠨ ᠠᠪᠤ ᠶᠢᠨ ᠲᠠᠯ᠎ᠠ ᠶᠢᠨ ᠪᠤᠰᠤᠤᠨ ᠬᠦᠮᠤᠰ ᠲᠤᠨᠢ ᠨᠠᠰᠤᠨ ᠤ ᠢᠯᠭᠠᠭ᠎ᠠ ᠪᠠᠷ ᠬᠤᠪᠴᠡᠰᠣ᠂ ᠲᠠᠮᠠᠬᠢᠨ ᠱᠤᠤᠳᠠᠢ ᠵᠡᠷᠭᠡ ᠶᠢ ᠲᠠᠯᠪᠢᠵᠤ ᠵᠡᠬᠦᠯᠳᠡ ᠵᠡᠭᠦᠯᠭᠡᠨ᠎ᠡ᠃      ᠲᠤᠰ ᠬᠤᠷᠢᠮ ᠤᠨ ᠲᠠᠭᠡᠷ᠎ᠡ ᠲᠤᠡᠡᠳᠠᠬᠤ ᠤᠴᠢᠷ ᠤᠳ ᠭᠡᠪᠡᠯ᠂ ᠡᠷᠭᠢᠯᠳᠠ ᠶᠢᠨ ᠲᠠᠭᠡᠷ᠎ᠡ ᠬᠡᠤᠬᠡᠨ ᠤ ᠲᠦᠷᠭᠦᠮᠴᠢᠯᠡᠬᠦ ᠡᠳᠤᠷ᠂ ᠮᠦᠷᠬᠦᠬᠦᠯᠤᠭ᠍ᠰᠡᠨ ᠠᠪᠤ ᠶᠢᠨ ᠳᠤ ᠣᠴᠢᠬᠤ ᠡᠳᠤᠷ ᠢ ᠬᠡᠯᠡᠯᠴᠡᠨ᠎ᠠ᠃ᠨᠠᠶᠢᠵᠠ ᠳᠤ ᠲᠠᠯᠪᠢᠡᠡᠰᠡᠨ ᠰᠢᠭᠦᠰᠤ᠂ ᠬᠠᠯᠠᠭᠤᠨ ᠲᠤᠭᠤᠭ᠎ᠠ ᠶᠢᠨ ᠬᠠᠭᠠᠰ ᠢ ᠦᠯᠡᠳᠡᠭᠡᠵᠣ᠂ ᠬᠦᠷᠭᠡᠨ ᠬᠡᠤᠬᠡᠨ ᠬᠤᠶᠡᠷ ᠨᠢ ᠭᠤᠷᠪᠡ ᠬᠤᠨᠤᠭ ᠢᠳᠡᠬᠦ ᠵᠠᠩᠰᠢᠯ ᠲᠠᠢ᠃      ︵ᠨᠠᠢᠮᠠ︶ ᠦᠰᠣ ᠶᠢᠨ ᠴᠠᠢ ᠤᠤᠭᠤᠬᠤ      ᠬᠦᠥ ᠶᠢᠨ ᠳᠤ ᠦᠯᠡᠳᠡᠭᠡᠭᠰᠡᠨ ᠬᠡᠤᠬᠡᠨ ᠢ ᠲᠠᠭᠠᠵᠣ ᠰᠠᠭᠤᠡᠡᠰᠡᠨ ᠡᠬᠡ ︵ᠪᠤᠶᠤ ᠪᠡᠷᠭᠡᠨ︶ ᠨᠢ ᠬᠦᠷᠭᠡᠨ ᠤ ᠲᠤᠭᠤᠭ᠎ᠠ ᠰᠢᠨᠠᠭ᠎ᠠ᠂ ᠠᠶᠠᠭ᠎ᠠ ᠰᠡᠪᠠ ᠶᠢ ᠵᠢᠭᠡᠯᠡᠵᠣ᠂ ᠭᠡᠷ ᠠᠴᠠ ᠪᠠᠨ ᠠᠪᠴᠢᠷᠬᠠᠰᠡᠨ ᠴᠠᠢ ᠪᠠᠨ ᠴᠢᠨᠠᠵᠣ᠂ ᠬᠦᠷᠭᠡᠨ ᠤ ᠭᠡᠷ ᠠᠶᠢᠮᠠᠭ ᠤᠨ ᠬᠢᠨ ᠢ ᠴᠠᠶᠢᠯᠠᠬᠤ ᠶᠤᠰᠤᠨ ᠢ ︽ᠦᠰᠤᠨ ᠴᠠᠢ ᠤᠤᠭᠤᠬᠤ︾ ᠭᠡᠵᠤ ᠬᠡᠯᠡᠳᠡᠭ᠃ ᠪᠠᠰᠡ ᠬᠡᠤᠬᠡᠨ ᠤ ᠪᠠᠷᠠᠭ᠎ᠠ ᠲᠠᠸᠡᠷ ᠢ ᠦᠵᠡᠭᠰᠡᠨ ᠤ ᠲᠠᠷᠠᠭ᠎ᠠ ᠪᠤᠳᠠᠭ᠎ᠠ ᠢᠳᠡᠬᠦᠯᠬᠦ ᠶᠤᠰᠤᠨ ᠪᠠᠶᠢᠵᠤ᠂ ᠲᠡᠭᠦᠨ ᠢ ︽ᠪᠠᠷᠠᠭ᠎ᠠ ᠶᠢᠨ ᠪᠤᠳᠠᠭ᠎ᠠ︾ ᠢᠳᠡᠭᠦᠯᠬᠦ ᠭᠡᠳᠡᠭ᠃      ︵ᠶᠢᠰᠤ︶ ᠲᠤᠶᠢᠭ ᠲᠤᠰᠣ ᠲᠤᠭᠤᠭ᠎ᠠ ᠶᠢᠨ ᠢᠷᠤᠭᠠᠷ ᠤᠨ ᠬᠤᠷᠢᠮ      ᠬᠦᠷᠭᠡᠨ ᠤ ᠲᠠᠯ᠎ᠠ ᠶᠢᠨ ᠭᠡᠷ ᠠᠶᠢᠮᠠᠭ ᠤᠨ ᠪᠦᠭᠦᠳᠡ ᠬᠦᠮᠤᠰ᠂ ᠬᠤᠷᠢᠮ ᠳᠤ ᠦᠢᠯᠠᠴᠢᠯᠡᠭᠰᠡᠨ ᠬᠦᠮᠤᠰ ᠪᠦᠭᠦᠳᠡᠭᠡᠷ ᠡᠨᠡ ᠬᠤᠷᠢᠮ ᠳᠤ ᠤᠷᠤᠯᠴᠡᠨ᠎ᠡ᠃ ᠡᠨᠡ ᠬᠤᠷᠢᠮ ᠪᠣᠯ᠂ ᠶᠡᠭᠡ ᠬᠤᠷᠢᠮ ᠤᠨ ᠮᠠᠷᠭᠠᠰᠢ ᠨᠢ ᠪᠣᠯᠳᠠᠭ᠃ ᠵᠤᠤᠬ᠎ᠠ ᠲᠤᠯᠭ᠎ᠠ ᠶᠢ ᠵᠡᠰᠡᠨ ᠴᠢᠮᠡᠵᠣ᠂ ᠲᠤᠯᠭ᠎ᠠ ᠶᠢᠨ ᠤᠴᠢᠭ ᠲᠤ ᠰᠠᠮᠠᠵᠡᠨ ᠥᠭᠡᠬᠦ ᠲᠠᠯᠪᠢᠵᠤ᠂ ᠲᠤᠭᠤᠭ᠎ᠠ ᠲᠠᠯᠪᠢᠭᠠᠤᠨ ᠲᠤᠳᠤᠷ᠎ᠡ ᠲᠦᠷᠪᠡᠨ ᠲᠠᠯ᠎ᠠ ᠶᠢᠨ ᠬᠦᠪᠡᠭᠡ ᠲᠡᠭᠡᠷ᠎ᠡ ᠨᠢ ᠲᠤᠰᠣ ᠲᠠᠯᠪᠢᠵᠤ ᠠᠷᠢᠬᠢ ᠪᠠ ᠬᠤᠨᠢᠨ ᠤ ᠲᠤᠶᠢᠭ ᠢ ᠲᠤᠳᠤᠷ᠎ᠡ ᠨᠢ ᠬᠢᠮᠤᠢ᠃ ᠲᠣᠭᠤᠭ᠎ᠠ ᠲᠠᠢ ᠠᠷᠢᠬᠢ ᠶᠢ ᠠᠬᠠᠮᠠᠤᠨ ᠠᠴᠠ ᠡᠬᠢᠯᠡᠨ ᠬᠦᠮᠤᠨ ᠪᠦᠬᠦᠨ ᠳᠤ ᠪᠠᠷᠢᠵᠣ ᠰᠢᠨ᠎ᠡ ᠪᠡᠷᠢ ᠶᠢ ᠮᠦᠷᠭᠦᠬᠦᠯᠵᠤ᠂ ᠪᠠᠰᠡ ᠬᠠᠳᠡᠮ ᠡᠵᠢ ᠨᠢ ᠪᠡᠷᠢ ᠳᠡᠭᠡᠨ ᠰᠢᠨ᠎ᠡ ᠨᠠᠷ᠎ᠡ ᠥᠭᠭᠦᠨ᠎ᠡ᠃ ᠠᠪᠤ᠂ ᠪᠡᠷᠢ ᠭᠠᠷ ᠵᠤᠯᠭᠤᠵᠤ ᠦᠯᠤ ᠪᠤᠯᠤᠨ᠎ᠠ᠃ ᠬᠠᠳᠠᠮ ᠡᠵᠢ ᠨᠢ ᠪᠡᠷᠢ ᠳᠡᠭᠡᠨ ᠴᠡᠭᠡᠷᠯᠡᠬᠦ ᠨᠠᠷᠡᠰ ᠤᠳ ᠢ ᠬᠢᠴᠢᠶᠡᠯᠭᠡᠨ᠎ᠠ᠃ ᠬᠦᠷᠭᠡᠨ ᠠᠴᠠ ᠡᠬᠢᠯᠡᠭᠡᠤᠨ ᠲᠡᠭᠡᠭᠡᠰᠢ ᠲᠡᠪᠤ ᠠᠴᠠ ᠶᠢᠰᠤᠨ ᠦᠶ᠎ᠡ ᠶᠢᠨ ᠡᠯᠤᠡᠴᠨ ᠬᠤᠯᠤᠡᠴᠨ ᠡᠪᠦᠭᠡ ᠡᠮᠡᠭᠡ ᠶᠢᠨ ᠨᠠᠷᠡᠰ ᠢ ᠪᠡᠷᠢ ᠬᠦᠮᠤᠨ ᠬᠡᠯᠡᠵᠣ ᠦᠯᠤ ᠪᠤᠯᠬᠤ ᠵᠠᠩᠰᠢᠯ ᠪᠤᠢ᠃      ᠠᠷᠢᠬᠢ᠂ ᠪᠤᠳᠠᠭ᠎ᠠ᠂ ᠨᠠᠶᠢᠷ ᠬᠤᠷᠢᠮ ᠤᠨ ᠶᠡᠪᠤᠡᠡᠳᠡᠬᠤ ᠨᠢ ᠪᠤᠰᠤᠤᠨ ᠬᠤᠷᠢᠮ ᠤᠳ ᠲᠠᠢ ᠠᠳᠠᠯᠢ᠃      ᠬᠠᠳᠡᠮ ᠡᠵᠢ ᠨᠢ ᠪᠡᠷᠢ ᠳᠡᠭᠡᠨ ᠰᠢᠨ᠎ᠡ ᠢᠰᠡᠬᠡᠢ ᠪᠠᠷ ᠬᠢᠭᠰᠡᠨ ᠲᠤᠭᠤᠭᠠᠨ ᠪᠠᠷᠢᠭᠤᠯ ᠦᠭᠴᠤ᠄ ︽ᠬᠠᠷ᠎ᠡ ᠲᠣᠭᠤᠭ᠎ᠠ ᠬᠠᠯᠠᠭᠤᠨ ᠭᠠᠯ ᠢ ᠴᠢᠨᠢ ᠲᠤᠰᠢᠶᠡᠯ᠎ᠠ︾ ᠭᠡᠵᠤ ᠲᠣᠭᠤᠭ᠎ᠠ ᠡᠷᠭᠢᠬᠦᠬᠦᠯᠵᠤ ᠲᠣᠭᠤᠭ᠎ᠠ ᠠᠴᠠ ᠠᠪᠤᠭᠤᠯᠤᠨ᠎ᠠ ᠃ ᠲᠣᠭᠤᠭ᠎ᠠ ᠶᠢ ᠲᠡᠪ ᠲᠡᠭᠰᠢᠭᠡᠨ ᠡᠷᠭᠦᠵᠣ ᠵᠦᠪ ᠢᠶᠠᠷ ᠡᠷᠭᠢᠬᠦᠯᠵᠤ ᠭᠠᠷᠭᠠᠪᠡᠯ ᠰᠠᠶᠢᠨ ᠲᠡᠮᠪᠡᠷᠢᠯ ᠭᠡᠵᠣ ᠬᠡᠯᠡᠳᠡᠭ᠃ ᠰᠢᠨ᠎ᠡ ᠪᠡᠷᠢ ᠭᠤᠷᠪᠡ ᠬᠤᠨᠤᠭ ᠭᠡᠷ ᠲᠤᠳᠤᠷᠡᠬᠢ ᠭᠠᠵᠡᠷ ᠢᠰᠡᠭᠡᠢ ᠪᠤᠶᠤ ᠬᠤᠨᠢᠨ ᠠᠷᠡᠰᠣ ᠱᠦᠬᠦᠷᠳᠡᠵᠣ ᠦᠨᠡᠰᠣ ᠬᠤᠭ ᠢᠶᠠᠨ ᠭᠡᠭᠡᠬᠦ ᠳᠡᠭᠡᠨ ᠭᠤᠷᠪᠡᠨ ᠴᠢᠮᠬᠢ ᠦᠨᠠᠰᠣ ᠦᠨᠡᠰᠣᠨ ᠨᠦᠭᠡᠨ ᠳᠡᠭᠡᠨ ᠬᠢᠳᠡᠭ ᠪᠦᠭᠡᠣᠨ ᠬᠤᠶᠢᠰᠢ ᠤᠬᠤᠷᠢᠨ ᠭᠠᠷᠬᠤ ᠶᠤᠰᠤ ᠲᠠᠢ ᠪᠠᠶᠢᠳᠠᠭ᠃      ᠭᠡᠷ ᠡᠷᠬᠢᠬᠦ ᠠᠴᠠ ᠡᠮᠤᠨ᠎ᠠ᠂ ᠬᠠᠳᠡᠮ ᠡᠵᠢ ᠶᠢᠨ ᠲᠠᠭᠠᠭᠤᠯᠭ᠎ᠠ ᠪᠠᠷ ᠰᠢᠨ᠎ᠡ ᠪᠡᠷᠢ ᠣᠶᠢᠷ᠎ᠡ ᠲᠦᠷᠤᠯ ᠣᠪᠣᠭ ᠤᠨ ᠬᠢᠨ ᠤ ᠪᠠᠨ ᠭᠠᠯ ᠳᠤ ᠮᠦᠷᠭᠦᠨ᠎ᠡ᠃ ᠢᠡᠭᠬᠢᠪᠡᠯ ᠣᠴᠢᠡᠡᠰᠡᠨ ᠠᠶᠢᠯ ᠨᠢ ᠠᠶᠠᠭ᠎ᠠ ᠰᠡᠪᠠ ᠵᠡᠷᠭᠡ ᠪᠡᠯᠭᠡ  ᠲᠠᠢ ᠡᠳ᠋ ᠪᠠᠷᠢᠭᠤᠯᠤᠨ᠎ᠠ᠃  ︵ᠣ · ᠪᠣᠶ᠋ᠬᠠᠦ᠋ᠯᠵᠡᠢ ᠡᠮᠬᠢᠳᠬᠡᠪᠡ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号