ᠮᠠᠯ ᠤᠨ ᠡᠭᠦᠯᠳᠡᠷ ᠤᠭᠰᠠᠭ᠎ᠠ
ᠨᠡᠶᠢᠲᠡᠯᠡᠭᠰᠡᠨ ᠴᠠᠭ᠄
2019/6/17
     ᠮᠠᠨ ᠤ ᠮᠤᠩᠭᠤᠯ ᠦᠨᠳᠦᠰᠦᠳᠡᠨ ᠡᠷᠳᠡ ᠳᠡᠭᠡᠳᠦ ᠠᠴᠠ ᠪᠠᠨ ᠠᠪᠤᠭᠠᠳ ᠮᠠᠯ ᠳᠡᠵᠢᠭᠡᠨ ᠠᠮᠢᠳᠤᠷᠠᠵᠤ᠂ ᠨᠡᠭᠦᠳᠡᠯᠯᠡᠨ ᠮᠠᠯᠵᠢᠵᠤ ᠪᠠᠶᠢᠬᠤ ᠬᠤᠭᠤᠴᠠᠭᠠᠨ ᠳᠠᠭᠠᠨ ᠰᠢᠨᠵᠢᠯᠡᠬᠦ ᠤᠬᠠᠭᠠᠨ ᠢ ᠡᠷᠬᠢᠮᠯᠡᠵᠦ ᠲᠦᠷᠦᠯ ᠪᠦᠷᠢ ᠶᠢᠨ ᠮᠠᠯ  ᠤᠨ ᠡᠭᠦᠯᠳᠡᠷ ᠤᠭᠰᠠᠭ᠎ᠠ ᠶᠢ ᠰᠢᠯᠢᠵᠦ ᠰᠤᠩᠭᠤᠨ ᠤᠳᠤᠮ ᠢ ᠠᠩᠬᠠᠷᠤᠨ᠂ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ ᠬᠦᠭᠵᠢᠭᠦᠯᠵᠦ ᠢᠷᠡᠭᠰᠡᠨ ᠪᠦᠭᠡᠳ ᠲᠦᠷᠦᠯ ᠪᠦᠷᠢ ᠶᠢᠨ ᠮᠠᠯ ᠤᠨ ᠤᠷᠤᠭ᠎ᠠ ᠶᠢᠨ ᠬᠤᠭᠤᠴᠠᠭ᠎ᠠ᠂ ᠲᠦᠯᠯᠡᠬᠦ ᠬᠤᠭᠤᠴᠠᠭ᠎ᠠ ᠶᠢ ᠠᠯᠳᠠᠯ ᠦᠭᠡᠢ ᠤᠷᠢᠳᠴᠢᠯᠠᠨ ᠰᠢᠨᠵᠢᠵᠦ ᠰᠡᠷᠡᠵᠦ ᠮᠡᠳᠡᠳᠡᠭ ᠪᠠᠶᠢᠨ᠎ᠠ᠃      ᠨᠢᠭᠡ᠂ ᠤᠷᠤᠭ᠎ᠠ ᠶᠢᠨ ᠬᠤᠭᠤᠴᠠᠭ᠎ᠠ᠃ ᠡᠭᠦᠨ ᠳᠤ ᠦᠬᠡᠷ᠂ ᠬᠤᠨᠢ᠂ ᠢᠮᠠᠭ᠎ᠠ ᠵᠡᠷᠭᠡ ᠭᠤᠷᠪᠠᠨ ᠲᠦᠷᠦᠯ  ᠤᠨ ᠮᠠᠯ ᠳᠠᠷᠭᠤ ᠬᠦᠴᠦ ᠨᠢ ᠰᠠᠶᠢᠨ᠂ ᠤᠷᠴᠢᠨ ᠠᠬᠤᠢ ᠶᠢᠨ ᠠᠭᠤᠷ ᠠᠮᠢᠰᠬᠤᠯ ᠲᠤᠬᠢᠷᠠᠮᠵᠢᠳᠠᠢ ᠦᠶ᠎ᠡ ᠳᠤ᠂ ᠬᠠᠪᠤᠷ᠂ ᠵᠤᠨ᠂ ᠨᠠᠮᠤᠷ᠂ ᠡᠪᠦᠯ ᠲᠦᠷᠪᠡᠨ ᠤᠯᠠᠷᠢᠯ ᠳᠤ ᠪᠦᠷ ᠤᠷᠤᠭ᠎ᠠ ᠤᠷᠤᠨ᠎ᠠ᠂ ᠬᠡᠭᠡᠯ ᠲᠤᠭᠳᠠᠨ᠎ᠠ᠃ ᠮᠤᠷᠢ ᠤᠯᠩᠭᠢ ᠳᠠᠭᠠᠨ ᠬᠠᠪᠤᠷ᠂ ᠵᠤᠨ᠂ ᠨᠠᠮᠤᠷ ᠤᠨ ᠤᠯᠠᠷᠢᠯ ᠳᠤ ᠤᠷᠤᠭ᠎ᠠ ᠤᠷᠤᠳᠠᠭ᠃ ᠳᠡᠮᠡᠭᠡ ᠡᠪᠦᠯ ᠤᠨ ᠭᠤᠷᠪᠠ ᠶᠢᠰᠦ ᠠᠴᠠ ᠬᠤᠶᠢᠰᠢ ᠤᠷᠤᠭ᠎ᠠ ᠤᠷᠤᠨ᠎ᠠ᠃ ᠤᠴᠢᠷ ᠨᠢ ᠳᠡᠮᠡᠭᠡ ᠭᠡᠳᠡᠭ ᠠᠮᠢᠳᠠᠨ ᠤ ᠬᠡᠭᠡᠯ ᠤᠨ ᠬᠤᠭᠤᠴᠠᠭ᠎ᠠ ᠤᠷᠳᠤ᠂ ᠭᠤᠷᠪᠠᠨ ᠵᠢᠯ ᠳᠤ ᠬᠤᠶᠠᠷ ᠤᠳᠠᠭ᠎ᠠ ᠲᠦᠯᠯᠡᠬᠦ ᠤᠨᠴᠠ ᠲᠦᠷᠦᠯ ᠤᠨ ᠮᠠᠯ ᠶᠤᠮ᠃ ᠪᠤᠤᠷ᠎ᠠ ᠵᠠᠪᠠᠯ ᠭᠤᠷᠪᠠ ᠶᠢᠰᠦ ᠳᠤ ᠤᠷᠤᠨ᠎ᠠ᠃ ᠪᠤᠤᠷ᠎ᠠ ᠤᠷᠤᠨ᠎ᠠ ᠭᠡᠳᠡᠭ ᠨᠢ ᠭᠤᠷᠪᠠ ᠶᠢᠰᠦ ᠶᠢᠨ ᠬᠤᠭᠤᠴᠠᠭᠠᠨ ᠳᠤ ᠡᠪᠡᠰᠦ ᠢᠳᠡᠵᠦ ᠤᠰᠤ ᠤᠤᠭᠤᠬᠤ ᠨᠢ ᠪᠠᠭᠠᠰᠴᠤ᠂ ᠪᠡᠶ᠎ᠡ ᠪᠠᠨ ᠰᠤᠶᠢᠵᠤ᠂ ᠦᠨᠳᠦᠷ ᠬᠦᠵᠦᠭᠦᠦ ᠪᠠᠨ ᠠᠷᠤᠨᠰᠢ ᠪᠠᠨ ᠬᠠᠨᠳᠠᠷᠴᠤ᠂ ᠳᠠᠰᠢᠶᠠᠨ ᠳᠡᠭᠡᠷ᠎ᠡ ᠪᠠᠨ ᠠᠴᠢᠵᠤ᠂ ᠰᠡᠭᠦᠯ ᠤᠨ ᠳᠡᠭᠡᠷ᠎ᠡ ᠪᠠᠨ ᠪᠠᠶᠢᠨ ᠳᠠᠬᠢᠨ ᠪᠠᠭ᠎ᠠ ᠪᠠᠭ᠎ᠠ ᠪᠠᠷ ᠰᠢᠭᠡᠰᠦ ᠠᠯᠳᠠᠵᠤ᠂ ᠰᠢᠭᠡᠰᠦ ᠲᠠᠢ ᠰᠡᠭᠦᠯ ᠢᠶᠠᠷ ᠢᠶᠠᠨ ᠰᠢᠯᠢᠨ ᠬᠦᠵᠦᠭᠦᠦ᠂ ᠲᠤᠬᠤ ᠶᠢᠨ ᠦᠰᠦ ᠪᠠᠨ ᠱᠠᠪᠰᠢᠵᠣ ᠰᠢᠭᠢᠳᠦᠭᠦᠯᠦᠨ ᠪᠠᠶᠢᠵᠤ᠂ ᠰᠦᠷᠦᠭ ᠲᠠᠢ ᠳᠡᠮᠡᠭᠡ ᠪᠠᠨ ᠬᠤᠮᠢᠨ ᠬᠠᠰᠢᠵᠤ᠂ ᠰᠢᠳᠤ ᠪᠠᠨ ᠵᠠᠵᠢᠭᠢᠨᠠᠭᠤᠯᠤᠨ ᠬᠠᠪᠢᠷᠴᠤ ᠰᠢᠯᠤᠰᠤ ᠪᠠᠨ ᠰᠠᠪᠢᠷᠠᠭᠤᠯᠤᠨ ᠬᠦᠮᠦᠨ ᠠᠮᠢᠳᠠᠨ ᠳᠤ ᠤᠷᠤᠬᠤ ᠶᠢ ᠪᠤᠤᠷ᠎ᠠ ᠤᠷᠤᠨ᠎ᠠ ᠭᠡᠳᠡᠭ᠃ ᠡᠨᠡ ᠬᠤᠭᠤᠴᠠᠭᠠᠨ  ᠳᠤ ᠳᠡᠮᠡᠭᠡᠴᠢᠨ ᠠᠴᠠ ᠪᠤᠰᠤᠳ ᠬᠦᠮᠦᠨ ᠰᠦᠷᠦᠭ ᠲᠤᠨᠢ ᠤᠶᠢᠷᠠᠳᠤᠪᠠᠯ ᠰᠢᠭᠤᠳ ᠬᠦᠵᠦᠭᠦᠦ ᠰᠤᠩᠭᠠᠨ ᠳᠠᠭᠠᠷᠢᠵᠤ ᠬᠠᠵᠠᠬᠤ᠂ ᠬᠠᠮᠤᠬᠤ᠂ ᠳᠠᠷᠤᠬᠤ ᠵᠡᠷᠭᠡ ᠪᠠᠷ ᠬᠦᠮᠦᠨ ᠠᠮᠢᠳᠠᠨ ᠢ ᠬᠤᠤᠷᠯᠠᠵᠤ ᠬᠦᠨᠦᠭᠡᠳᠡᠭ ᠠᠳᠤᠭᠤᠰᠤ ᠶᠤᠮ᠃      ᠬᠤᠶᠠᠷ᠂ ᠳᠠᠪᠤᠨ ᠬᠤᠰᠢᠭᠤ ᠮᠠᠯ ᠤᠨ ᠬᠡᠬᠡᠯ ᠤᠨ ᠬᠤᠭᠤᠴᠠᠭ᠎ᠠ᠃ ᠡᠭᠦᠨ ᠳᠤ ᠦᠬᠡᠷ᠂ ᠬᠡᠭᠡᠯ ᠲᠠᠢ ᠬᠤᠭᠤᠴᠠᠭ᠎ᠠ ᠠᠷᠪᠠᠨ ᠰᠠᠷ᠎ᠠ ᠭᠡᠵᠦ ᠬᠡᠯᠡᠳᠡᠭ᠃ ᠪᠤᠳᠠᠳᠠᠢ ᠲᠦᠯᠯᠡᠬᠦ ᠡᠳᠦᠷ 275 - 285 ᠡᠳᠦᠷ ᠤᠨ ᠳᠤᠳᠤᠷ᠎ᠠ ᠲᠦᠯᠯᠡᠨ᠎ᠡ᠃ ᠤᠨᠴᠠ ᠴᠦᠭᠡᠭᠡᠨ ᠲᠤᠭᠠᠨ ᠤ ᠦᠨᠢᠶ᠎ᠡ 265 ᠡᠳᠦᠷ ᠪᠤᠯᠬᠤ ᠴᠦ ᠪᠤᠢ᠂ ᠬᠠᠮᠤᠭ ᠤᠳᠠᠭᠠᠨ ᠳᠠᠭᠠᠨ 300 ᠡᠳᠦᠷ ᠠᠴᠠ ᠳᠠᠪᠠᠭ᠋ᠤ ᠦᠭᠡᠢ᠃ ᠦᠭᠡᠷ ᠤᠨ ᠬᠡᠭᠡᠯᠳᠦᠬᠦ ᠨᠤᠷᠮ᠎ᠠ 83% ᠭᠡᠵᠦ ᠬᠡᠯᠡᠳᠡᠭ ᠪᠤᠯᠪᠠᠴᠤ ᠪᠤᠷᠤᠭᠠᠨ ᠤᠰᠤ ᠡᠯᠪᠡᠭ ᠤᠰᠤ ᠪᠡᠯᠴᠢᠭᠡᠷ ᠰᠠᠶᠢᠨ ᠵᠢᠯ 90% ᠬᠡᠭᠡᠯ ᠲᠤᠭᠳᠠᠬᠤ ᠪᠦᠭᠡᠳ ᠡᠶᠢᠮᠦ ᠵᠢᠯ ᠳᠤ ᠪᠢᠷᠠᠭᠤ ᠪᠠᠰᠠ ᠤᠷᠤᠭ᠎ᠠ ᠤᠷᠤᠵᠤ ᠬᠡᠭᠡᠯ ᠲᠤᠭᠳᠠᠳᠠᠭ᠃ ᠪᠠᠷᠢᠭᠤ ᠬᠡᠭᠡᠯ ᠲᠤᠭᠳᠠᠭᠠᠳ ᠲᠦᠯᠯᠡᠪᠡᠯ ᠮᠠᠯ ᠤᠨ ᠬᠠᠰᠢᠶ᠎ᠠ ᠬᠤᠷᠤᠭ᠎ᠠ ᠪᠠᠨ ᠶᠡᠬᠡᠳᠭᠡᠨ ᠪᠠᠷᠢᠳᠠᠭ ᠶᠤᠰᠤ ᠴᠡᠭᠡᠷ ᠲᠠᠢ᠃      ᠠᠳᠤᠭᠤᠨ ᠤ ᠬᠡᠭᠡᠯ ᠤᠨ ᠬᠤᠭᠤᠴᠠᠭ᠎ᠠ ᠠᠷᠪᠠᠨ ᠨᠢᠭᠡ ᠰᠠᠷ᠎ᠠ ᠭᠡᠵᠦ ᠬᠡᠯᠡᠳᠡᠭ ᠪᠤᠯᠪᠠᠴᠤ ᠲᠦᠯᠯᠡᠬᠦ ᠡᠳᠦᠷ ᠨᠢ 290 - 320 ᠡᠳᠦᠷ ᠲᠤ ᠲᠦᠯᠯᠡᠵᠦ ᠪᠠᠷᠠᠨ᠎ᠠ᠃ ᠭᠡᠭᠦᠦ ᠶᠢᠨ ᠬᠡᠭᠡᠯᠳᠦᠬᠦ ᠨᠤᠷᠮ᠎ᠠ ᠬᠤᠷ᠎ᠠ ᠪᠤᠷᠤᠭᠠᠨ ᠰᠠᠶᠢᠨ ᠵᠢᠯ 90% ᠳᠤ ᠬᠦᠷᠬᠦ ᠪᠦᠭᠡᠳ ᠴᠦᠭᠡᠨ ᠲᠤᠭᠠᠨ ᠤ ᠳᠠᠭ᠎ᠠ ᠤᠷᠤᠭ᠎ᠠ ᠤᠷᠤᠵᠤ ᠬᠡᠭᠡᠯ ᠲᠤᠭᠳᠠᠵᠤ ᠲᠦᠯᠯᠡᠳᠡᠭ ᠶᠤᠮ᠃      ᠳᠡᠮᠡᠭᠡ ᠶᠢᠨ ᠬᠡᠭᠡᠯ ᠤᠨ ᠬᠤᠭᠤᠴᠠᠭ᠎ᠠ ᠠᠷᠪᠠᠨ ᠲᠦᠷᠪᠡᠨ ᠰᠠᠷ᠎ᠠ ᠬᠡᠵᠦ ᠬᠡᠯᠡᠳᠡᠭ᠃ ᠳᠡᠮᠡᠭᠡ ᠭᠡᠳᠡᠭ ᠠᠮᠢᠳᠠᠨ ᠭᠤᠷᠪᠠ ᠶᠢᠰᠦ ᠶᠢᠨ ᠭᠦᠢᠳᠡᠨ ᠳᠤ ᠤᠷᠤᠭ᠎ᠠ ᠤᠷᠤᠬᠤ ᠲᠤᠯᠠ ᠭᠤᠤᠯ ᠬᠡᠭᠡᠯ ᠲᠤᠭᠳᠠᠬᠤ ᠬᠤᠭᠤᠴᠠᠭ᠎ᠠ ᠨᠢ ᠠᠷᠪᠠᠨ ᠬᠤᠶᠠᠷ ᠰᠠᠷ᠎ᠠ ᠠᠴᠠ ᠴᠠᠭᠠᠨ ᠰᠠᠷ᠎ᠠ ᠳᠤ ᠬᠡᠭᠡᠯ ᠲᠤᠭᠳᠠᠨ᠎ᠠ᠃ 380 -420 ᠡᠳᠦᠷ ᠤᠨ ᠳᠤᠳᠤᠷ᠎ᠠ ᠲᠦᠯᠯᠡᠵᠦ ᠪᠠᠷᠠᠨ᠎ᠠ᠃ ᠬᠤᠨᠢᠨ ᠤ ᠬᠡᠭᠡᠯ ᠤᠨ ᠬᠤᠭᠤᠴᠠᠭ᠎ᠠ ᠵᠢᠷᠭᠤᠭᠠᠨ ᠰᠠᠷ᠎ᠠ ᠭᠡᠵᠦ ᠬᠡᠯᠡᠳᠡᠭ᠃ ᠭᠡᠪᠡᠴᠦ ᠪᠤᠳᠠᠳᠠᠢ ᠲᠦᠯᠯᠡᠬᠦ ᠡᠳᠦᠷ ᠨᠢ ᠢᠮᠠᠭ᠎ᠠ ᠲᠠᠢ ᠳᠡᠮᠡᠢ ᠵᠦᠷᠢᠶ᠎ᠡ ᠦᠭᠡᠢ᠂ 150 ᠡᠳᠦᠷ ᠠᠴᠠ ᠡᠬᠢᠯᠡᠵᠦ ᠲᠦᠯᠯᠡᠨ᠎ᠡ᠃ ᠬᠡᠭᠡᠯ ᠲᠤᠭᠳᠠᠬᠤ ᠨᠤᠷᠮ᠎ᠠ 100% ᠳᠤ ᠬᠦᠷᠬᠦ ᠪᠦᠭᠡᠳ ᠴᠦᠭᠡᠨ ᠲᠤᠭᠠᠨ ᠤ ᠢᠬᠢᠷᠡᠯᠡᠳᠡᠭ᠃ ᠪᠠᠰᠠ ᠦᠬᠢᠨ ᠬᠤᠷᠠᠭ᠎ᠠ ᠬᠡᠭᠡᠯ ᠲᠤᠭᠳᠠᠵᠤ ᠲᠤᠰ ᠵᠢᠯ ᠳᠡᠭᠡᠨ ᠲᠦᠯᠯᠡᠳᠡᠭ ᠤᠴᠢᠷ ᠭᠠᠷᠳᠠᠭ᠃ ᠡᠶᠢᠮᠦ ᠠᠴᠠ ᠵᠠᠭᠤᠨ ᠡᠬᠡ ᠠᠴᠠ ᠵᠠᠭᠤ ᠢᠯᠡᠭᠦᠦ ᠲᠦᠯ ᠲᠤᠰᠳᠠᠭ᠃ ᠢᠮᠠᠭ᠎ᠠ ᠶᠢᠨ ᠬᠡᠭᠡᠯ ᠤᠨ ᠬᠤᠭᠤᠴᠠᠭ᠎ᠠ ᠳᠠᠪᠤᠨ ᠰᠠᠷ᠎ᠠ᠂ 150 ᠡᠳᠦᠷ ᠠᠴᠠ ᠡᠬᠢᠯᠡᠵᠦ ᠲᠦᠯᠯᠡᠨ᠎ᠡ᠃ ᠬᠡᠭᠡᠯ ᠲᠤᠭᠳᠠᠬᠤ ᠨᠤᠷᠮ᠎ᠠ 100% ᠳᠤ ᠬᠦᠷᠬᠦ ᠪᠦᠭᠡᠳ ᠮᠢᠬ᠎ᠠ ᠳᠠᠷᠭᠤ ᠰᠠᠶᠢᠨ ᠵᠢᠯ ᠳᠤ ᠬᠤᠶᠠᠷ ᠤᠳᠠᠭ᠎ᠠ ᠲᠦᠯᠯᠡᠬᠦ ᠪᠦᠭᠡᠳ ᠢᠮᠠᠭ᠎ᠠ ᠶᠢᠨ ᠢᠬᠢᠷᠡᠯᠡᠬᠦ ᠨᠤᠷᠮ᠎ᠠ ᠦᠨᠳᠦᠷ ᠪᠦᠭᠡᠳ ᠲᠤᠰ ᠵᠢᠯ ᠤᠨ ᠦᠬᠢᠨ ᠢᠰᠢᠭᠡ ᠤᠷᠤᠭ᠎ᠠ ᠤᠷᠤᠵᠤ ᠬᠡᠭᠡᠯ ᠲᠤᠭᠳᠠᠳᠠᠭ᠃ ᠡᠶᠢᠮᠦ ᠠᠴᠠ ᠶᠠᠭᠠᠷᠠᠭᠰᠠᠨ ᠬᠦᠮᠦᠨ ᠢᠮᠠᠭ᠎ᠠ ᠲᠡᠵᠢᠭᠡ ᠭᠡᠵᠦ ᠬᠡᠯᠡᠳᠡᠭ᠃ ᠵᠠᠷᠢᠮ ᠵᠢᠯ ᠳᠤ ᠴᠦᠬᠡᠨ ᠲᠤᠭᠠᠨ ᠤ ᠢᠮᠠᠭ᠎ᠠ ᠭᠤᠷᠪᠠ ᠢᠬᠢᠷᠡᠯᠡᠬᠦ ᠭᠠᠷᠤᠨ᠎ᠠ᠃ ᠬᠡᠷᠪᠡ ᠭᠤᠷᠪᠠ ᠢᠬᠢᠷᠡᠯᠡᠬᠦ ᠳᠤ ᠬᠦᠷᠪᠡᠯ ᠬᠡᠦᠬᠡᠳ ᠤᠷᠤᠯᠳᠤᠭᠤᠯᠵᠤ ᠤᠷᠢᠳᠤᠭᠰᠠᠨ ᠬᠡᠦᠬᠡᠳ ᠲᠤ ᠨᠢᠭᠡ ᠢᠰᠢᠭᠡ ᠶᠢ ᠱᠠᠩᠨᠠᠳᠠᠭ ᠶᠤᠰᠤ ᠵᠠᠩᠰᠢᠯ  ᠲᠠᠢ᠃      ᠭᠤᠷᠪᠠ᠂ ᠳᠠᠪᠤᠨ ᠬᠤᠰᠢᠭᠤ ᠮᠠᠯ ᠤᠨ ᠦᠷᠡᠰ ᠮᠠᠯ ᠢ ᠰᠤᠩᠭᠤᠬᠤ ᠳᠠᠭᠠᠨ ᠦᠩᠭᠡ ᠵᠢᠰᠦᠮ᠂ ᠪᠡᠶ᠎ᠡ ᠪᠢᠯᠳᠠᠷ ᠂ ᠤᠳᠤᠮ ᠤᠭᠰᠠᠭ᠎ᠠ ᠶᠢ ᠢᠯᠭᠠᠨ ᠰᠢᠨᠵᠢᠯᠡᠵᠦ ᠰᠤᠩᠭᠤᠨ ᠳᠠᠯᠪᠢᠳᠠᠭ᠃ ᠡᠭᠦᠨ ᠳᠤ ᠪᠤᠬ᠎ᠠ ᠳᠠᠯᠪᠢᠬᠤ ᠳᠠᠭᠠᠨ ᠵᠢᠰᠦᠮ ᠢ ᠰᠤᠩᠭᠤᠨ᠎ᠠ᠂ ᠬᠠᠷ᠎ᠠ᠂ ᠬᠦᠷᠡᠩ᠂ ᠤᠯᠠᠭᠠᠨ᠂ ᠬᠦᠭᠡ ᠵᠡᠷᠭᠡ ᠳᠠᠩ ᠵᠢᠰᠦᠮ ᠤᠨ ᠪᠢᠷᠠᠭᠤ ᠶᠢ ᠦᠯᠡᠳᠡᠭᠡᠳᠡᠭ᠃ ᠪᠡᠶ᠎ᠡ ᠶᠢ ᠰᠤᠩᠭᠤᠨ᠎ᠠ᠂ ᠬᠦᠵᠦᠭᠦᠦ ᠲᠤᠯᠤᠭᠠᠢ ᠪᠦᠳᠦᠭᠦᠨ᠂ ᠨᠢᠷᠤᠭᠤ ᠨᠤᠭᠤᠰᠤ ᠤᠷᠳᠤ᠂ ᠳᠠᠰᠢᠶ᠎ᠠ ᠲᠦᠷᠪᠡᠯᠵᠢᠨ᠂ ᠰᠡᠭᠦᠯ ᠦᠨᠳᠦᠷ ᠤᠳᠤᠮ ᠢ  ᠰᠤᠩᠭᠤᠨ᠎ᠠ᠃ ᠵᠢᠯ ᠵᠢᠯ ᠲᠦᠯᠯᠡᠳᠡᠭ᠂ ᠰᠦ ᠰᠢᠮ᠎ᠡ ᠰᠠᠶᠢᠨ ᠦᠨᠢᠶᠡᠨ ᠤ ᠲᠦᠯ ᠢ ᠰᠤᠩᠭᠤᠨ᠎ᠠ᠃ ᠡᠭᠦᠨ ᠳᠤ᠂ ᠬᠠᠷ᠎ᠠ᠂ ᠬᠡᠭᠡᠷ᠂ ᠬᠦᠷᠡᠩ᠂ ᠵᠡᠭᠡᠷᠳᠡ᠂ ᠬᠤᠸᠠ ᠵᠢᠰᠦᠮ ᠢ ᠭᠤᠤᠯᠳᠠᠭᠤ ᠰᠤᠩᠭᠤᠨ᠎ᠠ᠃ ᠪᠡᠶ᠎ᠡ ᠶᠠᠩᠵᠤ ᠶᠢ ᠰᠤᠩᠭᠤᠨ᠎ᠠ᠂ ᠡᠭᠦᠨ ᠳᠤ ᠳᠤᠯᠤᠭᠠᠨ ᠰᠢᠨᠵᠢ ᠪᠦᠷᠢᠳᠦᠭᠰᠡᠨ ᠦᠷᠢᠶ᠎ᠡ  ᠶᠢ ᠰᠤᠩᠭᠤᠨ᠎ᠠ᠃ ᠰᠢᠬᠢ ᠰᠤᠷᠭᠤᠭ᠂ ᠨᠢᠳᠦ ᠭᠡᠷᠡᠯ ᠲᠠᠢ᠂ ᠮᠠᠩᠨᠠᠢ ᠦᠷᠭᠡᠨ᠂ ᠬᠠᠮᠠᠷ ᠤᠨ ᠨᠦᠬᠡ ᠪᠦᠳᠦᠭᠦᠨ᠂ ᠤᠮᠤᠷᠤ ᠤᠨᠵᠢᠭᠠᠷ᠂ ᠳᠠᠰᠢᠶ᠎ᠠ ᠲᠦᠷᠪᠡᠯᠵᠢᠨ᠂ ᠲᠤᠭᠤᠷᠠᠢ ᠴᠤᠮᠪᠤᠭ᠂ ᠡᠳᠡᠭᠡᠷ ᠲᠤᠯᠤᠭᠠᠨ ᠰᠢᠨᠵᠢ ᠪᠦᠷᠢᠳᠦᠭᠰᠡᠨ ᠦᠷᠢᠶ᠎ᠡ ᠶᠢ ᠰᠤᠩᠭᠤᠵᠤ ᠠᠵᠢᠷᠭ᠎ᠠ ᠪᠠᠷ ᠦᠯᠡᠳᠡᠭᠡᠳᠡᠭ᠃ ᠪᠤᠤᠷ᠎ᠠ ᠶᠢ ᠰᠤᠩᠭᠤᠬᠤ ᠳᠠᠭᠠᠨ ᠪᠡᠶ᠎ᠡ ᠪᠤᠵᠠᠭᠠᠢ᠂ ᠦᠰᠦ ᠨᠤᠤᠰᠤ ᠵᠤᠵᠠᠭᠠᠨ ᠳᠡᠮᠡᠭᠡ ᠶᠢ ᠰᠤᠩᠭᠤᠨ᠎ᠠ᠃ ᠵᠢᠰᠦᠮ ᠤᠨ ᠳᠠᠯ᠎ᠠ ᠪᠠᠷ ᠤᠯᠠᠭᠠᠨ᠂ ᠬᠦᠷᠡᠩ᠂ ᠬᠤᠸᠠ ᠵᠢᠰᠦᠮ ᠢ ᠰᠤᠩᠭᠤᠨ᠎ᠠ᠃ ᠬᠤᠴᠠ ᠳᠠᠯᠪᠢᠬᠤ ᠳᠠᠭᠠᠨ ᠪᠡᠶ᠎ᠡ ᠪᠦᠳᠦᠭᠦᠨ᠂ ᠨᠤᠤᠰᠤ ᠤᠷᠳᠤ᠂ ᠰᠡᠭᠦᠯ ᠪᠤᠵᠠᠭᠠᠢ᠂ ᠡᠪᠡᠷ ᠲᠠᠢ ᠬᠤᠷᠠᠭ᠎ᠠ ᠶᠢ ᠰᠤᠩᠭᠤᠨ᠎ᠠ᠃ ᠵᠢᠰᠦᠮ ᠤᠨ ᠳᠠᠯ᠎ᠠ ᠪᠠᠷ ᠮᠠᠩᠬᠠᠨ ᠴᠠᠭᠠᠨ᠂ ᠬᠠᠷ᠎ᠠ ᠬᠠᠯᠵᠠᠨ᠂ ᠬᠠᠷ᠎ᠠ ᠬᠤᠩᠰᠢᠶᠠᠷ  