ᠠᠷᠤ ᠬᠤᠷᠴᠢᠨ ᠮᠤᠩᠭᠤᠯᠴᠤᠳ ᠤᠨ ᠮᠤᠳᠤᠨ ᠳᠡᠷᠭᠡ ᠭᠤᠤᠯᠳᠠᠭᠤ ᠠᠷᠠᠯ᠂ ᠬᠦᠷᠳᠦ ᠪᠠ ᠳᠡᠩᠭᠡᠯᠢᠭ | ᠭᠤᠷᠪᠠᠨ ᠶᠡᠭᠡ ᠬᠡᠰᠡᠭ ᠢᠶᠠᠷ ᠪᠦᠷᠢᠯᠳᠦᠵᠦ᠂ ᠬᠤᠰᠤ ᠪᠤᠶᠤ ᠬᠠᠶᠢᠯᠠᠰᠤ ᠵᠡᠷᠭᠡ ᠪᠠᠬᠢᠯᠢᠭ᠌ ᠮᠤᠳᠤ ᠪᠠᠷ ᠬᠢᠳᠡᠭ᠃ ᠠᠷᠠᠯ | ᠤᠨ ᠬᠡᠰᠡᠭ ᠲᠤ᠂ ᠠᠷᠠᠯ ᠤᠨ ᠬᠤᠶᠠᠷ ᠮᠤᠳᠤ᠂ ᠨᠠᠢᠮᠠᠨ ᠢᠯᠠᠤ ᠨᠠᠢᠮᠠᠨ ᠭᠤᠳᠤᠢ᠂ ᠬᠤᠶᠠᠷ ᠳ᠋ᠠᠮ ᠬᠠᠰᠢᠶ᠎ᠠ᠂ ᠬᠤᠶᠠᠷ | ᠡᠷᠡᠬᠡᠢ ᠴᠦ᠋ ᠵᠡᠷᠭᠡ ᠮᠤᠳᠤ ᠪᠠᠷ ᠪᠦᠷᠢᠯᠳᠦᠳᠡᠭ᠃ ᠠᠷᠠᠯ ᠤᠨ ᠬᠤᠶᠠᠷ ᠮᠤᠳᠤᠨ ᠤ ᠤᠷᠳᠤ ᠨᠢ ᠲᠦᠷᠪᠡᠨ ᠮᠧᠲᠷ | ᠢᠯᠡᠭᠦᠦ ︵ᠠᠷᠪᠠᠨ ᠨᠠᠢᠮᠠᠨ ᠲᠦᠭᠡ︶ ᠪᠠᠶᠢᠳᠠᠭ᠃ ᠠᠷᠠᠯ ᠤᠨ ᠰᠡᠭᠦᠯ ᠤᠨ ᠳᠠᠯ᠎ᠠ ᠳᠤ ᠲᠤᠰᠪᠤᠷᠢ ᠢᠯᠠᠤ ᠶᠢᠨ | ᠨᠠᠢᠮᠠᠨ ᠬᠦᠨᠳᠡᠯᠡᠨ ᠨᠦᠬᠡ᠂ ᠭᠤᠳᠤᠢ ᠶᠢᠨ ᠲᠦᠷᠪᠡᠨ ᠠᠰ ᠨᠦᠬᠡ ᠴᠤᠭᠤᠯᠵᠤ᠂ ᠬᠦᠯᠪᠦᠷᠢ ᠶᠢᠨ ᠦᠵᠦᠭᠦᠷ ᠤᠨ | ᠡᠷᠡᠬᠡᠢ ᠴᠦ᠋ ᠶᠢᠨ ᠨᠢᠭᠡ ᠠᠰ ᠨᠦᠬᠡ ᠴᠤᠭᠤᠯᠤᠨ᠎ᠠ᠃ ᠬᠤᠶᠠᠷ ᠳ᠋ᠠᠮ ᠬᠠᠰᠢᠶ᠎ᠠ ᠶᠢᠨ ᠮᠤᠳᠤᠨ ᠳᠤ ᠠᠷᠠᠯ ᠤᠨ | ᠲᠦᠷᠪᠡᠨ ᠠᠰ ᠨᠦᠬᠡ ᠲᠠᠢ ᠠᠰᠯᠠᠭᠤᠯᠤᠨ ᠭᠤᠳᠤᠢ ᠶᠢᠨ ᠳᠦᠷᠪᠡᠨ ᠨᠦᠬᠡ ᠴᠤᠭᠤᠯᠵᠤ ᠳᠠᠯᠪᠢᠨ᠎ᠠ᠃ ᠨᠠᠢᠮᠠᠨ ᠢᠯᠠᠤ | ᠪᠠᠷ ᠬᠤᠶᠠᠷ ᠠᠷᠠᠯ ᠢ ᠬᠤᠯᠪᠤᠵᠤ᠂ ᠨᠠᠢᠮᠠᠨ ᠭᠤᠳᠤᠢ ᠶᠢᠨ ᠮᠤᠳᠤ ᠪᠠᠷ ᠠᠷᠠᠯ ᠪᠤᠯᠤᠨ ᠳ᠋ᠠᠮ ᠬᠠᠰᠢᠶ᠎ᠠ ᠶᠢ ᠬᠤᠯᠪᠤᠬᠤ | ᠳᠤ ᠢᠯᠠᠤ ᠪᠠ ᠭᠤᠳᠤᠢ ᠮᠤᠳᠤᠨ ᠤ ᠬᠤᠶᠠᠷ ᠦᠵᠦᠭᠦᠷ ᠲᠤᠨᠢ ᠰᠡᠭᠡᠷ ᠭᠠᠷᠭᠠᠨ᠎ᠠ᠃ ᠨᠠᠢᠮᠠᠨ ᠭᠤᠳᠤᠢ ᠶᠢᠨ ᠳᠡᠭᠡᠷ᠎ᠡ | ᠬᠤᠶᠠᠷ ᠳ᠋ᠠᠮ ᠬᠠᠰᠢᠶ᠎ᠠ ᠪᠠᠨ ᠤᠭᠰᠠᠷᠠᠭᠤᠯᠤᠨ ᠲᠤᠷᠤᠭᠰᠢ ᠠᠷᠠᠯ ᠢ ᠨᠡᠪᠳᠡᠯᠵᠦ ᠭᠠᠷᠤᠭᠰᠠᠨ ᠳᠤᠳᠤᠷ᠎ᠠ ᠲᠦᠷᠪᠡᠨ | ᠭᠤᠳᠤᠢ ᠶᠢᠨ ᠦᠵᠦᠭᠦᠷ ᠢᠶᠠᠷ ᠬᠤᠶᠠᠷ ᠡᠮᠡᠭᠡᠯ ᠢᠶᠠᠨ ᠬᠠᠳᠠᠵᠤ ᠲᠤᠭᠳᠠᠭᠠᠨ᠎ᠠ᠃ | ᠳᠡᠷᠭᠡᠨ ᠡᠮᠡᠭᠡᠯ ᠢ ᠭᠤᠷᠪᠠᠨ ᠲᠤᠬᠤᠢ ᠬᠤᠶᠠᠷ ᠢᠮᠠᠬᠤ ᠤᠷᠳᠤ ᠠᠷᠠᠯ ᠤᠨ ᠮᠤᠳᠤ ᠲᠠᠢ ᠠᠳᠠᠯᠢᠬᠠᠨ | ᠪᠦᠳᠦᠭᠦᠨ ᠪᠠᠬᠢᠯᠢᠭ᠌ ᠮᠤᠳᠤ ᠪᠠᠷ ᠬᠢᠨ᠎ᠡ᠂ ᠰᠠᠯᠠᠭ᠎ᠠ ᠲᠠᠢ ᠮᠤᠳᠤ ᠶᠢ ᠰᠤᠩᠭᠤᠵᠤ ᠨᠢᠭᠡ ᠳᠠᠯ᠎ᠠ ᠶᠢᠨ ᠰᠠᠯᠠᠭ᠎ᠠ ᠶᠢ | ᠬᠢᠷᠦᠭᠡ ᠪᠠᠷ ᠬᠦᠨᠳᠡᠯᠡᠨ ᠳᠡᠭᠰᠢᠭᠡᠨ ᠤᠭᠳᠤᠯᠵᠤ᠂ ᠨᠦᠭᠦᠬᠡ ᠳᠠᠯ᠎ᠠ ᠳᠤᠨᠢ ᠨᠢᠭᠡ ᠠᠰ ᠨᠦᠬᠡ ᠴᠤᠭᠤᠯᠵᠤ ᠤᠬᠤᠷ | ᠴᠦ᠋ ᠳᠠᠭᠠᠷᠠᠭᠤᠯᠵᠤ᠂ ᠬᠤᠶᠠᠷ ᠦᠵᠦᠭᠦᠷ ᠨᠢ ᠲᠤᠰ ᠪᠦᠷᠢ ᠨᠢᠭᠡ ᠨᠦᠬᠡ ᠴᠤᠭᠤᠯᠵᠤ᠂ ᠠᠷᠠᠯ ᠢ ᠨᠡᠪᠳᠡᠯᠵᠦ | ᠳᠤᠷᠤᠭᠰᠢ ᠢᠯᠡᠭᠦᠦ ᠭᠠᠷᠤᠭᠰᠠᠨ ᠲᠦᠷᠪᠡᠨ ᠭᠤᠳᠤᠢ ᠶᠢᠨ ᠦᠵᠦᠭᠦᠷ ᠢᠶᠠᠷ ᠬᠤᠶᠠᠷ ᠡᠮᠡᠭᠡᠯ ᠢᠶᠠᠨ ᠠᠷᠠᠯ ᠲᠠᠢ ᠪᠠᠨ | ᠬᠠᠳᠠᠵᠤ ᠲᠤᠭᠳᠠᠭᠠᠨ᠎ᠠ᠃ ᠡᠮᠡᠭᠡᠯ ᠤᠨ ᠳᠤᠤᠷ᠎ᠠ ᠳᠠᠯ᠎ᠠ ᠳᠤ ᠲᠠᠭᠠᠷᠠᠭᠤᠯᠤᠭᠰᠠᠨ ᠤᠬᠤᠷ ᠴᠦ᠋ ᠪᠠᠷ ᠳᠡᠩᠭᠡᠯᠢᠭ ᠤᠨ | ᠬᠤᠶᠠᠷ ᠦᠵᠦᠭᠦᠷ ᠤᠨ ᠬᠡᠷᠴᠢᠯᠡᠭᠡᠰᠦᠨ ᠳᠤ ᠤᠭᠰᠠᠷᠠᠨ ᠳᠠᠭᠠᠷᠠᠭᠤᠯᠵᠤ᠂ ᠠᠷᠠᠯ ᠪᠠ ᠬᠦᠷᠳᠦ ᠶᠢ ᠳᠡᠩᠭᠡᠯᠢᠭ ᠢᠶᠠᠷ | ᠬᠤᠯᠪᠤᠵᠤ ᠨᠡᠶᠢᠯᠡᠭᠦᠯᠦᠨ᠎ᠡ᠃ | ᠳᠡᠩᠭᠡᠯᠢᠭ ᠢ ᠳᠡᠭᠰᠢᠬᠡᠨ ᠠᠰᠬᠠᠨ ᠮᠤᠳᠤ ᠪᠠᠷ ᠬᠢᠵᠦ ᠬᠤᠶᠠᠷ ᠦᠵᠦᠭᠦᠷ ᠲᠤᠨᠢ ᠬᠡᠷᠴᠢᠯᠡᠭᠡᠰᠦ ᠭᠠᠷᠭᠠᠵᠤ | ᠪᠤᠯᠤ ᠶᠢᠨ ᠨᠦᠬᠡᠨ ᠳᠤ ᠳᠠᠭᠠᠷᠠᠭᠤᠯᠬᠤ ᠪᠠᠷ ᠪᠦᠮᠪᠦᠷᠢᠭᠡᠨ ᠪᠤᠯᠭᠠᠨ᠎ᠠ᠃ ᠪᠤᠯᠤ ᠶᠢ ᠨᠡᠪᠳᠡᠯᠵᠦ ᠭᠠᠷᠤᠭᠰᠠᠨ ᠬᠤᠶᠠᠷ | ᠦᠵᠦᠭᠦᠷ ᠲᠤ ᠬᠦᠨᠳᠡᠯᠡᠨ ᠬᠤᠶ᠎ᠠ ᠨᠦᠬᠡ ᠴᠤᠭᠤᠯᠵᠤ ᠬᠦᠷᠳᠦ ᠪᠠᠨ ᠤᠭᠯᠠᠭᠰᠠᠨ ᠤ ᠰᠡᠭᠦᠯᠡᠷ ᠬᠠᠳᠠᠭᠤ ᠮᠤᠳᠤ ᠪᠠᠷ | ᠬᠤᠶᠠᠷ ᠴᠦ᠋ ᠳᠠᠭᠠᠷᠠᠭᠤᠯᠵᠤ ᠬᠦᠷᠳᠦ ᠪᠠᠨ ᠲᠤᠷᠭᠤᠨ᠎ᠠ᠃ | ᠮᠤᠳᠤᠨ ᠳᠡᠷᠭᠡᠨ ᠤ ᠬᠦᠷᠳᠦ ᠶᠢᠨ ᠬᠡᠰᠡᠭ ᠨᠢ ᠪᠤᠯᠤ ᠬᠡᠭᠡᠰᠦ ᠪᠠ ᠮᠦᠬᠡᠷ ᠵᠡᠷᠭᠡ ᠪᠠᠷ ᠪᠦᠷᠢᠯᠳᠦᠨ᠎ᠡ᠃ | ᠮᠤᠳᠤᠨ ᠳᠡᠷᠭᠡᠨ ᠤ ᠪᠤᠯᠤ ᠶᠢ ᠬᠠᠶᠢᠯᠠᠰᠤ ᠪᠤᠶᠤ ᠬᠤᠰᠤᠨ ᠮᠤᠳᠤ ᠪᠠᠷ ᠬᠢᠳᠡᠭ᠃ ᠪᠤᠯᠤ ᠶᠢ ᠪᠠᠷᠤᠭ 30 | ᠰᠡᠨᠲ᠋ᠢᠮᠧᠲᠷ ᠳᠦᠷᠪᠡᠨ ᠲᠦᠭᠡ ᠪᠦᠳᠦᠭᠦᠨ 40 ᠰᠡᠨᠲ᠋ᠢᠮᠧᠲᠷ ᠬᠤᠶᠠᠷ ᠲᠦᠭᠡ ᠢᠯᠡᠭᠦᠦ ᠤᠷᠳᠤ ᠮᠤᠳᠤ ᠪᠠᠷ ᠬᠢᠵᠦ᠂ | ᠳᠤᠮᠳᠠ ᠨᠢ ᠳᠡᠩᠭᠡᠯᠢᠭ ᠤᠭᠯᠠᠬᠤ ᠨᠦᠬᠡ ᠴᠤᠭᠤᠯᠵᠤ ᠨᠦᠬᠡᠨ ᠤ ᠬᠤᠶᠠᠷ ᠠᠮᠠᠰᠠᠷ ᠲᠤᠨᠢ ᠲᠡᠮᠦᠷ ᠴᠤᠸᠠᠩ ︵ | ᠬᠤᠯᠬᠤᠯᠵᠠᠭᠤᠷ ᠳᠡᠮᠦᠷ︶ ᠳᠠᠭᠠᠷᠠᠭᠤᠯᠵᠤ ᠳᠡᠩᠭᠡᠯᠢᠭ ᠤᠨ ᠪᠠᠭᠯᠠᠭᠤᠷ ᠪᠤᠯᠤᠨ ᠤᠷᠤᠭᠤᠯ ᠤᠨ ᠬᠡᠰᠡᠭ ᠲᠤ ᠲᠤᠰᠪᠤᠷᠢ | ᠨᠠᠢᠮᠠᠨ ᠵᠢᠶᠠᠨ ︵ᠰᠠᠪᠬᠠᠨ ᠲᠡᠮᠦᠷ︶ ᠲᠡᠮᠦᠷ ᠰᠠᠭᠤᠯᠭᠠᠨ᠎ᠠ᠂ ᠪᠤᠯᠤ ᠶᠢᠨ ᠳᠤᠳᠤᠷ᠎ᠠ ᠳᠠᠯ᠎ᠠ ᠶᠢ ᠪᠠᠭᠯᠠᠭᠤᠷ᠂ ᠭᠠᠳᠠᠷ | ᠳᠠᠯ᠎ᠠ ᠶᠢ ᠤᠷᠤᠭᠤᠯ ᠭᠡᠳᠡᠭ᠂ ᠪᠤᠯᠤ ᠶᠢᠨ ᠭᠠᠳᠠᠭᠤᠷ ᠠᠷᠪᠠᠨ ᠨᠠᠢᠮᠠᠨ ᠬᠡᠭᠡᠰᠦ ᠱᠠᠭᠠᠬᠤ ᠰᠠᠷᠬᠢᠨᠠᠭ ᠤᠨ ᠨᠦᠬᠡ | ᠴᠤᠭᠤᠯᠵᠤ᠂ ᠤᠷᠤᠭᠤᠯ ᠳᠠᠯ᠎ᠠ ᠶᠢ ᠪᠠᠭ᠋ᠠᠨ ᠢᠯᠡᠭᠦᠦ ᠦᠯᠡᠳᠡᠭᠡᠳᠡᠭ᠃ ᠡᠨᠡ ᠠᠷᠪᠠᠨ ᠨᠠᠢᠮᠠᠨ ᠨᠦᠬᠡᠨ ᠳᠡᠭᠡᠨ | ᠬᠡᠭᠡᠰᠦ ᠶᠢᠨ ᠮᠤᠳᠤ ᠶᠢ ᠨᠠᠷᠢᠯᠢᠭ ᠰᠠᠶᠢᠬᠠᠨ ᠴᠠᠪᠴᠢᠵᠤ ᠰᠠᠷᠬᠢᠨᠠᠭ ᠤᠨ ᠨᠦᠬᠡᠨ ᠳᠡᠭᠡᠨ ᠴᠤᠬᠢᠵᠤ ᠤᠷᠤᠭᠤᠯᠤᠨ᠎ᠠ᠃ | ᠬᠡᠭᠡᠰᠦ ᠶᠢᠨ ᠮᠤᠳᠤ ᠶᠢ ᠡᠷᠬᠡᠪᠰᠢ ᠴᠠᠷᠠᠰᠤᠨ ᠮᠤᠳᠤ ᠪᠠᠷ ᠬᠢᠳᠡᠭ᠂ ᠤᠴᠢᠷ ᠨᠢ ᠴᠠᠷᠠᠰᠤᠨ ᠮᠤᠳᠤ ᠪᠤᠯ ᠭᠤᠯᠭᠤᠵᠤ | ᠭᠠᠷᠬᠤ ᠦᠭᠡᠢ ᠪᠦᠭᠡᠳ ᠪᠦᠬᠡ ᠪᠠᠶᠢᠳᠠᠭ᠃ ᠬᠡᠭᠡᠰᠦᠨ ᠤ ᠲᠤᠯᠤᠭᠠᠢ ᠶᠢᠨ ᠭᠠᠳᠠᠷ ᠳᠠᠯ᠎ᠠ ᠶᠢ ᠰᠡᠭᠡᠷ ᠭᠠᠷᠭᠠᠵᠤ | ᠮᠦᠬᠡᠷ ᠱᠠᠭᠠᠬᠤ ᠪᠠᠷ ᠪᠡᠯᠡᠳᠬᠡᠨ᠎ᠡ᠃ ᠪᠤᠯᠤ ᠳᠤ ᠨᠦᠬᠡ ᠴᠤᠭᠤᠯᠬᠤ ᠪᠠ ᠬᠡᠭᠡᠰᠦ ᠳᠠᠭᠠᠷᠠᠭᠤᠯᠬᠤ ᠶᠢ ᠪᠤᠯᠤ | ᠰᠠᠷᠬᠢᠨᠠᠭᠯᠠᠬᠤ ᠪᠠ ᠳᠡᠷᠭᠡ ᠰᠠᠭᠠᠳᠠᠭᠯᠠᠬᠤ ᠭᠡᠳᠡᠭ᠃ ᠮᠤᠳᠤᠨ ᠳᠡᠷᠭᠡᠨ ᠤ ᠬᠦᠷᠳᠦ ᠪᠦᠷᠢ ᠳᠤ ᠵᠢᠷᠭᠤᠭᠠᠨ ᠮᠦᠬᠡᠷ | ᠲᠠᠢ᠂ ᠮᠦᠬᠡᠷ ᠢ ᠬᠤᠰᠤ ᠪᠤᠶᠤ ᠬᠠᠶᠢᠯᠠᠰᠤᠨ ᠮᠤᠳᠤ ᠪᠠᠷ ᠬᠢᠳᠡᠭ᠃ ᠮᠦᠬᠡᠷ ᠪᠦᠷᠢ ᠶᠢ ᠭᠤᠷᠪᠠᠨ ᠨᠦᠬᠡ ᠴᠤᠭᠤᠯᠵᠤ | ᠬᠤᠶ᠎ᠠ ᠦᠵᠦᠭᠦᠷ ᠲᠤᠨᠢ ᠠᠮᠠ ᠰᠡᠭᠡᠷ ᠭᠠᠷᠭᠠᠨ᠎ᠠ᠃ ᠮᠦᠬᠡᠷ ᠢ ᠪᠦᠭᠳᠦᠷ ᠮᠤᠳᠤ ᠪᠠᠷ ᠬᠢᠨ᠎ᠡ᠃ ᠮᠦᠬᠡᠷ ᠤᠨ ᠠᠮᠠ | ᠰᠡᠭᠦᠯ ᠢ ᠭᠦᠬᠡᠬᠡᠯᠴᠡᠭᠦᠯᠦᠨ ᠠᠷᠭ᠎ᠠ ᠪᠢᠯᠢᠭ ᠢᠶᠠᠷ ᠳᠠᠭᠠᠷᠠᠭᠤᠯᠵᠤ᠂ ᠬᠡᠭᠡᠰᠦᠨ ᠲᠤᠯᠤᠭᠠᠢ ᠶᠢᠨ ᠰᠡᠭᠡᠷ ᠲᠤ ᠲᠤᠯᠳᠠᠯ᠎ᠠ | ᠴᠤᠬᠢᠵᠤ ᠤᠷᠤᠭᠤᠯᠤᠨ᠎ᠠ᠃ ᠢᠩᠭᠢᠭᠰᠡᠨ ᠤ ᠰᠡᠭᠦᠯᠡᠷ ᠬᠤᠶᠠᠷ ᠬᠦᠷᠳᠦ ᠪᠠᠨ ᠳᠡᠩᠭᠡᠯᠢᠭ ᠤᠨ ᠦᠵᠦᠭᠦᠷ ᠲᠤ | ᠤᠭᠯᠠᠭᠠᠳ ᠬᠤᠶᠠᠷ ᠤᠬᠤᠷ ᠴᠦ᠋ ᠪᠠᠨ ᠬᠢᠵᠦ᠂ ᠠᠷᠠᠯ ᠤᠨ ᠲᠤᠤᠷ᠎ᠠ ᠳᠠᠯ᠎ᠠ ᠳᠤ ᠬᠠᠳᠠᠵᠤ ᠲᠤᠭᠳᠠᠭᠠᠭᠰᠠᠨ ᠡᠮᠡᠭᠡᠯ | ᠢᠶᠠᠨ ᠳᠡᠩᠭᠡᠯᠢᠭ ᠤᠨ ᠬᠡᠷᠴᠢᠯᠡᠭᠡᠰᠦ ᠭᠠᠷᠭᠠᠭᠰᠠᠨ ᠭᠠᠵᠠᠷ ᠲᠤ ᠲᠠᠭᠠᠷᠠᠭᠤᠯᠵᠤ ᠳᠠᠯᠪᠢᠪᠠᠯ ᠮᠤᠳᠤᠨ ᠳᠡᠷᠭᠡᠨ ᠤ ᠠᠷᠠᠯ | ᠪᠤᠯᠤᠨ ᠬᠦᠷᠳᠦ ᠨᠡᠶᠢᠯᠡᠵᠦ ᠮᠤᠳᠤᠨ ᠳᠡᠷᠭᠡ ᠪᠤᠯᠳᠠᠭ᠃ ᠮᠤᠳᠤᠨ ᠳᠡᠷᠭᠡ ᠳᠤ ᠦᠬᠡᠷ ᠬᠦᠯᠢᠬᠦ ᠪᠤᠭᠤᠯᠠᠭ᠎ᠠ | ᠪᠤᠷᠭᠤᠯᠵᠢ ᠳᠠᠭᠠᠷᠠᠭᠤᠯᠤᠨ᠎ᠠ᠃ ᠠᠷᠠᠯ ᠤᠨ ᠦᠵᠦᠭᠦᠷ ᠲᠤ ᠬᠤᠶᠠᠷ ᠡᠷᠡᠬᠡᠢ ᠴᠦ᠋ ᠳᠠᠭᠠᠷᠠᠭᠤᠯᠬᠤ ᠨᠢ ᠨᠢᠭᠡ ᠳᠤ | ᠠᠷᠠᠯ ᠢ ᠭᠠᠵᠠᠷ ᠬᠦᠷᠭᠡᠬᠦ ᠦᠭᠡᠢ᠂ ᠬᠤᠶᠠᠷ ᠲᠤ ᠦᠬᠡᠷ ᠬᠦᠯᠢᠬᠦ ᠪᠤᠭᠤᠯᠠᠭ᠎ᠠ ᠪᠠᠨ ᠲᠤᠷᠭᠠᠬᠤ ᠦᠢᠯᠡᠳᠦᠯ ᠲᠠᠢ᠂ | ᠪᠤᠭᠤᠯᠠᠭ᠎ᠠ ᠶᠢ ᠪᠦᠭᠳᠦᠷ ᠮᠤᠳᠤ ᠶᠢ ᠬᠠᠪᠳᠠᠭᠠᠶᠢᠯᠠᠨ ᠴᠠᠪᠴᠢᠵᠤ ᠬᠤᠶᠠᠷ ᠦᠵᠦᠭᠦᠷ ᠲᠤᠨᠢ ᠨᠦᠬᠡ ᠴᠤᠭᠤᠯᠵᠤ | ᠬᠤᠵᠤᠤᠯ᠎ᠠ ᠲᠠᠢ ᠨᠢ ᠴᠠᠪᠴᠢᠵᠤ ᠠᠪᠤᠭᠰᠠᠨ ᠰᠢᠷ᠎ᠠ ᠳᠠᠯᠳᠤ ᠶᠢᠨ ᠵᠦᠭᠡᠯᠡᠨ ᠮᠤᠳᠤ ᠶᠢ ᠪᠤᠭᠤᠯᠠᠭ᠎ᠠ ᠶᠢᠨ ᠨᠦᠬᠡ ᠪᠠᠷ | ᠰᠦᠪᠡᠯᠡᠨ ᠠᠪᠴᠤ ᠠᠷᠠᠯ ᠤᠨ ᠦᠵᠦᠭᠦᠷ ᠤᠨ ᠡᠷᠡᠬᠡᠢ ᠴᠦ᠋ ᠶᠢᠨ ᠳᠤᠳᠤᠷ᠎ᠠ ᠳᠠᠯ᠎ᠠ ᠳᠤ ᠠᠷᠠᠯ ᠢᠶᠠᠨ ᠤᠷᠢᠶᠠᠨ | ᠠᠪᠴᠤ ᠵᠦᠯᠡᠭᠡᠳᠡᠵᠦ ᠲᠤᠷᠭᠠᠨ᠎ᠠ᠃ ᠪᠤᠷᠭᠤᠯᠵᠢ ᠶᠢᠨ ᠮᠤᠳᠤ ᠶᠢ ᠮᠦᠨ ᠬᠦ ᠪᠦᠭᠳᠦᠷ ᠮᠤᠳᠤ ᠪᠠᠷ ᠬᠢᠨ᠎ᠡ᠃ | ᠪᠤᠭᠤᠯᠠᠭ᠎ᠠ ᠶᠢᠨ ᠮᠣᠳᠤᠨ ᠠᠴᠠ ᠨᠠᠷᠢᠨ ᠮᠤᠳᠤ ᠶᠢ ᠬᠠᠪᠳᠠᠭᠠᠶᠢᠯᠠᠨ ᠵᠠᠰᠠᠵᠤ ᠬᠤᠶᠠᠷ ᠦᠵᠦᠭᠦᠷ ᠲᠤᠨᠢ ᠨᠦᠬᠡ | ᠴᠤᠭᠤᠯᠵᠤ ᠨᠢᠭᠡ ᠨᠦᠬᠡᠨ ᠳᠤᠨᠢ ᠮᠦᠨ ᠳᠠᠯᠳᠤ ᠪᠠᠷ ᠵᠦᠯᠭᠡ ᠮᠤᠰᠭᠢᠵᠤ ᠪᠤᠷᠤᠭᠤ ᠳᠠᠯ᠎ᠠ ᠶᠢᠨ ᠠᠷᠠᠯ ᠢ ᠤᠷᠤᠭᠤᠯᠤᠨ | ᠵᠦᠯᠡᠭᠡᠳᠡᠵᠦ ᠨᠦᠭᠦᠭᠡ ᠦᠵᠦᠭᠦᠷ ᠲᠤᠨᠢ ᠳᠡᠪᠡᠭᠡ ᠭᠤᠭᠴᠤᠭ᠎ᠠ ᠲᠠᠢ ᠳᠡᠭᠡᠰᠦ ᠳᠠᠭᠠᠷᠠᠭᠤᠯᠵᠤ ᠳᠠᠯᠪᠢᠨ᠎ᠠ᠂ ᠮᠤᠳᠤᠨ | ᠲᠡᠷᠭᠡᠨ ᠳᠤ ᠨᠡᠶᠢᠳᠡ 81 ᠬᠡᠰᠡᠭ ᠮᠤᠳᠤ ᠬᠡᠷᠡᠭᠯᠡᠵᠦ 120 ᠨᠦᠬᠡ ᠴᠤᠭᠤᠯᠵᠤ ᠪᠦᠭᠯᠡᠳᠡᠭ᠃ | | ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ | ᠨᠣᠮ ᠠᠴᠠ ᠰᠤᠩᠭᠤᠪᠠ |