ᠮᠠᠨ ᠤ ᠮᠤᠩᠭᠤᠯ ᠦᠳᠦᠰᠦᠳᠡᠨ ᠡᠷᠳᠡ ᠳᠡᠭᠡᠳᠦ ᠠᠴᠠ ᠪᠠᠨ ᠠᠪᠤᠭᠠᠳ ᠦᠪᠡᠷ ᠦᠪᠡᠷ ᠤᠨ ᠮᠠᠯ ᠳᠠᠭᠠᠨ | ᠠᠳᠠᠯᠢ ᠪᠤᠰᠤ ᠮᠠᠶ᠋ᠢᠭ ᠤᠨ ᠢᠮ ᠬᠡᠷᠡᠭᠯᠡᠳᠡᠭ ᠪᠠᠶᠢᠭᠰᠠᠨ᠃ ᠡᠨᠡ ᠨᠢ ᠦᠪᠡᠷ ᠤᠨ ᠮᠠᠯ ᠰᠦᠷᠦᠭ ᠨᠢ ᠬᠦᠮᠦᠨ ᠤ | ᠰᠦᠷᠦᠭ ᠲᠠᠢ ᠨᠡᠶᠢᠯᠡᠬᠦ ᠪᠤᠶᠤ ᠭᠡᠭᠡᠵᠦ ᠠᠯᠳᠠᠪᠠᠯ ᠢᠮ ᠢᠶᠠᠷ ᠢᠶᠠᠨ ᠢᠯᠭᠠᠵᠤ ᠰᠠᠯᠭᠠᠬᠤ ᠪᠤᠶᠤ ᠡᠷᠢᠵᠦ ᠰᠤᠷᠠᠭᠯᠠᠬᠤ | ᠳᠤ ᠬᠢᠯᠪᠠᠷ ᠪᠠᠶᠢᠬᠤ ᠰᠠᠶᠢᠨ ᠳᠠᠯ᠎ᠠ ᠲᠠᠢ᠃ | ᠨᠢᠭᠡ᠂ ᠮᠠᠯ ᠤᠨ ᠢᠮ ᠭᠡᠳᠡᠭ ᠨᠢ ᠮᠠᠯ ᠤᠨ ᠴᠢᠬᠢ ᠶᠢ ᠬᠠᠭᠠᠯᠵᠤ᠂ ᠬᠡᠷᠴᠢᠬᠦ᠂ ᠤᠬᠤᠬᠤ ᠵᠡᠷᠭᠡ ᠶᠠᠩᠵᠤ | ᠶᠢᠨ ᠮᠠᠶ᠋ᠢᠭ ᠢᠶᠠᠷ ᠢᠮ ᠳᠠᠳᠠᠬᠤ ᠶᠢ ᠬᠡᠯᠡᠨ᠎ᠡ᠃ ᠵᠢᠱᠢᠶᠡᠯᠡᠪᠡᠯ᠂ ᠴᠢᠬᠢ ᠶᠢᠨ ᠭᠤᠤᠯ ᠢᠶᠠᠷ ᠬᠠᠭᠠᠯᠬᠤ ᠶᠢ ᠭᠤᠤᠯ | ᠢᠮ᠂ ᠴᠢᠬᠢ ᠶᠢᠨ ᠠᠷᠤ ᠪᠠᠷ ᠬᠠᠭᠠᠯᠬᠤ ᠶᠢ ᠭᠠᠨᠵᠤᠭ᠎ᠠ ᠢᠮ᠂ ᠡᠮᠦᠨ᠎ᠡ ᠬᠤᠶᠢᠨ᠎ᠠ ᠳᠠᠯ᠎ᠠ ᠠᠴᠠ ᠨᠢ ᠤᠬᠤᠵᠤ | ᠠᠪᠬᠤ ᠶᠢ ᠤᠬᠤᠮ ᠢᠮ᠂ ᠬᠦᠨᠳᠡᠯᠡᠨ ᠬᠡᠷᠴᠢᠵᠦ ᠳᠠᠯᠪᠢᠬᠤ ᠶᠢ ᠬᠡᠷᠴᠢᠮ ᠢᠮ᠂ ᠴᠢᠬᠢ ᠶᠢᠨ ᠦᠵᠦᠭᠦᠷ ᠢ ᠤᠬᠤᠵᠤ | ᠠᠪᠬᠤ ᠶᠢ ᠤᠨᠤ ᠢᠮ᠂ ᠴᠢᠬᠢ ᠶᠢᠨ ᠦᠵᠦᠭᠦᠷ ᠢ ᠵᠢᠷᠦᠬᠡ ᠠᠳᠠᠯᠢ ᠬᠠᠭᠠᠯᠬᠤ ᠶᠢ ᠵᠢᠷᠦᠬᠡᠨ ᠢᠮ᠂ ᠨᠠᠪᠴᠢ ᠠᠳᠠᠯᠢ | ᠬᠠᠭᠠᠯᠬᠤ ᠶᠢ ᠨᠠᠪᠴᠢᠨ ᠢᠮ᠂ ᠴᠢᠬᠢ ᠶᠢᠨ ᠦᠵᠦᠭᠦᠷ ᠢ ᠤᠯᠠᠨ ᠬᠡᠷᠴᠢᠭᠰᠡᠨ ᠢ ᠰᠠᠮ ᠢᠮ ᠵᠡᠷᠭᠡ ᠠᠷᠪᠠᠨ ᠬᠡᠳᠦᠨ | ᠵᠦᠢᠯ ᠤᠨ ᠢᠮ ᠢ ᠬᠡᠷᠡᠭᠯᠡᠵᠦ ᠪᠠᠶᠢᠪᠠ᠃ ᠦᠩᠭᠡᠷᠡᠭᠰᠡᠨ ᠳᠤ ᠠᠶᠢᠯ ᠡᠷᠦᠬᠡ ᠴᠦᠬᠡᠭᠡᠨ ᠳᠠᠷᠠᠬᠠᠢ ᠪᠤᠳᠠᠷᠬᠠᠢ | ᠮᠠᠯᠵᠢᠵᠤ ᠪᠠᠶᠢᠭᠰᠠᠨ ᠪᠤᠯᠬᠤᠷ ᠡᠳᠡᠭᠡᠷ ᠠᠷᠪᠠᠭᠠᠳ ᠶᠠᠩᠵᠤ ᠶᠢᠨ ᠢᠮ ᠢ ᠵᠡᠭᠦᠨ ᠪᠠᠷᠠᠭᠤᠨ ᠬᠤᠶᠠᠷ ᠴᠢᠬᠢᠨ ᠳᠤ | ᠰᠤᠯᠢᠵᠤ ᠳᠠᠳᠠᠵᠤ᠂ ᠴᠢᠬᠢ ᠶᠢᠨ ᠠᠷᠤ᠂ ᠤᠷᠳᠤᠭᠤᠷ ᠢᠮ ᠳᠠᠳᠠᠵᠤ ᠬᠡᠷᠡᠭᠯᠡᠪᠡᠯ᠂ ᠬᠡᠳᠦᠨ ᠪᠦᠯᠦᠭ ᠠᠶᠢᠯ ᠳᠤ | ᠵᠠᠷᠤᠵᠤ ᠬᠦᠷᠳᠡᠭ᠃ ᠵᠠᠭᠤᠨ ᠭᠠᠵᠠᠷ ᠤᠨ ᠳᠤᠳᠤᠷ᠎ᠠ ᠢᠮ ᠳᠠᠪᠬᠤᠷᠯᠠᠬᠤ ᠦᠭᠡᠢ ᠪᠠᠶᠢᠭᠰᠠᠨ᠃ ᠤᠳᠤ ᠠᠶᠢᠯ | ᠡᠷᠦᠬᠡ ᠠᠷᠪᠢᠳᠴᠤ᠂ ᠦᠩᠭᠡᠷᠡᠭᠰᠡᠨ ᠳᠤ ᠬᠡᠷᠡᠭᠯᠡᠵᠦ ᠪᠠᠶᠢᠭᠰᠠᠨ ᠢᠮ ᠵᠠᠷᠤᠵᠤ ᠬᠦᠷᠬᠦ ᠦᠭᠡᠢ ᠪᠤᠯᠤᠭᠰᠠᠨ ᠪᠠᠶᠢᠨ᠎ᠠ᠃ | ᠤᠳᠤ ᠪᠤᠯ ᠳᠠᠨᠢᠬᠤ ᠳᠠᠨᠢᠬᠤ ᠦᠭᠡᠢ ᠡᠯᠳᠡᠪ ᠵᠦᠢᠯ ᠤᠨ ᠢᠮ ᠤᠯᠠᠨ ᠪᠤᠯᠤᠭᠰᠠᠨ᠃ ᠵᠢᠱᠢᠶᠡᠯᠡᠪᠡᠯ᠂ ᠵᠡᠭᠦᠨ | ᠪᠠᠷᠠᠭᠤᠨ ᠴᠢᠬᠢ ᠶᠢ ᠤᠭ ᠢᠶᠠᠷ ᠤᠭᠳᠤᠯᠤᠨ ᠠᠪᠬᠤ᠂ ᠴᠢᠬᠢᠨ ᠤ ᠭᠤᠤᠯ ᠳᠤᠨᠢ ᠨᠦᠬᠡ ᠴᠤᠭᠤᠯᠬᠤ᠂ ᠴᠢᠬᠢ ᠶᠢᠨ | ᠬᠠᠭᠠᠰ ᠢ ᠠᠪᠤᠭᠠᠳ ᠬᠠᠶᠠᠴᠢᠬᠠᠭᠰᠠᠨ ᠵᠡᠷᠭᠡ ᠰᠢᠨ᠎ᠡ ᠰᠤᠨᠢᠨ ᠢᠮ ᠪᠤᠢ ᠪᠤᠯᠤᠭᠰᠠᠨ ᠪᠦᠭᠡᠳ ᠳᠠᠪᠤᠨ ᠦᠩᠭᠡ ᠶᠢᠨ | ᠰᠢᠷ ᠪᠤᠳᠤᠭ ᠢᠶᠠᠷ ᠠᠳᠠᠯᠢ ᠪᠤᠰᠤ ᠭᠠᠵᠠᠷ ᠲᠤᠨᠢ ᠳᠡᠮᠳᠡᠭ ᠳᠠᠯᠪᠢᠵᠤ ᠮᠠᠯᠵᠢᠵᠤ ᠪᠤᠢ᠃ ᠳᠤᠳᠤᠷᠬᠠᠶᠢᠯᠠᠬᠤ ᠨᠢ ᠢᠮ ᠢ | ᠦᠬᠡᠷ ᠬᠤᠨᠢ ᠢᠮᠠᠭ᠎ᠠ ᠳᠤ ᠬᠡᠷᠡᠭᠯᠡᠳᠡᠭ᠃ ᠠᠳᠤᠭᠤ᠂ ᠳᠡᠮᠡᠭᠡ ᠳᠤ ᠳᠠᠮᠠᠭ᠎ᠠ ᠬᠡᠷᠡᠭᠯᠡᠳᠡᠭ ᠪᠠᠶᠢᠨ᠎ᠠ᠃ | ᠬᠤᠶᠠᠷ᠂ ᠳᠠᠮᠠᠭ᠎ᠠ᠃ ᠳᠠᠮᠠᠭ᠎ᠠ ᠶᠢ ᠳᠡᠮᠦᠷ ᠢᠶᠠᠷ ᠳᠠᠪᠳᠠᠵᠤ ᠨᠢᠭᠡ ᠦᠵᠦᠭᠦᠷ ᠲᠤᠨᠢ ᠮᠤᠳᠤᠨ ᠪᠠᠷᠢᠭᠤᠯ | ᠳᠠᠭᠠᠷᠠᠭᠤᠯᠬᠤ ᠤᠩᠭᠢ ᠲᠠᠢ᠂ ᠨᠦᠭᠦᠭᠡ ᠦᠵᠦᠭᠦᠷ ᠲᠤᠨᠢ ᠤᠷᠠᠯᠠᠵᠤ ᠬᠢᠭᠰᠡᠨ ᠡᠯᠳᠡᠪ ᠶᠠᠩᠵᠤ ᠶᠢᠨ ᠳᠠᠮᠠᠭ᠎ᠠ ᠶᠢ | ᠬᠠᠨᠠᠵᠤ ᠬᠢᠭᠰᠡᠨ ᠲᠡᠮᠦᠷ ᠢ ᠬᠡᠯᠡᠨ᠎ᠡ᠃ ᠡᠭᠦᠨ ᠳᠤ᠂ ᠵᠢᠭᠠᠰᠤᠨ ᠳᠠᠮᠠᠭ᠎ᠠ᠂ ᠰᠠᠷᠠᠨ ᠳᠠᠮᠠᠭ᠎ᠠ᠂ ᠴᠢᠨᠳᠠᠮᠤᠨᠢ ᠳᠠᠮᠠᠭ᠎ᠠ᠂ | ᠬᠠᠰ ᠤᠨ ᠳᠠᠮᠠᠭ᠎ᠠ᠂ ᠲᠤᠭᠤᠷ ᠤᠨ ᠳᠠᠮᠠᠭ᠎ᠠ᠂ ᠵᠤᠭᠤᠰ ᠤᠨ ᠳᠠᠮᠠᠭ᠎ᠠ ᠵᠡᠷᠭᠡ ᠤᠯᠠᠨ ᠵᠦᠢᠯ ᠤᠨ ᠳᠠᠮᠠᠭ᠎ᠠ ᠪᠠᠶᠢᠳᠠᠭ᠃ | ᠳᠠᠮᠠᠭ᠎ᠠ ᠶᠢ ᠭᠤᠤᠯᠳᠠᠭᠤ ᠠᠳᠠᠭᠤ ᠳᠠᠮᠠᠭᠠᠯᠠᠬᠤ ᠳᠤ ᠬᠡᠷᠡᠭᠯᠡᠳᠡᠭ᠃ ᠠᠳᠤᠭᠤ ᠶᠢ ᠵᠤᠨ ᠤ ᠡᠬᠢ ᠪᠠᠷ ᠨᠤᠭᠤᠭ᠎ᠠ ᠳᠤ | ᠴᠠᠳᠤᠭᠰᠠᠨ ᠤ ᠰᠡᠭᠦᠯᠡᠷ ᠬᠤᠶᠠᠷ ᠨᠠᠰᠤᠨ ᠳᠡᠭᠡᠷ᠎ᠡ ᠨᠢ ᠭᠤᠶ᠎ᠠ᠂ ᠳᠠᠰᠢᠶ᠎ᠠ ᠳᠡᠭᠡᠷ᠎ᠡ ᠨᠢ ᠳᠠᠮᠠᠭᠠᠯᠠᠳᠠᠭ ᠪᠠᠶᠢᠨ᠎ᠠ᠃ | | ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ | ᠨᠣᠮ ᠠᠴᠠ ᠰᠤᠩᠭᠤᠪᠠ | |