ᠲᠠᠢ ᠬᠤᠷᠠᠭ᠎ᠠ ᠶᠢ ᠰᠤᠩᠭᠤᠳᠠᠭ᠃ ᠤᠳᠤᠮ ᠤᠨ ᠳᠠᠯ᠎ᠠ ᠪᠠᠷ ᠰᠦ ᠰᠠᠶᠢᠳᠠᠢ᠂ ᠲᠦᠯ ᠲᠡᠭᠡᠨ ᠰᠠᠶᠢᠨ᠂ ᠤᠯᠠᠨ ᠤᠳᠠᠭ᠎ᠠ ᠢᠬᠢᠷᠡᠯᠡᠳᠡᠭ ᠬᠤᠨᠢᠨ ᠤ ᠬᠤᠷᠠᠭ᠎ᠠ ᠶᠢ ᠰᠤᠩᠭᠤᠵᠤ ᠬᠤᠴᠠ ᠳᠠᠯᠪᠢᠨ᠎ᠠ᠃ ᠤᠬᠤᠨ᠎ᠠ ᠳᠠᠯᠪᠢᠬᠤ ᠳᠠᠭᠠᠨ ᠪᠡᠶ᠎ᠡ ᠪᠤᠵᠠᠭᠠᠢ᠂ ᠪᠡᠶ᠎ᠡ ᠪᠦᠳᠦᠭᠦᠨ ᠪᠦᠭᠡᠳ ᠳᠠᠯᠪᠠᠭᠠᠢ᠂ ᠭᠠᠨᠵᠤᠭ᠎ᠠ ᠦᠰᠦ ᠲᠠᠢ᠂ ᠨᠤᠤᠰᠤ ᠵᠤᠵᠠᠭᠠᠨ ᠢᠰᠢᠭᠡ ᠶᠢ ᠰᠤᠩᠭᠤᠨ᠎ᠠ᠃ ᠵᠢᠰᠦᠮ ᠤᠨ ᠳᠠᠯ᠎ᠠ ᠪᠠᠷ ᠳᠡᠮᠳᠡᠭ ᠦᠭᠡᠢ ᠴᠠᠭᠠᠨ᠂ ᠢᠬᠢᠷᠡᠯᠡᠳᠡᠭ ᠤᠳᠤᠮ ᠲᠠᠢ ᠢᠮᠠᠭᠠᠨ ᠤ ᠢᠰᠢᠭᠡ  ᠶᠢ ᠰᠤᠩᠭᠤᠵᠤ ᠤᠬᠤᠨ᠎ᠠ ᠳᠠᠯᠪᠢᠨ᠎ᠠ᠃ ᠠᠩᠬᠠᠷᠬᠤ ᠨᠢ ᠬᠦᠭᠡ᠂ ᠬᠠᠷ᠎ᠠ᠂ ᠪᠤᠭᠤᠷᠤᠯ ᠵᠢᠰᠦᠮ ᠢ ᠳᠠᠰᠤ ᠴᠡᠭᠡᠷᠯᠡᠳᠡᠭ ᠤᠷᠤᠭ ᠰᠠᠭᠠᠷᠠᠯ ᠢᠶᠠᠷ ᠤᠬᠤᠨ᠎ᠠ ᠪᠤᠤ ᠳᠠᠯᠪᠢ᠂ ᠤᠷᠤᠭᠤᠯ ᠴᠠᠭᠠᠴᠢᠨ ᠢᠶᠠᠷ ᠮᠡᠳᠡᠭᠡᠴᠢᠨ ᠪᠤᠤ ᠳᠠᠯᠪᠢ ᠭᠡᠵᠦ ᠬᠡᠯᠡᠳᠡᠭ᠃          ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ          ᠨᠣᠮ ᠠᠴᠠ ᠰᠤᠩᠭᠤᠪᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号